ᠰᠢᠷᠠᠭᠴᠢᠨ- ᠴ ᠂ ᠯᠣᠳᠤᠶ᠋ᠢᠳᠠᠮᠪᠠ ᠶ᠋ᠢᠨ ᠦᠭᠦᠯᠡᠯᠭᠡ-ᠪᠠᠢᠭᠠᠯᠢ ᠵᠢ ᠬᠠᠮᠠᠭᠠᠯᠠᠬᠤШаргачин-Ч.Лодойдамба-өгүүллэг-Байгаль хамгаалах
ᠰᠢᠷᠠᠭᠴᠢᠨ -ᠣᠷᠠᠯᠢᠭ ᠤᠨ ᠭᠢᠴᠢᠶᠡᠯ ᠳᠤ
ᠰᠢᠷᠠᠭᠴᠢᠨ
ᠴ ᠂ ᠯᠣᠳᠤᠢᠳᠠᠮᠪᠠ
ᠬᠠᠪᠤᠷ ᠤ᠋ᠨ ᠬᠤᠷᠴᠠ ᠨᠠᠷᠠ ᠨᠡᠯᠢᠶᠡᠳ ᠳᠡᠭᠡᠷ᠎ᠡ ᠮᠠᠨᠳᠤᠭᠠᠳ ᠣᠢᠷ᠎ᠠ ᠣᠷᠴᠢᠮ ᠢ᠋ ᠬᠥᠬᠡᠮᠳᠦᠭ ᠮᠠᠨᠠᠨ ᠪᠦᠷᠬᠦᠵᠦ ᠥᠷᠭᠡᠨ ᠲᠠᠯ᠎ᠠ ᠳ᠋ᠤ᠌ ᠪᠠᠢᠭ᠎ᠠ ᠶᠠᠭᠤᠮᠠᠰ ᠴᠥᠮ ᠵᠡᠷᠭᠡᠯᠭᠡᠨ ᠮᠡᠲᠦ ᠵᠢᠷᠪᠢᠯᠵᠡᠵᠦ ᠪᠠᠢᠯ᠎ᠠ᠃
ᠴᠠᠢᠳᠠᠮ ᠬᠥᠨᠳᠡᠢ ᠶ᠋ᠢᠨ ᠵᠡᠭᠦᠨ ᠵᠠᠬ᠎ᠠ ᠨᠢ ᠪᠣᠯᠤᠭᠰᠠᠨ ᠬᠡᠰᠡᠭ ᠳᠠᠷᠠᠰᠤ ᠤᠷᠤᠭᠤ ᠡᠬᠡ ᠡᠴᠡ ᠭᠠᠷᠤᠭᠠᠳ ᠬᠡᠳᠦᠬᠡᠨ ᠬᠣᠨᠣᠭᠰᠠᠨ ᠴᠠᠢᠪᠤᠷ ᠴᠠᠭᠠᠨ ᠢᠨᠵᠠᠭ᠎ᠠ ᠳᠠᠭᠠᠭᠤᠯᠤᠭᠰᠠᠨ ᠰᠢᠷᠠᠭᠴᠢᠨ ᠣᠷᠣᠵᠤ ᠢᠷᠡᠯ᠎ᠡ᠃
ᠢᠨᠵᠠᠭ᠎ᠠ ᠨᠢ ᠲᠣᠩᠭᠣᠴᠢᠨ ᠲᠣᠭᠯᠠᠵᠤ ᠣᠷᠴᠢᠨ ᠲᠣᠭᠣᠷᠢᠨ ᠳ᠋ᠤ᠌ ᠥᠪᠡᠷ ᠡᠴᠡ ᠨᠢ ᠥᠭᠡᠷ᠎ᠡ ᠶᠠᠭᠤᠮ᠎ᠠ ᠦᠭᠡᠢ ᠮᠡᠲᠦ ᠪᠦᠬᠦᠨ ᠢ᠋ ᠮᠠᠷᠲᠠᠨ ᠶᠠᠪᠤᠬᠤ ᠳ᠋ᠤ᠌ ᠨᠢ ᠡᠬᠡ ᠨᠢ ᠲᠠᠯ᠎ᠠ ᠪᠦᠷᠢ ᠰᠡᠷᠪᠡᠯᠵᠡᠨ ᠥᠴᠦᠬᠡᠨ ᠴᠢᠮᠡᠭᠡ ᠶ᠋ᠢ ᠴᠤ᠌ ᠰᠡᠷᠡᠮᠵᠢᠯᠡᠨ ᠴᠢᠩᠨᠠᠵᠤ ᠨᠢᠳᠦᠨ ᠳ᠋ᠦ᠍ ᠨᠢ ᠲᠤᠷᠠᠭᠰᠠᠨ ᠪᠦᠬᠦᠨ ᠢ᠋《 ᠶᠠᠭᠤ ᠪᠣᠢ! ᠶᠠᠭᠠᠬᠢᠬᠤ ᠭᠡᠵᠦ ᠪᠠᠢᠨ᠎ᠠ!》ᠭᠡᠰᠡᠨ ᠪᠣᠯᠤᠯᠲᠠᠢ ᠨᠠᠷᠢᠪᠴᠢᠯᠠᠨ ᠠᠵᠢᠭᠯᠠᠵᠤ ᠶᠠᠪᠤᠨ᠎ᠠ᠃
ᠤᠭᠤᠷᠠᠭ ᠨᠢ ᠳᠠᠭᠤᠰᠤᠭ᠎ᠠ ᠦᠭᠡᠢ ᠥᠶᠥᠭ ᠰᠦᠨ ᠳ᠋ᠦ᠍ ᠪᠡᠨ ᠭᠡᠳᠡᠰᠦ ᠨᠢ ᠴᠠᠳᠤᠭᠰᠠ ᠠ᠋ᠴᠠ ᠴᠤ᠌ ᠶᠤᠮ ᠤᠤ? ᠨᠢᠯᠬ᠎ᠠ ᠪᠡᠶ᠎ᠡ ᠨᠢ ᠲᠣᠭᠯᠠᠭᠠᠮ ᠳ᠋ᠤ᠌ ᠪᠠᠨ ᠶᠠᠳᠠᠷᠠᠭᠰᠠᠨ ᠠ᠋ᠴᠠ ᠴᠤ᠌ ᠶᠤᠮ ᠤᠤ? ᠠᠯᠢ ᠵᠠᠭᠤ ᠵᠠᠭᠤᠨ ᠵᠢᠯ ᠢ᠋ᠶ᠋ᠡᠷ ᠦᠷᠭᠦᠯᠵᠢᠯᠡᠭᠰᠡᠨ ᠬᠠᠲᠠᠭᠤ ᠠᠮᠢᠳᠤᠷᠠᠯ ᠤ᠋ᠨ ᠰᠤᠷᠭᠠᠯ ᠴᠤ᠌ ᠶᠤᠮ ᠤᠤ? ᠪᠤᠤ ᠮᠡᠳᠡ᠂ ᠶᠠᠭᠤ ᠴᠤ᠌ ᠭᠡᠰᠡᠨ ᠳᠡᠷᠡᠰᠦᠨ ᠳ᠋ᠦ᠍ ᠣᠷᠣᠭᠰᠠᠨ ᠤ᠋ ᠳᠠᠷᠠᠭ᠎ᠠ ᠤᠳᠠᠯ ᠦᠭᠡᠢ ᠢᠨᠵᠠᠭ᠎ᠠ ᠨᠢ ᠨᠢᠭᠤᠭᠳᠠᠨ ᠤᠨᠲᠠᠪᠠ᠃
