ᠲᠥᠷᠥ ᠶ᠋ᠢᠨ ᠳᠥᠷᠪᠡᠨ ᠳᠠᠭᠤᠤ- ᠣᠶᠣᠮ᠎ᠠТөрийн дөрвөн дуу-Оём
ᠲᠥᠷᠥ ᠶ᠋ᠢᠨ ᠳᠥᠷᠪᠡᠨ ᠳᠠᠭᠤᠤ
ᠣᠶᠣᠮ᠎ᠠ
ᠵᠠ᠂ ᠳᠠᠶᠠᠭᠠᠷ ᠢ᠋ᠶ᠋ᠠᠨ ᠰᠠᠢᠨ ᠪᠠᠢᠨ᠎ᠠ ᠤᠤ?
ᠲᠠ ᠪᠦᠬᠦᠨ ᠳ᠋ᠦ᠍ ᠪᠡᠨ ᠣᠷᠣᠢ ᠶ᠋ᠢᠨ ᠮᠡᠨᠳᠦ ᠬᠦᠷᠭᠡᠨ ᠵᠣᠯᠭᠠᠵᠤ ᠪᠠᠢᠨ᠎ᠠ!
ᠪᠢ ᠪᠣᠯ ᠠᠷᠤ ᠬᠣᠷᠴᠢᠨ ᠬᠤᠰᠢᠭᠤᠨ ᠤ᠋ ᠰᠠᠢᠬᠠᠨᠳᠠᠯᠡ ᠰᠤᠮᠤ ᠪᠠᠷ ᠨᠤᠲᠤᠭ ᠲᠠᠢ ᠨᠢᠭᠡᠨ ᠮᠠᠯᠴᠢᠨ ᠬᠥᠭᠰᠢᠨ ᠣᠶᠣᠮ᠎ᠠ ᠭᠡᠳᠡᠭ ᠠ᠋᠂ᠡᠨᠡ ᠵᠢᠯ ᠳᠠᠯᠠᠨ ᠬᠣᠶᠠᠷ ᠨᠠᠰᠤᠲᠠᠢ᠂ᠵᠠ᠂ ᠢᠩᠭᠢᠭᠡᠳ ᠪᠢ ᠣᠳᠣ(ᠪᠠᠰᠠ) ᠨᠢᠭᠡ ᠬᠣᠰᠢᠭᠤ ᠨᠤᠲᠤᠭ ᠤ᠋ᠨ ᠢ᠋ᠶ᠋ᠠᠨ ᠲᠥᠷᠥ ᠶ᠋ᠢᠨ ᠳᠥᠷᠪᠡᠨ ᠳᠠᠭᠤᠤ ᠶ᠋ᠢ ᠳᠠᠭᠤᠯᠠᠬᠤ ᠪᠠᠷ ᠪᠣᠯᠤᠭᠰᠠᠨ ᠳ᠋ᠤ᠌ ᠪᠠᠨ (ᠪᠠᠰᠠ ) ᠮᠠᠰᠢ ᠪᠠᠶᠠᠷᠲᠠᠢ ᠪᠠᠢᠨ᠎ᠠ(ᠣᠳᠣ) ᠥᠪᠡᠷ ᠦ᠋ᠨ (ᠣᠳᠣ ᠨᠢᠭᠡ) ᠳᠠᠭᠤᠯᠠᠳᠠᠭ (ᠲᠡᠷᠡ ᠶᠠᠭᠤ ᠪᠠᠷ ᠢ᠋ᠶ᠋ᠠᠨ )ᠴᠢᠳᠠᠪᠤᠷᠢ ᠪᠠᠷ ᠢ᠋ᠶ᠋ᠠᠨ (ᠣᠳᠣ ᠨᠢᠭᠡ)ᠳᠠᠭᠤᠯᠠᠨ᠎ᠠ ᠠ᠋(ᠣᠳᠣ)᠃ᠲᠡᠢᠮᠦ ᠰᠠᠢᠬᠠᠨ ᠳᠠᠭᠤᠯᠠᠵᠤ ᠴᠢᠳᠠᠬᠤ ᠦᠭᠡᠢ ᠶᠦᠮ ᠠ᠋ ᠪᠢ (ᠪᠠᠰᠠ )᠂ᠵᠠ ᠢᠩᠭᠢᠭᠡᠳ ᠂ᠲᠥᠷᠥ ᠶ᠋ᠢᠨ ᠳᠥᠷᠪᠡᠨ ᠳᠠᠭᠤᠤ ᠪᠣᠭᠳᠠ ᠴᠢᠩᠭᠢᠰ᠂ ᠠᠯᠲᠠᠨ ᠪᠣᠭᠳᠠ ᠶ᠋ᠢᠨ ᠰᠢᠯᠢ ᠂ᠰᠠᠴᠤᠷᠠᠨ᠎ᠠ ᠭᠡᠢᠭᠦᠯᠦᠨ᠎ᠡ᠂ ᠤᠷᠭᠤᠮᠠᠯ ᠴᠡᠴᠡᠭ᠂ᠳᠥᠷᠪᠡ ᠶ᠋ᠢ ᠳᠠᠭᠤᠯᠠᠶ᠎ᠠ᠃ᠥᠨᠥ ᠪᠣᠯ ᠭᠣᠣᠯᠳᠠᠭᠤ ᠪᠠᠰᠠ ᠢᠯᠠᠭᠤᠭᠰᠠᠨ ᠡᠷᠬᠡᠲᠦ ᠣᠷᠣᠭᠠᠳ ᠲᠠᠪᠤᠨ ᠳᠠᠭᠤᠤ ᠳᠠᠭᠤᠯᠠᠵᠤ ᠪᠠᠢᠨ᠎ᠠ᠂ᠡᠨᠡ ᠢᠯᠠᠭᠤᠭᠰᠠᠨ ᠡᠷᠬᠡᠲᠦ ᠭᠡᠳᠡᠭ ᠢ᠋ ᠪᠠᠰᠠ ᠨᠠᠰᠤᠲᠠᠢᠴᠤᠳ ᠠ᠋ᠴᠠ ᠰᠣᠨᠣᠰᠴᠤ ᠪᠠᠢᠭᠰᠠᠨ ᠨᠢ(ᠪᠣᠯ ) ᠶᠡᠬᠡ ᠳᠠᠭᠤᠤ (ᠣᠳᠣ) ᠪᠤᠷᠬᠠᠨ ᠭᠡᠭᠡᠨ᠂ ᠬᠤᠪᠢᠯᠭᠠᠨ ᠤ᠋ ᠨᠡᠷᠡᠰ ᠣᠷᠣᠭᠰᠠᠨ ᠶᠡᠬᠡ ᠳᠠᠭᠤᠤ ᠪᠣᠯᠬᠣᠷ ᠶᠡᠬᠡᠴᠦᠦᠯ ᠦ᠋ᠨ ᠡᠮᠦᠨ᠎ᠡ ᠶᠡᠬᠡᠴᠦᠦᠯ ᠦ᠋ᠨ ᠨᠣᠶᠠᠳ ᠪᠠᠶᠠᠳ᠂ ᠬᠡᠷᠭᠡᠮᠲᠡᠨ᠂ ᠭᠡᠭᠡᠨ ᠬᠤᠪᠢᠯᠭᠠᠳ ᠶᠤᠮ ᠤᠤ ᠡᠢᠮᠦ᠂ᠬᠤᠷᠢᠮ ᠲᠥᠷᠥ ᠳᠡᠭᠡᠷ᠎ᠡ ᠶᠡᠬᠡᠴᠦᠦᠯ ᠦ᠋ᠨ ᠤᠷᠢᠲᠠᠢ ᠳᠠᠭᠤᠯᠠᠳᠠᠭ ᠳᠠᠭᠤᠤ ᠭᠡᠵᠦ ᠬᠡᠯᠡᠳᠡᠭ ᠶᠦᠮ (ᠠᠩᠬᠠᠨ ᠳ᠋ᠤ᠌ ᠪᠠᠨ ᠪᠣᠯ)᠃ᠬᠠᠷᠠᠴᠤ ᠠᠷᠠᠳ ᠤ᠋ᠨ ᠬᠤᠷᠢᠮ ᠳᠡᠭᠡᠷ᠎ᠡ(ᠪᠣᠯ ) ᠳᠠᠭᠤᠯᠠᠳᠠᠭ ᠦᠭᠡᠢ ᠭᠡᠳᠡᠭ ᠠ᠋
ᠪᠣᠭᠳᠠ ᠴᠢᠩᠭᠢᠰ
ᠪᠣᠭᠳᠠ ᠴᠢᠩᠭᠢᠰ ᠦ᠋ᠨ ᠬᠥᠶᠢ ᠵᠣᠬᠢᠶᠠᠭᠰᠠᠨ ᠵᠢᠷᠤᠮ ᠶᠣᠰᠣ ᠬᠥᠶᠢ
ᠪᠤᠯᠪᠠᠷᠠᠢᠬᠠᠨ ᠬᠣᠶᠠᠷ ᠦᠷ᠎ᠡ ᠶ᠋ᠢᠨ ᠴᠢᠨᠢ ᠬᠥᠶᠢ ᠨᠠᠢᠷ ᠬᠤᠷᠢᠮ ᠠ᠋ ᠬᠥᠶᠢ
ᠨᠠᠢᠷᠯᠠᠭᠠᠳ ᠰᠠᠭᠤᠶ᠎ᠠ ᠳᠠ ᠬᠥᠶᠢ
ᠬᠠᠭᠠᠨ ᠴᠢᠩᠭᠢᠰ ᠦ᠋ᠨ ᠵᠣᠬᠢᠶᠠᠭᠰᠠᠨ ᠵᠢᠷᠤᠮ ᠶᠣᠰᠣ ᠬᠥᠶᠢ
ᠬᠠᠢᠷᠠᠲᠠᠢ ᠬᠣᠶᠠᠷ ᠦᠷ᠎ᠡ ᠶ᠋ᠢᠨ ᠴᠢᠨᠢ ᠬᠥᠶᠢ ᠨᠠᠢᠷ ᠬᠤᠷᠢᠮ ᠠ᠋ ᠬᠥᠶᠢ
ᠨᠠᠢᠷᠯᠠᠭᠠᠳ ᠰᠠᠭᠤᠶ᠎ᠠ ᠳᠠ ᠬᠥᠶᠢ
ᠠᠷᠤ ᠵᠣ ᠶ᠋ᠢᠨ ᠪᠡᠯᠴᠢᠭᠡᠷ ᠪᠠᠢᠨ᠎ᠠ ᠳᠠ ᠬᠥᠶᠢ
ᠠᠳᠤᠭᠤ ᠪᠠᠨ ᠬᠥᠶᠢ᠂ ᠲᠠᠯᠪᠢᠶ᠎ᠠ ᠳᠠ ᠬᠥᠶᠢ
ᠠᠮᠠᠷᠠᠭ ᠬᠣᠶᠠᠷ ᠦᠷ᠎ᠡ ᠶ᠋ᠢᠨ ᠴᠢᠨᠢ ᠬᠥᠶᠢ
ᠨᠠᠢᠷ ᠬᠤᠷᠢᠮ ᠠ᠋ ᠬᠥᠶᠢ
ᠨᠠᠢᠷᠯᠠᠭᠠᠳ ᠰᠠᠭᠤᠶ᠎ᠠ ᠳᠠ ᠬᠥᠶᠢ
