ᠠᠷᠢᠶᠠᠲᠠᠨ ᠪᠠ ᠭᠣᠸ᠎ᠠ ᠦᠵᠡᠰᠬᠦᠯᠡᠩАраатан ба гоо үзээсгэлэн _ Beauty and the Beast
ᠠᠷᠢᠶᠠᠲᠠᠨ ᠪᠠ ᠭᠣᠸ᠎ᠠ ᠦᠵᠡᠰᠬᠦᠯᠡᠩ
ᠡᠷᠲᠡ ᠤᠷᠢᠳᠤ ᠶ᠋ᠢᠨ ᠴᠠᠭ ᠲᠤ᠌ ᠠᠯᠤᠰ ᠬᠣᠯᠠ ᠶ᠋ᠢᠨ ᠨᠢᠭᠡᠨ ᠨᠤᠲᠤᠭ ᠲᠤ᠌ ᠪᠠᠶᠠᠨ ᠬᠤᠳᠠᠯᠳᠤᠭᠠᠴᠢᠨ᠂ ᠦᠵᠡᠰᠬᠦᠯᠡᠩᠲᠦ ᠭᠤᠷᠪᠠᠨ ᠥᠬᠢᠨ ᠲᠡᠢ ᠪᠡᠨ ᠠᠮᠢᠳᠤᠷᠠᠳᠠᠭ ᠪᠠᠢᠵᠠᠢ᠃ ᠪᠠᠭ᠎ᠠ ᠥᠬᠢᠨ ᠨᠢ ᠬᠣᠶᠠᠷ ᠡᠭᠡᠴᠢ ᠡᠴᠡ ᠪᠡᠨ ᠢᠯᠡᠭᠦᠦ ᠬᠥᠭᠡᠷᠦᠬᠦᠨ ᠢᠯᠡᠭᠦᠦ ᠤᠬᠠᠭᠠᠨᠲᠠᠢ ᠤᠴᠢᠷ ᠬᠥᠮᠦᠨ ᠪᠦᠷ ᠭᠤᠸ᠎ᠠ ᠦᠵᠡᠰᠬᠦᠯᠡᠩ ᠪᠤᠶᠤ ᠪᠡᠢᠯᠡ ᠭᠡᠳᠡᠭ ᠪᠠᠢᠪᠠ᠃ ᠬᠠᠷᠢᠨ ᠬᠣᠶᠠᠷ ᠡᠭᠡᠴᠢ ᠨᠢ ᠮᠠᠭᠤᠬᠠᠢ ᠠᠭᠠᠰᠢ ᠲᠠᠢ᠂ ᠪᠠᠰᠠ ᠠᠲᠠᠭᠠᠷᠬᠠᠤ᠂ ᠲᠡᠳᠡ ᠠᠪᠤ ᠶ᠋ᠢᠨ ᠢ᠋ᠶ᠋ᠡᠨ ᠮᠥᠩᠭᠥ ᠶ᠋ᠢ ᠦᠷᠡᠬᠦ ᠡᠴᠡ ᠥᠭᠡᠷ᠎ᠡ ᠶ᠋ᠢ ᠪᠣᠳᠣᠳᠠᠭ ᠦᠭᠡᠢ᠃ ᠪᠡᠢᠯᠡ ᠴᠢᠷᠠᠢᠯᠢᠭ ᠬᠠᠨ ᠬᠦᠦ ᠵᠡᠭᠦᠳᠦᠯᠡᠳᠡᠭ ᠪᠠᠢᠪᠠ᠃ ᠨᠢᠭᠡᠨ ᠡᠳᠦᠷ ᠬᠠᠨ ᠬᠦᠦ ᠲᠡᠢ ᠭᠡᠷᠯᠡᠵᠦ ᠰᠠᠢᠬᠠᠨ ᠣᠷᠳᠣᠨ ᠳ᠋ᠤ᠌ ᠬᠠᠮᠲᠤ ᠠᠮᠢᠳᠤᠷᠠᠨ᠎ᠠ ᠭᠡᠵᠦ ᠪᠣᠳᠣᠳᠠᠭ ᠪᠠᠢᠯ᠎ᠠ᠃ ᠪᠡᠢᠯᠡ ᠶ᠋ᠢᠨ ᠠᠮᠢᠳᠤᠷᠠᠯ ᠳ᠋ᠤ᠌ ᠪᠦᠬᠦ ᠵᠦᠢᠯ ᠵᠡᠭᠦᠳᠦ ᠮᠡᠲᠦ ᠠᠵᠠ ᠵᠢᠷᠭᠠᠯ ᠲᠠᠢ ᠪᠠᠢᠳᠠᠭ ᠪᠠᠢᠯ᠎ᠠ᠃ ᠨᠢᠭᠡ ᠡᠳᠦᠷ ᠲᠡᠭᠦᠨ ᠦ᠌ ᠬᠤᠪᠢ ᠲᠠᠪᠢᠯᠠᠩ ᠥᠭᠡᠷᠡᠴᠢᠯᠡᠭᠳᠡᠪᠡ᠃ ᠠᠶᠤᠮᠰᠢᠭᠲᠤ ᠰᠢᠭᠤᠷᠭᠠᠨ ᠠ᠋ᠴᠠ ᠪᠣᠯᠵᠤ᠂ ᠠᠪᠤ ᠨᠢ ᠪᠦᠬᠦ ᠬᠥᠯᠭᠡ ᠣᠩᠭᠣᠴᠠ ᠪᠠᠨ᠂ ᠪᠦᠬᠦ ᠮᠥᠩᠭᠥ ᠪᠡᠨ ᠠᠯᠳᠠᠵᠠᠢ᠃
ᠬᠤᠳᠠᠯᠳᠤᠭᠠᠴᠢᠨ ᠄ ᠪᠦᠬᠦ ᠶᠠᠭᠤᠮ᠎ᠠ ᠳᠠᠭᠤᠰᠤᠯ᠎ᠠ! ᠥᠬᠢᠳ ᠮᠢᠨᠢ᠂ ᠪᠢᠳᠡ ᠬᠥᠷᠥᠩᠭᠡ ᠮᠥᠩᠭᠥ ᠦᠭᠡᠢ ᠪᠣᠯᠤᠭᠰᠠᠨ
ᠪᠡᠢᠯᠡ᠄ ᠰᠠᠨᠠᠭ᠎ᠠ ᠵᠣᠪᠠᠬᠤ ᠬᠡᠷᠡᠭ ᠦᠭᠡᠢ ᠳᠡ᠂ᠠᠪᠤ ᠮᠢᠨᠢ! ᠤᠳᠠᠬᠤ ᠦᠭᠡᠢ ᠪᠦᠬᠦ ᠵᠦᠢᠯ ᠰᠠᠢᠬᠠᠨ ᠪᠣᠯᠤᠨ᠎ᠠ᠃ ᠪᠦᠭᠦᠳᠡᠭᠡᠷ ᠢ᠋ᠶ᠋ᠡᠨ ᠭᠠᠷᠬᠤ ᠭᠠᠷᠤᠵᠠ ᠪᠣᠯᠤᠨ᠎ᠠ᠃ ᠲᠠ ᠮᠢᠨᠢ ᠪᠠᠢᠪᠠᠯ ᠪᠢ ᠪᠠᠶᠠᠨ᠂ ᠪᠢ ᠲᠠᠨ ᠲᠠᠢ ᠪᠠᠨ ᠵᠢᠷᠭᠠᠯᠲᠠᠢ ᠪᠠᠢᠳᠠᠭ᠃
ᠬᠤᠳᠠᠯᠳᠤᠭᠠᠴᠢᠨ ᠶᠠᠳᠠᠭᠤᠷᠠᠭᠰᠠᠨ ᠤᠴᠢᠷ᠂ ᠤᠳᠠᠬᠤ ᠦᠭᠡᠢ ᠪᠦᠬᠦ ᠵᠠᠷᠤᠴᠠ ᠨᠠᠷ ᠶᠠᠪᠤᠭᠠᠳ ᠥᠭᠭᠦᠯ᠎ᠡ᠃ ᠪᠡᠢᠯᠡ ᠭᠡᠷ ᠣᠷᠣᠨ ᠢ᠋ᠶ᠋ᠠᠨ ᠬᠠᠷᠢᠭᠤᠴᠠᠳᠠᠭ ᠪᠠᠢᠪᠠ᠃ ᠬᠠᠷᠢᠨ ᠬᠣᠶᠠᠷ ᠡᠭᠡᠴᠢ ᠨᠢ ᠶᠠᠳᠠᠭᠤ ᠵᠦᠳᠡᠭᠦᠦ ᠠᠮᠢᠳᠤᠷᠠᠵᠤ ᠪᠠᠢᠨ᠎ᠠ ᠭᠡᠵᠦ ᠴᠠᠭ ᠦᠷᠭᠦᠯᠵᠢ ᠭᠣᠮᠣᠳᠠᠯᠯᠠᠨᠠ ᠃ ᠠᠪᠤ ᠶ᠋ᠢᠨ ᠬᠢᠨᠢ ᠴᠢᠷᠠᠢ ᠶ᠋ᠢ ᠳᠠᠬᠢᠨ ᠠᠵᠠ ᠵᠢᠷᠭᠠᠯ ᠢ᠋ᠶ᠋ᠠᠷ ᠭᠡᠢᠭᠦᠯᠦᠭᠡᠴᠢ! ᠭᠡᠵᠦ ᠪᠡᠢᠯᠡ ᠪᠤᠷᠬᠠᠨ ᠳ᠋ᠤ᠌ ᠪᠠᠢᠩᠭᠤ ᠵᠠᠯᠪᠠᠷᠢᠨ᠎ᠠ᠃
ᠨᠢᠭᠡ ᠡᠳᠦᠷ ᠬᠤᠳᠠᠯᠳᠤᠭᠠᠴᠢᠨ ᠨᠢᠭᠡ ᠬᠥᠯᠭᠡ ᠨᠢ ᠤᠰᠤᠨ ᠵᠣᠭᠰᠣᠭᠠᠯ ᠳ᠋ᠤ᠌ ᠢᠷᠡᠵᠦ ᠪᠠᠢᠭ᠎ᠠ ᠲᠤᠬᠠᠢ ᠮᠡᠳᠡᠭᠡ ᠠᠪᠤᠯ᠎ᠠ᠃
ᠬᠤᠳᠠᠯᠳᠤᠭᠠᠴᠢᠨ ᠄ ᠰᠠᠢᠬᠠᠨ ᠮᠡᠳᠡᠭᠡ ᠲᠡᠢ ᠰᠢᠦ᠂ ᠮᠢᠨᠦ ᠨᠢᠭᠡ ᠬᠥᠯᠭᠡ ᠪᠣᠭᠣᠮᠲᠠ ᠳ᠋ᠤ᠌ ᠢᠷᠡᠭᠰᠡᠨ ᠭᠡᠵᠦ ᠪᠠᠢᠨ᠎ᠠ᠃ ᠪᠢᠳᠡ ᠳᠠᠬᠢᠵᠤ ᠶᠠᠳᠠᠭᠤ ᠠᠮᠢᠳᠤᠷᠠᠬᠤ ᠦᠭᠡᠢ᠂ ᠪᠢ ᠣᠳᠣᠬᠠᠨ ᠪᠣᠭᠣᠮᠲᠠ ᠤᠷᠤᠭᠤ ᠶᠠᠪᠤᠨ᠎ᠠ᠃ ᠲᠠᠨᠠᠷ ᠲᠤ᠌ ᠶᠠᠭᠤ ᠠᠪᠴᠢᠷᠠᠬᠤ ᠶ᠋ᠢ ᠮᠢᠨᠢ ᠠᠪᠤ ᠳ᠋ᠤ᠌ ᠪᠠᠨ ᠬᠡᠯᠡᠭᠡᠴᠢ!
ᠶᠡᠬᠡ ᠥᠬᠢᠨ᠄ ᠪᠢ ᠰᠢᠨ᠎ᠡ ᠳᠠᠰᠢᠨᠵᠠ ᠠᠪᠤᠮᠠᠷ ᠪᠠᠢᠨ᠎ᠠ᠂
ᠬᠣᠶᠠᠳᠤᠭᠠᠷ ᠥᠬᠢᠨ᠄ ᠪᠢ ᠦᠨᠡᠲᠦ ᠡᠳ᠋ᠯᠡᠯ ᠠᠪᠤᠨ᠎ᠠ
ᠬᠤᠳᠠᠯᠳᠤᠭᠠᠴᠢᠨ ᠄ᠠᠪᠤ ᠨᠢ ᠬᠠᠢᠷᠠᠲᠠᠢ ᠥᠬᠢᠨ ᠳ᠋ᠦ᠍ ᠪᠡᠨ ᠶᠠᠭᠤ ᠠᠪᠴᠢᠷᠠᠪᠠᠯ ᠪᠣᠯᠬᠤ
ᠪᠣᠢ?
ᠪᠡᠢᠯᠡ᠄ ᠪᠢ ᠲᠠᠨ ᠢ᠋ ᠡᠰᠡᠨ ᠮᠡᠨᠳᠦ ᠡᠷᠭᠢᠵᠦ ᠢᠷᠡᠭᠡᠰᠡᠢ ᠯᠡ ᠭᠡᠵᠦ ᠬᠦᠰᠡᠵᠦ ᠪᠠᠢᠨ᠎ᠠ ᠠᠪᠤ ᠮᠢᠨᠢ
ᠬᠤᠳᠠᠯᠳᠤᠭᠠᠴᠢᠨ ᠄ ᠴᠢ ᠮᠢᠨᠢ ᠰᠠᠢᠬᠠᠨ ᠰᠡᠳᠬᠢᠯ ᠲᠡᠢ ᠰᠢᠦ᠂ ᠭᠡᠬᠦ ᠳ᠋ᠦ᠍ ᠪᠡᠨ ᠶᠠᠭᠤ ᠠᠪᠤᠮᠠᠷ ᠪᠠᠢᠭ᠎ᠠ ᠪᠠᠨ ᠬᠡᠯᠡ ᠯᠡ ᠳᠡ!ᠥᠬᠢᠨ ᠮᠢᠨᠢ᠃
ᠪᠡᠢᠯᠡ᠄ ᠤᠯᠠᠭᠠᠨ ᠰᠠᠷᠠᠨᠠᠢ᠂ ᠨᠠᠳᠠ ᠳ᠋ᠤ᠌ ᠭᠠᠭᠴᠠ ᠶ᠋ᠢ ᠠᠪᠴᠢᠷᠠᠵᠤ ᠥᠭᠭᠦᠭᠡᠴᠢ!
ᠬᠤᠳᠠᠯᠳᠤᠭᠠᠴᠢᠨ ᠄ ᠳᠡᠭᠡᠯ ᠦᠭᠡᠢ ᠶᠠᠭᠠᠬᠢᠬᠤᠪ ᠳᠠ! ᠬᠥᠭᠡᠷᠦᠬᠦᠨ ᠥᠬᠢᠨ ᠮᠢᠨᠢ᠂
ᠪᠠᠶᠠᠷᠲᠠᠢ ᠮᠡᠳᠡᠭᠡ ᠲᠤᠭᠤᠯᠤᠭᠰᠠᠨ ᠬᠤᠳᠠᠯᠳᠤᠭᠠᠴᠢᠨ ᠪᠣᠭᠣᠮᠲᠠ ᠤᠷᠤᠭᠤ ᠶᠠᠪᠤᠯ᠎ᠠ᠃
ᠪᠣᠭᠣᠮᠲᠠ ᠳ᠋ᠤ᠌ ᠢᠷᠡᠭᠡᠳ ᠬᠤᠳᠠᠯᠳᠤᠭᠠᠴᠢᠨ᠂ ᠬᠥᠯᠭᠡ ᠨᠢ ᠶᠠᠮᠠᠷ ᠴᠤ᠌ ᠬᠥᠮᠦᠨ ᠦᠭᠡᠢ᠂ ᠬᠥᠯᠭᠡ ᠶ᠋ᠢᠨ ᠪᠠᠭ ᠦᠯᠡᠳᠡᠭᠰᠡᠨ ᠠᠴᠢᠶ᠎ᠠ ᠪᠠᠷᠠᠭ᠎ᠠ ᠪᠠᠨ ᠪᠦᠭᠦᠳᠡ ᠶ᠋ᠢ ᠨᠢ ᠠᠪᠴᠤ ᠵᠢᠭᠤᠲᠠᠭᠰᠠᠨ ᠢ᠋ ᠬᠠᠷᠠᠯ᠎ᠠ᠃ ᠭᠣᠮᠣᠳᠠᠭᠰᠠᠨ ᠬᠤᠳᠠᠯᠳᠤᠭᠠᠴᠢᠨ ᠭᠡᠷ ᠦ᠋ᠨ ᠵᠦᠭ ᠵᠢᠯᠣᠭᠣ ᠮᠤᠰᠬᠢᠯᠡ᠃ ᠪᠣᠳᠣᠯ ᠳ᠋ᠤ᠌ ᠳᠠᠷᠤᠭᠳᠠᠭᠰᠠᠨ ᠬᠤᠳᠠᠯᠳᠤᠭᠠᠴᠢᠨ ᠵᠠᠮ ᠠ᠋ᠴᠠ ᠪᠠᠨ ᠲᠥᠭᠡᠷᠢᠵᠦ ᠥᠳᠬᠡᠨ ᠣᠢ ᠤᠷᠤᠭᠤ ᠶᠠᠪᠤᠭᠠᠳ ᠣᠷᠣᠴᠢᠬᠠᠵᠠᠢ᠃ ᠳᠠᠯᠠᠢ ᠶ᠋ᠢᠨ ᠤᠰᠤ ᠪᠦᠭᠦᠳᠡ ᠴᠠᠰᠤ ᠪᠣᠯᠴᠢᠬᠠᠪᠠ ᠤᠤ? ᠭᠡᠮᠡᠷ ᠶᠡᠬᠡ ᠴᠠᠰᠤ ᠣᠷᠣᠵᠤ ᠪᠠᠢᠯ᠎ᠠ᠃ ᠬᠤᠳᠠᠯᠳᠤᠭᠠᠴᠢᠨ ᠬᠤᠩᠭᠠᠷᠯᠠᠭᠰᠠᠨ ᠴᠠᠰᠤᠨ ᠳ᠋ᠤ᠌ ᠶᠠᠪᠤᠵᠤ ᠴᠢᠳᠠᠬᠤ ᠪᠠᠷ ᠦᠭᠡᠢ ᠪᠣᠯᠤᠭᠰᠠᠨ ᠮᠣᠷᠢ ᠪᠠᠨ ᠮᠣᠳᠣᠨ ᠳᠣᠣᠷ᠎ᠠ ᠠᠮᠠᠷᠠᠭᠠᠬᠤ ᠪᠠᠷ ᠣᠷᠬᠢᠵᠠᠢ᠃ ᠬᠣᠯᠠ ᠭᠠᠵᠠᠷ ᠬᠤᠷᠴᠠ ᠭᠡᠷᠡᠯ ᠣᠯᠵᠤ ᠬᠠᠷᠠᠭᠠᠳ ᠬᠤᠳᠠᠯᠳᠤᠭᠠᠴᠢᠨ ᠭᠡᠷᠡᠯ ᠢ᠋ ᠴᠢᠭᠯᠡᠨ ᠶᠠᠪᠤᠪᠠ᠃ ᠠᠪᠤᠷᠭᠤ ᠲᠣᠮᠣ ᠰᠠᠢᠬᠠᠨ ᠣᠷᠳᠣᠨ ᠪᠠᠢᠬᠤ ᠨᠢ ᠲᠡᠷᠡ᠂ ᠣᠢᠷᠠᠲᠤᠭᠠᠳ ᠣᠴᠢᠲᠠᠯ᠎ᠠ ᠰᠢᠵᠢᠷ ᠠᠯᠲᠠᠨ ᠬᠠᠭᠠᠯᠭ᠎ᠠ ᠨᠢ ᠥᠪᠡᠷ ᠢ᠋ᠶ᠋ᠡᠨ ᠨᠡᠭᠡᠭᠡᠭᠳᠡᠵᠡᠢ᠃ ᠵᠦᠷᠵᠢ ᠶ᠋ᠢᠨ ᠮᠣᠳᠣᠳ ᠤ᠋ᠨ ᠵᠥᠷᠢᠭ ᠳᠡᠭᠡᠷ᠎ᠡ ᠴᠠᠰᠤ ᠣᠷᠣᠭ᠎ᠠ ᠦᠭᠡᠢ ᠨᠢ ᠶᠡᠬᠡᠳᠡ ᠬᠠᠴᠢᠨ ᠰᠠᠨᠠᠭᠳᠠᠵᠠᠢ ᠭᠡᠨ᠎ᠡ᠃
ᠬᠤᠳᠠᠯᠳᠤᠭᠠᠴᠢᠨ᠄ ᠬᠥᠥᠭ ! ᠶᠠᠮᠠᠷ ᠰᠠᠢᠬᠠᠨ ᠭᠠᠵᠠᠷ ᠪᠣᠢ? ᠣᠷᠳᠣᠨ ᠤᠷᠤᠭᠤ ᠨᠢ ᠣᠷᠣᠵᠤ ᠡᠨᠡ ᠣᠷᠳᠣᠨ ᠤ᠋ ᠬᠠᠭᠠᠨ ᠳ᠋ᠤ᠌ ᠪᠠᠷᠠᠯᠠᠬᠤ ᠬᠡᠷᠡᠭᠲᠡᠢ ᠶᠤᠮ ᠪᠠᠢᠨ᠎ᠠ ᠳᠠ!
ᠬᠤᠳᠠᠯᠳᠤᠭᠠᠴᠢᠨ ᠡᠭᠦᠳᠡᠨ ᠦ᠌ ᠲᠣᠮᠣ ᠲᠠᠩᠬᠢᠮ ᠢ᠋ᠶ᠋ᠠᠷ ᠶᠠᠪᠤᠵᠤ ᠥᠩᠭᠡᠷᠡᠯ᠎ᠡ᠃ ᠬᠤᠳᠠᠯᠳᠤᠭᠠᠴᠢᠨ ᠡᠢᠰᠢ ᠲᠡᠢᠰᠢ ᠬᠠᠷᠠᠵᠤ ᠬᠥᠮᠦᠨ ᠣᠷᠣᠵᠤ ᠢᠷᠡᠬᠦ ᠶ᠋ᠢ ᠬᠦᠯᠢᠶᠡᠨ᠎ᠡ᠃ ᠭᠡᠪᠡᠴᠦ ᠤᠳᠠᠲᠠᠯ᠎ᠠ ᠬᠦᠯᠢᠶᠡᠭᠰᠡᠨ ᠦ᠌ ᠳᠠᠷᠠᠭ᠎ᠠ ᠬᠡᠨ ᠴᠦ᠍ ᠣᠷᠣᠵᠤ ᠢᠷᠡᠭᠰᠡᠨ ᠦᠭᠡᠢ᠃
ᠬᠤᠳᠠᠯᠳᠤᠭᠠᠴᠢᠨ᠄ ᠬᠥᠮᠦᠨ ᠪᠠᠢᠨ᠎ᠠ ᠤᠤ? ᠡᠨᠡ ᠣᠷᠳᠣᠨ ᠳ᠋ᠤ᠌ ᠬᠡᠨ ᠨᠢᠭᠡᠨ ᠪᠠᠢᠨ᠎ᠠ ᠤᠤ? ᠬᠥᠶᠢ! ᠬᠥᠮᠦᠨ ᠪᠠᠢᠨ᠎ᠠ ᠤᠤ?
ᠲᠠᠩᠰᠤᠭ ᠪᠢᠯᠠᠭᠤ ᠰᠢᠨᠡᠬᠡᠨ ᠵᠢᠮᠢᠰ ᠢ᠋ᠶ᠋ᠡᠷ ᠵᠠᠰᠠᠭᠰᠠᠨ ᠵᠣᠭᠣᠭ ᠤ᠋ᠨ ᠰᠢᠷᠡᠭᠡ ᠡᠮᠦᠨ᠎ᠡ ᠨᠢ ᠪᠠᠢᠯ᠎ᠠ᠃
ᠬᠤᠳᠠᠯᠳᠤᠭᠠᠴᠢᠨ ᠄ ᠭᠠᠭᠴᠠᠭᠠᠷ ᠢ᠋ᠶ᠋ᠠᠨ ᠯᠠ ᠢᠳᠡᠵᠦ ᠡᠬᠢᠯᠡᠬᠦ ᠪᠣᠯᠬᠤ ᠨᠢ ᠳᠡ ! ᠡᠨᠡ ᠨᠠᠢᠷᠰᠠᠭ ᠵᠣᠴᠢᠯᠠᠮᠠᠲᠠᠭᠠᠢ ᠡᠵᠡᠨ ᠳ᠋ᠦ᠍ ᠨᠢ ᠳᠠᠷᠠᠭ᠎ᠠ ᠨᠢ ᠲᠠᠯᠠᠷᠬᠠᠯ ᠢᠯᠡᠷᠬᠡᠢᠯᠡᠶ᠎ᠡ!
ᠲᠡᠳᠦ ᠤᠳᠠᠯ ᠦᠭᠡᠢ ᠲᠡᠷᠡ ᠬᠣᠭᠣᠯᠠᠯᠠᠵᠤ ᠡᠬᠢᠯᠡᠯ᠎ᠡ᠃ ᠴᠠᠳᠲᠠᠯ᠎ᠠ ᠢᠳᠡᠵᠦ ᠠᠪᠤᠭᠠᠳ ᠳᠡᠭᠡᠭᠰᠢ ᠪᠡᠨ ᠭᠠᠷᠤᠯ᠎ᠠ᠃ ᠡᠬᠢᠨ ᠦ᠌ ᠬᠠᠭᠠᠯᠭ᠎ᠠ ᠶ᠋ᠢ ᠨᠡᠭᠡᠭᠡᠲᠡᠯ᠎ᠡ ᠴᠡᠪᠡᠷᠬᠡᠨ ᠵᠠᠰᠠᠭᠰᠠᠨ ᠰᠠᠢᠬᠠᠨ ᠣᠷᠣ ᠲᠠᠢ ᠥᠷᠥᠭᠡ ᠪᠠᠢᠬᠤ ᠨᠢ ᠲᠡᠷᠡ᠂
ᠬᠤᠳᠠᠯᠳᠤᠭᠠᠴᠢᠨ᠄ ᠠ᠋ ᠪᠤᠷᠬᠠᠨ ᠮᠢᠨᠢ᠂ ᠪᠢ ᠴᠢᠨᠢ ᠶᠡᠬᠡ ᠯᠡ ᠠᠵᠠ ᠲᠠᠢ ᠶᠠᠪᠤᠭ᠎ᠠ ᠶᠤᠮ ᠪᠠᠢᠨ᠎ᠠ ᠳᠠ᠃
ᠬᠤᠳᠠᠯᠳᠤᠭᠠᠴᠢᠨ ᠨᠢᠳᠦ ᠪᠡᠨ ᠨᠡᠭᠡᠭᠡᠲᠡᠯ᠎ᠡ ᠭᠡᠷᠡᠯᠲᠦ ᠰᠢᠨ᠎ᠡ ᠥᠷᠯᠥᠭᠡ ᠤᠭᠲᠤᠪᠠ᠃ ᠲᠡᠭᠦᠨ ᠳ᠋ᠦ᠍ ᠰᠢᠨ᠎ᠡ ᠬᠤᠪᠴᠠᠰᠤ ᠪᠡᠯᠡᠳᠵᠦ ᠲᠠᠯᠪᠢᠵᠠᠢ᠃ ᠬᠤᠳᠠᠯᠳᠤᠭᠠᠴᠢᠨ ᠬᠤᠪᠴᠠᠰᠤ ᠪᠠᠨ ᠡᠮᠦᠰᠴᠦ ᠪᠡᠯᠡᠨ ᠪᠣᠯᠤᠭᠠᠳ ᠲᠠᠩᠬᠢᠮ ᠤᠷᠤᠭᠤ ᠪᠠᠭᠤᠯ᠎ᠠ᠃ ᠰᠢᠷᠡᠭᠡᠨ ᠳᠡᠭᠡᠷ᠎ᠡ ᠥᠷᠯᠥᠭᠡᠨ ᠦ᠌ ᠴᠠᠢ ᠪᠡᠯᠡᠳᠴᠡᠢ ᠂ᠰᠦ᠂ ᠰᠢᠨᠡᠬᠡᠨ ᠵᠢᠮᠢᠰ ᠦ᠋ᠨ ᠰᠢᠭᠦᠰᠦ᠂ ᠲᠠᠯᠬ᠎ᠠ᠃ ᠲᠡᠷᠡ ᠪᠡᠷ ᠴᠠᠳᠲᠠᠯ᠎ᠠ ᠪᠠᠨ ᠢᠳᠡᠭᠡᠳ ᠪᠣᠰᠤᠯ᠎ᠠ᠃
ᠬᠤᠳᠠᠯᠳᠤᠭᠠᠴᠢᠨ᠄ ᠠ᠋ ᠬᠥᠮᠦᠨ ᠪᠠᠢᠨ᠎ᠠ ᠤᠤ? ᠡᠨᠳᠡ ᠬᠥᠮᠦᠨ ᠪᠠᠢᠨ᠎ᠠ ᠤᠤ? ᠵᠣᠴᠢᠯᠠᠮᠠᠲᠠᠭᠠᠢ ᠵᠠᠩ ᠳ᠋ᠤ᠌ ᠲᠠᠨᠢ ᠭᠢᠯᠠᠢᠯ᠎ᠠ! ᠲᠠ ᠦᠨᠡᠬᠡᠷ ᠥᠭᠭᠢᠶᠡᠮᠦᠷ ᠶᠦ᠍ᠮ ᠂ ᠵᠠ ᠪᠢ ᠶᠠᠪᠤᠯ᠎ᠠ ᠰᠢᠦ᠂ ᠪᠠᠶᠠᠷᠲᠠᠢ!
ᠭᠠᠳᠠᠭᠰᠢ ᠪᠠᠨ ᠭᠠᠷᠤᠭᠠᠳ ᠬᠠᠷᠠᠭ᠎ᠠ ᠭᠦᠢᠴᠡᠮᠡ ᠦᠭᠡᠢ ᠶᠡᠬᠡ ᠰᠠᠷᠠᠨᠠᠢ ᠪᠠᠢᠬᠤ ᠶ᠋ᠢ ᠬᠠᠷᠠᠪᠠ᠃
ᠬᠤᠳᠠᠯᠳᠤᠭᠠᠴᠢᠨ᠄ ᠬᠦ ᠂ ᠤᠯᠠᠭᠠᠨ ᠰᠠᠷᠠᠨᠠᠢ ᠪᠠᠢᠨ᠎ᠠ ᠰᠢᠦ ᠳᠡ! ᠵᠠ᠂ ᠵᠠ ᠪᠡᠢᠯᠡ ᠳ᠋ᠦ᠍ ᠪᠡᠨ ᠭᠠᠭᠴᠠ ᠶ᠋ᠢ ᠠᠪᠴᠢᠬᠠᠶ᠎ᠠ᠃
ᠬᠤᠳᠠᠯᠳᠤᠭᠠᠴᠢᠨ ᠰᠢᠭᠤᠳ ᠴᠡᠴᠡᠷᠯᠢᠭ ᠤᠷᠤᠭᠤ ᠶᠠᠪᠤᠵᠤ ᠨᠢᠭᠡ ᠰᠠᠷᠠᠨᠠᠢ ᠠᠪᠤᠯ᠎ᠠ᠃ ᠰᠠᠷᠠᠨᠠᠢ ᠶ᠋ᠢ ᠲᠠᠰᠤᠳᠠᠭᠰᠠᠨ ᠳᠠᠷᠤᠢ ᠠᠷᠤ ᠳ᠋ᠤ᠌ ᠨᠢ ᠴᠢᠩᠭ᠎ᠠ ᠭᠡᠭᠴᠢ ᠠᠷᠬᠢᠷᠠᠬᠤ ᠴᠢᠮᠡᠭᠡ ᠰᠣᠨᠣᠰᠳᠠᠪᠠ᠃ ᠡᠷᠭᠢᠭᠡᠳ ᠬᠠᠷᠠᠲᠠᠯ᠎ᠠ ᠥᠨᠳᠥᠷ ᠭᠡᠭᠴᠢ ᠶ᠋ᠢᠨ ᠮᠠᠩᠭᠤᠰ ᠵᠣᠭᠰᠣᠵᠤ ᠪᠠᠢᠪᠠ᠃ ᠴᠢᠰᠤᠨ ᠤᠯᠠᠭᠠᠨ ᠨᠢᠳᠦ ᠲᠡᠢ᠂ ᠬᠢᠲᠤᠭ᠎ᠠ ᠰᠢᠭ᠋ ᠬᠤᠷᠴᠠ ᠰᠢᠳᠦ ᠬᠢᠮᠤᠰᠤ ᠲᠠᠢ᠃
ᠠᠷᠢᠶᠠᠲᠠᠨ ᠄ ᠮᠢᠨᠦ ᠰᠠᠷᠠᠨᠠᠢ ᠶ᠋ᠢ ᠲᠡᠭᠦ ᠭᠡᠵᠦ ᠬᠡᠨ ᠴᠢᠮ᠎ᠠ ᠳ᠋ᠤ᠌ ᠬᠡᠯᠡᠪᠡ? ᠣᠷᠳᠣᠨ ᠳ᠋ᠤ᠌ ᠪᠠᠨ ᠣᠷᠣᠩᠨᠠᠭᠤᠯᠤᠭᠰᠠᠨ ᠨᠢ ᠬᠠᠩᠭᠠᠯᠲᠠ ᠦᠭᠡᠢ ᠪᠠᠢᠪᠠ ᠤᠤ? ᠲᠠᠯᠠᠷᠬᠠᠭᠰᠠᠨ ᠰᠡᠳᠬᠢᠯ ᠢ᠋ᠶ᠋ᠡᠨ ᠢᠩᠭᠢᠵᠦ ᠢᠯᠡᠷᠬᠡᠢᠯᠡᠵᠦ ᠪᠠᠢᠭ᠎ᠠ ᠶᠤᠮ ᠤᠤ? ᠡᠷᠡᠭᠡ ᠴᠡᠭᠡᠷ ᠦᠭᠡᠢ ᠵᠠᠩ ᠢ᠋ ᠴᠢᠨᠢ ᠴᠡᠭᠡᠷᠯᠡᠭᠦᠯᠦᠯ ᠦᠭᠡᠢ ᠥᠩᠭᠡᠷᠡᠭᠦᠯᠵᠦ ᠪᠣᠯᠬᠤ ᠦᠭᠡᠢ!
ᠬᠤᠳᠠᠯᠳᠤᠭᠠᠴᠢᠨ᠄ ᠦᠭᠡᠢ ᠠᠮᠢ ᠥᠷᠥᠰᠢᠶᠡ! ᠥᠷᠥᠰᠢᠶᠡᠯᠲᠦ ᠡᠵᠡᠨ ᠮᠢᠨᠢ ᠵᠣᠪᠠᠬᠤ ᠴᠠᠭ ᠲᠤ᠌ ᠦᠷᠭᠦᠭᠡᠨ ᠳ᠋ᠦ᠍ ᠪᠡᠨ ᠣᠷᠣᠩᠨᠠᠭᠤᠯᠵᠤ ᠬᠣᠭᠣᠯᠠ ᠤᠮᠳᠠ ᠪᠠᠷ ᠳᠠᠢᠯᠠᠭᠰᠠᠨ ᠥᠭᠭᠢᠶᠡᠮᠦᠷ ᠡᠵᠡᠨ ᠂ᠥᠬᠢᠨ ᠳ᠋ᠦ᠍ ᠪᠡᠨ ᠭᠠᠭᠴᠠ ᠰᠠᠷᠠᠨᠠᠢ ᠠᠪᠬᠤ ᠳ᠋ᠤ᠌ ᠳᠤᠷ᠎ᠠ ᠦᠭᠡᠢᠴᠡᠬᠦ ᠦᠭᠡᠢ ᠭᠡᠵᠦ ᠪᠣᠳᠣᠭᠰᠠᠨ ᠶᠤᠮ ᠠ᠋! ᠥᠷᠥᠰᠢᠶᠡᠭᠡᠷᠡᠢ ᠡᠵᠡᠨ ᠮᠢᠨᠢ᠃
ᠠᠷᠢᠶᠠᠲᠠᠨ ᠄ ᠦ ᠬᠦ᠂ ᠵᠠ ᠲᠡᠭᠡᠪᠡᠯ ᠪᠢ ᠴᠢᠮ᠎ᠠ ᠳ᠋ᠤ᠌ ᠠᠮᠢ ᠶ᠋ᠢ ᠴᠢᠨᠢ ᠠᠪᠤᠷᠠᠬᠤ ᠨᠢᠭᠡ ᠰᠠᠨᠠᠯ ᠲᠠᠯᠪᠢᠶ᠎ᠠ᠃
ᠬᠤᠳᠠᠯᠳᠤᠭᠠᠴᠢᠨ᠄ ᠶᠠᠮᠠᠷ ᠰᠠᠨᠠᠯ ᠪᠢᠯᠡ ᠡᠵᠡᠨ ᠮᠢᠨᠢ᠂ ᠪᠢ ᠲᠠᠨ ᠤ᠋ ᠲᠥᠯᠥᠭᠡ ᠶᠠᠭᠤ ᠴᠤ᠌ ᠬᠢᠬᠦ ᠳ᠋ᠦ᠍ ᠪᠡᠯᠡᠨ ᠪᠠᠢᠨ᠎ᠠ᠂ ᠭᠤᠷᠪᠠᠨ ᠥᠬᠢᠨ ᠮᠢᠨᠢ ᠨᠠᠮ᠎ᠠ ᠶ᠋ᠢ ᠣᠳᠣ ᠭᠡᠷ ᠲᠦ᠍ ᠪᠡᠨ ᠬᠦᠯᠢᠶᠡᠵᠦ ᠪᠠᠢᠭ᠎ᠠ᠂
ᠠᠷᠢᠶᠠᠲᠠᠨ ᠄ ᠭᠤᠷᠪᠠᠨ ᠥᠬᠢᠨ? ᠵᠠ ᠵᠠ ᠨᠢᠭᠡ ᠥᠬᠢᠨ ᠢ᠋ᠶ᠋ᠡᠨ ᠡᠨᠡ ᠣᠷᠳᠣᠨ ᠳ᠋ᠤ᠌ ᠠᠪᠴᠢᠷᠠ᠂ ᠪᠢ ᠥᠬᠢᠨ ᠢ᠋ ᠴᠢᠨᠢ ᠡᠨᠳᠡ ᠦᠯᠡᠳᠡᠭᠡᠵᠦ ᠣᠷᠣᠨ ᠳ᠋ᠤ᠌ ᠨᠢ ᠴᠢᠮ᠎ᠠ ᠶ᠋ᠢ ᠴᠢᠯᠥᠭᠡᠯᠡᠵᠦ ᠶᠠᠪᠤᠭᠤᠯᠤᠨ᠎ᠠ ᠶᠠᠮᠠᠷ ᠪᠣᠢ ᠳᠠ ?