ᠶᠡᠷᠦ ᠨᠢ ᠰᠢᠷᠠᠭᠴᠢᠨ ᠡᠳᠦᠷ ᠦ᠋ᠨ ᠴᠠᠭ ᠲᠤ᠌ ᠨᠢᠯᠬ᠎ᠠ ᠢᠨᠵᠠᠭ᠎ᠠ ᠪᠠᠨ ᠪᠤᠲᠠ ᠪᠤᠶᠤ ᠳᠡᠷᠡᠰᠦᠨ ᠳ᠋ᠦ᠍ ᠬᠢᠷᠤᠭᠯᠠᠵᠤ ᠨᠢᠭᠤᠭᠠᠳ ᠥᠪᠡᠷ ᠢ᠋ᠶ᠋ᠡᠨ ᠰᠢᠨᠡᠬᠡᠨ ᠤᠷᠭᠤᠭᠰᠠᠨ ᠨᠣᠭᠣᠭ᠎ᠠ ᠴᠢᠮᠬᠢᠯᠡᠨ ᠢᠳᠡᠳᠡᠭ᠃ ᠡᠨᠡ ᠦᠶ᠎ᠡ ᠳ᠋ᠦ᠍ ᠶᠠᠮᠠᠷ ᠨᠢᠭᠡᠨ ᠠᠶᠤᠯ ᠢᠷᠡᠪᠡᠯ ᠬᠤᠷᠳᠤᠨ ᠬᠥᠯ ᠦ᠋ᠨ ᠬᠦᠴᠦ ᠪᠡᠷ ᠳᠠᠭᠠᠭᠤᠯᠤᠨ ᠵᠢᠭᠤᠲᠠᠵᠤ ᠲᠥᠭᠡᠷᠢᠭᠦᠯᠦᠨ ᠡᠷᠭᠢᠵᠦ ᠢᠷᠡᠵᠦ ᠤᠨᠲᠠᠵᠤ ᠬᠣᠴᠣᠷᠤᠭᠰᠠᠨ ᠦᠷ᠎ᠡ ᠳ᠋ᠦ᠍ ᠪᠡᠨ ᠠᠶᠤᠯ ᠢ᠋ ᠵᠠᠢᠯᠠᠭᠤᠯᠤᠭᠰᠠᠨ ᠪᠠᠶᠠᠷᠲᠤ ᠠᠭᠤᠯᠵᠠᠯᠲᠠ ᠪᠠᠷ᠂ ᠴᠡᠴᠡᠭᠯᠡᠭᠰᠡᠨ ᠠᠮᠢᠳᠤᠷᠠᠯ ᠢ᠋ᠶ᠋ᠠᠷ ᠠᠮᠢᠯᠠᠭᠳᠠᠭᠰᠠᠨ ᠰᠦ ᠪᠡᠨ ᠥᠭᠳᠡᠭ᠃ ᠢᠨᠵᠠᠭ᠎ᠠ ᠪᠠᠨ ᠨᠢᠭᠤᠭᠰᠠᠨ ᠤ᠋ ᠳᠠᠷᠠᠭ᠎ᠠ ᠰᠢᠷᠠᠭᠴᠢᠨ ᠵᠦᠭ ᠪᠦᠷᠢ ᠭᠤᠸ᠎ᠠ ᠴᠢᠬᠢ ᠪᠡᠨ ᠰᠣᠭᠣᠲᠣᠭᠣᠨᠠᠭᠤᠯᠤᠨ ᠳᠡᠭᠡᠷ᠎ᠡ ᠳᠡᠭᠡᠷ᠎ᠡ ᠦᠰᠦᠷᠦᠨ ᠲᠣᠭᠯᠠᠳᠠᠭ᠃
ᠡᠨᠡ ᠦᠶ᠎ᠡ ᠳ᠋ᠦ᠍ ᠨᠢ ᠲᠡᠭᠦᠨ ᠢ᠋ ᠪᠥᠵᠢᠭᠴᠢᠨ ᠬᠥᠮᠦᠨ ᠬᠠᠷᠠᠪᠠᠯ ᠤᠷᠠᠨ ᠬᠥᠳᠡᠯᠭᠡᠭᠡᠨ ᠦ᠌ ᠬᠤᠷᠠᠮᠳᠤᠯ ᠪᠣᠯᠤᠭᠰᠠᠨ ᠭᠣᠶᠣᠮᠰᠣᠭ ᠬᠥᠳᠡᠯᠦᠯ ᠢ᠋ ᠲᠤᠰᠬᠠᠨ ᠠᠪᠬᠤ ᠨᠢ ᠳᠠᠮᠵᠢᠭ ᠦᠭᠡᠢ ᠪᠢᠯᠡ᠃
ᠨᠥᠭᠦᠭᠡ ᠰᠢᠷᠠᠭᠴᠢᠨ ᠴᠣᠪᠬᠣᠷᠠᠨ ᠬᠠᠷᠠᠢᠯᠠᠨ ᠳᠡᠭᠳᠡᠵᠦ ᠬᠡᠰᠡᠭ ᠲᠣᠭᠯᠠᠭᠠᠳ ᠬᠤᠷᠴᠠ ᠦᠨᠦᠷ ᠨᠢ ᠬᠠᠮᠠᠷ ᠤᠷᠤᠭᠤ ᠴᠣᠷᠭᠢᠭᠰᠠᠨ ᠰᠣᠶᠣᠭᠠᠯᠠᠵᠤ ᠪᠠᠢᠭ᠎ᠠ ᠨᠢᠯᠬ᠎ᠠ ᠳᠠᠭᠠᠨ᠎ᠠ ᠶ᠋ᠢ ᠠᠮᠲᠠᠷᠬᠠᠨ ᠢᠳᠡᠪᠡ᠃
ᠭᠡᠲᠡᠯ᠎ᠡ ᠰᠢᠷᠠᠭᠴᠢᠨ ᠤ᠋ ᠬᠠᠵᠠᠭᠤ ᠪᠠᠷ ᠭᠠᠷᠤᠭᠰᠠᠨ ᠵᠠᠮ ᠢ᠋ᠶ᠋ᠠᠷ ᠵᠢᠯᠣᠭᠣᠴᠢ ᠠ᠋ᠴᠠ ᠭᠠᠳᠠᠨ᠎ᠠ ᠭᠤᠷᠪᠠᠨ ᠵᠤᠭᠠᠯᠠᠭᠴᠢ ᠰᠠᠭᠤᠭᠰᠠᠨ ᠮᠠᠰᠢᠨ ᠲᠣᠭᠣᠰᠣ ᠮᠠᠨᠠᠷᠠᠭᠤᠯᠤᠨ ᠳᠠᠪᠬᠢᠵᠤ ᠢᠷᠡᠯ᠎ᠡ᠃
