ᠮᠣᠷᠢᠨ ᠤ ᠴᠣᠯᠠ < ᠲᠠᠪᠤ > МОРИНЫ ЦОЛ – V
ᠮᠣᠷᠢᠨ ᠤ ᠴᠣᠯᠠ < ᠲᠠᠪᠤ >
ᠪᠠᠳᠠᠷᠠᠩᠭᠤᠢ ᠵᠢᠪᠬᠤᠯᠠᠩᠲᠤ
ᠪᠠᠶᠠᠷ ᠤ᠋ᠨ ᠮᠠᠩᠨᠠᠢ
ᠡᠨᠡ ᠶᠡᠬᠡ ᠨᠠᠭᠠᠳᠤᠮ ᠤ᠋ᠨ ᠡᠮᠦᠨ᠎ᠡ
ᠪᠠᠶᠠᠰᠬᠤᠯᠠᠩ ᠬᠥᠭᠵᠢᠯ ᠦ᠋ᠨ
ᠪᠠᠲᠤ ᠴᠡᠩᠭᠡᠯ ᠢ᠋ᠶ᠋ᠡᠷ
ᠮᠡᠷᠡᠢᠨ ᠤᠷᠤᠯᠳᠤᠵᠤ
ᠨᠢᠭᠡ ᠶ᠋ᠢᠨ ᠤᠳᠠᠭ᠎ᠠ
ᠨᠡᠬᠡᠨ ᠰᠢᠮᠳᠠᠵᠤ ᠠᠪᠤᠨ ᠭᠦᠢᠴᠡᠵᠦ
ᠠᠷᠠᠢ ᠳᠤᠲᠠᠵᠤ ᠢᠷᠡᠭᠰᠡᠨ
ᠡᠨᠡ ᠮᠣᠷᠢ ᠬᠡᠨ ᠦ᠌ ᠪᠣᠢ ᠭᠡᠪᠡᠯ
᠁ ᠰᠤᠮᠤ ᠶ᠋ᠢᠨ ᠁ ᠨᠢᠭᠡᠳᠦᠯ ᠦ᠋ᠨ
ᠠᠳᠤᠭᠤᠨ ᠠ᠋ᠴᠠ ᠪᠠᠷᠢᠭᠰᠠᠨ
ᠠᠭᠲᠠᠨ ᠠ᠋ᠴᠠ ᠰᠢᠨᠵᠢᠭᠰᠡᠨ
ᠠᠷᠰᠯᠠᠨ ᠵᠣᠷᠢᠭᠲᠤ
ᠠᠭᠤᠤ ᠬᠦᠴᠦᠲᠦ ᠪᠠᠲᠤ ᠬᠦᠯᠦᠭ
ᠡᠨᠡ ᠮᠣᠷᠢᠨ ᠤ᠋ ᠴᠣᠯᠠ ᠤᠤ ᠪᠣᠢ? ᠭᠡᠪᠡᠯ
ᠪᠥᠭᠡᠮ ᠴᠢᠯᠠᠭᠤᠨ ᠳ᠋ᠤ᠌ ᠪᠦᠳᠦᠷᠢᠳᠡᠭ ᠦᠭᠡᠢ
ᠪᠦᠭᠴᠢᠮ ᠬᠠᠯᠠᠭᠤᠨ ᠳ᠋ᠤ᠌ ᠬᠠᠯᠠᠰᠢᠷᠠᠳᠠᠭ ᠦᠭᠡᠢ
ᠬᠠᠪᠲᠠᠭᠠᠢ ᠬᠠᠳᠠᠨ ᠳ᠋ᠤ᠌ ᠬᠠᠯᠲᠤᠷᠢᠳᠠᠭ ᠦᠭᠡᠢ
ᠬᠠᠯᠠᠭᠤᠨ ᠭᠠᠩᠳᠠ ᠪᠣᠭᠣᠭᠳᠠᠳᠠᠭ ᠦᠭᠡᠢ
ᠠᠭᠤᠯᠠ ᠶ᠋ᠢᠨ ᠴᠠᠭᠠᠨ᠎ᠠ ᠠ᠋ᠴᠠ ᠣᠷᠣᠯᠳᠣᠭᠠᠳ ᠢᠷᠡᠳᠡᠭ
ᠤᠯᠠᠮ ᠬᠣᠢᠨ᠎ᠠ ᠪᠠᠨ ᠳᠡᠭᠳᠡᠭᠡᠳ ᠢᠷᠡᠳᠡᠭ
ᠲᠣᠯᠣᠭᠠᠢ ᠪᠠᠷ ᠢ᠋ᠶ᠋ᠠᠨ ᠲᠣᠭᠯᠠᠭᠠᠳ ᠢᠷᠡᠳᠡᠭ
ᠲᠣᠭᠣᠰᠣᠨ ᠠ᠋ᠴᠠ ᠪᠠᠨ ᠪᠤᠰᠬᠠᠭᠠᠳ ᠢᠷᠡᠳᠡᠭ
ᠰᠡᠭᠦᠯ ᠢ᠋ᠶ᠋ᠡᠷ ᠢ᠋ᠶ᠋ᠡᠨ ᠨᠠᠭᠠᠳᠤᠭᠠᠳ ᠢᠷᠡᠳᠡᠭ
ᠰᠡᠭᠦᠳᠡᠷ ᠢ᠋ᠶ᠋ᠡᠷ ᠢ᠋ᠶ᠋ᠡᠨ ᠲᠣᠭᠯᠠᠭᠠᠳ ᠢᠷᠡᠳᠡᠭ
ᠬᠥᠨᠳᠡᠢ ᠶ᠋ᠢᠨ ᠲᠣᠭᠣᠰᠣ ᠶ᠋ᠢ ᠬᠥᠳᠡᠯᠭᠡᠭᠴᠢ