ᠬᠤᠳᠠᠯᠳᠤᠭᠠᠴᠢᠨ᠄ ᠠᠮᠠᠯᠠᠶ᠎ᠠ᠂ ᠠᠮᠠᠯᠠᠶ᠎ᠠ᠃ ᠥᠬᠢᠳ ᠦ᠋ᠨ ᠮᠢᠨᠢ ᠨᠢᠭᠡ ᠂ ᠲᠠᠨ ᠳᠡᠭᠡᠷ᠎ᠡ ᠢᠷᠡᠬᠦ ᠨᠢ ᠭᠠᠷᠴᠠᠭ᠎ᠠ ᠦᠭᠡᠢ᠂
ᠠᠷᠢᠶᠠᠲᠠᠨ᠄ ᠰᠠᠢᠨ ᠪᠠᠢᠨ᠎ᠠ᠂ ᠪᠢ ᠴᠢᠮ᠎ᠠ ᠳ᠋ᠤ᠌ ᠬᠤᠷᠳᠤᠨ ᠰᠢᠨᠳᠠᠰᠤᠲᠤ ᠬᠦᠯᠦᠭ ᠡᠴᠡ ᠪᠡᠨ ᠨᠢᠭᠡ ᠶ᠋ᠢ ᠥᠭᠭᠦᠶ᠎ᠡ᠂ ᠪᠠᠰᠠ ᠥᠬᠢᠨ ᠢ᠋ᠶ᠋ᠡᠨ ᠠᠪᠴᠢᠷᠠᠬᠤ ᠨᠢᠭᠡ ᠰᠠᠷ᠎ᠠ ᠶ᠋ᠢᠨ ᠬᠤᠭᠤᠴᠠᠭ᠎ᠠ ᠥᠭᠴᠦ ᠪᠠᠢᠨ᠎ᠠ᠃ ᠢᠷᠡᠬᠦ ᠪᠡᠷ ᠪᠣᠯ ᠥᠪᠡᠷ ᠦ᠋ᠨ ᠳᠤᠷ᠎ᠠ ᠪᠠᠷ ᠢᠷᠡᠬᠦ ᠶᠣᠰᠣᠲᠠᠢ ᠰᠢᠦ! ᠦᠭᠡᠢ ᠪᠣᠯ ᠪᠢ ᠬᠦᠯᠢᠶᠡᠵᠦ ᠠᠪᠬᠤ ᠦᠭᠡᠢ᠃ ᠰᠠᠷ᠎ᠠ ᠶ᠋ᠢᠨ ᠳᠠᠷᠠᠭ᠎ᠠ ᠴᠢ ᠢᠷᠡᠬᠦ ᠦᠭᠡᠢ ᠪᠣᠯ ᠪᠢ ᠴᠢᠮ᠎ᠠ ᠶ᠋ᠢ ᠥᠪᠡᠷ ᠢ᠋ᠶ᠋ᠡᠨ ᠬᠠᠢᠵᠤ ᠣᠯᠤᠨ᠎ᠠ᠃ ᠣᠳᠣ ᠶᠠᠪᠤ ᠥᠬᠢᠨ ᠳ᠋ᠦ᠍ ᠪᠡᠨ ᠨᠢᠭᠡ ᠰᠠᠷᠠᠨᠠᠢ ᠠᠪᠴᠤ ᠶᠠᠪᠤᠭᠠᠷᠠᠢ ᠵᠠ!
ᠡᠬᠢᠨ ᠳ᠋ᠦ᠍ ᠪᠡᠨ ᠠᠮᠢ ᠪᠠᠨ ᠠᠪᠤᠷᠠᠬᠤ ᠶ᠋ᠢᠨ ᠲᠤᠯᠠᠳᠠ ᠡᠨᠡ ᠰᠠᠨᠠᠯ ᠢ᠋ ᠨᠢ ᠵᠥᠪᠰᠢᠶᠡᠷᠡᠭᠰᠡᠨ ᠴᠦ᠍ ᠥᠬᠢᠳ ᠦ᠋ᠨ ᠬᠢᠨᠢ ᠬᠡᠨ ᠨᠢ ᠴᠦ᠍ ᠡᠨᠳᠡ ᠢᠷᠡᠬᠦ ᠶ᠋ᠢ ᠵᠥᠪᠰᠢᠶᠡᠷᠡᠬᠦ ᠦᠭᠡᠢ ᠳᠡ ᠭᠡᠵᠦ ᠪᠣᠳᠣᠪᠠ᠃ ᠠᠮᠢᠳᠤ ᠶ᠋ᠢᠨ ᠰᠢᠨᠵᠢ ᠦᠭᠡᠢ ᠪᠣᠯᠤᠭᠰᠠᠨ ᠬᠥᠭᠡᠷᠦᠬᠦᠢ ᠬᠤᠳᠠᠯᠳᠤᠭᠠᠴᠢᠨ ᠭᠡᠷ ᠦ᠋ᠨ ᠢ᠋ᠶ᠋ᠡᠨ ᠵᠦᠭ ᠬᠥᠳᠡᠯᠦᠯ᠎ᠡ ᠃ ᠰᠢᠨᠳᠠᠰᠤᠲᠤ ᠬᠦᠯᠦᠭ ᠰᠠᠯᠬᠢ ᠲᠠᠲᠠᠭᠤᠯᠤᠨ ᠳᠠᠪᠬᠢᠵᠤ ᠭᠱᠠᠨ ᠵᠠᠭᠤᠷ᠎ᠠ ᠬᠤᠳᠠᠯᠳᠤᠭᠠᠴᠢᠨ ᠤ᠋ ᠭᠡᠷ ᠲᠦ᠍ ᠢᠷᠡᠵᠡᠢ ᠭᠡᠨ᠎ᠡ᠃ ᠥᠬᠢᠳ ᠶᠠᠭᠠᠷᠠᠨ ᠭᠠᠷᠴᠤ ᠢᠷᠡᠯ᠎ᠡ᠃
ᠶᠡᠬᠡ ᠥᠬᠢᠨ᠄ᠠᠪᠤ ᠠ᠋! ᠮᠢᠨᠦ ᠪᠡᠯᠡᠭ ᠢ᠋ ᠥᠭ
ᠬᠣᠶᠠᠳᠤᠭᠠᠷ ᠥᠬᠢᠨ᠄ᠮᠢᠨᠦ ᠪᠡᠯᠡᠭ ᠬᠠᠮᠢᠭ᠎ᠠ ᠪᠠᠢᠨ᠎ᠠ ᠠᠪᠤ ᠠ᠋?
ᠪᠡᠢᠯᠡ᠄ ᠲᠠᠨ ᠤ᠋ ᠪᠡᠶ᠎ᠡ ᠰᠠᠢᠨ ᠤᠤ?ᠠᠪᠤ ᠠ᠋? ᠶᠡᠬᠡ ᠶᠠᠳᠠᠷᠠᠭᠰᠠᠨ ᠪᠠᠢᠬ᠎ᠠ ᠳᠠ?
ᠬᠤᠳᠠᠯᠳᠤᠭᠠᠴᠢᠨ᠄ ᠡᠨᠡ ᠴᠢᠨᠦ ᠵᠠᠬᠢᠭᠰᠠᠨ ᠶᠠᠭᠤᠮ᠎ᠠ ᠂ ᠶᠠᠮᠠᠷ ᠦᠨ᠎ᠡ ᠪᠡᠷ ᠠᠪᠤᠭᠰᠠᠨ ᠢ᠋ ᠮᠢᠨᠢ ᠴᠢ ᠮᠡᠳᠡᠬᠦ ᠦᠭᠡᠢ ᠳᠡ
ᠥᠬᠢᠳ ᠲᠦ᠍ ᠪᠡᠨ ᠬᠥᠯᠭᠡ ᠣᠩᠭᠣᠴᠠ ᠪᠣᠯᠤᠨ ᠠᠷᠢᠶᠠᠲᠠᠨ ᠤ᠋ ᠲᠤᠬᠠᠢ ᠶᠠᠷᠢᠯ᠎ᠠ᠃
ᠶᠡᠬᠡ ᠥᠬᠢᠨ᠄ ᠠᠢ᠂ ᠴᠢᠨᠦ ᠯᠡ ᠪᠤᠷᠤᠭᠤ᠂ ᠶᠠᠭᠠᠬᠢᠬᠤ ᠭᠡᠵᠦ ᠴᠡᠴᠡᠭ ᠠᠪᠴᠢᠷᠠ ᠭᠡᠰᠡᠨ ᠶᠤᠮ ᠪᠣᠢ?
ᠬᠣᠶᠠᠳᠤᠭᠠᠷ ᠥᠬᠢᠨ᠄ᠲᠡᠢᠮᠦ ᠠ᠋! ᠬᠡᠷᠪᠡ ᠴᠢ ᠣᠯᠢᠭᠲᠠᠢᠬᠠᠨ ᠪᠡᠯᠡᠭ ᠬᠦᠰᠡᠭᠰᠡᠨ ᠪᠣᠯ ᠡᠢᠮᠦ ᠶᠠᠭᠤᠮ᠎ᠠ ᠪᠣᠯᠬᠤ ᠦᠭᠡᠢ ᠯᠡ ᠪᠠᠢᠬᠤ ᠪᠠᠢᠭᠰᠠᠨ᠃
ᠪᠡᠢᠯᠡ᠄ ᠨᠠᠳᠠ ᠠ᠋ᠴᠠ ᠯᠠ ᠪᠣᠯᠵᠤ ᠡᠢᠮᠦ ᠵᠣᠯ ᠦᠭᠡᠢ ᠶᠠᠭᠤᠮ᠎ᠠ ᠲᠣᠬᠢᠶᠠᠯᠳᠤᠯ᠎ᠠ ᠲᠡᠢᠮᠦ ᠡᠴᠡ ᠪᠢ ᠠᠪᠤ ᠶ᠋ᠢᠨ ᠠᠮᠠᠯᠠᠯᠲᠠ ᠶ᠋ᠢ ᠪᠡᠶᠡᠯᠡᠭᠦᠯᠬᠦ ᠪᠡᠷ ᠬᠠᠮᠲᠤ ᠶᠠᠪᠤᠶ᠎ᠠ᠃
ᠬᠤᠳᠠᠯᠳᠤᠭᠠᠴᠢᠨ᠄ ᠪᠡᠢᠯᠡ ᠮᠢᠨᠢ ᠳᠡ ᠠ! ᠠᠪᠤ ᠶ᠋ᠢ ᠪᠡᠨ ᠠᠭᠤᠴᠢᠯᠠ᠂ ᠥᠬᠢᠨ ᠮᠢᠨᠢ ᠠᠪᠤ ᠨᠢ ᠯᠡ᠂ ᠡᠢᠮᠦ ᠵᠣᠯ ᠦᠭᠡᠢ ᠶᠠᠪᠤᠳᠠᠯ ᠠᠪᠴᠢᠷᠠᠯ᠎ᠠ᠃
ᠪᠡᠢᠯᠡ᠄ ᠬᠢᠭᠰᠡᠨ ᠬᠡᠷᠡᠭ ᠦ᠋ᠨ ᠢ᠋ᠶ᠋ᠡᠨ ᠭᠣᠣᠯ ᠢ᠋ ᠪᠢ ᠥᠪᠡᠷ ᠢ᠋ᠶ᠋ᠡᠨ ᠯᠡ ᠡᠭᠦᠷᠬᠦ ᠶᠣᠰᠣᠲᠠᠢ᠃
ᠪᠡᠢᠯᠡ ᠬᠠᠲᠠᠭᠤ ᠰᠢᠢᠳᠦᠭᠰᠡᠨ ᠪᠠᠢᠯ᠎ᠠ᠃ ᠠᠪᠤ ᠶ᠋ᠢ ᠪᠡᠨ ᠵᠣᠷᠢᠭᠵᠢᠭᠤᠯᠵᠤ ᠤᠷᠮ᠎ᠠ ᠥᠭᠴᠦ ᠪᠠᠢᠪᠠ᠃
ᠬᠤᠳᠠᠯᠳᠤᠭᠠᠴᠢᠨ᠄ᠭᠡᠷ ᠤᠷᠤᠭᠤ ᠪᠠᠨ ᠪᠤᠴᠠ ᠪᠡᠢᠯᠡ᠂ ᠠᠮᠢᠳᠤᠷᠠᠯ ᠢ᠋ᠶ᠋ᠠᠨ ᠪᠤᠤ ᠦᠷᠡᠨ ᠳᠡᠷᠡᠨ ᠬᠢ᠂
ᠪᠡᠢᠯᠡ᠄ ᠨᠠᠳᠠ ᠳ᠋ᠤ᠌ ᠡᠨᠡ ᠪᠠᠢᠳᠠᠯ ᠲᠠᠢ ᠨᠢᠭᠤᠷ ᠲᠤᠯᠬᠤ ᠬᠠᠩᠭᠠᠯᠲᠠᠲᠠᠢ ᠵᠣᠷᠢᠭ ᠪᠣᠢ ᠃
ᠲᠡᠳᠡᠨ ᠢ᠋ ᠶᠠᠷᠢᠯᠴᠠᠬᠤ ᠦᠶ᠎ᠡ ᠳ᠋ᠦ᠍ ᠰᠥᠨᠢ ᠶ᠋ᠢᠨ ᠬᠠᠷᠠᠩᠭᠤᠢ ᠨᠥᠮᠥᠷᠴᠡᠢ᠃ ᠭᠠᠢᠬᠠᠮᠠᠷ ᠨᠢ ᠣᠷᠴᠢᠯᠠᠩ ᠬᠣᠷᠸ᠎ᠠ ᠲᠡᠷᠡ ᠴᠢᠭ ᠲᠦ᠍ ᠪᠡᠨ ᠲᠡᠭᠦᠨ ᠢ᠋ ᠤᠭᠲᠤᠨ ᠠᠪᠬᠤ ᠰᠢᠭ᠋ ᠣᠢ ᠳᠡᠭᠡᠷ᠎ᠡ ᠵᠢᠭᠲᠡᠢ ᠬᠡᠷᠡᠯᠳᠦᠵᠦ ᠪᠠᠢᠪᠠ᠃
ᠪᠡᠢᠯᠡ᠄ ᠬᠥᠥᠭ ᠂ ᠦᠨᠡᠬᠡᠷ ᠭᠣᠶᠣ ᠶᠤᠮ ᠠ᠋!