ᠬᠤᠷᠳᠤᠯᠠᠨ ᠶᠠᠪᠤᠭ᠎ᠠ ᠮᠠᠰᠢᠨ ᠳᠣᠲᠣᠷ᠎ᠠ ᠠᠷᠢᠬᠢᠨ ᠤ᠋ ᠡᠬᠡᠭᠦᠨ ᠦᠨᠦᠷ᠂ ᠲᠠᠮᠠᠬᠢᠨ ᠤ᠋ ᠭᠠᠰᠢᠭᠤᠨ ᠤᠲᠤᠭ᠎ᠠ ᠲᠠᠢ ᠬᠣᠯᠢᠯᠳᠤᠨ ᠬᠠᠩᠬᠤᠯᠵᠤ᠂ ᠵᠢᠯᠣᠭᠣᠴᠢ ᠶ᠋ᠢᠨ ᠠᠷᠤ ᠲᠠᠯ᠎ᠠ ᠳ᠋ᠤ᠌ ᠰᠠᠭᠤᠭᠰᠠᠨ ᠬᠥᠮᠦᠨ ᠡᠴᠡ ᠪᠤᠰᠤᠳ ᠨᠢ ᠨᠡᠯᠢᠶᠡᠳ ᠰᠣᠭᠲᠣᠭᠰᠠᠨ ᠲᠤᠯᠠ ᠨᠢᠳᠦ ᠨᠢ ᠴᠢᠭᠯᠡᠭᠰᠡᠨ ᠶᠠᠭᠤᠮ᠎ᠠ ᠦᠭᠡᠢ ᠭᠥᠯᠢᠯᠵᠡᠨ ᠡᠷᠡᠭᠡᠯᠵᠡᠵᠦ ᠲᠣᠯᠣᠭᠠᠢ ᠨᠢ ᠮᠣᠲ᠋ᠣᠷ ᠤ᠋ᠨ ᠵᠢᠭᠳᠡ ᠠᠵᠢᠯᠯᠠᠭ᠎ᠠ ᠲᠠᠢ ᠴᠣᠬᠢᠯᠲᠠ ᠨᠡᠢᠯᠡᠭᠦᠯᠬᠦ ᠭᠡᠰᠡᠨ ᠶᠦᠮ ᠰᠢᠭ ᠬᠠᠶᠠᠯᠠᠨ ᠭᠠᠩᠬᠤᠵᠤ ᠶᠠᠪᠤᠯ᠎ᠠ᠃
ᠬᠡᠷᠪᠡ ᠵᠢᠯᠣᠭᠣᠴᠢ ᠶ᠋ᠢᠨ ᠬᠠᠵᠠᠭᠤ ᠳ᠋ᠤ᠌ ᠰᠠᠭᠤᠭᠴᠢ ᠲᠠᠮᠠᠬᠢ ᠪᠠᠨ ᠨᠣᠴᠣᠭᠠᠬᠤ ᠬᠡᠷᠡᠭ ᠭᠠᠷᠤᠭ᠎ᠠ ᠦᠭᠡᠢ ᠪᠣᠯ ᠰᠢᠷᠠᠭᠴᠢᠨ ᠡᠬᠡ ᠦᠷ᠎ᠡ ᠬᠣᠶᠠᠷ ᠭᠠᠰᠢᠭᠤᠨ ᠵᠣᠪᠠᠯᠠᠩ ᠳ᠋ᠤ᠌ ᠤᠴᠠᠷᠠᠯ ᠦᠭᠡᠢ ᠥᠩᠭᠡᠷᠡᠭᠴᠢ ᠪᠣᠯᠬᠤ ᠪᠠᠢᠭᠰᠠᠨ ᠪᠢᠯᠡ᠃ ᠭᠡᠲᠡᠯ᠎ᠡ ᠲᠠᠮᠠᠬᠢ ᠪᠠᠨ ᠨᠣᠴᠣᠭᠠᠯᠭᠠᠬᠤ ᠭᠡᠵᠦ ᠵᠢᠯᠣᠭᠣᠴᠢ ᠤᠷᠤᠭᠤ ᠡᠭᠴᠡᠯᠡᠨ ᠬᠠᠷᠠᠭᠰᠠᠨ ᠨᠢᠳᠦᠨ ᠦ᠌ ᠨᠢ ᠦᠵᠦᠭᠦᠷ ᠲᠦ᠍᠂ ᠲᠠᠯ᠎ᠠ ᠳ᠋ᠤ᠌ ᠢᠳᠡᠵᠦ ᠪᠠᠢᠭ᠎ᠠ ᠭᠠᠭᠴᠠ ᠰᠢᠷᠠᠭᠴᠢᠨ ᠬᠠᠷᠠᠭᠳᠠᠪᠠ᠃
《ᠵᠡᠭᠡᠷ᠎ᠡ!》 ᠭᠡᠵᠦ ᠬᠠᠰᠬᠢᠷᠬᠤ ᠳ᠋ᠤ᠌ ᠶᠠᠭ ᠬᠣᠢᠨ᠎ᠠ ᠨᠢ ᠰᠠᠭᠤᠭᠴᠢ ᠤᠬᠤᠰᠬᠢᠨ᠄
《ᠬᠠᠮᠢᠭ᠎ᠠ?》 ᠭᠡᠵᠦ ᠬᠠᠷᠢᠭᠤ ᠬᠠᠰᠬᠢᠷᠤᠭᠠᠳ ᠨᠣᠢᠷᠮᠤᠭ ᠨᠢᠳᠦ ᠪᠡᠷ ᠲᠠᠯ᠎ᠠ ᠪᠦᠬᠦᠨ ᠤᠷᠤᠭᠤ ᠪᠠᠨ ᠬᠠᠷᠠᠯ᠎ᠠ᠃
《ᠢᠨᠵᠠᠭ᠎ᠠ ᠲᠠᠢ ᠰᠢᠷᠠᠭᠴᠢᠨ ᠪᠣᠯᠤᠯᠲᠠᠢ᠃ ᠲᠡᠭᠡᠭᠡᠳ ᠡᠳᠦᠢ ᠳ᠋ᠦ᠍ ᠴᠠᠭᠠᠵᠠᠯᠠᠭᠰᠠᠨ ᠰᠢᠦ ᠳᠡ 》ᠭᠡᠵᠦ ᠵᠢᠯᠣᠭᠣᠴᠢ ᠶ᠋ᠢᠨ ᠠᠷᠤ ᠳ᠋ᠤ᠌ ᠰᠠᠭᠤᠭᠴᠢ ᠬᠡᠯᠡᠪᠡ᠃
《ᠵᠤᠭᠠᠯᠠᠵᠤ ᠶᠠᠪᠤᠭ᠎ᠠ ᠪᠢᠳᠡᠨ ᠳ᠋ᠦ᠍ ᠶᠠᠮᠠᠷ ᠬᠠᠮᠢᠶ᠎ᠠ ᠲᠠᠢ ᠶᠤᠮ ᠪᠣᠢ᠃ ᠫᠤᠤᠳᠠᠵᠤ ᠯᠠ ᠪᠠᠢᠪᠠᠯ ᠪᠠᠷᠠᠪᠠ᠃ ᠵᠠ ᠪᠡᠯᠡᠳᠬᠡᠭᠡᠷᠡᠢ 》ᠭᠡᠵᠦ ᠵᠢᠯᠣᠭᠣᠴᠢ ᠨᠢ ᠬᠡᠯᠡᠭᠡᠳ ᠮᠠᠰᠢᠨ ᠢ᠋ᠶ᠋ᠠᠨ ᠡᠷᠭᠢᠭᠦᠯᠵᠦ ᠴᠢᠮᠡᠭᠡᠨ ᠡᠴᠡ ᠴᠣᠴᠢᠨ ᠰᠡᠷᠡᠮᠵᠢᠯᠡᠭᠰᠡᠨ ᠰᠢᠷᠠᠭᠴᠢᠨ ᠤ᠋ ᠵᠦᠭ ᠬᠤᠷᠳᠤᠯᠠᠨ ᠳᠠᠪᠬᠢᠯ᠎ᠠ᠃
