ᠬᠣᠶᠠᠷ ᠪᠤᠬ᠎ᠠ – ᠳ ᠂ ᠴᠢᠮᠡᠳᠳᠣᠷᠵᠢ Хоёр бух – Д ᠂ Чимэддорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠪᠤᠬ᠎ᠠ – ᠳ ᠂ ᠴᠢᠮᠡᠳᠳᠣᠷᠵᠢ Хоёр бух – Д ᠂ Чимэддорж

ᠬᠣᠶᠠᠷ ᠪᠤᠬ᠎ᠠ – ᠳ ᠂ ᠴᠢᠮᠡᠳᠳᠣᠷᠵᠢ Хоёр бух – Д ᠂ Чимэддорж

ᠠᠩᠭᠢᠯᠠᠯ:ᠬᠣᠱᠣᠩ ᠱᠣᠭ
2024-03-10

341

ᠬᠣᠶᠠᠷ ᠪᠤᠬ᠎ᠠ


                           ᠳ · ᠴᠢᠮᠡᠳᠳᠣᠷᠵᠢ    
                                 ( ᠶᠣᠭᠲᠠ ᠦᠯᠢᠭᠡᠷ)  

 ᠡᠵᠡᠨ ᠨᠢᠭᠡᠲᠡᠢ 
 ᠤᠭᠰᠠᠭ᠎ᠠ ᠰᠠᠢᠲᠠᠢ 
 ᠬᠣᠶᠠᠷ ᠪᠤᠬ᠎ᠠ ᠨᠢᠭᠡ ᠡᠳᠦᠷ 
 ᠡᠵᠡᠭᠦᠢ ᠬᠡᠭᠡᠷ᠎ᠡ ᠳ᠋ᠦ᠍ 
 ᠤᠰᠤᠨ ᠤ᠋ ᠳᠡᠷᠭᠡᠳᠡ 
 ᠬᠣᠭᠣᠷᠣᠨᠳᠣ ᠪᠠᠨ ᠮᠠᠷᠭᠤᠯᠳᠤᠵᠤ ᠭᠡᠨ᠎ᠡ 
 ᠬᠣᠭᠣᠷᠣᠨᠳᠣ ᠪᠠᠨ ᠮᠥᠷᠭᠥᠯᠳᠦᠵᠦ ᠭᠡᠨ᠎ᠡ

 — ᠴᠢᠳᠠᠯ ᠶᠡᠬᠡᠲᠡᠢ 
 ᠦᠷ᠎ᠡ ᠰᠠᠢᠲᠠᠢ ᠭᠡᠵᠦ 
 ᠨᠢᠭᠡ ᠨᠢ ᠶᠡᠬᠡ ᠪᠠᠷᠳᠠᠮᠨᠠᠵᠤ ᠭᠡᠨ᠎ᠡ
 — ᠴᠢᠮ᠎ᠠ ᠠ᠋ᠴᠠ ᠢᠯᠡᠭᠦᠦ 
 ᠡᠭᠦᠯᠳᠡᠷ ᠰᠠᠢᠲᠠᠢ ᠭᠡᠵᠦ 
 ᠨᠥᠭᠦᠭᠡ ᠨᠢ ᠪᠠᠰᠠ ᠣᠮᠤᠭᠷᠠᠬᠠᠵᠤ ᠭᠡᠨ᠎ᠡ  

 ᠮᠠᠷᠭᠤᠭᠠᠳ ᠡᠪᠯᠡᠭᠰᠡᠨ ᠦᠭᠡᠢ 
 ᠶᠠᠷᠢᠭᠠᠳ ᠲᠠᠭᠠᠷᠠᠭᠰᠠᠨ ᠦᠭᠡᠢ 
 ᠮᠠᠨ ᠤ᠋ ᠬᠣᠶᠠᠷ ᠵᠥᠷᠢᠯᠳᠦᠵᠦ ᠭᠡᠨ᠎ᠡ 
 ᠮᠠᠩᠯᠠᠢ ᠲᠤᠯᠭᠠᠨ ᠦᠵᠡᠯᠴᠡᠵᠦ ᠭᠡᠨ᠎ᠡ 
 ᠬᠣᠭᠣᠷᠣᠨᠳᠣ ᠪᠠᠨ ᠮᠠᠷᠭᠤᠯᠳᠤᠭᠰᠠᠭᠠᠷ 
 ᠬᠣᠶᠠᠭᠤᠯᠠ ᠪᠠᠨ ᠮᠥᠷᠭᠥᠯᠳᠦᠭᠰᠡᠭᠡᠷ 
 ᠬᠣᠨᠣᠭ ᠬᠤᠭᠤᠴᠠᠭ᠎ᠠ ᠶ᠋ᠢ ᠮᠠᠷᠲᠠᠵᠤ ᠭᠡᠨ᠎ᠡ 

 ᠨᠢᠭᠡ ᠨᠢᠭᠡ ᠶ᠋ᠢ ᠪᠡᠨ ᠳᠡᠢᠯᠬᠦ ᠭᠡᠵᠦ  
 ᠨᠢᠵᠢᠭᠢᠨᠡᠨ ᠳᠠᠢᠳᠤᠵᠤ ᠪᠠᠢᠬᠤ ᠳ᠋ᠤ᠌ 
 ᠨᠡᠢᠯᠡᠭᠦᠯᠭᠡ ᠶᠢᠨ ᠴᠠᠭ ᠴᠦ᠍ ᠰᠢᠪᠲᠤᠷᠠᠵᠤ ᠭᠡᠨ᠎ᠡ 

 ᠬᠣᠵᠢᠩᠲᠤ ᠬᠣᠶᠠᠷ ᠪᠤᠬ᠎ᠠ ᠯᠠ 
 ᠬᠣᠭᠣᠷᠣᠨᠳᠣ ᠪᠠᠨ ᠲᠠᠴᠢᠭᠢᠨᠠᠭᠰᠠᠭᠠᠷ 
 ᠬᠣᠭᠣᠰᠣᠨ ᠴᠠᠭ ᠥᠩᠭᠡᠷᠡᠭᠡᠵᠦ 
 ᠬᠣᠢᠲᠤᠨ ᠲᠥᠯ ᠦᠭᠡᠢ ᠬᠣᠴᠣᠷᠴᠤ ᠭᠡᠨ᠎ᠡ 

 ᠠᠲᠠᠭ᠎ᠠ ᠵᠢᠲᠥᠭᠡ ᠬᠥᠭᠡᠭᠡᠴᠡᠯᠳᠦᠨ 
 ᠠᠮᠢᠨ ᠬᠤᠪᠢ ᠳ᠋ᠠᠭᠠᠨ ᠬᠠᠷᠭᠤᠯᠳᠤᠭᠠᠳ 
 ᠠᠵᠢᠯ ᠤ᠋ᠨ ᠴᠠᠭ ᠢ᠋ ᠠᠯᠳᠠᠳᠠᠭ 
 ᠵᠠᠷᠢᠮ ᠨᠢ ᠪᠦᠲᠦᠯ ᠦᠭᠡᠢ ᠶᠠᠪᠤᠳᠠᠯᠲᠠᠨ 
 ᠵᠠᠪᠠᠯ ᠡᠭᠦᠨ ᠢ᠋ ᠪᠣᠳᠤᠭᠤᠰᠢᠲᠠᠢ᠃ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠳᠤᠯᠠᠭᠠᠨ 
        ᠬᠢᠨᠠᠭ᠍ᠴᠢ :  ᠰᠠᠷᠠᠨ᠎ᠠ 
               2024᠂ 3᠂ 1  ᠦ᠌ ᠡᠳᠦᠷ