ᠤᠳᠠᠬᠤ ᠦᠭᠡᠢ ᠲᠡᠳᠡ ᠵᠦᠷᠵᠢ ᠶ᠋ᠢᠨ ᠮᠣᠳᠣᠳ ᠤ᠋ᠨ ᠵᠥᠷᠢᠭ ᠲᠦ᠍ ᠢᠷᠡᠵᠦ ᠰᠦᠷ ᠵᠢᠪᠬᠤᠯᠠᠩᠲᠠᠢ ᠬᠡᠷᠡᠯᠳᠦᠬᠦ ᠰᠢᠯᠲᠦᠭᠡᠨ ᠢ᠋ ᠬᠠᠷᠠᠯ᠎ᠠ᠃ ᠶᠡᠬᠡ ᠲᠠᠩᠬᠢᠮ ᠳ᠋ᠤ᠌ ᠣᠷᠣᠬᠤ ᠳ᠋ᠤ᠌ ᠰᠠᠢᠬᠠᠨ ᠭᠠᠯ ᠲᠦᠯᠡᠵᠦ᠂ ᠠᠮᠲᠠᠲᠤ ᠬᠣᠭᠣᠯᠠ ᠦᠷᠦᠭᠰᠡᠨ ᠲᠠᠩᠰᠤᠭ ᠰᠢᠷᠡᠭᠡ ᠲᠡᠳᠡᠨ ᠢ᠋ ᠤᠭᠲᠤᠪᠠ᠃ ᠬᠣᠯᠠ ᠵᠠᠮ ᠳ᠋ᠤ᠌ ᠠᠶᠠᠯᠠᠭᠰᠠᠨ ᠲᠡᠳᠡ ᠥᠯᠥᠰᠴᠦ ᠤᠮᠳᠠᠭᠠᠰᠴᠠᠢ ᠢᠩᠭᠢᠭᠡᠳ ᠬᠣᠶᠠᠭᠤᠯᠠ ᠬᠣᠭᠣᠯᠠ ᠢᠳᠡᠵᠦ ᠡᠬᠢᠯᠡᠯ᠎ᠡ᠃ ᠭᠡᠪᠡᠴᠦ ᠲᠡᠳᠡᠨ ᠢ᠋ ᠬᠣᠭᠣᠯᠠᠯᠠᠵᠤ ᠳᠠᠭᠤᠰᠤᠭ᠎ᠠ ᠦᠭᠡᠢ ᠪᠠᠢᠲᠠᠯ᠎ᠠ ᠠᠷᠢᠶᠠᠲᠠᠨ ᠤ᠋ ᠬᠥᠯ ᠦ᠋ᠨ ᠴᠢᠮᠡᠭᠡ ᠣᠢᠷᠠᠳᠴᠤ ᠰᠣᠨᠣᠰᠤᠭᠳᠠᠪᠠ ᠃
ᠠᠷᠢᠶᠠᠲᠠᠨ᠄ ᠣᠷᠣᠢ ᠶ᠋ᠢᠨ ᠮᠡᠨᠳᠦ ᠪᠡᠢᠯᠡ᠂
ᠪᠡᠢᠯᠡ᠄᠂ ᠣᠷᠣᠢ ᠶ᠋ᠢᠨ ᠮᠡᠨᠳᠦ ᠡᠷᠬᠢᠮ ᠳᠡᠭᠡᠳᠦᠰ ᠠ᠋!
ᠠᠷᠢᠶᠠᠲᠠᠨ᠄ ᠵᠠ ᠴᠢ ᠥᠪᠡᠷ ᠦ᠋ᠨ ᠬᠦᠰᠡᠯ ᠢ᠋ᠶ᠋ᠡᠷ ᠢᠷᠡᠭᠰᠡᠨ ᠤᠤ?
ᠪᠡᠢᠯᠡ᠄ ᠲᠡᠢᠮᠦ ᠠ᠋!
ᠠᠷᠢᠶᠠᠲᠠᠨ᠄ ᠲᠡᠭᠡᠪᠡᠯ ᠠᠪᠤ ᠶ᠋ᠢ ᠪᠡᠨ ᠶᠠᠪᠤᠬᠤ ᠪᠠᠷ ᠴᠢ ᠡᠨᠳᠡ ᠦᠯᠡᠳᠡᠬᠦ ᠤᠤ?
ᠪᠡᠢᠯᠡ᠄ ᠲᠡᠢᠮᠦ ᠠ᠋!
ᠠᠷᠢᠶᠠᠲᠠᠨ᠄ ᠮᠣᠷᠢ ᠤᠷᠤᠭᠤ ᠪᠠᠨ ᠪᠤᠴᠠ! ᠲᠡᠨᠳᠡ ᠴᠢᠮ᠎ᠠ ᠳ᠋ᠤ᠌ ᠪᠣᠯᠤᠨ ᠪᠤᠰᠤᠳ ᠥᠬᠢᠳ ᠲᠦ᠍ ᠴᠢᠨᠢ ᠵᠣᠷᠢᠭᠤᠯᠤᠭᠰᠠᠨ ᠳᠦᠭᠦᠷᠡᠩ ᠠᠯᠲᠠ ᠲᠠᠢ ᠠᠪᠳᠠᠷ᠎ᠠ ᠠᠴᠢᠭᠰᠠᠨ ᠪᠠᠰᠠ ᠨᠢᠭᠡ ᠮᠣᠷᠢ ᠪᠠᠢᠭ᠎ᠠ᠃
ᠬᠤᠳᠠᠯᠳᠤᠭᠠᠴᠢᠨ᠄ ᠪᠠᠶᠠᠷᠲᠠᠢ ᠪᠡᠢᠯᠡ᠂ ᠠᠪᠤ ᠨᠢ ᠥᠬᠢᠨ ᠢ᠋ᠶ᠋ᠡᠨ ᠡᠳᠦᠷ ᠪᠦᠷᠢ ᠦᠭᠡᠢᠯᠡᠬᠦ ᠪᠣᠯᠤᠨ᠎ᠠ᠂
ᠪᠡᠢᠯᠡ᠄ ᠪᠢ ᠴᠦ᠍ ᠭᠡᠰᠡᠨ ᠲᠠᠨ ᠢ᠋ ᠰᠠᠨᠠᠨ᠎ᠠ ᠠᠪᠤ ᠠ᠋!
ᠮᠣᠷᠢᠳ ᠬᠥᠳᠡᠯᠵᠦ ᠲᠡᠷᠡ ᠳᠣᠣᠷ᠎ᠠ ᠪᠠᠨ ᠵᠠᠮᠬᠠᠷᠠᠨ ᠠᠯᠠᠭ᠎ᠠ ᠪᠣᠯᠤᠯ᠎ᠠ᠃
ᠠᠷᠢᠶᠠᠲᠠᠨ᠄ ᠳᠡᠭᠡᠭᠰᠢ ᠪᠡᠨ ᠭᠠᠷ ᠵᠢᠭᠠᠬᠠᠨ ᠠᠮᠠᠷᠠᠭᠠᠳ ᠠᠪ᠂ ᠰᠠᠢᠬᠠᠨ ᠠᠮᠠᠷᠠᠭᠠᠷᠠᠢ!
ᠪᠡᠢᠯᠡ᠄ ᠰᠠᠢᠬᠠᠨ ᠠᠮᠠᠷᠠᠭᠠᠷᠠᠢ!
ᠪᠡᠢᠯᠡ ᠡᠬᠢᠨ ᠦ᠌ ᠬᠠᠭᠠᠯᠭ᠎ᠠ ᠶ᠋ᠢ ᠨᠡᠭᠡᠭᠡᠲᠡᠯ᠎ᠡ ᠮᠠᠰᠢ ᠰᠠᠢᠬᠠᠨ ᠴᠢᠮᠡᠭᠯᠡᠭᠰᠡᠨ ᠥᠷᠥᠭᠡ ᠪᠠᠢᠪᠠ᠃ ᠣᠷᠣᠨ ᠳᠡᠭᠡᠷ᠎ᠡ ᠬᠡᠪᠲᠡᠭᠰᠡᠨ ᠳᠠᠷᠤᠢ ᠳ᠋ᠤ᠌ ᠪᠠᠨ ᠪᠥᠬᠡ ᠭᠡᠭᠴᠢ ᠨᠢ ᠨᠣᠢᠷᠰᠤᠯᠠ᠃ᠥᠷᠯᠥᠭᠡ ᠰᠡᠷᠡᠭᠡᠳ ᠭᠣᠶᠣᠯᠠᠯ ᠤ᠋ᠨ ᠰᠢᠷᠡᠭᠡᠨ ᠳᠡᠭᠡᠷ᠎ᠡ ᠬᠦᠰᠡᠵᠦ ᠪᠣᠯᠬᠤ ᠪᠦᠬᠦ ᠵᠦᠢᠯ ᠢ᠋ ᠨᠢ ᠪᠡᠯᠡᠳᠦᠭᠰᠡᠨ ᠪᠠᠢᠬᠤ ᠶ᠋ᠢ ᠬᠠᠷᠠᠵᠠᠢ᠃ ᠶᠡᠬᠡ ᠲᠠᠩᠬᠢᠮ ᠳ᠋ᠤ᠌ ᠬᠣᠭᠣᠯᠠ ᠪᠡᠯᠡᠳᠦᠭᠰᠡᠨ ᠪᠠᠢᠯ᠎ᠠ᠃ ᠬᠣᠭᠣᠯᠠ ᠢᠳᠡᠴᠢᠬᠡᠭᠡᠳ ᠪᠤᠢᠳᠠᠩ ᠤ᠋ᠨ ᠪᠤᠯᠤᠩ ᠳᠡᠭᠡᠷ᠎ᠡ ᠲᠡᠷᠡ ᠲᠤᠬᠠᠰᠢᠨ ᠰᠠᠭᠤᠪᠠ᠃
ᠪᠡᠢᠯᠡ᠄ ᠡᠨᠡ ᠠᠶᠤᠮᠰᠢᠭᠲᠤ ᠠᠷᠢᠶᠠᠲᠠᠨ ᠨᠠᠮ᠎ᠠ ᠶ᠋ᠢ ᠡᠭᠦᠷᠢᠳᠡ ᠬᠣᠷᠢᠭᠳᠠᠯ ᠳ᠋ᠤ᠌ ᠪᠠᠢᠯᠭᠠᠬᠤ ᠪᠣᠯ ᠤᠤ? ᠶᠠᠭᠠᠬᠢᠪᠠᠯ ᠥᠪᠡᠷ ᠢ᠋ ᠪᠡᠨ ᠴᠢᠯᠥᠭᠡᠯᠡᠬᠦ ᠪᠣᠢ? ᠡᠭᠦᠨ ᠢ᠋ ᠪᠣᠳᠣᠨ ᠪᠣᠳᠣᠭᠰᠠᠭᠠᠷ ᠲᠡᠷᠡ ᠤᠨᠲᠠᠭᠠᠳ ᠥᠭᠴᠡᠢ᠃ ᠣᠷᠣᠢ ᠪᠣᠯᠤᠭᠰᠠᠨ ᠬᠣᠢᠨ᠎ᠠ ᠪᠡᠢᠯᠡ ᠠᠷᠢᠶᠠᠲᠠᠨ ᠢᠷᠡᠬᠦ ᠶ᠋ᠢ ᠰᠣᠨᠣᠰᠤᠯ᠎ᠠ᠃
ᠠᠷᠢᠶᠠᠲᠠᠨ᠄ ᠣᠷᠣᠢ ᠶ᠋ᠢᠨ ᠮᠡᠨᠳᠦ ᠪᠡᠢᠯᠡ ᠠ᠋!
ᠪᠡᠢᠯᠡ᠄ ᠣᠷᠣᠢ ᠶ᠋ᠢᠨ ᠮᠡᠨᠳᠦ᠂
ᠠᠷᠢᠶᠠᠲᠠᠨ᠄ ᠴᠢ ᠨᠠᠳᠠ ᠳ᠋ᠤ᠌ ᠬᠠᠢᠷᠠᠲᠠᠢ ᠤᠤ? ᠪᠡᠢᠯᠡ ᠂ ᠴᠢ ᠨᠠᠳᠠ ᠲᠠᠢ ᠭᠡᠷᠯᠡᠬᠦ ᠤᠤ?
ᠪᠡᠢᠯᠡ᠄ ᠶᠠᠭᠤ?
ᠠᠷᠢᠶᠠᠲᠠᠨ᠄ ᠠᠶᠤᠬᠤ ᠶᠠᠭᠤᠮ᠎ᠠ ᠦᠭᠡᠢ᠂ ᠲᠡᠢᠮᠦ᠂ ᠡᠰᠡᠬᠦᠯ᠎ᠡ ᠦᠭᠡᠢ ᠭᠡᠳᠡᠭ ᠢ᠋ᠶ᠋ᠡᠨ ᠬᠡᠯᠡ᠂
ᠪᠡᠢᠯᠡ᠄ᠦᠭᠡᠢ!
ᠠᠷᠢᠶᠠᠲᠠᠨ᠄ ᠬᠡᠷᠪᠡ ᠦᠭᠡᠢ ᠪᠣᠯ ᠰᠠᠢᠬᠠᠨ ᠠᠮᠠᠷᠠᠭᠠᠷᠠᠢ ᠪᠡᠢᠯᠡ!
ᠪᠡᠢᠯᠡ᠄ ᠰᠠᠢᠬᠠᠨ ᠠᠮᠠᠷᠠᠭᠠᠷᠠᠢ!
