ᠲᠥᠷᠥᠭᠰᠡᠨ ᠡᠳᠦᠷ᠎᠎  ᠢᠶᠠᠨ ᠲᠡᠮᠲᠡᠭᠯᠡᠭᠰᠡᠨ ᠨᠢ - ᠮ ᠂ ᠴᠢᠮᠡᠳ Төрсөн өдрөө тэмдэглэсэн нь - М ᠂ Чимэд ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠭᠰᠡᠨ ᠡᠳᠦᠷ᠎᠎  ᠢᠶᠠᠨ ᠲᠡᠮᠲᠡᠭᠯᠡᠭᠰᠡᠨ ᠨᠢ - ᠮ ᠂ ᠴᠢᠮᠡᠳ Төрсөн өдрөө тэмдэглэсэн нь - М ᠂ Чимэд

ᠲᠥᠷᠥᠭᠰᠡᠨ ᠡᠳᠦᠷ᠎᠎  ᠢᠶᠠᠨ ᠲᠡᠮᠲᠡᠭᠯᠡᠭᠰᠡᠨ ᠨᠢ - ᠮ ᠂ ᠴᠢᠮᠡᠳ Төрсөн өдрөө тэмдэглэсэн нь - М ᠂ Чимэд

ᠠᠩᠭᠢᠯᠠᠯ:ᠬᠣᠱᠣᠩ ᠱᠣᠭ
2024-03-09

350


                                 ᠮ᠂ ᠴᠢᠮᠡᠳ  
                                       ( ᠱᠣᠭ ᠥᠭᠦᠯᠡᠯᠭᠡ)    

       ᠥᠲᠥᠨ ᠲᠡᠷᠡ ᠳ᠋ᠦ᠍ ᠲᠣᠯᠣᠭᠠᠢ ᠪᠠᠨ ᠰᠢᠭᠢᠳᠬᠡᠨ ᠤᠨᠲᠠᠵᠤ ᠪᠠᠢᠭᠰᠠᠨ ᠨᠢᠭᠡ ᠡᠷ᠎ᠡ ᠤᠲᠠᠰᠤᠨ ᠤ᠋ ᠵᠢᠵᠢᠨᠭᠢᠨᠡᠬᠦ ᠳᠠᠭᠤ ᠪᠠᠷ ᠰᠡᠷᠡᠭᠡᠳ ᠬᠠᠷᠢᠯᠴᠠᠭᠤᠷ ᠢ᠋ ᠲᠡᠮᠲᠡᠷᠢᠵᠦ ᠪᠠᠷᠢᠭᠠᠳ᠄  
       — ᠬᠡᠨ ᠪᠣᠢ! ᠪᠢ ᠳᠣᠷᠵᠢᠵᠠᠪ ᠁  
       — ᠲᠡᠭᠡᠭᠡᠳ ᠶᠠᠭᠤ ᠭᠡᠵᠦ ᠁  
       — ᠠᠪᠤ ᠶ᠋ᠢᠨ ᠪᠡᠶ᠎ᠡ ᠮᠠᠭᠤᠳᠠᠭᠠᠳ ᠁  
       — ᠲᠡᠭᠡᠭᠡᠳ ᠨᠠᠳᠠ ᠪᠠᠷ ᠶᠠᠭᠠᠬᠢᠬᠤ ᠭᠡᠵᠦ ᠁   
       — ᠲᠡᠰᠬᠦ ᠦᠭᠡᠢ ᠨᠢ ᠰᠢᠭ ᠪᠠᠢᠨ᠎ᠠ᠁  
       — ᠣᠳᠣ ᠶᠠᠭᠠᠬᠢᠶ᠎ᠠ ᠭᠡᠬᠦᠪ ᠳᠡ?  
       — ᠴᠢᠮ᠎ᠠ ᠲᠠᠢ ᠠᠭᠤᠯᠵᠠᠶ᠎ᠠ ᠭᠡᠳ ᠪᠠᠢᠨ᠎ᠠ᠃   
       — ᠵᠠ᠂ ᠵᠠ᠁ ᠥᠨᠥᠳᠥᠷ ᠮᠢᠨᠦ ᠲᠥᠷᠥᠭᠰᠡᠨ ᠡᠳᠦᠷ ᠰᠢᠦ ᠳᠡ᠂ ᠣᠷᠣᠢᠬᠠᠨ ᠳ᠋ᠠᠭᠠᠨ ᠣᠴᠢᠶ᠎ᠠ᠂ ᠬᠠᠷᠢᠯᠴᠠᠭᠤᠷ ᠢ᠋ᠶ᠋ᠠᠨ ᠲᠠᠯᠪᠢᠩᠭᠠᠨ᠄ 
       — ᠶᠠᠮᠠᠷ ᠥᠯᠵᠡᠢ ᠮᠠᠭᠤᠲᠠᠢ ᠦᠭᠡ ᠰᠣᠨᠣᠰᠪᠠ ᠠ᠋! ᠳᠠᠯᠠᠨ ᠬᠡᠳᠦᠲᠡᠢ ᠡᠪᠦᠭᠡᠨ ᠦᠬᠦᠭᠡ ᠯᠡ ᠪᠢᠵᠡ᠃ ᠨᠠᠮ᠎ᠠ ᠶ᠋ᠢ ᠳᠠᠭᠤᠳᠠᠵᠤ ᠁ ᠢᠯᠡᠭᠦᠦ ᠵᠠᠩ ᠲᠠᠢ ᠭᠡᠳᠡᠭ ᠨᠢ ᠭᠡᠵᠦ ᠠᠮᠠᠨ ᠳ᠋ᠠᠭᠠᠨ ᠦᠭᠡᠯᠡᠭᠡᠳ ᠬᠤᠪᠴᠠᠰᠤᠯᠠᠪᠠ᠃ ᠲᠥᠷᠥᠭᠰᠡᠨ ᠡᠳᠦᠷ ᠨᠠᠳᠠ ᠲᠠᠢ ᠠᠭᠤᠯᠵᠠᠬᠤ ᠭᠡᠳᠡᠭ ᠲᠤᠩ ᠡᠪ ᠦᠭᠡᠢ ᠶᠠᠪᠤᠳᠠᠯ ᠳᠠ? ᠭᠡᠵᠦ ᠪᠣᠳᠣᠭᠠᠳ ᠴᠠᠭᠠᠨ ᠰᠠᠪᠠ ᠪᠠᠷᠢᠭᠠᠳ ᠳᠡᠯᠭᠡᠭᠦᠷ ᠤᠷᠤᠭᠤ ᠶᠠᠪᠤᠪᠠ᠃ ᠣᠯᠠᠨ ᠬᠥᠮᠦᠨ ᠴᠠᠭᠠᠰᠤᠲᠠᠢ ᠰᠦ ᠠᠪᠴᠤ ᠪᠠᠢᠪᠠ᠃ ᠳᠣᠷᠵᠢᠵᠠᠪ ᠨᠢᠭᠡ ᠬᠡᠦᠬᠡᠨ ᠡᠴᠡ᠄  
       — ᠡᠨᠡ ᠶᠡᠷᠦ ᠨᠢ ᠶᠠᠮᠠᠷ ᠰᠢᠦ ᠰᠦ ᠪᠠᠢᠳᠠᠭ ᠪᠣᠯ? ᠬᠡᠦᠬᠡᠨ᠄ 
       —  ᠶᠠᠮᠠᠷ ᠰᠢᠦ ᠨᠢ ᠶᠠᠭᠤ ᠪᠠᠢᠬᠤᠪ ᠳᠠ᠂ ᠮᠠᠯ ᠤ᠋ᠨ ᠯᠠ ᠰᠦ ᠁  
       — ᠠ᠋ ᠳᠠ᠂ ᠮᠡᠳᠡᠬᠦ ᠦᠭᠡᠢ᠂ ᠭᠠᠰᠢᠯᠤᠭᠰᠠᠨ ᠰᠦ ᠪᠠᠢᠵᠤ ᠲᠠᠭᠠᠷᠠᠨ᠎ᠠ ᠳᠠ᠃ ᠬᠡᠦᠬᠡᠨ᠄ 
       — ᠲᠠ ᠤᠯᠤᠰ ᠤ᠋ᠨ ᠳᠡᠯᠭᠡᠭᠦᠷ ᠭᠠᠰᠢᠯᠤᠭᠰᠠᠨ ᠰᠦ ᠵᠠᠷᠤᠳᠠᠭ ᠭᠡᠵᠦ ᠬᠡᠯᠡᠬᠦ ᠨᠢ ᠤᠤ?  