ᠥᠪᠥᠷ ᠵᠣ ᠶ᠋ᠢᠨ ᠪᠡᠯᠴᠢᠭᠡᠷ ᠪᠠᠢᠨ᠎ᠠ ᠳᠠ ᠬᠥᠶᠢ
ᠦᠬᠡᠷ ᠢ᠋ ᠪᠡᠨ ᠬᠥᠶᠢ ᠲᠠᠯᠪᠢᠶ᠎ᠠ ᠳᠠ ᠬᠥᠶᠢ
ᠥᠪᠡᠷ ᠦ᠋ᠨ ᠬᠣᠶᠠᠷ ᠦᠷ᠎ᠡ ᠶ᠋ᠢᠨ ᠴᠢᠨᠢ ᠬᠥᠶᠢ
ᠨᠠᠢᠷ ᠬᠤᠷᠢᠮ ᠠ᠋ ᠬᠥᠶᠢ
ᠨᠠᠢᠷᠯᠠᠭᠠᠳ ᠰᠠᠭᠤᠶ᠎ᠠ ᠳᠠ ᠬᠥᠶᠢ
ᠠᠯᠲᠠᠨ ᠪᠣᠭᠳᠠ ᠶ᠋ᠢᠨ ᠰᠢᠯᠢ
ᠠᠯᠲᠠᠨ ᠴᠤ᠌ ᠪᠣᠭᠳᠠ ᠶ᠋ᠢᠨ ᠰᠢᠯᠢ ᠳᠡᠭᠡᠷ᠎ᠡ
ᠠᠯᠲᠠᠨ ᠴᠤ᠌ ᠭᠤᠷᠭᠤᠤᠯᠳᠠᠢ ᠨᠢ ᠳᠣᠩᠭᠣᠳᠤᠨ᠎ᠠ
ᠠᠭᠰᠢᠷᠠᠭ᠎ᠠ ᠪᠤᠭᠤᠷᠤᠯ ᠨᠠᠰᠤᠲᠠᠳ ᠲᠠᠢ ᠪᠠᠨ
ᠠᠮᠤᠷ ᠮᠡᠨᠳᠦ ᠪᠡᠷ ᠵᠣᠯᠭᠠᠶ᠎ᠠ ᠪᠢᠳᠡ
ᠬᠥᠬᠡᠷᠡᠭᠴᠢ ᠳᠠᠪᠠᠭᠠᠨ ᠳᠡᠭᠡᠷ᠎ᠡ
ᠬᠥᠬᠥᠭᠡ ᠰᠢᠪᠠᠭᠤ ᠨᠢ ᠳᠣᠩᠭᠣᠳᠤᠨ᠎ᠠ
ᠬᠥᠭᠰᠢᠨ ᠪᠤᠭᠤᠷᠤᠯ ᠨᠠᠰᠤᠲᠠᠳ ᠲᠠᠢ ᠪᠠᠨ
ᠬᠥᠭᠵᠢᠮ ᠦ᠋ᠨ ᠢ᠋ᠶ᠋ᠡᠨ ᠠᠶᠠᠰ ᠢ᠋ᠶ᠋ᠠᠷ ᠵᠣᠯᠭᠠᠶ᠎ᠠ ᠪᠢᠳᠡ
ᠳᠠᠭᠠᠷᠢ ᠭᠠᠩ ᠤ᠋ᠨ ᠤᠰᠤ ᠶ᠋ᠢ ᠨᠢ
ᠳᠠᠭᠠᠷᠢᠯᠭᠠᠨ ᠳ᠋ᠤ᠌ ᠪᠠᠨ ᠠᠮᠰᠠᠶ᠎ᠠ ᠳᠠ
ᠳᠠᠯᠠᠢ ᠴᠤ᠌ ᠯᠠᠮᠠ ᠶ᠋ᠢᠨ ᠠᠪᠤᠷᠠᠯ ᠢ᠋ᠶ᠋ᠠᠷ