ᠦᠭᠡᠢ ᠭᠡᠰᠡᠨ ᠬᠠᠷᠢᠭᠤ ᠠᠷᠢᠶᠠᠲᠠᠨ ᠢ᠋ ᠠᠭᠤᠷᠯᠠᠭᠤᠯᠤᠭᠠ ᠦᠭᠡᠢ ᠳ᠋ᠦ᠍ ᠪᠡᠢᠯᠡ ᠶᠡᠬᠡ ᠪᠠᠶᠠᠷᠯᠠᠯ᠎ᠠ᠃ ᠣᠷᠣᠢ ᠪᠦᠷᠢ ᠬᠣᠭᠣᠯᠠᠨ ᠤ᠋ ᠳᠠᠷᠠᠭ᠎ᠠ ᠠᠷᠢᠶᠠᠲᠠᠨ ᠲᠡᠭᠦᠨ ᠳᠡᠭᠡᠷ᠎ᠡ ᠢᠷᠡᠵᠦ ᠰᠠᠢᠬᠠᠨ ᠠᠮᠠᠷᠠᠭᠠᠷᠠᠢ ᠭᠡᠵᠦ ᠬᠡᠯᠡᠬᠦ ᠶ᠋ᠢᠨ ᠢ᠋ᠶ᠋ᠡᠨ ᠡᠮᠦᠨ᠎ᠡ ᠢᠩᠭᠢᠵᠦ ᠠᠰᠠᠭᠤᠨ᠎ᠠ᠃ ᠪᠡᠢᠯᠡ ᠴᠢ ᠨᠠᠳᠠ ᠲᠠᠢ ᠭᠡᠷᠯᠡᠬᠦ ᠤᠤ? ᠲᠡᠭᠡᠭᠡᠳ ᠪᠡᠢᠯᠡ ᠶ᠋ᠢ ᠦᠭᠡᠢ ᠭᠡᠵᠦ ᠬᠠᠷᠢᠭᠤᠯᠬᠤ ᠪᠠᠷ ᠭᠤᠨᠢᠭᠲᠠᠢᠬᠠᠨ ᠶᠠᠪᠤᠭᠠᠳ ᠥᠭᠭᠦᠨ᠎ᠡ᠂ ᠴᠠᠭ ᠬᠤᠭᠤᠴᠠᠭ᠎ᠠ ᠥᠩᠭᠡᠷᠡᠵᠦ ᠪᠡᠢᠯᠡ ᠠᠷᠢᠶᠠᠲᠠᠨ ᠠ᠋ᠴᠠ ᠠᠶᠤᠬᠤ ᠪᠠᠨ ᠪᠣᠯᠢᠵᠠᠢ᠃ ᠠᠷᠢᠶᠠᠲᠠᠨ ᠲᠡᠭᠦᠨ ᠳ᠋ᠦ᠍ ᠲᠠᠩᠳᠠ ᠰᠠᠢᠬᠠᠨ ᠬᠠᠨᠳᠤᠨ᠎ᠠ᠃ ᠣᠷᠳᠣᠨ ᠳ᠋ᠤ᠌ ᠠᠮᠢᠳᠤᠷᠠᠬᠤ ᠪᠡᠢᠯᠡ ᠳ᠋ᠦ᠍ ᠶᠡᠬᠡ ᠰᠠᠢᠬᠠᠨ ᠪᠠᠢᠯ᠎ᠠ᠃ ᠪᠡᠢᠯᠡ ᠴᠡᠴᠡᠷᠯᠢᠭ ᠲᠦ᠍ ᠵᠤᠭᠠᠴᠠᠨ᠎ᠠ᠃ ᠴᠡᠴᠡᠷᠯᠢᠭ ᠲᠦ᠍ ᠤᠰᠤᠨ ᠣᠷᠭᠢᠯᠤᠭᠤᠷ ᠵᠦᠷᠵᠢ ᠶ᠋ᠢᠨ ᠮᠣᠳᠣᠳ᠂ ᠬᠤᠸᠠᠢᠰᠠ ᠮᠣᠳᠣ᠂ ᠰᠢᠪᠠᠭᠤᠳ ᠪᠠᠢᠳᠠᠭ᠃ ᠠᠷᠢᠶᠠᠲᠠᠨ ᠬᠦᠷᠲᠡᠯ᠎ᠡ ᠵᠠᠷᠢᠮ ᠳ᠋ᠠᠭᠠᠨ ᠪᠡᠢᠯᠡ ᠳ᠋ᠦ᠍ ᠲᠡᠭᠦᠯᠳᠡᠷ ᠬᠤᠭᠤᠷ ᠲᠣᠭᠯᠠᠵᠤ ᠥᠭᠴᠦ ᠤᠳᠠᠭᠠᠨ ᠭᠡᠭᠴᠢ ᠶᠠᠷᠢᠯᠴᠠᠳᠠᠭ ᠪᠠᠢᠪᠠ᠃ ᠡᠢᠮᠦ ᠪᠠᠢᠳᠠᠯ ᠲᠠᠢ ᠶᠡᠬᠡ ᠤᠳᠠᠵᠠᠢ᠃ ᠡᠴᠦᠰ ᠲᠦ᠍ ᠨᠢ ᠪᠡᠢᠯᠡ ᠠᠪᠤ ᠲᠠᠢ ᠪᠠᠨ ᠬᠣᠶᠠᠷ ᠡᠭᠡᠴᠢ ᠲᠡᠢ ᠪᠡᠨ ᠠᠭᠤᠯᠵᠠᠬᠤ ᠶ᠋ᠢᠨ ᠬᠦᠰᠡᠯᠡᠩ ᠪᠣᠯᠵᠠᠢ᠃ ᠭᠤᠨᠢᠭ ᠲᠠᠢ ᠪᠠᠢᠬᠤ ᠶ᠋ᠢ ᠨᠢ ᠬᠠᠷᠠᠭᠠᠳ ᠠᠷᠢᠶᠠᠲᠠᠨ ᠲᠡᠭᠦᠨ ᠡᠴᠡ ᠠᠰᠠᠭᠤᠪᠠ᠃
ᠠᠷᠢᠶᠠᠲᠠᠨ᠄ ᠶᠠᠭᠤ ᠪᠣᠯᠤᠭ᠎ᠠ ᠪᠣᠢ᠂ ᠬᠣᠩᠭᠣᠷ ᠮᠢᠨᠢ᠂ ᠴᠢ ᠣᠢᠷ᠎ᠠ ᠳ᠋ᠤ᠌ ᠶᠡᠬᠡ ᠭᠤᠨᠢᠭ ᠲᠠᠢ ᠬᠠᠷᠠᠭᠳᠠᠬᠤ ᠪᠣᠯᠵᠠᠢ᠃
ᠪᠡᠢᠯᠡ᠄ ᠳᠠᠬᠢᠨ ᠠᠪᠤ ᠲᠠᠢ ᠪᠠᠨ ᠠᠭᠤᠯᠵᠠᠬᠤ ᠶ᠋ᠢ ᠬᠦᠰᠡᠵᠦ ᠪᠠᠢᠨ᠎ᠠ᠂ ᠭᠤᠶᠤᠶ᠎ᠠ᠂ ᠠᠪᠤ ᠲᠠᠢ ᠪᠠᠨ ᠠᠭᠤᠯᠵᠠᠬᠤ ᠪᠠᠷ ᠳᠣᠯᠣᠭᠠᠬᠠᠨ ᠬᠣᠨᠣᠭ ᠶᠠᠪᠤᠬᠤ ᠶ᠋ᠢ ᠮᠢᠨᠢ ᠵᠥᠪᠰᠢᠶᠡᠷᠡᠭᠡᠴᠢ ᠳᠡ ! ᠪᠢ ᠡᠷᠭᠢᠵᠦ ᠢᠷᠡᠨ᠎ᠡ ᠭᠡᠳᠡᠭ ᠢ᠋ᠶ᠋ᠡᠨ ᠠᠮᠠᠯᠠᠶ᠎ᠠ᠃
ᠠᠷᠢᠶᠠᠲᠠᠨ᠄ ᠪᠡᠢᠯᠡ ᠮᠢᠨᠢ ᠳᠡ ᠂ ᠨᠠᠮ᠎ᠠ ᠶ᠋ᠢ ᠦᠵᠡᠨ ᠶᠠᠳᠠᠭᠰᠠᠨ ᠳ᠋ᠤ᠌ ᠪᠠᠨ ᠴᠢ ᠡᠨᠳᠡ ᠡᠴᠡ ᠵᠢᠭᠤᠲᠠᠬᠤ ᠶ᠋ᠢ ᠬᠦᠰᠡᠭᠡ ᠤᠤ?
ᠪᠡᠢᠯᠡ᠄ ᠦᠭᠡᠢ᠂ ᠲᠡᠢᠮᠦ ᠪᠢᠰᠢ ᠠ᠋! ᠪᠢ ᠴᠢᠮ᠎ᠠ ᠶ᠋ᠢ ᠦᠵᠡᠨ ᠶᠠᠳᠠᠭᠠ ᠦᠭᠡᠢ᠂ ᠪᠠᠰᠠ ᠬᠡᠰᠡᠭ ᠬᠤᠭᠤᠴᠠᠭᠠᠨ ᠳ᠋ᠤ᠌ ᠴᠢᠮ᠎ᠠ ᠶ᠋ᠢ ᠣᠷᠬᠢᠬᠤ ᠪᠣᠯᠤᠭᠰᠠᠨ ᠳ᠋ᠤ᠌ ᠪᠠᠨ ᠮᠠᠰᠢ ᠶᠡᠬᠡ ᠬᠠᠷᠠᠮᠰᠠᠵᠤ ᠪᠠᠢᠨ᠎ᠠ᠃
ᠠᠷᠢᠶᠠᠲᠠᠨ᠄ ᠪᠢ ᠴᠢᠮ᠎ᠠ ᠶ᠋ᠢ ᠶᠠᠭᠤ ᠭᠤᠶᠤᠭᠰᠠᠨ ᠴᠤ᠌ ᠲᠠᠲᠠᠭᠠᠯᠵᠠᠵᠤ ᠴᠢᠳᠠᠬᠤ ᠦᠭᠡᠢ ᠶᠦ᠍ᠮ᠃ ᠮᠢᠨᠦ ᠠᠮᠢ ᠨᠠᠰᠤᠨ ᠳ᠋ᠤ᠌ ᠬᠦᠷᠬᠦ ᠪᠠᠢᠭᠰᠠᠨ ᠴᠤ᠌ ᠬᠡᠷᠪᠡ ᠴᠢ ᠴᠠᠭ ᠲᠤ᠌ ᠪᠠᠨ ᠢᠷᠡᠬᠦ ᠦᠭᠡᠢ ᠪᠣᠯ ᠨᠠᠮ᠎ᠠ ᠶ᠋ᠢ ᠦᠬᠦᠭᠰᠡᠨ ᠪᠠᠢᠬᠤ ᠶ᠋ᠢ ᠬᠠᠷᠠᠨ᠎ᠠ ᠰᠢᠦ᠃
ᠪᠡᠢᠯᠡ᠄ ᠦ ᠲᠩᠷᠢ ᠮᠢᠨᠢ᠂ ᠪᠢ ᠲᠡᠢᠮᠦ ᠶᠠᠭᠤᠮ᠎ᠠ ᠪᠣᠯᠬᠤ ᠶ᠋ᠢ ᠵᠥᠪᠰᠢᠶᠡᠷᠡᠬᠦ ᠦᠭᠡᠢ᠂ ᠴᠢ ᠨᠠᠳᠠ ᠳ᠋ᠤ᠌ ᠲᠠᠩᠳᠠ ᠰᠠᠢᠨ ᠪᠠᠢᠳᠠᠭ᠂
ᠠᠷᠢᠶᠠᠲᠠᠨ᠄ ᠪᠢ ᠴᠢᠮ᠎ᠠ ᠳ᠋ᠤ᠌ ᠠᠶᠠᠨ ᠤ᠋ ᠰᠡᠦᠬᠡ ᠲᠡᠷᠭᠡ ᠶᠠᠪᠤᠭᠤᠯᠬᠤ ᠦᠭᠡᠢ᠂ ᠡᠨᠡ ᠪᠥᠭᠡᠵᠢ ᠶ᠋ᠢ ᠵᠡᠭᠦᠭᠡᠳ ᠤᠨᠲᠠ ᠶᠠᠭᠤᠨ ᠠ᠋ᠴᠠ ᠴᠤ᠌ ᠪᠢᠲᠡᠭᠡᠢ ᠠᠶᠤ᠂ ᠠᠮᠤᠭᠤᠯᠠᠩ ᠨᠣᠢᠷᠰᠤ᠂ ᠰᠡᠷᠡᠭᠡᠳ ᠴᠢ ᠠᠪᠤ ᠲᠠᠢ ᠪᠠᠨ ᠠᠭᠤᠯᠵᠠᠬᠤ ᠪᠣᠯᠤᠨ᠎ᠠ ᠵᠠ ᠤᠤ᠃
ᠪᠡᠢᠯᠡ᠄ ᠦ ᠦᠨᠡᠨ ᠭᠡᠵᠢ ᠤᠤ? ᠪᠠᠶᠠᠷᠯᠠᠯ᠎ᠠ᠃ᠮᠠᠰᠢ ᠶᠡᠬᠡ ᠪᠠᠶᠠᠷᠯᠠᠯ᠎ᠠ᠃
ᠠᠷᠢᠶᠠᠲᠠᠨ᠄ ᠡᠷᠭᠢᠵᠦ ᠢᠷᠡᠬᠦ ᠶ᠋ᠢ ᠬᠦᠰᠡᠬᠦ ᠪᠡᠷ ᠢ᠋ᠶ᠋ᠡᠨ ᠬᠤᠷᠤᠭᠤᠨ ᠠ᠋ᠴᠠ ᠪᠠᠨ ᠡᠨᠡ ᠪᠥᠭᠡᠵᠢ ᠶ᠋ᠢ ᠠᠪ᠃ ᠲᠡᠭᠡᠪᠡᠯ ᠴᠢ ᠳᠠᠬᠢᠭᠠᠳ ᠣᠷᠳᠣᠨ ᠳ᠋ᠤ᠌ ᠢᠷᠡᠭᠰᠡᠨ ᠪᠠᠢᠬᠤ ᠪᠣᠯᠤᠨ᠎ᠠ᠃ ᠰᠠᠢᠬᠠᠨ ᠠᠮᠠᠷᠠᠭᠠᠷᠠᠢ ᠪᠡᠢᠯᠡ᠃ ᠪᠢ ᠴᠢᠮ᠎ᠠ ᠶ᠋ᠢ ᠶᠡᠬᠡ ᠰᠠᠨᠠᠬᠤ ᠪᠠᠢᠬ᠎ᠠ ᠳᠠ᠂
ᠪᠡᠢᠯᠡ᠄ ᠰᠠᠢᠬᠠᠨ ᠠᠮᠠᠷᠠᠭᠠᠷᠠᠢ ᠬᠣᠩᠭᠣᠷ ᠮᠢᠨᠢ ᠰᠠᠢᠬᠠᠨ ᠰᠡᠳᠬᠢᠯ ᠳ᠋ᠦ᠍ ᠴᠢᠨᠢ ᠲᠠᠯᠠᠷᠬᠠᠶ᠎ᠠ!