       — ᠡᠢᠮᠦ ᠡᠷᠲᠡ᠁ ᠬᠡᠵᠢᠶ᠎ᠡ ᠯᠡ ᠢᠩᠭᠢᠵᠦ ᠪᠠᠢᠯ᠎ᠠ! ᠭᠠᠰᠢᠯᠤᠭᠰᠠᠨ ᠪᠣᠯᠤᠭᠠᠳ ᠯᠠ ᠢᠩᠭᠢᠵᠦ ᠪᠠᠢᠬᠤ ᠦᠭᠡᠢ ᠤᠤ ᠭᠡᠵᠦ ᠬᠡᠯᠡᠭᠡᠳ ᠶᠠᠪᠤᠭᠠᠳ ᠥᠭᠪᠡ᠃ ᠳᠣᠷᠵᠢᠵᠠᠪ ᠮᠢᠬᠠᠨ ᠤ᠋ ᠯᠠᠩᠭᠦᠢ ᠤᠷᠤᠭᠤ ᠬᠠᠷᠠᠪᠠ᠂ ᠬᠣᠨᠢᠨ ᠤ᠋ ᠲᠠᠷᠭᠤᠨ ᠮᠢᠬ᠎ᠠ᠂ ᠰᠡᠭᠦᠯ᠂ ᠡᠯᠢᠭᠡ ᠲᠡᠷᠢᠭᠦᠲᠡᠨ ᠪᠠᠢᠪᠠ᠃  
       — ᠡᠯᠢᠭᠡ ᠵᠦᠭᠡᠷ ᠭᠡᠵᠦ ᠶᠠᠷᠢᠵᠠᠭᠠᠳᠠᠭ᠃ ᠬᠣᠨᠢᠨ ᠤ᠋ ᠡᠯᠢᠭᠡ ᠪᠣᠯᠪᠠ ᠤᠤ? ᠭᠠᠬᠠᠢ ᠶ᠋ᠢᠨ ᠡᠯᠢᠭᠡ ᠴᠦ᠍ ᠪᠠᠢᠵᠤ ᠮᠡᠳᠡᠨ᠎ᠡ ᠳᠠ᠃ ᠭᠡᠵᠦ ᠪᠣᠳᠣᠭᠠᠳ ᠬᠠᠵᠠᠭᠤ ᠶ᠋ᠢᠨ ᠢ᠋ᠶ᠋ᠡᠨ ᠡᠪᠦᠭᠡᠨ ᠡᠴᠡ᠄  
       — ᠡᠨᠡ ᠡᠯᠢᠭᠡ ᠮᠥᠨ ᠤᠤ ᠭᠡᠪᠡ᠃ ᠡᠪᠦᠭᠡᠨ᠄  
       — ᠡᠯᠢᠭᠡ ᠪᠠᠢᠯᠭᠦᠢ ᠥᠭᠡᠷ᠎ᠡ ᠶᠠᠭᠤ ᠪᠠᠢᠬᠤ ᠪᠣᠢ! ᠬᠡᠦᠬᠡ ᠠ᠋ ᠴᠢ ᠴᠢᠨᠢ ᠮᠠᠯ ᠲᠠᠢ ᠭᠠᠵᠠᠷ ᠤ᠋ᠨ ᠬᠥᠮᠦᠨ ᠪᠢᠵᠡ ᠳᠡ᠃  
       — ᠡᠯᠢᠭᠡ ᠶ᠋ᠢ ᠨᠢ ᠴᠦ᠍ ᠮᠡᠳᠡᠵᠦ ᠪᠠᠢᠨ᠎ᠠ᠂ ᠭᠠᠭᠴᠠ ᠬᠦ᠌ ᠬᠣᠨᠢᠨ ᠤ᠋ ᠡᠯᠢᠭᠡ ᠤᠤ ᠭᠡᠵᠦ ᠪᠠᠢᠨ᠎ᠠ᠃ ᠡᠪᠦᠭᠡᠨ᠄  
       — ᠬᠠᠷᠠᠭᠰᠠᠭᠠᠷ ᠯᠠ ᠪᠠᠢᠲᠠᠯ᠎ᠠ ᠬᠣᠨᠢᠨ ᠤ᠋ ᠯᠠ ᠡᠯᠢᠭᠡ ᠪᠠᠢᠨ᠎ᠠ ᠰᠢᠦ ᠳᠡ᠃ ᠬᠢᠮᠳᠠ ᠶ᠋ᠢ ᠨᠢ ᠶᠠᠭᠠᠬᠢᠨ᠎ᠠ᠃ ᠰᠢᠭᠦᠷᠭᠡᠢ ᠡᠯᠢᠭᠡ ᠪᠠᠶᠠᠨ ᠳ᠋ᠤ᠌ ᠰᠠᠢᠨ ᠯᠠ ᠭᠡᠴᠡᠭᠡᠬᠦ ᠶᠦᠮ ᠭᠡᠪᠡ᠃ ᠳᠣᠷᠵᠢᠵᠠᠪ ᠨᠢᠭᠡ ᠺᠢᠯᠣᠭ᠌ᠷᠠᠮ ᠡᠯᠢᠭᠡ ᠬᠤᠳᠠᠯᠳᠤᠵᠤ ᠠᠪᠤᠭᠠᠳ ᠭᠡᠷ ᠲᠡᠭᠡᠨ ᠢᠷᠡᠪᠡ᠃ ᠣᠷᠣ ᠶ᠋ᠢᠨ ᠬᠢᠨᠢ ᠠᠷᠤ ᠠ᠋ᠴᠠ ᠢᠷᠪᠢᠰ ᠠᠮᠢᠯᠠᠭᠰᠠᠨ ᠮᠡᠲᠦ ᠬᠠᠷᠠᠭᠳᠠᠪᠠ᠃ ᠳᠡᠷᠭᠡᠳᠡ ᠨᠢ ᠣᠴᠢᠵᠤ ᠴᠠᠷᠪᠠᠭᠤ ᠶ᠋ᠢ ᠨᠢ ᠢᠯᠪᠢᠨ ᠲᠠᠭᠠᠯᠠᠵᠤ᠄  
       — ᠬᠦᠴᠦᠲᠡᠨ ᠮᠢᠨᠢ ᠁ ᠡᠵᠡᠨ ᠢ᠋ᠶ᠋ᠡᠨ ᠬᠠᠷᠠᠵᠤ ᠬᠠᠨᠳᠠᠭ ᠦᠭᠡᠢ ᠶᠦᠮ ᠰᠢᠦ ᠭᠡᠵᠦ ᠵᠠᠯᠪᠠᠷᠢᠭᠠᠳ ᠡᠯᠢᠭᠡ ᠪᠡᠨ ᠬᠠᠭᠠᠷᠢᠪᠠ᠃  
       — ᠨᠤᠭᠤᠯᠤᠭᠤᠷ ᠰᠡᠭᠦᠯ ᠦᠭᠡᠢ ᠡᠯᠢᠭᠡ ᠪᠡᠷ ᠴᠦ᠍ ᠶᠠᠭᠠᠬᠢᠳᠠᠭ ᠶᠤᠮ ᠪᠢᠯᠡ ᠳᠠ᠂ ᠨᠢᠭᠡ ᠪᠣᠯ ᠡᠯᠢᠭᠡ᠂ ᠡᠰᠡᠪᠡᠯ ᠰᠡᠮᠡᠵᠡ ᠪᠠᠢᠬᠤ ᠬᠡᠷᠡᠭᠲᠡᠢ ᠰᠢᠦ ᠳᠡ ᠭᠡᠵᠦ ᠦᠭᠡᠯᠡᠭᠡᠳ ᠡᠯᠢᠭᠡ ᠪᠡᠨ ᠲᠠᠪᠠᠭ ᠲᠤ ᠭᠠᠷᠭᠠᠵᠤ ᠬᠠᠷᠠᠪᠠ᠃ ᠨᠢᠭᠡ ᠯᠡ ᠥᠩᠭᠡ ᠮᠠᠭᠤᠲᠠᠢ ᠡᠳ᠋ ᠶᠦᠮ ᠳᠡ᠂ ᠬᠣᠣᠷᠳᠠᠯᠭ᠎ᠠ ᠪᠣᠯᠵᠤ ᠮᠠᠭᠠᠳ ᠦᠭᠡᠢ ᠭᠡᠵᠦ ᠪᠣᠯᠭᠣᠮᠵᠢᠯᠠᠭᠠᠳ ᠠᠮᠰᠠᠭᠰᠠᠨ ᠴᠤ᠌ ᠦᠭᠡᠢ᠃ ᠤᠭ ᠨᠢ ᠲᠥᠷᠥᠭᠰᠡᠨ ᠡᠳᠦᠷ ᠢ᠋ᠶ᠋ᠡᠨ ᠰᠦ ᠲᠡᠢ ᠴᠠᠢ ᠤᠤᠭᠤᠭᠰᠠᠨ ᠪᠣᠯ ᠵᠦᠭᠡᠷ ᠰᠠᠨ ᠭᠡᠵᠦ ᠪᠣᠳᠣᠪᠠ᠃ ᠲᠡᠭᠡᠭᠡᠳ ᠴᠠᠭᠠᠰᠤ ᠲᠠᠢ ᠰᠦᠨ ᠡᠴᠡ ᠠᠪᠬᠤ ᠮᠢᠨᠢ ᠶᠠᠭᠠᠬᠢᠯ᠎ᠠ ᠭᠡᠵᠦ ᠪᠣᠳᠣᠭᠰᠠᠨ ᠮᠥᠷᠲᠡᠭᠡᠨ ᠁ ᠠᠪᠤᠭ᠎ᠠ ᠦᠭᠡᠢ ᠨᠢ ᠪᠣᠯᠤᠭᠰᠠᠨ ᠶᠤᠮ᠂ ᠯᠠᠪ ᠭᠠᠰᠢᠯᠤᠭᠰᠠᠨ ᠰᠦ ᠯᠡ ᠳᠡ᠂ ᠬᠠᠢᠷᠠᠨ ᠬᠣᠶᠠᠷ ᠲᠥᠭᠥᠷᠢᠭ ᠦ᠋ᠨ ᠭᠠᠷᠤᠵᠠ ᠪᠣᠯᠬᠤ ᠪᠠᠢᠭᠰᠠᠨ ᠶᠤᠮ ᠭᠡᠵᠦ ᠪᠣᠳᠣᠭᠠᠳ ᠬᠦᠢᠲᠡᠨ ᠤᠰᠤ ᠤᠤᠭᠤᠬᠤ ᠭᠡᠳᠡᠭ ᠠᠵᠠᠨ ᠳ᠋ᠤ᠌ ᠠᠷᠠᠢ ᠮᠠᠭᠤ ᠶᠤᠮ ᠤᠤ ᠭᠡᠵᠦ ᠪᠣᠳᠣᠭᠠᠳ ᠵᠠᠭᠤᠨ ᠭᠷᠠᠮ ᠠᠷᠢᠬᠢ ᠪᠣᠯᠣᠷ ᠬᠤᠨᠳᠠᠭᠠᠨ ᠳ᠋ᠤ᠌ ᠬᠢᠭᠡᠳ᠄  
       — ᠠᠵᠠ ᠵᠢᠷᠭᠠᠯ ᠲᠠᠢ ᠰᠠᠢᠨ ᠰᠠᠢᠬᠠᠨ ᠶᠠᠪᠤᠬᠤ ᠶ᠋ᠢᠨ ᠲᠥᠯᠥᠭᠡ ᠭᠡᠵᠦ ᠪᠣᠳᠣᠭᠠᠳ ᠤᠤᠭᠤᠬᠤ ᠭᠡᠲᠡᠯ᠎ᠡ ᠬᠣᠩᠬᠣ ᠳᠤᠤᠭᠠᠷᠪᠠ᠃  
       — ᠪᠠᠢᠨ᠎ᠠ ᠤᠤ ᠬᠡᠨ ᠪᠣᠢ?  
       — ᠳᠤᠯᠮ᠎ᠠ ᠪᠠᠢᠨ᠎ᠠ ᠳᠠ᠃  
       — ᠠᠪᠤ ᠪᠦᠷ ᠮᠠᠭᠤᠳᠠᠭᠠᠳ ᠪᠠᠢᠨ᠎ᠠ᠃ ᠡᠪᠡᠳᠴᠢᠨ ᠦ᠌ ᠬᠢᠨᠢ ᠠᠳᠠ ᠶᠤᠮ ᠤᠤ ᠬᠣᠨᠢᠨ ᠤ᠋ ᠡᠯᠢᠭᠡ ᠢᠳᠡᠶ᠎ᠡ ᠭᠡᠳ ᠪᠠᠢᠨ᠎ᠠ᠂ ᠴᠢ ᠳᠡᠯᠭᠡᠭᠦᠷ ᠲᠤ ᠣᠴᠢᠭᠠᠳ ᠬᠡᠷᠪᠡ ᠪᠠᠢᠪᠠᠯ ᠵᠢᠭᠠᠬᠠᠨ ᠡᠯᠢᠭᠡ ᠣᠯᠤᠭᠠᠳ ᠣᠷᠣᠢ ᠢᠷᠡᠭᠡᠴᠢ᠃  
       — ᠴᠢ ᠡᠪᠡᠳᠴᠢᠨ ᠲᠡᠢ ᠬᠥᠮᠦᠨ ᠦ᠌ ᠦᠭᠡᠨ ᠳ᠋ᠦ᠍ ᠣᠷᠣᠵᠤ ᠡᠯᠳᠡᠪ ᠶᠠᠭᠤᠮ᠎ᠠ ᠱᠠᠯᠠᠭᠠᠳ ᠪᠠᠢᠬᠤ ᠶ᠋ᠢᠨ ᠬᠡᠷᠡᠭ ᠶᠠᠭᠤ ᠪᠠᠢᠨ᠎ᠠ᠃ ᠡᠳᠦᠢ ᠳ᠋ᠦ᠍ ᠠᠯᠢ ᠴᠦ᠍ ᠳᠡᠯᠭᠡᠭᠦᠷ ᠲᠦ ᠡᠯᠢᠭᠡ ᠬᠠᠮᠢᠭ᠎ᠠ ᠪᠠᠢᠪᠠ ᠭᠡᠵᠢ ᠳᠡ᠂ ᠵᠠ ᠶᠠᠭᠤ ᠴᠦ᠍ ᠪᠣᠯᠤᠭᠰᠠᠨ ᠪᠣᠳᠣᠶ᠎ᠠ᠃  
       — ᠵᠠ ᠪᠠᠢᠵᠠ᠂ ᠡᠨᠡ ᠨᠢᠭᠡ ᠯᠡ ᠤᠴᠢᠷᠲᠠᠢ ᠶᠠᠭᠤᠮ᠎ᠠ ᠪᠣᠯᠤᠯ᠎ᠠ ᠳᠠ᠂ ᠲᠡᠨᠳᠡ ᠪᠠᠢᠭ᠎ᠠ ᠡᠪᠡᠳᠴᠢᠨ ᠲᠡᠢ ᠬᠥᠮᠦᠨ ᠨᠠᠮ᠎ᠠ ᠶ᠋ᠢ ᠡᠯᠢᠭᠡ ᠠᠪᠬᠤ ᠶ᠋ᠢ ᠶᠠᠭᠠᠬᠢᠵᠤ ᠮᠡᠳᠡᠳᠡᠭ ᠪᠢᠯᠡ ᠭᠡᠵᠦ ᠳᠣᠲᠣᠷ᠎ᠠ ᠪᠠᠨ ᠰᠡᠵᠢᠭᠯᠡᠵᠦ ᠬᠠᠭᠠᠷᠢᠭᠰᠠᠨ ᠡᠯᠢᠭᠡ ᠪᠡᠨ ᠬᠣᠭ ᠤ᠋ᠨ ᠰᠠᠪᠠᠨ ᠳ᠋ᠤ᠌ ᠬᠢᠪᠡ᠃ ᠠᠷᠢᠬᠢ ᠪᠠᠷᠢᠵᠤ ᠭᠤᠷᠪᠠᠨ ᠥᠷᠥᠭᠡᠨ ᠳᠣᠲᠣᠭᠤᠷ ᠢ᠋ᠶ᠋ᠠᠨ ᠠᠯᠬᠤᠵᠤ ᠶᠠᠪᠤᠬᠤ ᠳ᠋ᠠᠭᠠᠨ᠄  