《ᠬᠠᠤᠯᠢ ᠪᠡᠶᠡᠯᠡᠭᠦᠯᠬᠦ ᠶ᠋ᠢᠨ ᠲᠤᠯᠠᠳᠠ ᠭᠠᠷᠤᠭᠰᠠᠨ ᠬᠠᠤᠯᠢ ᠶ᠋ᠢ ᠬᠠᠷᠢᠨ ᠪᠡᠶᠡᠯᠡᠭᠦᠯᠬᠦ ᠦᠭᠡᠢ ᠪᠣᠯ ᠬᠠᠷᠢᠭᠤᠴᠠᠯᠭ᠎ᠠ ᠪᠠᠢᠳᠠᠭ ᠰᠢᠦ ᠳᠡ》 ᠭᠡᠵᠦ ᠵᠢᠯᠣᠭᠣᠴᠢ ᠶ᠋ᠢᠨ ᠠᠷᠤ ᠳ᠋ᠤ᠌ ᠰᠠᠭᠤᠭᠴᠢ ᠬᠡᠯᠡᠭᠰᠡᠨ ᠳ᠋ᠦ᠍
《ᠵᠠ ᠡᠨᠡ ᠴᠢᠨᠢ ᠬᠠᠤᠯᠢ ᠬᠠᠮᠠᠭᠠᠯᠠᠭᠴᠢ ᠭᠠᠷᠪᠠ ᠪᠣᠯᠤᠯᠲᠠᠢ》 ᠭᠡᠵᠦ ᠵᠢᠯᠣᠭᠣᠴᠢ ᠶ᠋ᠢᠨ ᠬᠠᠵᠠᠭᠤ ᠳ᠋ᠤ᠌ ᠰᠠᠭᠤᠭᠴᠢ ᠬᠡᠯᠡᠭᠡᠳ ᠶᠡᠬᠡ ᠬᠥᠭᠵᠢᠯᠲᠡᠢ ᠢᠨᠢᠶᠡᠭᠰᠡᠨ ᠢ᠋ᠶ᠋ᠡᠨ᠃
《ᠵᠠ ᠬᠥᠭᠡᠭᠡᠭᠡᠳ》 ᠭᠡᠵᠦ ᠬᠡᠯᠡᠪᠡ᠃ ᠠᠭᠤᠯᠠ ᠲᠠᠯ᠎ᠠ ᠳ᠋ᠤ᠌ ᠨᠢ ᠢᠨᠵᠠᠭ᠎ᠠ ᠨᠢ ᠤᠨᠲᠠᠵᠤ ᠪᠠᠢᠭ᠎ᠠ ᠲᠤᠯᠠ ᠢᠷᠡᠵᠦ ᠪᠠᠢᠭ᠎ᠠ ᠠᠶᠤᠯ ᠢ᠋ ᠬᠣᠯᠠᠳᠤᠭᠤᠯᠤᠨ ᠵᠠᠢᠯᠠᠭᠤᠯᠬᠤ ᠭᠡᠵᠦ ᠰᠢᠷᠠᠭᠴᠢᠨ ᠥᠷᠭᠡᠨ ᠴᠠᠭᠠᠨ ᠲᠠᠯ᠎ᠠ ᠤᠷᠤᠭᠤ ᠳᠡᠭᠳᠡᠨ ᠦᠰᠦᠷᠴᠦ ᠭᠤᠸ᠎ᠠ ᠴᠢᠬᠢ ᠪᠡᠨ ᠪᠣᠰᠬᠠᠨ ᠰᠣᠯᠪᠢᠵᠤ ᠴᠣᠢᠯᠠᠨ ᠳᠠᠪᠬᠢᠪᠠ᠃
ᠴᠣᠩᠬᠣ ᠪᠠᠷ ᠨᠢ ᠫᠤᠤ ᠨᠤᠭᠤᠳ ᠱᠣᠷᠣᠯᠵᠠᠨ ᠭᠠᠷᠤᠭᠰᠠᠨ ᠮᠠᠰᠢᠨ᠂ ᠵᠡᠭᠡᠷ᠎ᠡ ᠶ᠋ᠢᠨ ᠬᠣᠢᠨ᠎ᠠ ᠠ᠋ᠴᠠ ᠪᠠᠢᠳᠠᠭ ᠬᠤᠷᠳᠤ ᠪᠠᠷ ᠳᠣᠪᠲᠣᠯᠤᠨ ᠢᠷᠡᠯ᠎ᠡ᠃
ᠬᠤᠷᠳᠤᠨ ᠬᠥᠯ ᠳ᠋ᠡᠭᠡᠨ ᠭᠦᠨ ᠢᠲᠡᠭᠡᠭᠰᠡᠨ ᠰᠢᠷᠠᠭᠴᠢᠨ ᠳᠡᠭᠦᠯᠢᠵᠦ ᠳᠥᠷᠪᠡᠨ ᠬᠥᠯ ᠨᠢ ᠭᠠᠵᠠᠷ ᠬᠦᠷᠴᠦ ᠪᠠᠢᠭ᠎ᠠ ᠡᠰᠡᠬᠦ ᠨᠢ ᠦᠯᠦ ᠮᠡᠳᠡᠭᠳᠡᠨ ᠬᠤᠷᠳᠤᠯᠠᠪᠠ᠃ ᠭᠡᠪᠡᠴᠦ ᠡᠨᠡ ᠤᠳᠠᠭ᠎ᠠ ᠲᠡᠭᠦᠨ ᠦ᠌ ᠬᠣᠢᠨ᠎ᠠ ᠠ᠋ᠴᠠ ᠡᠴᠦᠰ ᠲᠡᠭᠡᠨ ᠡᠴᠡᠳᠡᠭ ᠪᠤᠯᠴᠢᠩ ᠰᠢᠷᠪᠥᠰᠥ ᠲᠡᠢ ᠠᠮᠢᠲᠠᠨ ᠬᠥᠭᠡᠭᠡᠵᠦ ᠪᠠᠢᠭ᠎ᠠ ᠪᠢᠰᠢ ᠡᠴᠡᠬᠦ ᠴᠤᠴᠠᠬᠤ ᠶ᠋ᠢ ᠦᠯᠦ ᠮᠡᠳᠡᠬᠦ ᠬᠤᠷᠳᠤᠨ ᠬᠦᠯᠦᠭ ᠤᠨᠤᠵᠤ ᠪᠤᠳᠠᠭᠠᠨ ᠰᠤᠮᠤ ᠪᠠᠷ ᠵᠡᠪᠰᠡᠭᠯᠡᠭᠡᠳ ᠭᠦᠢᠴᠡᠭᠳᠡᠬᠦ ᠦᠭᠡᠢ ᠵᠣᠪᠠᠭᠠᠨ ᠵᠢᠭᠤᠲᠠᠵᠤ ᠪᠠᠢᠭ᠎ᠠ ᠵᠡᠭᠡᠷ᠎ᠡ ᠶ᠋ᠢ ᠶᠠᠭᠤ ᠪᠣᠯᠤᠭᠰᠠᠨ ᠴᠤ᠌ ᠠᠯᠠᠬᠤ ᠠᠩᠭᠢ ᠶ᠋ᠢᠨ ᠰᠢᠨᠤᠯ ᠣᠷᠬᠢᠯᠠᠭᠰᠠᠨ ᠳᠠᠢᠰᠤᠨ ᠮᠥᠷᠳᠡᠵᠦ ᠶᠠᠪᠤᠭ᠎ᠠ ᠲᠤᠯᠠ ᠬᠡᠳᠦᠢ ᠬᠦᠴᠦ ᠲᠠᠯᠪᠢᠨ ᠬᠤᠷᠳᠤᠯᠠᠪᠠᠴᠤ ᠬᠣᠯᠠᠳᠠᠵᠤ ᠬᠣᠴᠣᠷᠬᠤ ᠦᠭᠡᠢ ᠬᠠᠷᠢᠨ ᠤᠯᠠᠮ ᠣᠢᠷᠠᠲᠤᠪᠠ᠃
ᠫᠤᠤ ᠵᠣᠭᠰᠣᠯᠲᠠ ᠦᠭᠡᠢ ᠰᠢᠬᠠᠮ ᠨᠢᠵᠢᠭᠢᠨᠡᠵᠦ ᠮᠠᠰᠢᠨ ᠤ᠋ ᠳᠣᠬᠢᠶ᠎ᠠ ᠴᠢᠮᠡᠭᠡ ᠦᠷᠭᠦᠯᠵᠢᠯᠡᠨ ᠳᠤᠤᠭᠠᠷᠴᠤ ᠰᠢᠷᠠᠭᠴᠢᠨ ᠤ᠋ ᠦᠰᠦᠷᠦᠨ ᠴᠣᠢᠯᠠᠬᠤ ᠨᠢ ᠬᠣᠪᠣᠷᠳᠠᠨ ᠴᠡᠯᠮᠡᠭ ᠨᠢᠳᠦ ᠨᠢ ᠪᠦᠯᠲᠡᠭᠡᠨᠡᠨ ᠮᠠᠨᠠᠨᠲᠤᠵᠤ ᠪᠣᠰᠤᠭ᠎ᠠ ᠴᠢᠬᠢ ᠨᠢ ᠠᠯᠭᠤᠷ ᠢ᠋ᠶ᠋ᠠᠷ ᠬᠣᠢᠰᠢ ᠪᠠᠨ ᠪᠠᠭᠤᠵᠤ ᠪᠠᠢᠯ᠎ᠠ᠃ ᠮᠠᠰᠢᠨ ᠳᠣᠲᠣᠷ᠎ᠠ ᠠ᠋ᠴᠠ 《ᠬᠠᠷ᠎ᠠ ᠪᠠᠷᠮᠠ ᠴᠢᠨᠢ ᠣᠨᠣᠭᠳᠠᠬᠤ ᠦᠭᠡᠢ ᠨᠢ. ᠶᠣᠣ ᠶᠣᠣ ᠶᠠᠮᠠᠷ ᠶᠡᠬᠡ ᠳᠣᠩᠰᠣᠯᠳᠠᠭ ᠶᠤᠮ ᠪᠣᠢ᠃ ᠲᠣᠯᠣᠭᠠᠢ ᠬᠠᠭᠠᠯᠠᠴᠢᠬᠠ ᠨᠢ᠂ ᠠᠯᠢ ᠪᠣᠢ ᠰᠤᠮᠤ ᠠᠪᠤᠭᠠᠳ ᠠᠯᠢ᠃ ᠡᠮᠦᠨ᠎ᠡ ᠨᠢ ᠪᠠᠷᠢᠵᠤ ᠪᠠᠢᠭᠠᠳ ᠮᠤᠯᠲᠤᠯᠵᠤ ᠣᠷᠭᠢ᠃ ᠠ ᠮᠣᠨᠳᠢ ᠠ᠋ᠴᠠ ᠪᠣᠯᠵᠤ ᠭᠠᠷ ᠢ᠋ᠶ᠋ᠠᠨ ᠰᠢᠯᠪᠤᠯᠵᠤ ᠣᠷᠬᠢᠯ᠎ᠠ᠃ ᠴᠢᠮᠠᠢ ᠤᠤ ᠳᠠ》 ᠭᠡᠬᠦ ᠵᠡᠷᠭᠡ ᠳᠠᠭᠤ ᠰᠣᠨᠣᠰᠤᠭᠳᠠᠵᠤ ᠪᠠᠢᠯ᠎ᠠ᠃
ᠭᠠᠭᠴᠠ ᠬᠦ᠌ ᠵᠢᠯᠣᠭᠣᠴᠢ ᠶ᠋ᠢᠨ ᠠᠷᠤ ᠳ᠋ᠤ᠌ ᠬᠥᠳᠡᠯᠦᠯ ᠦᠭᠡᠢ ᠰᠠᠭᠤᠭᠠᠳ ᠬᠥᠮᠥᠭᠡᠢ ᠪᠡᠨ ᠵᠠᠭᠤᠨ ᠰᠠᠯᠬᠢᠨ ᠳ᠋ᠤ᠌ ᠪᠠᠭ᠎ᠠ ᠵᠡᠷᠭᠡ ᠭᠠᠩᠳᠠᠭᠰᠠᠨ ᠨᠢᠭᠤᠷ ᠢ᠋ᠶ᠋ᠠᠨ ᠪᠠᠷᠤᠢᠯᠭᠠᠨ᠂ ᠪᠠᠷᠢᠵᠤ ᠶᠠᠳᠠᠭᠰᠠᠨ ᠵᠠᠨᠤᠯᠬᠢᠯᠡᠯ ᠨᠢᠳᠦᠨ ᠳ᠋ᠦ᠍ ᠨᠢ ᠲᠤᠶᠠᠭᠠᠷᠠᠭᠰᠠᠨ ᠨᠢᠭᠡ ᠬᠥᠮᠦᠨ ᠳᠤᠤᠭᠠᠷᠤᠯ ᠦᠭᠡᠢ 《ᠲᠣᠯᠣᠭᠠᠢ ᠶ᠋ᠢ ᠪᠡᠨ ᠴᠣᠬᠢᠬᠤ ᠭᠠᠷ ᠢ᠋ᠶ᠋ᠠᠨ ᠰᠢᠯᠪᠤᠯᠠᠬᠤ ᠴᠢᠨᠢ ᠶᠠᠭᠤ ᠴᠤ᠌ ᠪᠢᠰᠢ᠃ ᠬᠠᠷᠢᠨ ᠭᠡᠮ ᠦᠭᠡᠢ ᠠᠮᠢᠲᠠᠨ ᠤ᠋ ᠠᠮᠢᠳᠤᠷᠠᠯ ᠢ᠋ᠶ᠋ᠠᠷ ᠬᠠᠤᠯᠢ ᠵᠥᠷᠢᠴᠡᠵᠦ ᠲᠣᠭᠯᠠᠨ ᠡᠷᠬᠢᠯᠡᠬᠦ ᠴᠢᠨᠢ ᠯᠡ ᠳᠡᠩᠳᠡᠵᠦ ᠪᠠᠢᠨ᠎ᠠ 》ᠭᠡᠵᠦ ᠰᠡᠳᠬᠢᠯ ᠳ᠋ᠦ᠍ ᠪᠡᠨ ᠳᠠᠬᠢᠨ ᠳᠠᠬᠢᠨ ᠰᠢᠪᠡᠨᠡᠨ ᠶᠠᠪᠤᠵᠠᠢ᠃
