ᠲᠡᠬᠡᠬᠦᠳᠡᠢ ᠢᠮᠠᠭᠠᠳᠠᠢ ᠬᠣᠶᠠᠷ ᠤᠨ ᠦᠯᠢᠭᠡᠷТэгэхтэй ямаатай хоёрын үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠬᠡᠬᠦᠳᠡᠢ ᠢᠮᠠᠭᠠᠳᠠᠢ ᠬᠣᠶᠠᠷ ᠤᠨ ᠦᠯᠢᠭᠡᠷТэгэхтэй ямаатай хоёрын үлгэр

ᠲᠡᠬᠡᠬᠦᠳᠡᠢ ᠢᠮᠠᠭᠠᠳᠠᠢ ᠬᠣᠶᠠᠷ ᠤᠨ ᠦᠯᠢᠭᠡᠷТэгэхтэй ямаатай хоёрын үлгэр

ᠠᠩᠭᠢᠯᠠᠯ:ᠳᠣᠮᠣᠭ ᠦᠯᠢᠭᠡᠷ
2024-03-11

710

ᠲᠡᠬᠡᠬᠦᠳᠡᠢ ᠢᠮᠠᠭᠠᠳᠠᠢ ᠬᠣᠶᠠᠷ ᠤᠨ ᠦᠯᠢᠭᠡᠷ

     ᠡᠷᠲᠡ ᠤᠷᠢᠳᠤ ᠴᠠᠭ ᠲᠤ ᠶᠠᠩᠭᠢᠷ ᠤᠨ ᠬᠣᠶᠠᠷ ᠢᠰᠢᠭᠡ ᠲᠡᠬᠡᠬᠦᠳᠡᠢ ᠢᠮᠠᠭᠠᠳᠠᠢ ᠬᠣᠶᠠᠷ ᠪᠠᠢᠵᠠᠢ ᠭᠡᠨ᠎ᠡ᠃ ᠢᠰᠢᠭᠡᠳ ᠡᠪᠡᠰᠦᠨ ᠦ ᠰᠤᠷ ᠢ ᠢᠳᠡᠵᠦ ᠤᠰᠤᠨ ᠤ ᠲᠤᠩᠭᠠᠯᠠᠭ ᠢ ᠤᠤᠭᠤᠵᠤ᠂ ᠬᠠᠳᠠ ᠬᠢᠰᠠᠭᠠᠨ ᠳᠡᠭᠡᠭᠦᠷ ᠳᠤᠷ᠎ᠠ ᠪᠠᠷ ᠢᠶᠠᠨ ᠬᠠᠷᠠᠢᠨ ᠳᠡᠭᠦᠯᠢᠨ ᠶᠠᠪᠤᠳᠠᠭ ᠶᠤᠮ ᠰᠠᠨᠵᠠᠢ᠃
      ᠭᠡᠲᠡᠯ᠎ᠡ ᠨᠢᠭᠡ ᠡᠳᠦᠷ ᠠᠮᠤᠭᠤᠯᠠᠩ ᠲᠠᠢᠪᠤᠩ ᠲᠡᠷᠡ ᠨᠤᠲᠤᠭ ᠲᠤ ᠮᠢᠬᠠᠴᠢᠨ ᠢᠷᠪᠢᠰ ᠢᠷᠠᠵᠠᠢ ᠭᠡᠨ᠎ᠡ᠃ ᠬᠠᠷᠢᠨ ᠢᠷᠪᠢᠰ ᠦᠨ ᠢᠳᠡᠭ᠌ᠰᠡᠨ ᠲᠡᠬᠡ ᠶᠢᠨ ᠲᠣᠯᠣᠭᠠᠢ ᠶᠢ ᠦᠵᠡᠭᠡᠳ ᠢᠮᠠᠭᠠᠳᠠᠢ ᠡᠭᠦᠨ ᠰᠢᠭ ᠪᠢᠳᠡ ᠬᠣᠶᠠᠷ ᠢ ᠢᠷᠪᠢᠰ ᠪᠠᠷᠢᠨ᠎ᠠ ᠳ᠋ᠠ ᠭᠡᠵᠦ ᠤᠬᠢᠯᠠᠩᠨᠠᠭ᠍ᠰᠠᠨ ᠲᠡᠳᠦᠢ ᠦᠭᠡᠢ ᠳᠦ ᠪᠡᠨ《ᠪᠠᠷᠢᠲᠠᠯ᠎ᠠ ᠨᠢ ᠵᠠᠢ ᠴᠤ᠌ ᠪᠣᠢ ᠵᠠᠢ ᠴᠤ᠌ ᠪᠣᠢ᠂ ᠨᠢᠭᠡ ᠤᠬᠠᠭᠠᠨ ᠰᠡᠢᠯᠦᠶ᠎ᠡ》 ᠭᠡᠵᠦ《ᠬᠣᠶᠠᠭᠤᠯᠠ ᠪᠠᠨ ᠬᠣᠢᠯᠤᠭ ᠤᠨ ᠰᠥᠷᠦᠭ ᠳᠣᠲᠣᠷ᠎ᠠ ᠶᠠᠪᠤᠶ᠎ᠠ᠂ ᠢᠷᠪᠢᠰ ᠢᠷᠠᠪᠠᠯ ᠬᠣᠢᠯᠤᠭ ᠤᠨ ᠰᠥᠷᠦᠭ ᠦᠷᠭᠦᠵᠦ ᠨᠢᠰᠦᠨ᠎ᠡ ᠲᠡᠭᠡᠬᠦ ᠳᠦ ᠪᠢᠳᠡ ᠬᠠᠮᠢᠭ᠎ᠠ ᠠᠴᠠ ᠮᠢᠬᠠᠴᠢᠨ ᠠᠢᠰᠤᠢ ᠶᠢ ᠮᠡᠳᠡᠭᠡᠳ ᠵᠢᠭᠤᠲᠠᠵᠤ ᠠᠮᠵᠢᠨ᠎ᠠ》 ᠭᠡᠵᠦ ᠭᠡᠨ᠎ᠡ᠃ ᠲᠡᠭᠡᠭᠡᠳ ᠢᠰᠢᠭᠡᠳ ᠬᠣᠢᠯᠤᠭ ᠤᠨ ᠰᠥᠷᠦᠭ ᠳᠤᠮᠳᠠ ᠶᠠᠪᠤᠬᠤ ᠪᠣᠯᠵᠠᠢ᠃ ᠢᠷᠪᠢᠰ ᠲᠡᠳᠡᠨ ᠢ ᠦᠵᠡᠭᠡᠳ ᠡᠨᠡ ᠬᠣᠶᠠᠷ ᠢ ᠪᠠᠷᠢᠵᠤ ᠢᠳᠡᠶ᠎ᠡ ᠭᠡᠵᠦ ᠰᠢᠯᠦᠰᠦ ᠪᠡᠨ ᠵᠠᠯᠭᠢᠨ ᠤᠷᠤᠭᠤᠯ ᠠᠮᠠ ᠪᠠᠨ ᠳᠣᠯᠢᠶᠠᠭᠠᠳ ᠰᠡᠭᠦᠯ ᠢᠶᠡᠨ ᠭᠣᠳᠣᠭᠤᠨᠠᠭᠤᠯᠤᠨ ᠭᠠᠵᠠᠷ ᠬᠡᠳᠦ ᠴᠣᠬᠢᠭᠠᠳ ᠭᠡᠲᠡᠵᠡᠢ ᠭᠡᠨ᠎ᠡ᠃ ᠭᠡᠲᠡ ᠭᠡᠲᠡᠭ᠌ᠰᠡᠭᠡᠷ ᠳᠥᠬᠥᠲᠡᠯ᠎ᠡ ᠬᠣᠢᠯᠤᠭ ᠦᠷᠭᠦᠨ ᠨᠢᠰᠴᠦ ᠢᠰᠢᠭᠡᠳ ᠴᠠᠬᠢᠯᠭᠠᠨ ᠮᠡᠲᠦ ᠴᠠᠬᠢᠯᠤᠨ ᠠᠷᠢᠯᠵᠠᠢ ᠭᠡᠨ᠎ᠡ᠃ ᠠᠬᠢᠭᠠᠳ ᠯᠡ ᠭᠡᠲᠡᠵᠦ ᠳᠥᠬᠥᠬᠦ ᠳᠦ ᠬᠣᠢᠯᠤᠭ ᠦᠷᠭᠦᠵᠦ ᠢᠰᠢᠭᠡᠳ ᠠᠬᠢᠭᠠᠳ ᠯᠡ ᠴᠠᠬᠢᠯᠤᠨ ᠣᠳᠴᠠᠢ᠃ ᠢᠷᠪᠢᠰ《ᠬᠠᠢᠷᠠᠨ ᠬᠣᠭᠣᠯᠠ ᠬᠠᠢᠷᠠᠨ ᠬᠣᠭᠣᠯᠠ᠂ ᠲᠠ ᠨᠠᠷ ᠢ ᠪᠠᠷᠢᠬᠤ ᠦᠭᠡᠢ ᠪᠣᠯ ᠪᠢ ᠶᠠᠭᠤᠨ ᠤ ᠬᠦᠦ ᠪᠣᠯᠬᠤ ᠪᠣᠯ》 ᠭᠡᠵᠦ ᠰᠢᠵᠠᠭᠤᠷ ᠵᠠᠭᠤᠭᠠᠳ ᠢᠰᠢᠭᠡᠳ ᠢ ᠮᠥᠷ ᠳᠠᠷᠤᠨ ᠬᠥᠭᠡᠭᠡᠵᠦ ᠭᠡᠨ᠎ᠡ᠃ ᠲᠡᠢᠨ ᠬᠦ᠌ ᠰᠥᠨᠢᠵᠢᠨ ᠬᠥᠭᠡᠭᠡᠴᠡᠯᠳᠦᠭᠡᠳ ᠪᠠᠷᠢᠵᠤ ᠴᠢᠳᠠᠭ᠍ᠰᠠᠨ ᠦᠭᠡᠢ᠃ 
     ᠥᠷᠯᠥᠭᠡ ᠨᠠᠷᠠ ᠮᠠᠨᠳᠤᠬᠤ ᠳᠤ ᠣᠯᠠᠨᠲᠠ ᠢᠷᠪᠢᠰ ᠲᠦ ᠦᠷᠭᠦᠭᠡᠯᠡᠭ᠌ᠳᠡᠭ᠌ᠰᠡᠨ ᠬᠣᠢᠯᠤᠭ ᠤᠳ ᠠᠯᠤᠰ ᠲᠤ ᠨᠢᠰᠦᠨ ᠣᠳᠴᠤ ᠲᠡᠬᠡᠬᠦᠳᠡᠢ ᠢᠮᠠᠭᠠᠳᠠᠢ ᠬᠣᠶᠠᠷ ᠦᠯᠡᠳᠡᠵᠡᠢ᠃ᠢᠮᠠᠭᠠᠳᠠᠢ《ᠬᠣᠢᠯᠤᠭ ᠤᠳ ᠣᠷᠬᠢᠭᠠᠳ ᠶᠠᠪᠤᠴᠢᠬᠠᠯ᠎ᠠ᠂ ᠣᠳᠣ ᠪᠢᠳᠡ ᠬᠣᠶᠠᠷ ᠢ ᠮᠢᠬᠠᠴᠢᠨ ᠪᠠᠷᠢᠨ᠎ᠠ ᠳ᠋ᠠ》 ᠭᠡᠵᠦ ᠤᠬᠢᠯᠠᠩᠨᠠᠬᠤ ᠳᠤ ᠨᠢ ᠲᠡᠬᠡᠬᠦᠳᠡᠢ《ᠪᠠᠷᠢᠲᠠᠯ᠎ᠠ ᠨᠢ ᠵᠠᠢ ᠴᠤ᠌ ᠪᠣᠢ᠂ᠵᠠᠢ ᠴᠤ᠌ ᠪᠣᠢ》 ᠭᠡᠳ 《ᠬᠣᠶᠠᠭᠤᠯᠠ ᠪᠠᠨ ᠤᠬᠠᠭᠠᠨ ᠰᠡᠢᠯᠦᠶ᠎ᠡ᠂ ᠣᠯᠠᠨ ᠲᠠᠷᠪᠠᠭᠠᠨ ᠳᠤᠮᠳᠠ ᠣᠴᠢᠵᠤ ᠤᠨᠲᠠᠵᠤ ᠠᠮᠠᠷᠠᠶ᠎ᠠ᠂ ᠢᠷᠪᠢᠰ ᠢᠷᠠᠪᠠᠯ ᠲᠠᠷᠪᠠᠭ᠎ᠠ ᠬᠣᠰᠭᠢᠷᠠᠨ᠎ᠠ》 ᠭᠡᠵᠦ ᠭᠡᠨ᠎ᠡ᠂ ᠲᠡᠭᠡᠭᠡᠳ ᠢᠰᠢᠭᠡᠳ ᠣᠯᠠᠨ ᠲᠠᠷᠪᠠᠭᠠᠨ ᠳᠤᠮᠳᠠ ᠣᠴᠢᠵᠤ ᠤᠨᠲᠠᠵᠠᠢ᠃ ᠢᠷᠪᠢᠰ ᠲᠡᠳᠡᠨ ᠢ ᠠᠭᠤᠯᠠ ᠶᠢᠨ ᠪᠡᠯ ᠳᠦ ᠤᠨᠲᠠᠬᠤ ᠶᠢ ᠦᠵᠡᠮᠡᠭ᠌ᠴᠡ《ᠡᠨᠡ ᠮᠠᠭᠤ ᠬᠣᠶᠠᠷ ᠬᠤᠤᠬᠠᠢ ᠶᠢ ᠣᠳᠣ ᠯᠡ ᠨᠢᠭᠡ ᠪᠠᠷᠢᠨ᠎ᠠ ᠳ᠋ᠠ》 ᠭᠡᠳ ᠰᠢᠯᠦᠰᠦ ᠪᠡᠨ ᠵᠠᠯᠭᠢᠨ ᠱᠣᠷᠤᠩ ᠠᠴᠠ ᠪᠠᠭᠤᠵᠤ ᠭᠡᠲᠡᠭ᠌ᠰᠡᠭᠡᠷ ᠳᠥᠬᠥᠲᠡᠯ᠎ᠡ ᠣᠯᠠᠨ ᠲᠠᠷᠪᠠᠭ᠎ᠠ ᠬᠣᠰᠬᠢᠷᠠᠵᠤ ᠤᠨᠲᠠᠵᠤ ᠬᠡᠪᠲᠡᠭ᠌ᠰᠡᠨ ᠬᠣᠶᠠᠷ ᠢᠰᠢᠭᠡ ᠦᠰᠦᠷᠦᠨ ᠪᠣᠰᠴᠤ ᠴᠠᠬᠢᠯᠭᠠᠨ ᠮᠡᠲᠦ ᠴᠠᠬᠢᠯᠤᠨ ᠣᠳᠴᠠᠢ ᠭᠡᠨ᠎ᠡ᠃ ᠢᠷᠪᠢᠰ《ᠬᠠᠢᠷᠠᠨ ᠬᠣᠭᠣᠯᠠ ᠬᠠᠢᠷᠠᠨ ᠬᠣᠭᠣᠯᠠ ᠮᠢᠨᠢ》 ᠭᠡᠵᠦ ᠠᠮᠠ ᠪᠠᠨ ᠪᠠᠷᠢᠭᠠᠳ ᠬᠣᠴᠣᠷᠴᠠᠢ ᠭᠡᠨ᠎ᠡ᠃ ᠢᠮᠠᠭᠠᠳᠠᠢ ᠠᠭᠤᠯᠠᠰ ᠤᠨ ᠬᠢᠷ᠎ᠠ ᠳᠤ ᠭᠠᠷᠤᠭᠠᠳ 《ᠬᠣᠶᠠᠭᠤᠯᠠ ᠪᠠᠨ ᠣᠳᠣ ᠶᠠᠭᠠᠬᠢᠬᠤ ᠪᠣᠢ》 ᠭᠡᠪᠡᠯ ᠲᠡᠬᠡᠬᠦᠳᠡᠢ ᠬᠠᠲᠠᠵᠤ ᠬᠤᠭᠤᠷᠠᠭᠠᠳ ᠦᠵᠦᠭᠦᠷ ᠨᠢ ᠶᠣᠷᠳᠤᠢᠭ᠍ᠰᠠᠨ ᠮᠣᠳᠣᠨ ᠤ ᠳᠡᠷᠭᠡᠳᠡ ᠢᠷᠡᠭᠡᠳ《ᠬᠣᠶᠠᠭᠤᠯᠠ ᠪᠠᠨ ᠡᠨᠳᠡ ᠥᠨᠵᠢᠨ᠎ᠡ ᠳ᠋ᠠ》 ᠭᠡᠬᠦ ᠳᠦ ᠢᠮᠠᠭᠠᠳᠠᠢ《ᠢᠷᠪᠢᠰ ᠢᠷᠡᠵᠦ ᠴᠣᠬᠢᠶᠠᠨ ᠳᠡᠭᠡᠷ᠎ᠡ ᠡᠴᠡ ᠦᠰᠦᠷᠦᠭᠡᠳ ᠪᠠᠷᠢᠬᠤ ᠪᠢᠰᠢ ᠦᠦ》 ᠭᠡᠵᠦ ᠭᠡᠨ᠎ᠡ᠃《ᠪᠠᠷᠢᠲᠠᠯ᠎ᠠ ᠨᠢ ᠵᠠᠢ ᠴᠤ᠌ ᠪᠣᠢ ᠵᠠᠢ ᠴᠤ᠌ ᠪᠣᠢ᠂ ᠢᠷᠪᠢᠰ ᠦᠰᠦᠷᠬᠦ ᠲᠠᠢ ᠯᠡ ᠵᠡᠷᠭᠡ ᠡᠨᠡ ᠮᠣᠳᠣᠨ ᠤ ᠴᠠᠭᠠᠲᠤ ᠢᠷᠤᠭᠠᠯ ᠳᠤ ᠦᠰᠦᠷᠳᠡᠭ ᠶᠤᠮ ᠰᠢᠦ ᠳ᠋ᠠ》 ᠭᠡᠵᠦ ᠭᠡᠨ᠎ᠡ᠃ ᠲᠡᠭᠡᠭᠡᠳ ᠬᠣᠶᠠᠷ ᠢᠰᠢᠭᠡ ᠬᠠᠲᠠᠭ᠍ᠰᠠᠨ ᠮᠣᠳᠣᠨ ᠤ ᠤᠢᠷᠠᠯᠴᠠᠭ᠎ᠠ ᠢᠳᠡᠰᠢᠯᠡᠨ ᠪᠠᠢᠵᠠᠢ᠃ ᠢᠷᠪᠢᠰ ᠭᠡᠴᠡ ᠪᠡᠷ ᠴᠣᠬᠢᠶᠠᠨ ᠳᠡᠭᠡᠷ᠎ᠡ ᠭᠠᠷᠴᠤ ᠢᠷᠡᠭᠡᠳ ᠮᠣᠳᠣᠨ ᠤ ᠬᠠᠪᠢᠴᠠᠭ᠎ᠠ ᠪᠠᠷ ᠢᠳᠡᠰᠢᠯᠡᠵᠦ ᠶᠠᠪᠤᠭ᠎ᠠ ᠲᠡᠳᠡᠨ ᠢ ᠬᠠᠷᠠᠭᠠᠳ《ᠬᠣᠶᠠᠷ ᠮᠠᠭᠤ ᠬᠤᠤᠬᠠᠢ ᠶᠢ ᠣᠳᠣ ᠯᠡ ᠪᠠᠷᠢᠬᠤ ᠦᠭᠡᠢ ᠪᠣᠯ ᠪᠢ ᠶᠠᠭᠤᠨ ᠤ ᠬᠦᠦ ᠪᠣᠯᠬᠤ ᠪᠣᠯ ᠳ᠋ᠠ》 ᠭᠡᠳ ᠲᠡᠳᠡᠨ ᠤᠷᠤᠭᠤ ᠦᠰᠦᠷᠲᠡᠯ᠎ᠡ ᠢᠰᠢᠭᠡᠳ ᠮᠣᠳᠣᠨ ᠤ ᠢᠷᠤᠭᠠᠯ ᠳᠤ ᠢᠷᠡᠵᠦ᠂ ᠲᠡᠷᠡ ᠮᠢᠬᠠᠴᠢᠨ ᠬᠠᠲᠠᠭ᠍ᠰᠠᠨ ᠮᠣᠳᠣᠨ ᠤ ᠦᠵᠦᠭᠦᠷ ᠲᠦ ᠱᠣᠷᠤᠯᠠᠭ᠍ᠳᠠᠨ ᠦᠬᠦᠵᠡᠢ ᠭᠡᠨ᠎ᠡ᠃ ᠡᠢᠨ ᠬᠦ᠌ ᠲᠡᠬᠡᠬᠦᠳᠡᠢ ᠢᠮᠠᠭᠠᠳᠠᠢ ᠬᠣᠶᠠᠷ ᠳᠠᠢᠰᠤᠨ ᠢᠶᠠᠨ ᠳᠠᠷᠤᠵᠤ ᠡᠪᠡᠰᠦᠨ ᠦ ᠰᠣᠷᠭᠣᠭ ᠢ ᠢᠳᠡᠵᠦ ᠤᠰᠤᠨ ᠤ ᠲᠤᠩᠭᠠᠯᠠᠭ ᠢ ᠤᠤᠭᠤᠵᠤ ᠠᠮᠤᠷ ᠰᠠᠢᠬᠠᠨ ᠵᠢᠷᠭᠠᠵᠠᠢ ᠭᠡᠨ᠎ᠡ᠃


     ᠦᠰᠦᠭ ᠬᠠᠳᠠᠭ᠍ᠰᠠᠨ ᠨᠢ᠄ ᠮᠥᠩᠭᠦᠨᠴᠡᠴᠡᠭ
     ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
     ᠬᠢᠨᠠᠭ᠍ᠴᠢ ᠪᠠᠭ᠍ᠰᠢ᠄ ᠮᠥᠴᠢᠷ