       — ᠲᠡᠷᠡ ᠮᠠᠭᠤ ᠡᠪᠦᠭᠡᠨ᠂ ᠨᠠᠳᠠ ᠲᠠᠢ ᠶᠠᠮᠠᠷ ᠬᠤᠰᠢ ᠬᠣᠨᠵᠢᠩ ᠲᠠᠢ ᠪᠢᠯᠡ! ᠨᠠᠳᠠ ᠠ᠋ᠴᠠ ᠶᠠᠭᠤᠮ᠎ᠠ ᠠᠪᠬᠤ ᠨᠢ ᠳᠤᠲᠠᠭᠤ ᠪᠠᠢᠵᠤ ᠳᠠ! ᠣᠴᠢᠵᠤ ᠣᠴᠢᠵᠤ ᠡᠯᠢᠭᠡ ᠁ ᠠᠪᠬᠤ ᠭᠡᠳᠡᠭ ᠴᠢᠨᠢ ᠲᠡᠢᠮᠦ ᠴᠦ᠍ ᠰᠠᠢᠨ ᠦᠭᠡᠢ ᠳᠡ᠂ ᠤᠯᠠᠭᠠᠨ ᠮᠢᠬᠠᠨ ᠤ᠋ ᠪᠤᠵᠠᠷ ᠭᠡᠵᠦ ᠯᠡ ᠬᠡᠯᠡᠳᠡᠭ ᠰᠢᠦ ᠳᠡ ᠭᠡᠵᠦ ᠪᠣᠳᠣᠭᠠᠳ ᠰᠡᠳᠬᠢᠯ ᠨᠢ ᠬᠢᠮᠤᠷᠠᠵᠤ ᠠᠷᠢᠬᠢ ᠪᠠᠨ ᠤᠤᠭᠤᠪᠠ᠃ ᠥᠴᠥᠭᠡᠳᠦᠷ ᠡᠴᠡ ᠬᠣᠢᠰᠢ ᠥᠯᠥᠨ ᠵᠥᠮᠦᠭ ᠶᠠᠪᠤᠭᠰᠠᠨ ᠤᠴᠢᠷ ᠲᠣᠯᠣᠭᠠᠢ ᠨᠢ ᠡᠷᠭᠢᠵᠦ ᠪᠡᠶ᠎ᠡ ᠨᠢ ᠪᠠᠳᠠᠢᠷᠠᠪᠠ᠃  
       — ᠶᠠᠪᠤᠬᠤ ᠠ᠋ᠴᠠ ᠳᠠ ᠭᠡᠵᠦ ᠰᠢᠢᠳᠦᠭᠡᠳ ᠳᠣᠯᠣᠭᠠᠨ ᠪᠠᠭᠤᠳᠠᠯ ᠳ᠋ᠤ᠌ ᠡᠬᠡᠨᠡᠷ ᠦ᠋ᠨ ᠢ᠋ᠶ᠋ᠡᠨ ᠡᠭᠡᠴᠢ ᠶ᠋ᠢᠨ ᠳ᠋ᠦ᠍ ᠣᠴᠢᠬᠤ ᠪᠠᠷ ᠭᠠᠷᠪᠠ᠃  
       — ᠭᠠᠷ ᠬᠣᠭᠣᠰᠣᠨ ᠣᠴᠢᠵᠤ ᠡᠪ ᠦᠭᠡᠢ ᠶᠦᠮ ᠤᠤ ᠳᠠ᠂ ᠡᠯᠢᠭᠡ ᠶ᠋ᠢ ᠬᠠᠶᠠᠭᠠᠨ ᠠ᠋ᠴᠠ ᠪᠠᠨ ᠠᠪᠤᠭᠠᠳ ᠣᠴᠢᠳᠠᠭ ᠪᠠᠢᠵᠤ ᠭᠡᠵᠦ ᠪᠣᠳᠣᠪᠠ᠃ ᠲᠡᠭᠡᠭᠡᠳ᠄
       — ᠦᠭᠡᠢ ᠠ᠋᠂ ᠠᠪᠤᠭ᠎ᠠ ᠦᠭᠡᠢ ᠨᠢ ᠵᠥᠪ᠂ ᠭᠠᠭᠴᠠ ᠴᠠᠢ ᠶ᠋ᠢᠨ ᠰᠦ ᠲᠡᠢ ᠣᠴᠢᠭᠰᠠᠨ ᠪᠣᠯ ᠬᠡᠦᠬᠡᠨ ᠳ᠋ᠦ᠍ ᠠᠶᠠᠲᠠᠢᠬᠠᠨ ᠰᠠᠨᠠᠭᠳᠠᠵᠤ ᠪᠣᠯᠬᠤ ᠶᠤᠮ᠃ 
       — ᠦᠭᠡᠢ ᠠ᠋ ᠠᠪᠤᠭ᠎ᠠ ᠦᠭᠡᠢ ᠨᠢ ᠵᠥᠪ᠁ ᠬᠡᠷᠪᠡ ᠭᠠᠰᠢᠯᠤᠭᠰᠠᠨ ᠪᠠᠢᠪᠠᠯ ᠮᠥᠩᠭᠥᠨ ᠦ᠌ ᠭᠠᠷᠤᠵᠠ ᠭᠡᠵᠦ ᠪᠣᠳᠣᠪᠠ᠃  
       — ᠵᠠ ᠪᠠᠢᠵᠠ ᠁  
       — ᠠᠦ᠋ᠲ᠋ᠣᠪᠦ᠋ᠰ ᠲᠤ ᠰᠠᠭᠤᠬᠤ ᠭᠡᠬᠦᠯᠡᠷ ᠭᠤᠷᠪᠠᠨ ᠪᠠᠭᠤᠳᠠᠯ ᠨᠢᠭᠡ ᠲᠥᠭᠥᠷᠢᠭ ᠲᠠᠪᠢᠨ ᠮᠥᠩᠭᠥ᠃ ᠢᠷᠡᠵᠦ ᠣᠴᠢᠬᠤ ᠶ᠋ᠢᠨ ᠭᠤᠷᠪᠠᠨ ᠲᠥᠭᠥᠷᠢᠭ᠃ ᠶᠠᠪᠠᠭᠠᠨ ᠶᠠᠪᠤᠭᠰᠠᠨ ᠳᠡᠭᠡᠷ᠎ᠡ ᠭᠡᠵᠦ ᠪᠣᠳᠣᠭᠠᠳ ᠠᠯᠬᠤᠵᠤ ᠶᠠᠪᠤᠯ᠎ᠠ ᠴᠤ᠌ ᠰᠢᠨ᠎ᠡ ᠤᠯᠠᠭᠠᠨ ᠠᠦ᠋ᠲ᠋ᠣᠪᠦ᠋ᠰ ᠵᠡᠷᠭᠡᠴᠡᠨ ᠢᠷᠡᠵᠦ ᠵᠣᠭᠰᠣᠪᠠ᠂ ᠬᠥᠮᠦᠰ ᠪᠠᠭᠤᠵᠠᠭᠠᠪᠠ᠂ ᠣᠷᠣᠵᠠᠭᠠᠪᠠ᠃ 