ᠠᠷᠢᠶᠠᠲᠠᠨ᠄ ᠠᠮᠠᠯᠠᠯᠲᠠ ᠪᠠᠨ ᠰᠠᠨᠠᠭᠠᠷᠠᠢ!
ᠪᠡᠢᠯᠡ᠄ ᠲᠡᠢᠮᠦ ᠠ᠋᠂ ᠲᠡᠢᠮᠦ ᠠ᠋᠂ ᠪᠢ ᠰᠠᠨᠠᠨ᠎ᠠ᠃ ᠬᠠ ᠬᠠ᠂᠂᠂
ᠠᠷᠢᠶᠠᠲᠠᠨ ᠢ᠋ ᠭᠠᠷᠤᠮᠠᠭᠴᠠ ᠪᠡᠢᠯᠡ ᠤᠨᠲᠠᠬᠤ ᠪᠠᠷ ᠶᠠᠭᠠᠷᠠᠯ᠎ᠠ᠃ ᠮᠠᠷᠭᠠᠰᠢ ᠥᠷᠯᠥᠭᠡ ᠨᠢ ᠲᠡᠷᠡ ᠭᠡᠷ ᠲᠦ᠍ ᠪᠡᠨ ᠥᠪᠡᠷ ᠦ᠋ᠨ ᠢ᠋ᠶ᠋ᠡᠨ ᠣᠷᠣᠨ ᠳ᠋ᠤ᠌ ᠬᠡᠪᠲᠡᠵᠦ ᠪᠠᠢᠪᠠ᠃ ᠷᠢᠳᠢ ᠰᠢᠳᠢ ᠮᠡᠲᠦ ᠭᠠᠷᠤᠭᠠᠳ ᠢᠷᠡᠭᠰᠡᠨ ᠳ᠋ᠦ᠍ ᠡᠭᠡᠴᠢ ᠨᠠᠷ ᠨᠢ ᠶᠡᠬᠡᠳᠡ ᠭᠠᠢᠬᠠᠵᠠᠢ᠃ ᠠᠪᠤ ᠨᠢ ᠥᠬᠢᠨ ᠢ᠋ᠶ᠋ᠡᠨ ᠴᠢᠩᠭ᠎ᠠ ᠭᠡᠭᠴᠢ ᠲᠡᠪᠡᠷᠢᠵᠦ᠂ ᠠᠵᠠ ᠵᠢᠷᠭᠠᠯ ᠤ᠋ᠨ ᠨᠢᠯᠪᠤᠰᠤ ᠤᠨᠠᠭᠠᠵᠠᠢ ᠭᠡᠨ᠎ᠡ᠃
ᠬᠤᠳᠠᠯᠳᠤᠭᠠᠴᠢᠨ᠄ᠦ ᠪᠡᠢᠯᠡ ᠮᠢᠨᠢ ᠪᠢ ᠴᠢᠮ᠎ᠠ ᠳ᠋ᠤ᠌ ᠮᠠᠰᠢ ᠶᠡᠬᠡ ᠰᠠᠨᠠᠭ᠎ᠠ ᠵᠣᠪᠠᠭᠰᠠᠨ᠂ ᠴᠢᠮ᠎ᠠ ᠶ᠋ᠢ ᠪᠡᠨ ᠮᠠᠰᠢ ᠶᠡᠬᠡ ᠰᠠᠨᠠᠯ᠎ᠠ᠂ ᠥᠬᠢᠨ ᠮᠢᠨᠢ!
ᠪᠡᠢᠯᠡ᠄ ᠪᠢ ᠴᠦ᠍ ᠭᠡᠰᠡᠨ ᠲᠠᠨ ᠢ᠋ ᠰᠠᠨᠠᠭᠰᠠᠨ ᠠᠪᠤ ᠠ᠋!
ᠪᠡᠢᠯᠡ ᠠᠪᠤ ᠳ᠋ᠤ᠌ ᠪᠠᠨ ᠠᠷᠢᠶᠠᠲᠠᠨ ᠤ᠋ ᠰᠠᠢᠬᠠᠨ ᠰᠡᠳᠬᠢᠯ ᠦ᠋ᠨ ᠲᠠᠯ᠎ᠠ ᠪᠠᠷ ᠶᠠᠷᠢᠯ᠎ᠠ᠃ ᠤᠳᠠᠭᠠᠨ ᠪᠣᠳᠣᠭᠰᠠᠨ ᠠᠪᠤ ᠨᠢ ᠢᠩᠭᠢᠵᠦ ᠬᠠᠷᠢᠭᠤᠯᠪᠠ᠃
ᠬᠤᠳᠠᠯᠳᠤᠭᠠᠴᠢᠨ᠄ ᠴᠢ ᠨᠠᠳᠠ ᠳ᠋ᠤ᠌ ᠠᠷᠢᠶᠠᠲᠠᠨ ᠴᠢᠮ᠎ᠠ ᠶ᠋ᠢ ᠶᠡᠬᠡᠳᠡ ᠬᠠᠢᠷᠠᠯᠠᠳᠠᠭ᠂ ᠪᠠᠰᠠ ᠵᠥᠭᠡᠯᠡᠨ ᠰᠠᠢᠬᠠᠨ ᠰᠡᠳᠬᠢᠯ ᠦ᠋ᠨ ᠢ᠋ᠶ᠋ᠡᠨ ᠲᠥᠯᠥᠭᠡ ᠴᠢᠨᠦ ᠬᠠᠢᠷ᠎ᠠ ᠲᠠᠯᠠᠷᠬᠠᠯ ᠢ᠋ ᠬᠦᠷᠲᠡᠬᠦ ᠶᠣᠰᠣᠲᠠᠢ ᠪᠢᠯᠡ᠃ ᠪᠢ ᠴᠢᠮ᠎ᠠ ᠶ᠋ᠢ ᠲᠡᠭᠦᠨ ᠦ᠌ ᠦᠵᠡᠰᠢ ᠦᠭᠡᠢ ᠴᠢᠷᠠᠢ ᠦᠯᠦ ᠲᠣᠭᠣᠬᠤ ᠬᠦᠰᠡᠯ ᠢ᠋ ᠨᠢ ᠪᠡᠶᠡᠯᠡᠭᠦᠯᠬᠦ ᠶᠣᠰᠣᠲᠠᠢ ᠭᠡᠵᠦ ᠪᠣᠳᠣᠵᠤ ᠪᠠᠢᠨ᠎ᠠ᠃
ᠳᠣᠯᠣᠭᠠᠨ ᠬᠣᠨᠣᠭ ᠬᠤᠷᠳᠤᠨ ᠥᠩᠭᠡᠷᠡᠵᠦ ᠪᠡᠢᠯᠡ ᠰᠢᠯᠲᠦᠭᠡᠨ ᠤᠷᠤᠭᠤ ᠪᠤᠴᠠᠬᠤ ᠶᠣᠰᠣᠲᠠᠢ ᠪᠠᠨ ᠲᠠᠭ ᠮᠠᠷᠲᠠᠵᠠᠢ᠃ ᠨᠢᠭᠡᠨ ᠰᠥᠨᠢ ᠲᠡᠷᠡ ᠠᠷᠢᠶᠠᠲᠠᠨ ᠢ᠋ ᠭᠠᠵᠠᠷ ᠲᠤ᠌ ᠦᠬᠦᠯᠦᠭᠦᠲᠡ ᠬᠡᠪᠲᠡᠵᠦ ᠪᠠᠢᠨ᠎ᠠ ᠭᠡᠵᠦ ᠵᠡᠭᠦᠳᠦᠯᠡᠯ᠎ᠡ᠃
ᠪᠡᠢᠯᠡ᠄ ᠠ᠋ ᠪᠤᠷᠬᠠᠨ ᠮᠢᠨᠢ᠂᠂᠂᠂᠂᠂
ᠪᠡᠢᠯᠡ ᠡᠨᠡ ᠵᠡᠭᠦᠳᠦᠨ ᠡᠴᠡ ᠪᠡᠨ ᠮᠠᠰᠢ ᠶᠡᠬᠡ ᠠᠶᠤᠵᠤ ᠲᠡᠷᠡ ᠣᠷᠣᠢ ᠨᠢ ᠠᠪᠤ ᠪᠣᠯᠤᠨ ᠬᠣᠶᠠᠷ ᠡᠭᠡᠴᠢ ᠲᠡᠢ ᠪᠡᠨ ᠰᠠᠯᠬᠤ ᠶᠣᠰᠣ ᠬᠢᠯ᠎ᠡ᠃ ᠣᠷᠣᠨ ᠳ᠋ᠤ᠌ ᠪᠠᠨ ᠣᠷᠣᠮᠠᠭᠴᠠ ᠪᠠᠨ ᠪᠥᠭᠡᠵᠢ ᠪᠡᠨ ᠠᠪᠴᠠᠢ ᠭᠡᠨ᠎ᠡ᠃ ᠲᠡᠭᠡᠭᠡᠳ ᠲᠡᠷᠡ ᠳᠣᠣᠷ᠎ᠠ ᠪᠠᠨ ᠤᠨᠲᠠᠵᠤ᠂ ᠥᠷᠯᠥᠭᠡ ᠨᠢ ᠠᠷᠢᠶᠠᠲᠠᠨ ᠤ᠋ ᠰᠢᠯᠲᠦᠭᠡᠨ ᠳ᠋ᠦ᠍ ᠰᠡᠷᠡᠵᠡᠢ᠃ ᠠᠷᠢᠶᠠᠲᠠᠨ ᠢ᠋ ᠦᠬᠦᠵᠦ ᠪᠠᠢᠨ᠎ᠠ ᠭᠡᠵᠦ ᠵᠡᠭᠦᠳᠦᠯᠡᠭᠰᠡᠨ ᠭᠠᠵᠠᠷ ᠤᠷᠤᠭᠤ ᠪᠠᠨ ᠶᠠᠭᠠᠷᠠᠯ᠎ᠠ᠃ ᠠᠷᠢᠶᠠᠲᠠᠨ ᠲᠡᠨᠳᠡ ᠬᠥᠳᠡᠯᠭᠡᠭᠡᠨ ᠦᠭᠡᠢ ᠰᠢᠬᠠᠭᠤ ᠬᠡᠪᠲᠡᠭᠰᠡᠭᠡᠷ ᠪᠠᠢᠪᠠ᠃
ᠪᠡᠢᠯᠡ᠄ ᠠ᠋ ᠪᠤᠷᠬᠠᠨ ᠮᠢᠨᠢ᠂ ᠦᠨᠡᠬᠡᠷ ᠦᠬᠦᠴᠢᠬᠡᠭᠰᠡᠨ ᠭᠡᠵᠢ ᠤᠤ? ᠴᠢᠮ᠎ᠠ ᠶ᠋ᠢ ᠭᠠᠭᠴᠠᠭᠠᠷ ᠢ᠋ ᠴᠢᠨᠢ ᠣᠷᠬᠢᠳᠠᠭ ᠨᠢ ᠮᠢᠨᠦ ᠪᠤᠷᠤᠭᠤ ᠬᠣᠩᠭᠣᠷ ᠮᠢᠨᠢ᠂
ᠳᠠᠷᠠᠭ᠎ᠠ ᠨᠢ ᠠᠷᠢᠶᠠᠲᠠᠨ ᠤᠷᠤᠭᠤ ᠳᠠᠬᠢᠨ ᠨᠢᠭᠡ ᠬᠠᠷᠠᠭᠠᠳ ᠠᠮᠢᠰᠬᠤᠭ᠎ᠠ ᠲᠠᠢ ᠪᠠᠢᠭ᠎ᠠ ᠶ᠋ᠢ ᠨᠢ ᠮᠡᠳᠡᠪᠡ᠃ ᠶᠠᠭᠠᠷᠠᠨ ᠤᠰᠤ ᠠᠪᠴᠢᠷᠠᠵᠤ ᠠᠷᠢᠶᠠᠲᠠᠨ ᠤ᠋ ᠨᠢᠭᠤᠷ ᠤ᠋ᠨ ᠳᠡᠭᠡᠷ᠎ᠡ ᠰᠠᠴᠤᠪᠠ᠃ ᠠᠷᠢᠶᠠᠲᠠᠨ ᠢ᠋ ᠰᠡᠷᠭᠦᠬᠦ ᠳ᠋ᠦ᠍ ᠪᠡᠢᠯᠡ ᠶᠡᠬᠡᠳᠡ ᠪᠠᠶᠠᠷᠯᠠᠵᠠᠢ᠃
ᠪᠡᠢᠯᠡ᠄ ᠦ ᠬᠣᠩᠭᠣᠷ ᠮᠢᠨᠢ᠂ ᠴᠢ ᠨᠠᠮ᠎ᠠ ᠶ᠋ᠢ ᠶᠠᠮᠠᠷ ᠶᠡᠬᠡ ᠠᠶᠤᠯᠭᠠᠪᠠ? ᠪᠢ ᠴᠢᠮ᠎ᠠ ᠳ᠋ᠤ᠌ ᠶᠠᠮᠠᠷ ᠶᠡᠬᠡ ᠬᠠᠢᠷᠠᠲᠠᠢ ᠪᠠᠨ ᠳᠥᠩᠭᠡᠵᠦ ᠰᠠᠶᠢ ᠮᠡᠳᠡᠯ᠎ᠡ᠃ ᠠᠮᠢ ᠶ᠋ᠢ ᠴᠢᠨᠢ ᠠᠪᠤᠷᠠᠬᠤ ᠠ᠋ᠴᠠ ᠣᠷᠣᠢᠲᠠᠵᠠᠢ ᠳᠠ ᠯᠠ ᠭᠡᠵᠦ ᠶᠡᠬᠡ ᠠᠶᠤᠭᠰᠠᠨ ᠰᠢᠦ᠃
ᠠᠷᠢᠶᠠᠲᠠᠨ᠄ ᠴᠢ ᠨᠠᠳᠠ ᠰᠢᠭ᠋ ᠦᠵᠡᠰᠢ ᠦᠭᠡᠢ ᠮᠠᠭᠤᠬᠠᠢ ᠠᠮᠢᠲᠠᠨ ᠢ᠋ ᠦᠨᠡᠬᠡᠷ ᠬᠠᠢᠷᠠᠯᠠᠵᠤ ᠴᠢᠳᠠᠨ᠎ᠠ ᠭᠡᠵᠢ ᠤᠤ?
ᠪᠡᠢᠯᠡ᠄ ᠲᠡᠢᠮᠦ ᠠ᠋ ᠪᠢ ᠴᠢᠮ᠎ᠠ ᠶ᠋ᠢ ᠰᠠᠢᠬᠠᠨ ᠰᠡᠳᠬᠢᠯ ᠲᠡᠢ ᠶ᠋ᠢ ᠮᠡᠳᠡᠨ᠎ᠡ᠃ ᠡᠨᠡ ᠠᠮᠢᠳᠤᠷᠠᠯ ᠠ᠋ᠴᠠ ᠪᠢ ᠥᠭᠡᠷ᠎ᠡ ᠶᠠᠭᠤ ᠶ᠋ᠢ ᠴᠦ᠍ ᠬᠦᠰᠡᠬᠦ ᠦᠭᠡᠢ᠃
ᠠᠷᠢᠶᠠᠲᠠᠨ᠄ ᠪᠡᠢᠯᠡ ᠴᠢ ᠨᠠᠳᠠ ᠲᠠᠢ ᠭᠡᠷᠯᠡᠬᠦ ᠤᠤ?
ᠪᠡᠢᠯᠡ᠄ ᠲᠡᠢᠮᠦ ᠠ᠋ ᠭᠡᠷᠯᠡᠨ᠎ᠡ᠃
ᠪᠡᠢᠯᠡ ᠶ᠋ᠢ ᠢᠩᠭᠢᠵᠦ ᠬᠡᠯᠡᠵᠦ ᠳᠠᠭᠤᠰᠤᠮᠠᠭᠴᠠ ᠠᠷᠢᠶᠠᠲᠠᠨ ᠢ᠋ ᠨᠢᠳᠦ ᠭᠢᠯᠠᠰᠤᠮ᠎ᠠ ᠬᠤᠷᠴᠠ ᠭᠡᠷᠡᠯ ᠪᠦᠷᠬᠦᠵᠦ᠂ ᠠᠭᠠᠷ ᠥᠭᠡᠳᠡ ᠬᠥᠭᠡᠷᠴᠦ ᠰᠡᠳᠬᠢᠯ ᠲᠠᠲᠠᠮ᠎ᠠ ᠰᠠᠢᠬᠠᠨ ᠬᠠᠨ ᠬᠦᠦ ᠪᠣᠯᠤᠭᠠᠳ ᠪᠠᠭᠤᠵᠤ ᠢᠷᠡᠪᠡ᠃
ᠪᠡᠢᠯᠡ᠄ ᠠ᠋ ᠪᠤᠷᠬᠠᠨ ᠮᠢᠨᠢ᠂ ᠮᠢᠨᠦ ᠵᠡᠭᠦᠳᠦᠨ ᠳ᠋ᠦ᠍ ᠣᠷᠣᠭᠰᠠᠨ ᠬᠠᠨ ᠬᠦᠦ ᠪᠠᠢᠨ᠎ᠠ᠃ ᠪᠢ ᠦᠷᠭᠦᠯᠵᠢ ᠴᠢᠮ᠎ᠠ ᠶ᠋ᠢ ᠵᠡᠭᠦᠳᠦᠯᠡᠳᠡᠭ᠃
ᠠᠷᠢᠶᠠᠲᠠᠨ᠄ ᠪᠡᠢᠯᠡ ᠮᠢᠨᠢ ᠳᠡ ᠬᠣᠩᠭᠣᠷᠬᠠᠨ ᠭᠤᠸ᠎ᠠ ᠦᠵᠡᠰᠬᠦᠯᠡᠩ ᠮᠢᠨᠢ᠂ ᠠᠶᠤᠮᠰᠢᠭᠲᠤ ᠬᠠᠷᠢᠶᠠᠯ ᠠ᠋ᠴᠠ ᠨᠠᠮ᠎ᠠ ᠶ᠋ᠢ ᠴᠢᠯᠥᠭᠡᠯᠡᠭᠰᠡᠨ ᠳ᠋ᠦ᠍ ᠮᠠᠰᠢ ᠶᠡᠬᠡ ᠪᠠᠶᠠᠷᠯᠠᠯ᠎ᠠ᠃ ᠳᠣᠯᠣᠭᠠᠨ ᠳ᠋ᠤ᠌ ᠮᠢᠨᠦ ᠭᠠᠷ ᠲᠤ᠌ ᠠᠮᠢ ᠪᠠᠨ ᠠᠯᠳᠠᠭᠰᠠᠨ ᠰᠢᠮᠨᠤ ᠦᠬᠦᠬᠦ ᠦᠶ᠎ᠡ ᠳ᠋ᠡᠭᠡᠨ ᠨᠠᠮ᠎ᠠ ᠶ᠋ᠢ ᠬᠠᠷᠢᠶᠠᠴᠢᠬᠠᠭᠰᠠᠨ ᠶᠤᠮ ᠠ᠋! ᠨᠠᠮ᠎ᠠ ᠶ᠋ᠢ ᠬᠡᠨ ᠴᠦ᠍ ᠬᠡᠵᠢᠶ᠎ᠡ ᠴᠦ᠍ ᠬᠠᠢᠷᠠᠯᠠᠬᠤ ᠦᠭᠡᠢ ᠭᠡᠵᠦ ᠬᠠᠷᠢᠶᠠᠭᠠᠳ ᠠᠶᠤᠮᠰᠢᠭᠲᠤ ᠠᠷᠢᠶᠠᠲᠠᠨ ᠪᠣᠯᠭᠠᠵᠤ ᠬᠤᠪᠢᠷᠠᠭᠤᠯᠤᠭᠰᠠᠨ᠂ ᠭᠡᠪᠡᠴᠦ ᠦᠨᠡᠨ ᠬᠠᠢᠷ᠎ᠠ ᠶ᠋ᠢᠨ ᠰᠡᠳᠬᠢᠯ ᠴᠢᠨᠢ ᠬᠠᠷᠢᠶᠠᠯ ᠢ᠋ ᠠᠷᠢᠯᠭᠠᠯᠠ ᠰᠢᠦ ᠳᠡ᠃
ᠪᠡᠢᠯᠡ᠄ ᠦ ᠡᠢᠮᠦ ᠶᠠᠭᠤᠮ᠎ᠠ ᠪᠣᠯᠵᠤ ᠪᠠᠢᠭ᠎ᠠ ᠳ᠋ᠤ᠌ ᠢᠲᠡᠭᠡᠵᠦ ᠴᠢᠳᠠᠬᠤ ᠦᠭᠡᠢ ᠨᠢ ᠠ᠋ ᠂ ᠪᠢ ᠵᠡᠭᠦᠳᠦᠯᠡᠭᠡᠳ ᠪᠠᠢᠨ᠎ᠠ ᠤᠤ?
ᠠᠷᠢᠶᠠᠲᠠᠨ ᠪᠡᠢᠯᠡ ᠶ᠋ᠢ ᠵᠥᠭᠡᠯᠡᠨ ᠴᠢᠮᠬᠢᠯᠡ᠃
ᠪᠡᠢᠯᠡ᠄ ᠵᠡᠭᠦᠳᠦ ᠪᠢᠰᠢ ᠪᠠᠢᠨ᠎ᠠ᠃ ᠴᠢ ᠪᠣᠯ ᠮᠢᠨᠦ ᠬᠠᠨ ᠬᠦᠦ ᠮᠢᠨᠦ ᠦᠨᠡᠨ ᠬᠠᠢᠷ᠎ᠠ᠃
ᠠ᠋ ᠬᠡ ᠬᠡ ᠬᠡ᠂᠂᠂᠂᠂᠂
ᠠᠷᠢᠶᠠᠲᠠᠨ᠄ ᠣᠳᠣ ᠬᠣᠶᠠᠭᠤᠯᠠ ᠪᠠᠨ ᠴᠠᠭ ᠠᠯᠳᠠᠬᠤ ᠬᠡᠷᠡᠭ ᠦᠭᠡᠢ᠂ ᠲᠠᠨ ᠤ᠋ ᠭᠡᠷ ᠲᠦ᠍ ᠬᠤᠷᠳᠤᠬᠠᠨ ᠣᠴᠢᠵᠤ ᠭᠡᠷ ᠦ᠋ᠨ ᠬᠢᠨ ᠢ᠋ ᠴᠢᠨᠢ ᠬᠤᠷᠢᠮ ᠤ᠋ᠨ ᠪᠥᠵᠢᠭ ᠲᠦ᠍ ᠪᠡᠨ ᠪᠡᠯᠡᠳᠴᠡᠭᠡᠶᠡ! ᠢᠩᠭᠢᠭᠡᠳ ᠬᠡᠯᠡᠭᠰᠡᠨ ᠶᠣᠰᠣᠭᠠᠷ ᠨᠢ ᠪᠣᠯᠤᠯ᠎ᠠ᠃ ᠮᠠᠷᠭᠠᠰᠢ ᠨᠢ ᠲᠡᠳᠡ ᠬᠤᠷᠢᠮ ᠢ᠋ᠶ᠋ᠠᠨ ᠬᠢᠵᠦ ᠨᠢᠵᠢᠭᠢᠷ ᠨᠠᠢᠷ ᠨᠠᠭᠠᠳᠤᠮ ᠪᠣᠯᠤᠭᠰᠠᠨ ᠶᠤᠮ ᠠ᠋᠂ ᠡᠴᠦᠰ ᠲᠦ᠍ ᠨᠢ ᠰᠠᠢᠬᠠᠨ ᠰᠡᠳᠬᠢᠯ ᠭᠤᠸ᠎ᠠ ᠦᠵᠡᠰᠬᠦᠯᠡᠩ ᠢ᠋ ᠳᠡᠢᠯᠦᠭᠰᠡᠨ ᠶᠤᠮ ᠃ ᠭᠤᠸ᠎ᠠ ᠦᠵᠡᠰᠬᠦᠯᠡᠩ ᠭᠡᠳᠡᠭ ᠬᠥᠭᠡᠷᠦᠬᠦᠨ ᠴᠢᠷᠠᠢ ᠶ᠋ᠢ ᠬᠡᠯᠡᠬᠦ ᠦᠭᠡᠢ᠂ ᠰᠠᠨᠠᠭ᠎ᠠ ᠨᠢ ᠵᠥᠪ ᠵᠢᠷᠦᠬᠡ ᠨᠢ ᠠᠷᠢᠭᠤᠨ ᠪᠠᠰᠠ ᠬᠠᠮᠤᠭ ᠤ᠋ᠨ ᠴᠢᠬᠤᠯᠠ ᠨᠢ ᠰᠡᠳᠬᠢᠯ ᠰᠠᠢᠬᠠᠨ ᠪᠠᠢᠬᠤ ᠶᠣᠰᠣᠲᠠᠢ᠃ ᠬᠠᠨ ᠬᠦᠦ ᠦᠵᠡᠰᠬᠦᠯᠡᠩᠲᠦ ᠪᠦᠰᠡᠭᠦᠢ ᠬᠣᠶᠠᠷ ᠠᠮᠤᠷ ᠰᠠᠢᠬᠠᠨ ᠳ᠋ᠤ᠌ ᠪᠠᠨ ᠵᠢᠷᠭᠠᠭᠰᠠᠨ ᠶᠤᠮ ᠃
ᠦᠰᠦᠭ ᠠᠮᠢᠯᠠᠭᠤᠯᠤᠭᠴᠢ᠄ ᠠᠮᠢᠳᠤ ᠦᠰᠦᠭ ᠦ᠋ᠨ ᠬᠣᠯᠪᠣᠭ᠎ᠠ
ᠦᠰᠦᠭ ᠬᠠᠲᠠᠭᠰᠠᠨ ᠨᠢ᠄ᠭᠠᠸᠠ
ᠦᠰᠦᠭ ᠬᠢᠨᠠᠭᠴᠢ ᠄ᠢᠷᠡᠭᠡᠳᠦᠢ
ᠪᠤᠰᠤᠳ ᠰᠠᠨᠠᠯ ᠵᠥᠪᠯᠡᠯᠭᠡ ᠬᠠᠢᠷᠠᠯᠠᠭᠰᠠᠨ ᠪᠠᠭᠰᠢ᠄ ᠮᠥᠩᠬᠡᠭᠠᠯ᠂ ᠨᠠᠷᠠᠨᠮᠠᠨᠳᠤᠯ᠎ᠠ᠂ ᠭᠠᠷᠮ᠎ᠠ