ᠬᠥᠮᠦᠨ ᠦ᠌ ᠦᠷ᠎ᠡ ᠶ᠋ᠢ ᠪᠠᠶᠠᠰᠬᠠᠭᠴᠢ
ᠬᠥᠭᠵᠢᠯᠲᠦ ᠨᠠᠭᠠᠳᠤᠮ ᠢ᠋ ᠳᠡᠯᠭᠡᠷᠡᠭᠦᠯᠦᠭᠴᠢ
ᠬᠦᠴᠦᠲᠦ ᠢᠳᠡᠷ ᠬᠦᠯᠦᠭ ᠡᠨᠡ ᠪᠢᠯᠡ!
МОРИНЫ ЦОЛ – V
V
Бадрангуй жавхлант баярын магнай
Энэ их наадмын өмнө
Баясгалан хөгжлийн бат цэнгэлээр
Мэрийн уралдаж
Нэгийн удаа
Нэхэн шамдаж
Аван гүйцэж
Арай дутаж ирсэн
Энэ морь хэний вэ гэвэл
... сумын ... нэгдлийн
Адуунаас барьсан
Агтнаас шинжсэн
Арслан зоригт
Агуу хүчит бат хүлэг
Энэ морины цол юу вэ? гэвэл
Бөөн чулуунд бүдэрдэггүй
Бүгчим халуунд халширдаггүй
Хавтгай хаданд халтирдаггүй
Халуун ганд боогддоггүй
Уулын цаанаас уралдаад ирдэг
Улам хойноо дэгдээд ирдэг
Толгойгоороо тоглоод ирдэг
Тоосноосоо бусгаад ирдэг
Сүүлээрээ наадаад ирдэг
Сүүдрээрээ тоглоод ирдэг
Хөндийн тоосыг хөдөлгөгч
Хүний үрийг баясгагч
Хөгжилт наадмыг дэлгэрүүлэгч
Хүчит идэр хүлэг энэ билээ!