       — ᠰᠠᠢᠨ ᠡᠳᠦᠷ᠂ ᠡᠯᠳᠡᠪ ᠦ᠋ᠨ ᠮᠠᠭᠤ ᠬᠥᠮᠦᠰ ᠴᠦ᠍ ᠶᠠᠪᠤᠵᠤ ᠪᠠᠢᠵᠤ ᠮᠡᠳᠡᠨ᠎ᠡ ᠭᠡᠵᠦ ᠥᠪᠡᠷ ᠦ᠋ᠨ ᠡᠷᠬᠡ ᠦᠭᠡᠢ ᠪᠣᠳᠣᠮᠠᠭᠴᠠ ᠪᠠᠷᠠᠭᠤᠨ ᠭᠠᠷ ᠨᠢ ᠺᠣᠰᠲ᠋ᠢᠶᠣᠮ ᠤ᠋ᠨ ᠢ᠋ᠶ᠋ᠠᠨ ᠡᠩᠭᠡᠷ ᠦ᠋ᠨ ᠬᠠᠯᠠᠭᠠᠰᠤᠨ ᠳ᠋ᠤ᠌ ᠬᠦᠷᠦᠭᠰᠡᠨ ᠪᠠᠢᠪᠠ᠃ ᠠᠦ᠋ᠲ᠋ᠣᠪᠦ᠋ᠰ ᠦ᠋ᠨ ᠬᠣᠢᠨ᠎ᠠ ᠠ᠋ᠴᠠ ᠠᠯᠬᠤᠵᠤ ᠭᠠᠷᠪᠠ᠂ ᠲᠡᠺᠰᠢ ᠳᠠᠪᠬᠢᠨ ᠶᠠᠪᠤᠬᠤ ᠳ᠋ᠤᠨᠢ ᠭᠠᠷ ᠡᠷᠭᠦᠪᠡ ᠁ ᠬᠥᠨᠳᠡᠯᠢᠳᠦᠨ ᠢᠷᠡᠵᠦ ᠵᠣᠭᠰᠣᠭᠠᠳ ᠵᠢᠯᠣᠭᠣᠴᠢ ᠬᠠᠭᠠᠯᠭ᠎ᠠ ᠪᠠᠨ ᠨᠡᠬᠡᠭᠡᠳ᠄  
       — ᠵᠠ ᠰᠠᠭᠤ ᠭᠡᠪᠡ᠃ ᠲᠣᠷᠵᠢᠵᠠᠪ᠄  
       — ᠶᠠᠭᠤ ᠰᠠᠭᠤ ᠭᠡᠵᠦ᠂ ᠨᠠᠮ᠎ᠠ ᠶ᠋ᠢ ᠬᠠᠮᠢᠭ᠎ᠠ ᠣᠴᠢᠨ᠎ᠠ ᠭᠡᠵᠦ ᠵᠣᠭᠰᠣᠪᠠ᠃  
       — ᠬᠣᠢᠰᠢ ᠪᠠᠨ ᠶᠠᠪᠤᠵᠤ ᠪᠠᠢᠬᠤ ᠳ᠋ᠤ᠌ ᠭᠠᠷ ᠡᠷᠭᠦᠭᠰᠡᠨ ᠶᠦᠮ ᠴᠢᠨᠢ ᠮᠡᠳᠡᠭᠡᠵᠢ ᠂ ᠬᠣᠢᠰᠢ ᠪᠠᠨ ᠯᠠ ᠶᠠᠪᠤᠵᠤ ᠲᠠᠭᠠᠷᠠᠨ᠎ᠠ ᠰᠢᠦ ᠳᠡ ᠃   
       — ᠬᠡᠳᠦᠨ ᠬᠥᠮᠦᠨ ᠪᠠᠢᠨ᠎ᠠ ?     
       — ᠨᠢᠭᠡ ᠬᠥᠮᠦᠨ᠂ ᠳᠣᠯᠣᠭᠠᠨ ᠪᠠᠭᠤᠳᠠᠯ ᠳ᠋ᠤ᠌ ᠬᠦᠷᠬᠦ ᠳ᠋ᠦ᠍ ᠵᠢᠷᠭᠤᠭᠠᠨ ᠲᠥᠭᠥᠷᠢᠭ ᠭᠡᠵᠦ ᠲᠠᠷᠢᠬᠢᠨ ᠳ᠋ᠤ᠌ ᠨᠢᠭᠡ ᠶᠠᠭᠤᠮ᠎ᠠ ᠰᠢᠪᠡᠨᠡᠬᠦ ᠰᠢᠭ ᠪᠣᠯᠪᠠ᠃ ᠲᠡᠭᠡᠭᠡᠳ ᠄    
       — ᠠᠭᠤᠴᠢᠯᠠᠭᠠᠷᠠᠢ ! ᠰᠠᠭᠤᠬᠤ ᠪᠠᠨ ᠪᠠᠢᠯ᠎ᠠ ᠭᠡᠪᠡ ᠃ ᠵᠢᠯᠣᠭᠣᠴᠢ ᠄      
       — ᠠᠬ᠎ᠠ ᠭᠤᠸᠠᠢ ᠠ᠋ ᠂ ᠡᠭᠦᠨ ᠡᠴᠡ ᠬᠣᠢᠰᠢ ᠪᠢᠲᠡᠭᠡᠢ ᠢᠩᠭᠢᠵᠦ ᠪᠠᠢᠭᠠᠷᠠᠢ ! ᠭᠠᠷ ᠴᠢᠨᠢ ᠬᠠᠯᠠᠭᠠᠰᠤᠨ ᠳ᠋ᠠᠭᠠᠨ ᠬᠦᠷᠴᠦ ᠴᠢᠳᠠᠬᠤ ᠦᠭᠡᠢ ᠪᠠᠢᠪᠠᠯ ᠁ ᠭᠠᠷ ᠢ᠋ᠶ᠋ᠠᠨ ᠪᠢᠲᠡᠭᠡᠢ ᠡᠷᠭᠦᠵᠦ ᠪᠠᠢ ! ᠪᠢ ᠣᠯᠠᠨ ᠲᠦᠮᠡᠨ ᠳ᠋ᠦ᠍ ᠦᠢᠯᠡᠴᠢᠯᠡᠳᠡᠭ ᠬᠥᠮᠦᠨ ᠰᠢᠦ ᠭᠡᠪᠡ ᠃ ᠳᠣᠷᠵᠢᠵᠠᠪ ᠬᠠᠮᠠᠷ ᠢ᠋ᠶ᠋ᠠᠨ ᠮᠤᠷᠤᠢᠯᠭᠠᠵᠤ ᠨᠣᠭᠣᠭᠠᠨ ᠨᠢᠳᠦ ᠪᠡᠨ ᠱᠤᠬᠤᠢᠯᠭᠠᠵᠤ ᠬᠠᠷᠠᠭᠠᠳ ᠄      
       — ᠮᠡᠳᠡᠭᠡᠵᠢ ᠰᠢᠦ ᠳᠡ ᠴᠢ ᠨᠢᠭᠡ ᠲᠠᠨᠢᠯ ᠢ᠋ᠶ᠋ᠠᠨ ᠳᠥᠬᠥᠭᠦᠯᠵᠦ ᠥᠭᠬᠦ ᠪᠡᠷ ᠶᠠᠪᠤᠵᠤ ᠪᠠᠢᠵᠤ ᠂ ᠪᠠᠰᠠ ᠡᠯᠳᠡᠪ ᠦᠭᠡ ᠬᠡᠯᠡᠬᠦ ᠴᠦ᠍ ᠭᠠᠢᠭᠤᠢ ᠪᠠᠢᠨ᠎ᠠ ᠭᠡᠵᠦ ᠪᠣᠳᠣᠪᠠ ᠃ ᠲᠠᠺᠰᠢ ᠳᠠᠪᠬᠢᠨ ᠶᠠᠪᠤᠪᠠ ᠃ ᠵᠢᠷᠭᠤᠭᠠᠨ ᠪᠠᠭᠤᠳᠠᠯ ᠣᠷᠴᠢᠮ ᠢᠷᠡᠭᠡᠳ ᠬᠦᠨᠡᠰᠦᠨ ᠦ᠌ ᠳᠡᠯᠭᠡᠭᠦᠷ ᠣᠷᠣᠪᠠ ᠃ ᠬᠣᠭᠣᠰᠣᠨ ᠣᠴᠢᠬᠤ ᠡᠪ ᠦᠭᠡᠢ ᠶᠦᠮ ᠤᠤ ᠳᠠ ᠶᠠᠭᠤ ᠠᠪᠤᠪᠠᠯ ᠪᠣᠯᠳᠠᠭ ᠪᠢᠯᠡ ᠭᠡᠵᠦ ᠪᠣᠳᠣᠭᠠᠳ ᠳᠡᠯᠭᠡᠭᠦᠷ ᠦ᠋ᠨ ᠯᠠᠩᠭᠦᠢ ᠪᠦᠷᠢ ᠶ᠋ᠢ ᠥᠩᠭᠡᠢᠪᠡ ᠃  ᠠᠷᠪᠠᠨ ᠬᠣᠶᠠᠷ ᠲᠥᠭᠥᠷᠢᠭ ᠦ᠋ᠨ ᠦᠨ᠎ᠡ ᠲᠡᠢ ᠪᠢᠯᠠᠭᠤ ᠠᠪᠤᠶ᠎ᠠ ᠭᠡᠵᠦ ᠪᠣᠳᠣᠭᠠᠳ ᠮᠥᠩᠭᠥ ᠲᠤᠰᠢᠶᠠᠬᠤ ᠭᠡᠵᠦ ᠣᠴᠢᠭᠠᠳ᠄     