ᠳᠠᠶᠠᠭᠠᠷ ᠬᠠᠮᠲᠤ ᠵᠢᠷᠭᠠᠶ᠎ᠠ ᠪᠢᠳᠡ
ᠰᠠᠴᠤᠷᠠᠨ᠎ᠠ ᠭᠡᠢᠭᠦᠯᠦᠨ᠎ᠡ
ᠰᠠᠴᠤᠷᠠᠨ᠎ᠠ ᠭᠡᠢᠭᠦᠯᠦᠨ᠎ᠡ ᠭᠡᠭᠴᠢ
ᠰᠠᠷ᠎ᠠ ᠨᠠᠷᠠᠨ ᠤ᠋ ᠪᠠᠨ ᠭᠡᠷᠡᠯ ᠪᠠᠢᠨ᠎ᠠ ᠳᠠ
ᠱᠠᠰᠢᠨ ᠢ᠋ ᠪᠡᠨ ᠳᠡᠯᠭᠡᠷᠡᠭᠦᠯᠦᠨ᠎ᠡ ᠭᠡᠭᠴᠢ
ᠯᠠᠮᠠ ᠭᠤᠷᠪᠠᠨ ᠡᠷᠳᠡᠨᠢ ᠶ᠋ᠢᠨ ᠢ᠋ᠶ᠋ᠡᠨ ᠠᠪᠤᠷᠠᠯ ᠪᠠᠢᠨ᠎ᠠ ᠳᠠ ᠳᠠ
ᠰᠠᠭᠠᠷᠠᠯ ᠢ᠋ ᠪᠡᠨ ᠤᠨᠤᠨ᠎ᠠ ᠭᠡᠭᠴᠢ
ᠰᠠᠢᠨ ᠴᠤ᠌ ᠳᠡᠭᠡᠳᠦ ᠶ᠋ᠢᠨ ᠢ᠋ᠶ᠋ᠡᠨ ᠪᠤᠶᠠᠨ ᠢ᠋ᠶ᠋ᠠᠷ ᠪᠠᠢᠨ᠎ᠠ ᠳᠠ
ᠰᠠᠭᠠᠳᠠᠭᠯᠠᠵᠤ ᠬᠤᠷᠢᠮᠯᠠᠵᠤ ᠠᠪᠤᠨ᠎ᠠ ᠭᠡᠭᠴᠢ
ᠴᠢᠩᠭᠢᠰ ᠪᠣᠭᠳᠠ ᠶ᠋ᠢᠨ ᠢ᠋ᠶ᠋ᠡᠨ ᠵᠣᠬᠢᠶᠠᠰᠤ ᠪᠠᠢᠨ᠎ᠠ ᠳᠠ
ᠪᠤᠭᠤᠷᠤᠯ ᠢ᠋ ᠪᠡᠨ ᠤᠨᠤᠨ᠎ᠠ ᠭᠡᠭᠴᠢ
ᠪᠤᠶᠠᠨᠲᠤ ᠳᠡᠭᠡᠳᠦ ᠶ᠋ᠢᠨ ᠢ᠋ᠶ᠋ᠡᠨ ᠪᠤᠶᠠᠨ ᠢ᠋ᠶ᠋ᠠᠷ ᠪᠠᠢᠨ᠎ᠠ ᠳᠠ
ᠪᠣᠭᠲᠣᠯᠠᠵᠤ ᠬᠤᠷᠢᠮᠯᠠᠭᠠᠳ ᠥᠭᠭᠦᠨ᠎ᠡ ᠭᠡᠭᠴᠢ
ᠪᠣᠭᠳᠠ ᠴᠢᠩᠭᠢᠰ ᠦ᠋ᠨ ᠵᠣᠬᠢᠶᠠᠰᠤ ᠪᠠᠢᠨ᠎ᠠ ᠳᠠ
ᠤᠷᠭᠤᠮᠠᠯ ᠴᠡᠴᠡᠭ
ᠤᠷᠭᠤᠮᠠᠯ ᠴᠡᠴᠡᠭ ᠤᠷᠭᠤᠨ᠎ᠠ ᠭᠡᠭᠴᠢ
ᠤᠭ ᠪᠣᠯᠤᠨ ᠦᠨᠳᠦᠰᠦ ᠡᠴᠡ ᠪᠡᠨ ᠳᠡᠯᠭᠡᠷᠡᠨ᠎ᠡ ᠰᠢᠦ
ᠥᠪᠡᠷ ᠦ᠋ᠨ ᠤᠷᠤᠭ ᠲᠠᠨ ᠲᠠᠢ ᠪᠠᠨ
ᠥᠩᠭᠡᠷᠡᠦ ᠶᠡᠬᠡ ᠪᠠᠶᠠᠷᠯᠠᠬᠤ ᠳ᠋ᠤ᠌ ᠪᠠᠨ ᠳᠠᠭᠤᠯᠠᠭᠰᠠᠨ ᠶᠤᠮ ᠰᠢᠦ
ᠠᠯᠲᠠᠨ ᠵᠢᠭᠦᠷ ᠲᠡᠢ ᠲᠣᠳᠢ ᠰᠢᠪᠠᠭᠤ ᠨᠢ
ᠠᠭᠠᠷ ᠤ᠋ᠨ ᠳᠠᠩ ᠳ᠋ᠤ᠌ ᠪᠠᠨ ᠵᠢᠷᠭᠢᠨ᠎ᠡ ᠰᠢᠦ
ᠠᠰ ᠤ᠋ᠨ ᠤᠷᠤᠭ ᠲᠠᠨ ᠲᠠᠢ ᠪᠠᠨ
ᠠᠰᠤᠷᠤ ᠶᠡᠬᠡ ᠪᠠᠶᠠᠷᠯᠠᠬᠤ ᠳ᠋ᠤ᠌ ᠪᠠᠨ ᠳᠠᠭᠤᠯᠠᠵᠤ ᠪᠠᠢᠨ᠎ᠠ ᠰᠢᠦ
ᠠᠭᠤᠯᠠᠨ ᠤ᠋ ᠴᠢᠯᠠᠭᠤ ᠨᠢ ᠣᠭ᠌ᠶᠤ ᠪᠣᠯᠤᠭ ᠠ᠋
ᠤᠴᠠᠷᠠᠭᠰᠠᠨ ᠪᠦᠬᠦᠨ ᠢ᠋ᠶ᠋ᠡᠷ ᠢ᠋ᠶ᠋ᠡᠨ ᠮᠥᠩᠬᠡ ᠪᠣᠯᠤᠭ ᠠ᠋
ᠬᠠᠳᠠᠨ ᠤ᠋ ᠴᠢᠯᠠᠭᠤ ᠨᠢ ᠬᠠᠰ ᠪᠣᠯᠤᠭ ᠠ᠋
ᠬᠠᠮᠲᠤᠷᠠᠭᠰᠠᠨ ᠪᠦᠬᠦᠨ ᠢ᠋ᠶ᠋ᠡᠷ ᠢ᠋ᠶ᠋ᠡᠨ ᠮᠥᠩᠬᠡ ᠪᠣᠯᠤᠭ ᠠ᠋᠃
ᠳᠠᠭᠤᠤ ᠡᠮᠬᠢᠳᠬᠡᠵᠦ ᠦᠰᠦᠭ ᠬᠠᠲᠠᠭᠰᠠᠨ ᠨᠢ ᠤᠷᠢᠶᠠᠩᠬᠠᠢ ᠨᠠᠷᠠᠨᠮᠠᠨᠳᠠ
ᠦᠰᠦᠭ ᠠᠮᠢᠯᠠᠭᠤᠯᠤᠭᠴᠢ᠄ ᠰ᠂ ᠲᠦᠮᠡᠨᠴᠡᠴᠡᠭ
ᠦᠰᠦᠭ ᠬᠢᠨᠠᠭᠴᠢ᠄ ᠤᠷᠢᠶᠠᠩᠬᠠᠢ ᠨᠠᠷᠠᠨᠮᠠᠨᠳᠠ