       — ᠡᠪᠡᠳᠴᠢᠨ ᠲᠡᠢ ᠬᠥᠮᠦᠨ ᠬᠡᠷᠪᠡ ᠦᠬᠦᠴᠢᠬᠡᠪᠡᠯ ᠁ ᠮᠢᠨᠦ ᠠᠪᠴᠢᠷᠠᠵᠤ ᠦᠭᠭᠦᠭᠰᠡᠨ ᠪᠢᠯᠠᠭᠤᠨ ᠠ᠋ᠴᠠ ᠪᠣᠯᠤᠯ᠎ᠠ ᠭᠡᠬᠦ ᠴᠦ᠍ ᠶᠦᠮ ᠪᠢᠯᠡ ᠤᠤ ?  ᠪᠠᠢᠶ᠎ᠠ ᠭᠡᠵᠦ ᠰᠢᠢᠳᠪᠡ ! ᠲᠡᠭᠡᠭᠡᠳ ᠴᠠᠭᠠᠰᠢ ᠶᠠᠪᠤᠵᠤ ᠪᠠᠢᠲᠠᠯ᠎ᠠ ᠡᠷᠲᠡᠨ ᠦ᠌ ᠲᠠᠨᠢᠯ ᠪᠠᠲᠤᠡᠷᠳᠡᠨᠢ ᠲᠠᠭᠠᠷᠠᠯᠳᠤᠵᠤ ᠄  
       —  ᠰᠠᠢᠨ ᠤᠤ ᠳᠣᠷᠵᠢᠵᠠᠪ ᠠ᠋ ᠂ ᠴᠢ ᠴᠦ᠍ ᠪᠦᠷ ᠭᠢᠯᠠᠯᠵᠠᠵᠤ ᠪᠠᠢᠨ᠎ᠠ ᠃ ᠵᠠ ᠪᠠᠢᠵᠠ ! ᠶᠠᠭᠤ ᠪᠢᠯᠡ ᠂ ᠠ ᠲᠡᠢᠮᠦ ᠂ ᠴᠢ ᠴᠢᠨᠢ ᠨᠠᠳᠠ ᠠ᠋ᠴᠠ ᠨᠢᠭᠡ ᠠᠬ᠎ᠠ ᠂ ᠡᠦᠲᠦ ᠯᠡ ᠲᠠᠪᠢᠨ ᠳᠥᠷᠪᠡ ᠬᠦᠷᠴᠦ ᠶᠠᠪᠤᠭ᠎ᠠ ᠶᠤᠮ ᠪᠠᠢᠨ᠎ᠠ ᠰᠢᠦ ᠳᠡ ᠭᠡᠬᠦ ᠳ᠋ᠦ᠍ ᠳᠣᠷᠵᠢᠵᠠᠪ ᠤ᠋ᠨ ᠳᠣᠲᠣᠷ᠎ᠠ ᠬᠠᠴᠢᠨ ᠪᠣᠯᠵᠤ ᠄   
       — ᠡᠨᠡ ᠮᠢᠨᠦ ᠨᠠᠰᠤ ᠶ᠋ᠢ ᠶᠠᠭᠠᠬᠢᠵᠤ ᠰᠠᠢᠨ ᠮᠡᠳᠡᠳᠡᠭ ᠪᠢᠯᠡ ! ᠯᠠᠪ ᠤᠴᠢᠷᠲᠠᠢ ᠪᠠᠢᠬ᠎ᠠ ᠂ ᠲᠡᠷᠡ ᠵᠢᠯ ᠠᠯᠪᠠᠨ ᠲᠤᠰᠢᠶᠠᠯ ᠲᠡᠪᠰᠢᠬᠥ ᠶ᠋ᠢᠨ ᠳᠠᠪᠠᠭᠠᠨ ᠳᠡᠭᠡᠷ᠎ᠡ ᠭᠡᠨᠡᠳᠲᠡ ᠪᠤᠯᠢᠴᠢᠬᠠᠭᠰᠠᠨ ᠶᠤᠮ ᠃      
       — ᠴᠢ ᠮᠢᠨᠦ ᠲᠥᠷᠥᠭᠰᠡᠨ ᠡᠳᠦᠷ ᠢ ᠮᠡᠳᠡᠵᠦ  ᠪᠠᠢᠨ᠎ᠠ ᠤᠤ ?  ᠭᠡᠪᠡ ᠃ ᠪᠠᠲᠤᠡᠷᠳᠡᠨᠢ ᠄  
       — ᠥᠨᠥᠳᠥᠷ ᠶᠦᠮ ᠪᠠᠢᠨ᠎ᠠ ᠰᠢᠦ ᠳᠡ ᠲᠡᠢᠮᠦ ᠪᠢᠵᠡ ᠭᠡᠪᠡ ᠃   
       ᠳᠣᠷᠵᠢᠵᠠᠪ ᠤ᠋ᠨ ᠴᠢᠷᠠᠢ ᠵᠢᠪᠡᠬᠡᠢᠷᠡᠵᠦ ᠴᠠᠢᠷᠠᠭᠠᠳ ᠨᠢᠭᠤᠷ ᠢ᠋ᠶ᠋ᠠᠨ ᠪᠤᠷᠤᠭᠤ ᠬᠠᠷᠠᠭᠤᠯᠵᠤ ᠄ 
       — ᠲᠡᠢᠮᠦ ᠠ᠋ ᠂ ᠮᠠᠭᠤ ᠡᠪᠦᠭᠡᠨ ᠴᠢᠨᠢ ᠲᠥᠷᠥᠭᠰᠡᠨ ᠡᠳᠦᠷ ᠦ᠋ᠨ ᠢ᠋ᠶ᠋ᠡᠨ ᠣᠢ ᠶ᠋ᠢ ᠲᠡᠮᠳᠡᠭᠯᠡᠭᠡᠳ ᠵᠠᠭᠤ ᠲᠠᠲᠠᠭᠠᠳ ᠶᠠᠪᠤᠵᠤ ᠪᠠᠢᠨ᠎ᠠ ᠃ ᠪᠠᠲᠤᠡᠷᠳᠡᠨᠢ  ᠄  
       — ᠲᠡᠭᠡᠯᠭᠦᠢ ᠶᠠᠭᠠᠬᠢᠬᠤᠪ ᠳᠠ ᠬᠦ ᠂ ᠨᠡᠷᠡᠲᠦ ᠶᠢᠷᠲᠢᠨᠴᠦ ᠳ᠋ᠦ᠍ ᠬᠥᠮᠦᠨ ᠪᠣᠯᠵᠤ ᠲᠥᠷᠥᠨ᠎ᠡ ᠭᠡᠳᠡᠭ ᠲᠡᠢᠮᠦ ᠴᠦ᠍ ᠠᠮᠠᠷ ᠠᠰᠠᠭᠤᠳᠠᠯ ᠪᠢᠰᠢ ᠪᠠᠢᠬ᠎ᠠ ᠰᠢᠦ ᠃ ᠵᠠ ᠨᠠᠢᠵᠠ ᠶ᠋ᠢ ᠪᠡᠨ ᠲᠠᠢᠯᠠᠶ᠎ᠠ ᠭᠤᠸᠠᠨᠵᠠᠨ ᠳ᠋ᠤ᠌ ᠣᠷᠣᠵᠤ ᠰᠠᠢᠬᠠᠨ ᠬᠣᠭᠣᠯᠠ ᠢᠳᠡᠶ᠎ᠡ ᠃ 
       ᠳᠤᠷᠵᠢᠵᠠᠪ ᠳᠣᠲᠣᠷ᠎ᠠ ᠪᠠᠨ ᠶᠠᠭᠤᠨ ᠰᠠᠢᠨ ᠶᠤᠮ ᠪᠣᠢ ᠥᠴᠥᠭᠡᠳᠦᠷ ᠡᠴᠡ ᠬᠣᠭᠣᠰᠣᠨ ᠶᠠᠪᠤᠵᠤ ᠪᠠᠢᠭ᠎ᠠ ᠶ᠋ᠢ ᠬᠡᠯᠡᠬᠦ ᠤᠤ ?  ᠨᠢᠭᠡ ᠰᠠᠢᠨ ᠬᠣᠭᠣᠯᠠᠯᠠᠭᠠᠳ ᠶᠠᠪᠤᠶ᠎ᠠ ᠭᠡᠵᠦ ᠪᠣᠳᠣᠭᠰᠠᠨ ᠴᠤ᠌ ᠡᠬᠡᠨᠡᠷ ᠦ᠋ᠨ ᠢ᠋ᠶ᠋ᠡᠨ ᠠᠪᠤ ᠶ᠋ᠢ ᠡᠪᠡᠳᠴᠢᠨ ᠲᠡᠢ ᠪᠠᠢᠬᠤ ᠳ᠋ᠤ᠌ ᠂ ᠪᠠᠰᠠ ᠢᠷ᠎ᠡ ᠭᠡᠵᠦ ᠬᠡᠯᠡᠭᠦᠯᠦᠭᠡᠳ ᠪᠠᠢᠬᠤ ᠳ᠋ᠤ᠌ ᠣᠴᠢᠬᠤ ᠦᠭᠡᠢ ᠪᠠᠢᠬᠤ ᠨᠢ ᠡᠪ ᠦᠭᠡᠢ ᠰᠠᠨᠠᠭᠳᠠᠭᠠᠳ ᠄  
       — ᠡᠬᠡᠨᠡᠷ ᠦ᠋ᠨ ᠡᠴᠢᠭᠡ ᠲᠤᠩ ᠮᠠᠭᠤ ᠂ ᠨᠠᠮ᠎ᠠ ᠶ᠋ᠢ ᠪᠦᠷ ᠲᠥᠷᠥᠭᠰᠡᠨ ᠬᠡᠦᠬᠡᠳ ᠡᠴᠡ ᠪᠡᠨ ᠢᠯᠡᠭᠦᠦ ᠰᠠᠨᠠᠳᠠᠭ ᠶᠤᠮ ᠂ ᠮᠠᠷᠭᠠᠰᠢ ᠴᠠᠭ ᠪᠣᠯᠵᠣᠪᠠᠯ ᠶᠠᠭᠠᠬᠢᠭᠰᠠᠨ ᠶᠤᠮ ᠪᠣᠢ ᠭᠡᠪᠡ ᠃ ᠪᠠᠲᠤᠡᠷᠳᠡᠨᠢ  ᠄  
       — ᠪᠣᠯᠤᠨ᠎ᠠ ᠂ ᠬᠠᠷᠢᠨ ᠠᠵᠢᠯ ᠲᠠᠷᠬᠠᠭᠰᠠᠨ ᠠ᠋ᠴᠠ ᠬᠣᠢᠰᠢ ᠰᠢᠦ ᠃   
       — ᠲᠡᠷᠡ ᠮᠡᠳᠡᠭᠡᠵᠢ ᠂ ᠵᠠ ᠬᠡᠳᠦᠨ ᠴᠠᠭ ᠲᠤ᠌ ᠬᠠᠮᠢᠭ᠎ᠠ ᠨᠢ ᠠᠭᠤᠯᠵᠠᠬᠤ ᠪᠣᠢ ?    
       — ᠵᠢᠷᠭᠤᠭᠠᠨ ᠴᠠᠭ ᠭᠤᠴᠢᠨ ᠮᠢᠨᠦ᠋ᠲ ᠂ ᠲᠤᠤᠯᠠ ᠳ᠋ᠤ᠌ ᠃          
       — ᠮᠡᠳᠡᠯ᠎ᠡ ! ᠬᠠᠷᠢᠨ ᠴᠢ ᠬᠥᠭᠰᠢᠨ ᠢ᠋ᠶ᠋ᠡᠷ ᠢ᠋ᠶ᠋ᠡᠨ ᠲᠣᠭᠯᠠᠪᠠ ᠠ᠋ ? 
       — ᠬᠠᠮᠢᠭ᠎ᠠ ᠠ᠋ᠴᠠ ᠳᠠ ! ᠨᠠᠮ᠎ᠠ ᠶ᠋ᠢ ᠬᠡᠳᠦᠨ ᠲᠥᠭᠥᠷᠢᠭ ᠢ᠋ᠶ᠋ᠡᠨ ᠬᠠᠢᠷᠠᠯᠠᠳᠠᠭ ᠭᠡᠵᠦ ᠰᠣᠨᠣᠰᠤᠭ᠎ᠠ ᠦᠭᠡᠢ ᠪᠢᠵᠡ ᠁ 
       — ᠦᠭᠡᠢ ᠯᠡ ᠳᠡ  ᠭᠡᠬᠦ ᠳ᠋ᠡᠭᠡᠨ ᠬᠡᠨ ᠬᠡᠨ ᠨᠢ ᠨᠢᠭᠡᠨ ᠠᠵᠢᠯ ᠦᠷᠡᠬᠦ ᠦᠭᠡᠢ ᠶ᠋ᠢ ᠯᠡ  ᠪᠣᠳᠣᠭᠰᠠᠨ ᠬᠡᠷᠡᠭ ᠂ ᠵᠠ ᠪᠠᠶᠠᠷᠲᠠᠢ ᠃ 
       ᠳᠤᠷᠵᠢᠵᠠᠪ ᠵᠢᠷᠭᠤᠭᠠᠨ ᠴᠠᠭ ᠤ᠋ᠨ ᠦᠶ᠎ᠡ ᠳ᠋ᠦ᠍ ᠬᠡᠦᠬᠡᠨ ᠦ᠌ ᠪᠡᠨ ᠡᠴᠢᠭᠡ ᠶ᠋ᠢᠨ ᠬᠠᠰᠢᠶᠠᠨ ᠤ᠋ ᠬᠠᠭᠠᠯᠭ᠎ᠠ ᠳᠡᠭᠡᠷ᠎ᠡ ᠣᠴᠢᠲᠠᠯ᠎ᠠ ᠣᠯᠠᠨ ᠬᠥᠮᠦᠨ  ᠭᠠᠢᠬᠠᠰᠢᠷᠠᠨ ᠵᠣᠭᠰᠣᠵᠠᠭᠠᠵᠤ ᠪᠠᠢᠯ᠎ᠠ ᠃ ᠳᠤᠷᠵᠢᠵᠠᠪ ᠤᠨ ᠡᠬᠡᠨᠡᠷ ᠳᠤᠯᠮ᠎ᠠ ᠤᠷᠢ ᠳᠠᠭᠤ ᠲᠠᠯᠪᠢᠨ ᠭᠠᠷᠴᠤ ᠢᠷᠡᠭᠡᠳ ᠄ 
       — ᠳᠤᠷᠵᠢᠵᠠᠪ ᠮᠢᠨᠢ ᠂ ᠶᠠᠭᠠᠬᠢᠪᠠ ᠳᠠ ᠂ ᠠᠭᠤᠯᠵᠠᠵᠤ ᠴᠢᠳᠠᠭᠰᠠᠨ ᠦᠭᠡᠢ ᠃ ᠴᠢᠮ᠎ᠠ ᠶ᠋ᠢ ᠬᠦᠰᠡᠭᠡᠳ ᠪᠠᠢᠭᠰᠠᠨ ᠢ ᠨᠢ ᠶᠠᠭᠠᠬᠢᠨ᠎ᠠ ᠁    
       — ᠠᠵᠢᠯ ᠭᠠᠷᠤᠭᠠᠳ ᠁      
       — ᠶᠠᠮᠠᠷ ᠠᠵᠢᠯ ᠪᠠᠢᠬᠤ ᠪᠣᠢ ᠳᠠ ᠳᠠᠩᠴᠤ ᠳᠠ ᠂  ᠪᠢ ᠴᠢᠮ᠎ᠠ ᠳ᠋ᠤ᠌ ᠬᠡᠯᠡᠭᠡᠳ ᠪᠠᠢᠭᠰᠠᠨ ᠰᠢᠦ ᠳᠡ ᠃       
       — ᠲᠥᠷᠥᠭᠰᠡᠨ ᠡᠳᠦᠷ ᠢ ᠲᠣᠬᠢᠶᠠᠯᠳᠤᠭᠤᠯᠵᠤ ᠤᠯᠤᠰ ᠠᠬ᠎ᠠ ᠳᠡᠭᠦᠦ ᠢᠷᠡᠭᠡᠳ ᠁ ᠪᠢ ᠪᠠᠰᠠ ᠵᠦᠭᠡᠷ ᠪᠠᠢᠵᠤ ᠪᠣᠯᠬᠤ ᠦᠭᠡᠢ ᠪᠠᠢᠯ᠎ᠠ ᠃   
       — ᠨᠢᠭᠡ ᠨᠢ ᠦᠬᠦᠯᠦᠭᠦᠲᠡ ᠪᠠᠢᠬᠤ ᠳ᠋ᠤ᠌ ᠁ ᠲᠥᠷᠥᠭᠰᠡᠨ ᠡᠳᠦᠷ ᠦ᠋ᠨ ᠪᠠᠶᠠᠷ ᠲᠡᠮᠳᠡᠭᠯᠡᠬᠦ ᠭᠡᠵᠦ ᠁     
       — ᠴᠢ ᠶᠡᠷᠦ ᠨᠢ ᠤᠬᠠᠭᠠᠨ ᠲᠠᠢ ᠬᠥᠮᠦᠨ ᠤᠤ ? ᠦᠭᠡᠢ  ᠤᠤ ? ᠶᠢᠷᠲᠢᠨᠴᠦ ᠳ᠋ᠦ᠍ ᠬᠥᠮᠦᠨ ᠪᠣᠯᠵᠤ ᠲᠥᠷᠥᠨ᠎ᠡ ᠭᠡᠳᠡᠭ ᠲᠡᠢᠮᠦ ᠠᠮᠠᠷ ᠶᠤᠮ  ᠤᠤ ?  
       — ᠲᠥᠷᠥᠭᠰᠡᠨ ᠦᠷ᠎ᠡ ᠶ᠋ᠢ ᠨᠢ ᠬᠠᠨᠢ ᠪᠣᠯᠭᠠᠭᠰᠠᠨ ᠮᠥᠷᠲᠡᠭᠡᠨ ᠲᠦᠷᠦᠭᠦᠯᠡᠭᠰᠡᠨ ᠡᠴᠢᠭᠡ ᠲᠡᠢ ᠨᠢ ᠢᠷᠡᠭᠡᠳ ᠠᠭᠤᠯᠵᠠᠵᠤ ᠪᠣᠯᠬᠤ ᠰᠠᠨ ᠳᠠ ᠃  
       — ᠵᠠ ᠳᠤᠯᠮ᠎ᠠ ᠮᠢᠨᠢ ᠪᠣᠯᠢᠵᠤ ᠦᠵᠡ ᠂ ᠨᠢᠭᠡᠨᠲᠡ  ᠥᠩᠭᠡᠷᠡᠭᠰᠡᠨ ᠡᠴᠡ ᠬᠣᠢᠰᠢ ᠳᠠᠷᠠᠭᠠᠬᠢ ᠶ᠋ᠢ ᠨᠢ ᠯᠡ ᠪᠣᠳᠣᠵᠤ ᠦᠵᠡᠶ᠎ᠡ ᠭᠡᠵᠦ ᠬᠡᠯᠡᠭᠡᠳ ᠡᠬᠡᠨᠡᠷ ᠢ᠋ᠶ᠋ᠡᠨ ᠰᠤᠭᠤᠳᠠᠨ ᠭᠡᠷ ᠦ᠋ᠨ ᠵᠦᠭ ᠶᠠᠪᠤᠬᠤ ᠳ᠋ᠠᠭᠠᠨ ᠬᠠᠭᠤᠷᠮᠠᠴᠢ ᠨᠢᠯᠪᠤᠰᠤ ᠪᠠᠨ ᠠᠷᠴᠢᠭᠰᠠᠨ ᠪᠣᠯᠵᠤ ᠄  
       — ᠭᠠᠭᠴᠠ ᠪᠡᠶ᠎ᠡ ᠬᠥᠮᠦᠨ ᠲᠡᠢ ᠰᠠᠭᠤᠭᠰᠠᠨ ᠪᠣᠯ ᠠᠰᠢᠲᠠᠢ ᠤᠤ ᠳᠠ ! ᠯᠠᠪ ᠬᠣᠶᠠᠷ ᠵᠠᠭᠤᠨ ᠲᠥᠭᠥᠷᠢᠭ ᠥᠭᠬᠦ ᠡᠴᠡ ᠳᠡ ! ᠰᠡᠳᠬᠢᠯ ᠢ᠋ᠶ᠋ᠡᠨ ᠪᠡᠷᠢ ᠭᠡᠵᠦ ᠪᠣᠳᠣᠩᠭᠤᠲᠠ ᠪᠠᠷᠠᠭᠤᠨ ᠡᠩᠭᠡᠷ ᠦ᠋ᠨ ᠢ᠋ᠶ᠋ᠡᠨ ᠬᠠᠯᠠᠭᠠᠰᠤ ᠶ᠋ᠢ ᠳᠠᠷᠤᠵᠤ ᠦᠵᠡᠪᠡ ᠃ ᠨᠢᠳᠦ ᠪᠡᠨ ᠢᠷᠮᠡᠳᠡᠭ ᠭᠠᠩᠭᠠᠩ ᠬᠡᠦᠬᠡᠨ ᠦ᠌ ᠵᠢᠷᠤᠭ ᠲᠠᠢ ᠳᠥᠷᠡᠢᠪᠴᠢᠨ ᠳ᠋ᠦ᠍ ᠵᠠᠭᠤᠲᠤ ᠶ᠋ᠢᠨ ᠠᠷᠪᠠᠨ ᠲᠠᠪᠤᠨ ᠳᠡᠪᠢᠰᠬᠡᠷ ᠲᠡᠪᠬᠡᠢᠵᠦ ᠪᠠᠢᠯ᠎ᠠ ᠃

  《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠪᠣᠷᠵᠢᠭᠢᠨ ᠪᠠᠭᠠᠲᠤᠷ᠂ ᠴᠣᠯᠮᠣᠨᠲᠤᠶᠠᠭ᠎ᠠ  
        ᠬᠢᠨᠠᠭ᠍ᠴᠢ :  ᠰᠠᠷᠠᠨ᠎ᠠ 
               2024᠂ 3᠂ 2  ᠦᠨ ᠡᠳᠦᠷ