ᠦᠨᠡᠨ ᠳ᠋ᠡᠭᠡᠨ ᠬᠥᠭᠡᠭᠡᠭᠴᠢᠳ ᠲᠦ᠍ ᠡᠨᠡ ᠶᠠᠪᠤᠳᠠᠯ ᠪᠣᠭᠣᠨᠢ ᠬᠤᠭᠤᠴᠠᠭᠠᠨ ᠤ᠋ ᠬᠥᠭᠵᠢᠯᠲᠡᠢ ᠲᠣᠬᠢᠶᠠᠯ ᠪᠠᠢᠭᠰᠠᠨ ᠪᠣᠯ ᠰᠢᠷᠠᠭᠴᠢᠨ ᠳ᠋ᠤ᠌ ᠬᠣᠶᠠᠷ ᠠᠮᠠ ᠶ᠋ᠢᠨ ᠲᠥᠯᠥᠭᠡ ᠬᠢᠵᠦ ᠪᠠᠢᠭ᠎ᠠ ᠰᠢᠷᠦᠭᠦᠨ ᠲᠡᠮᠡᠴᠡᠯ ᠪᠠᠢᠵᠠᠢ᠃ ᠰᠢᠷᠠᠭᠴᠢᠨ ᠠᠭᠤᠯᠠ ᠤᠷᠤᠭᠤ ᠵᠢᠭᠤᠲᠠᠭᠰᠠᠨ ᠪᠣᠯ ᠡᠳᠦᠢ ᠳ᠋ᠦ᠍ ᠮᠥᠷᠳᠡᠭᠴᠢ ᠡᠴᠡ ᠪᠡᠨ ᠰᠠᠯᠵᠤ᠂ ᠬᠥᠰᠢᠭᠰᠡᠨ ᠪᠤᠯᠴᠢᠩ ᠢ᠋ ᠪᠡᠨ ᠠᠮᠠᠷᠠᠭᠤᠯᠤᠭᠠᠳ ᠬᠢᠷᠤᠭᠰᠠᠨ ᠦᠷ᠎ᠡ ᠤᠷᠤᠭᠤ ᠪᠠᠨ ᠬᠡᠯᠲᠦᠷᠢᠨ ᠶᠠᠪᠤᠵᠤ ᠪᠣᠯᠬᠤ ᠰᠠᠨ ᠪᠢᠯᠡ᠃ ᠭᠡᠲᠡᠯ᠎ᠡ ᠰᠢᠷᠠᠭᠴᠢᠨ ᠬᠥᠭᠡᠬᠦ ᠲᠣᠰᠤᠮ ᠵᠠᠬ᠎ᠠ ᠬᠢᠵᠠᠭᠠᠷ ᠨᠢ ᠦᠯᠦ ᠮᠡᠳᠡᠭᠳᠡᠬᠦ ᠥᠷᠭᠡᠨ ᠲᠠᠯ᠎ᠠ ᠶ᠋ᠢᠨ ᠭᠦᠨ ᠤᠷᠤᠭᠤ ᠲᠡᠮᠡᠦᠯᠵᠦ ᠪᠠᠢᠪᠠ᠃ ᠬᠡᠴᠢᠨᠡᠨ ᠺᠢᠯᠣᠮᠧᠲ᠋ᠷ ᠬᠥᠭᠡᠭᠡᠭᠰᠡᠨ ᠢ᠋ ᠬᠡᠨ ᠴᠦ᠍ ᠬᠡᠮᠵᠢᠭᠰᠡᠨ ᠦᠭᠡᠢ᠃ ᠬᠡᠳᠦ ᠳᠠᠬᠢᠨ ᠫᠤᠤᠳᠠᠭᠰᠠᠨ ᠢ᠋ ᠬᠡᠨ ᠴᠦ᠍ ᠲᠣᠭᠠᠯᠠᠭᠰᠠᠨ ᠦᠭᠡᠢ᠃ ᠡᠴᠦᠰ ᠲᠡᠭᠡᠨ ᠰᠢᠷᠠᠭᠴᠢᠨ ᠬᠣᠶᠠᠷ ᠴᠢᠬᠢ ᠪᠡᠨ ᠰᠢᠯᠢᠨ ᠳ᠋ᠦ᠍ ᠪᠡᠨ ᠨᠠᠭᠠᠵᠤ ᠠᠮᠠ ᠪᠠᠨ ᠠᠩᠭᠠᠢᠨ ᠪᠣᠭᠣᠨᠢᠬᠠᠨ ᠰᠡᠭᠦᠯ ᠢ᠋ᠶ᠋ᠡᠨ ᠬᠠᠪᠴᠢᠨ ᠲᠠᠪᠠᠯᠠᠨ ᠤᠷᠤᠰᠬᠤ ᠵᠢᠭᠳᠡ ᠬᠥᠳᠡᠯᠭᠡᠭᠡᠨ ᠢ᠋ᠶ᠋ᠡᠨ ᠠᠯᠳᠠᠵᠤ᠂ ᠥᠨᠳᠡᠭᠡᠨᠡᠨ ᠴᠣᠭᠭᠢᠬᠤ ᠪᠤᠶᠤ ᠵᠠᠷᠢᠮ ᠳ᠋ᠤ᠌ ᠪᠠᠨ ᠪᠦᠷ ᠱᠣᠭᠰᠢᠳᠠᠭ ᠪᠣᠯᠪᠠ᠃ ᠪᠤᠳᠠᠭᠠᠨ ᠰᠤᠮᠤ ᠴᠠᠢᠷᠠᠨ ᠡᠬᠢᠯᠡᠵᠦ ᠪᠠᠢᠭ᠎ᠠ ᠪᠥᠭᠰᠡ ᠶ᠋ᠢ ᠨᠢ ᠰᠡᠢᠴᠢᠨ ᠤᠨᠤᠭᠠᠳ ᠬᠤᠸᠠ ᠶᠠᠭᠠᠨ ᠴᠢᠰᠤ ᠬᠣᠩᠭᠠ ᠶ᠋ᠢ ᠨᠢ ᠳᠠᠭᠠᠵᠤ ᠤᠷᠤᠰᠤᠨ ᠡᠬᠢᠯᠡᠪᠡ᠃ ᠭᠡᠪᠡᠴᠦ ᠰᠢᠷᠠᠭᠴᠢᠨ ᠰᠡᠭᠦᠯᠴᠢ ᠶ᠋ᠢᠨ ᠢ᠋ᠶ᠋ᠡᠨ ᠬᠦᠴᠦ ᠶ᠋ᠢ ᠳᠠᠢᠴᠢᠯᠠᠨ ᠬᠠᠷᠠᠢᠭᠰᠠᠭᠠᠷ ᠪᠠᠢᠪᠠ᠃ ᠠᠮᠢᠳᠤᠷᠠᠯ ᠳ᠋ᠤ᠌ ᠪᠠᠨ ᠬᠡᠳᠦ ᠬᠡᠳᠦᠨ ᠢᠨᠵᠠᠭ᠎ᠠ ᠶ᠋ᠢ ᠪᠣᠢᠵᠢᠭᠤᠯᠤᠨ ᠲᠣᠷᠨᠢᠭᠤᠯᠵᠤ ᠲᠦᠮᠡᠨ ᠪᠡᠷᠬᠡᠰᠢᠶᠡᠯ ᠮᠢᠩᠭᠠᠨ ᠰᠠᠭᠠᠳ ᠢ᠋ ᠳᠠᠪᠠᠵᠤ ᠭᠠᠷᠤᠭᠰᠠᠨ ᠡᠨᠡ ᠰᠢᠷᠠᠭᠴᠢᠨ ᠬᠥᠭᠡᠭᠡᠭᠰᠡᠨ ᠳᠠᠢᠰᠤᠨ ᠢ᠋ ᠬᠤᠷᠳᠤᠨ ᠬᠥᠯ ᠦ᠋ᠨ ᠢ᠋ᠶ᠋ᠡᠨ ᠬᠦᠴᠦ ᠪᠡᠷ ᠵᠠᠢᠯᠠᠭᠤᠯᠤᠭᠠᠳ ᠤᠨᠲᠠᠭᠰᠠᠨ ᠦᠷ᠎ᠡ ᠳ᠋ᠦ᠍ ᠪᠡᠨ ᠡᠷᠭᠢᠨ ᠣᠴᠢᠵᠤ ᠪᠠᠢᠭᠰᠠᠨ ᠤᠳᠠᠭ᠎ᠠ ᠣᠯᠠᠨᠲᠠ ᠨᠢ ᠡᠷᠡᠭᠡᠯᠵᠡᠭᠡ ᠦᠭᠡᠢ᠃ ᠤᠴᠢᠷ ᠨᠢ ᠵᠡᠭᠡᠷ᠎ᠡ ᠶᠠᠮᠠᠷ ᠴᠤ᠌ ᠠᠮᠢᠲᠠᠨ ᠳ᠋ᠤ᠌ ᠥᠴᠦᠬᠡᠨ ᠴᠦ᠍ ᠬᠣᠣᠷ ᠬᠦᠷᠭᠡᠭᠡᠳᠡᠭ ᠦᠭᠡᠢ ᠪᠣᠯᠪᠠᠴᠤ᠂ ᠲᠡᠭᠦᠨ ᠦ᠌ ᠳᠠᠢᠰᠤᠨ ᠮᠤᠩᠳᠠᠬᠤ ᠪᠢᠰᠢ ᠳᠡ᠃
《ᠰᠤᠮᠤ ᠪᠠᠢᠨ᠎ᠠ ᠤᠤ?》 ᠭᠡᠵᠦ ᠬᠠᠰᠬᠢᠷᠬᠤ ᠳᠠᠭᠤ ᠮᠠᠰᠢᠨ ᠳᠣᠲᠣᠷ᠎ᠠ ᠠ᠋ᠴᠠ ᠬᠡᠳᠦ ᠳᠠᠬᠢᠨ ᠰᠣᠨᠣᠰᠤᠭᠳᠠᠭᠰᠠᠨ ᠢ᠋ᠶ᠋ᠠᠨ ᠬᠡᠰᠡᠭ ᠴᠢᠮᠡᠭᠡ ᠦᠭᠡᠢ ᠪᠣᠯᠤᠭᠠᠳ ᠴᠣᠩᠬᠣ ᠪᠠᠷ ᠠᠷᠵᠠᠢᠨ ᠭᠠᠷᠤᠭᠰᠠᠨ ᠫᠤᠤ ᠨᠤᠭᠤᠳ ᠢ᠋ᠶ᠋ᠠᠨ ᠲᠠᠲᠠᠵᠤ ᠠᠪᠤᠭᠠᠳ ᠬᠥᠯ ᠤᠷᠤᠭᠤ ᠪᠠᠨ ᠬᠠᠶᠠᠵᠠᠭᠠᠪᠠ᠃
《ᠵᠠ ᠣᠳᠣ ᠶᠠᠭᠠᠬᠢᠳᠠᠭ ᠪᠢᠯᠡ 》ᠭᠡᠵᠦ ᠨᠥᠭᠦᠭᠡ ᠵᠢᠯᠣᠭᠣᠴᠢ ᠶ᠋ᠢᠨ ᠳᠡᠷᠭᠡᠳᠡ ᠰᠠᠭᠤᠭᠴᠢ ᠬᠣᠭᠣᠰᠣᠨ ᠫᠤᠤ ᠪᠡᠨ ᠬᠠᠵᠠᠭᠤ ᠲᠠᠰᠢ ᠪᠠᠨ ᠬᠠᠶᠠᠬᠤ ᠵᠠᠭᠤᠷ᠎ᠠ ᠬᠡᠯᠡᠪᠡ᠃
《ᠮᠠᠭᠤ ᠵᠣᠯᠢᠭ ᠢ᠋ ᠳᠠᠭᠠᠷᠢᠭᠤᠯᠵᠤ ᠤᠷᠭᠢᠶ᠎ᠠ 》ᠭᠡᠵᠦ ᠵᠢᠯᠣᠭᠣᠴᠢ ᠬᠡᠯᠡᠭᠡᠳ ᠬᠤᠷᠳᠤ ᠪᠠᠨ ᠨᠡᠮᠡᠯ᠎ᠡ᠃
ᠠᠮᠢᠳᠤ ᠭᠠᠷᠴᠤ ᠢᠨᠵᠠᠭ᠎ᠠ ᠳ᠋ᠤ᠌ ᠪᠠᠨ ᠡᠷᠭᠢᠨ ᠣᠴᠢᠭᠠᠳ ᠢᠵᠠᠷᠠᠵᠤ ᠴᠢᠨᠦᠷᠡᠭᠰᠡᠨ ᠳᠠᠯᠠᠩ ᠢ᠋ᠶ᠋ᠠᠨ ᠬᠥᠬᠥᠭᠦᠯᠵᠦ ᠤᠴᠠᠷᠠᠯ ᠢ᠋ᠶ᠋ᠠᠷ ᠭᠡᠷᠡᠯᠲᠦᠭᠰᠡᠨ ᠬᠠᠢᠷ᠎ᠠ ᠪᠠᠷ ᠢᠨᠵᠠᠭ᠎ᠠ ᠶ᠋ᠢᠨ ᠢ᠋ᠶ᠋ᠡᠨ ᠭᠣᠳᠣᠭᠣᠨᠠᠨ ᠲᠣᠭᠯᠠᠵᠤ ᠪᠠᠢᠭ᠎ᠠ ᠵᠢᠵᠢᠭᠬᠡᠨ ᠰᠡᠭᠦᠯ ᠢ᠋ ᠦᠨᠦᠷᠯᠡᠬᠦ ᠬᠦᠰᠡᠯ ᠶᠡᠬᠡ ᠪᠣᠯᠪᠠᠴᠤ ᠬᠥᠰᠢᠵᠦ ᠵᠠᠩᠭᠢᠷᠠᠭᠰᠠᠨ ᠬᠥᠯ ᠨᠢ ᠤᠷᠤᠭᠰᠢ ᠪᠠᠨ ᠬᠥᠳᠡᠯᠬᠦ ᠦᠭᠡᠢ ᠪᠣᠯᠤᠭᠠᠳ ᠪᠦᠬᠦ ᠪᠡᠶ᠎ᠡ ᠨᠢ ᠰᠠᠯᠭᠠᠨᠠᠨ ᠠᠮᠢᠰᠬᠤᠯ ᠨᠢ ᠴᠡᠭᠡᠵᠢᠨ ᠳ᠋ᠦ᠍ ᠪᠡᠨ ᠪᠠᠭᠠᠳᠠᠬᠤ ᠦᠭᠡᠢ ᠣᠪᠣᠯᠵᠠᠨ ᠰᠠᠢᠬᠠᠨ ᠦᠵᠡᠰᠬᠦᠯᠡᠩ ᠪᠣᠯᠤᠨ ᠰᠡᠷᠪᠡᠯᠵᠡᠵᠦ ᠪᠠᠢᠭᠰᠠᠨ ᠬᠣᠶᠠᠷ ᠴᠢᠬᠢ ᠨᠢ ᠳᠠᠷᠤᠭᠠᠰᠤ ᠪᠣᠯᠤᠨ ᠳᠡᠯᠳᠡᠭᠡᠨᠡᠭᠡᠳ ᠡᠴᠦᠰ ᠦ᠋ᠨ ᠡᠴᠦᠰ ᠲᠦ᠍ ᠥᠪᠡᠷ ᠦ᠋ᠨ ᠡᠷᠬᠡ ᠦᠭᠡᠢ ᠰᠥᠭᠥᠳᠦᠨ ᠰᠢᠷᠭᠤᠴᠢᠵᠤ ᠬᠡᠪᠲᠡᠯ᠎ᠡ᠃
ᠮᠠᠰᠢᠨ ᠵᠣᠭᠰᠣᠵᠤ ᠬᠡᠳᠦᠬᠡᠨ ᠴᠠᠭ ᠵᠢᠭᠤᠲᠠᠵᠤ ᠵᠣᠪᠠᠭᠠᠭᠰᠠᠨ ᠵᠥᠷᠢᠭᠦᠳ ᠮᠠᠭᠤ ᠰᠢᠷᠠᠭᠴᠢᠨ ᠠᠮᠢᠳᠤ ᠪᠠᠷ ᠢ᠋ᠶ᠋ᠠᠨ ᠭᠠᠷᠴᠤ ᠣᠷᠣᠬᠤ ᠪᠣᠯᠤᠭᠰᠠᠨ ᠳ᠋ᠤ᠌ ᠪᠠᠶᠠᠷᠯᠠᠭᠰᠠᠨ ᠬᠣᠶᠠᠷ ᠢᠨᠢᠶᠡᠯᠳᠦᠨ ᠭᠠᠷᠴᠤ ᠢᠷᠡᠯ᠎ᠡ᠃ ᠬᠡᠷᠪᠡ ᠰᠤᠪᠠᠢ ᠰᠢᠷᠠᠭᠴᠢᠨ ᠪᠤᠶᠤ ᠣᠭᠣᠨᠣ ᠪᠠᠢᠭᠰᠠᠨ ᠪᠣᠯ ᠬᠥᠰᠢᠵᠦ ᠨᠤᠭᠤᠷᠠᠭᠠᠳ ᠮᠣᠳᠣ ᠪᠣᠯᠤᠭᠰᠠᠨ ᠬᠥᠯ ᠢ᠋ᠶ᠋ᠡᠨ ᠬᠦᠴᠦᠯᠡᠨ ᠲᠡᠨᠢᠢᠯᠭᠡᠵᠦ ᠪᠣᠰᠤᠭᠠᠳ ᠵᠢᠭᠤᠲᠠᠵᠤ ᠴᠢᠳᠠᠬᠤ ᠦᠭᠡᠢ ᠪᠠᠢᠭᠰᠠᠨ ᠪᠢᠵᠡ ᠃ ᠭᠡᠪᠡᠴᠦ ᠡᠨᠡ ᠰᠢᠷᠠᠭᠴᠢᠨ ᠲᠡᠢᠮᠦ ᠪᠢᠰᠢ ᠪᠣᠯᠬᠣᠷ ᠤᠬᠤᠰᠬᠢᠨ ᠪᠣᠰᠤᠭᠠᠳ ᠮᠠᠨᠠᠷᠠᠨ ᠬᠥᠬᠡᠷᠡᠵᠦ ᠪᠠᠢᠭ᠎ᠠ ᠨᠢᠳᠦ ᠪᠡᠨ ᠪᠦᠯᠲᠡᠭᠡᠨᠡᠭᠦᠯᠦᠨ ᠱᠣᠭᠰᠢᠪᠠ᠃ ᠲᠡᠳᠡ ᠶᠠᠪᠠᠭᠠᠯᠠᠨ ᠬᠥᠭᠡᠭᠡᠭᠰᠡᠨ ᠪᠣᠯᠪᠠᠴᠤ ᠪᠠᠷᠢᠵᠤ ᠴᠢᠳᠠᠭᠰᠠᠨ ᠦᠭᠡᠢ᠃ ᠭᠦᠢᠴᠡᠭᠳᠡᠬᠦ ᠦᠭᠡᠢ ᠪᠠᠢᠭ᠎ᠠ ᠳ᠋ᠤ᠌ ᠨᠢ ᠠᠭᠤᠷᠯᠠᠨ ᠪᠤᠬᠢᠨᠢᠳᠤᠵᠤ ᠲᠣᠮᠣ ᠲᠣᠮᠣ ᠴᠢᠯᠠᠭᠤ ᠪᠠᠷ ᠰᠢᠳᠡᠭᠰᠡᠨ ᠪᠣᠯᠪᠠᠴᠤ ᠤᠨᠤᠭᠰᠠᠨ ᠦᠭᠡᠢ᠃ ᠲᠡᠭᠡᠭᠡᠳ ᠲᠡᠳᠡ ᠬᠠᠷᠢᠶᠠᠯ ᠲᠠᠯᠪᠢᠨ ᠪᠤᠴᠠᠵᠤ ᠮᠠᠰᠢᠨ ᠳ᠋ᠤ᠌ ᠪᠠᠨ ᠰᠠᠭᠤᠭᠠᠳ ᠳᠠᠬᠢᠨ ᠬᠥᠭᠡᠭᠡᠪᠡ᠃
ᠰᠢᠷᠠᠭᠴᠢᠨ ᠳᠠᠬᠢᠨ ᠰᠢᠷᠭᠤᠨ ᠰᠥᠭᠥᠳᠦᠨ ᠬᠡᠪᠲᠡᠪᠡ᠃ ᠮᠠᠰᠢᠨ ᠲᠡᠭᠦᠨ ᠦ᠌ ᠳᠡᠭᠡᠭᠦᠷ ᠥᠩᠭᠡᠷᠡᠬᠦ ᠳ᠋ᠦ᠍ ᠪᠡᠨ ᠥᠷᠥᠭᠡᠰᠦᠨ ᠳᠤᠭᠤᠢ ᠪᠠᠷ ᠢ᠋ᠶ᠋ᠠᠨ ᠳᠠᠭᠠᠷᠢᠯ᠎ᠠ᠃ ᠮᠠᠰᠢᠨ ᠡᠷᠭᠢᠵᠦ ᠵᠣᠭᠰᠣᠬᠤ ᠳ᠋ᠤ᠌ ᠲᠡᠭᠦᠨ ᠡᠴᠡ ᠠᠩᠴᠢᠨ ᠭᠦᠢᠴᠡᠭᠳᠡᠳᠡᠭ ᠦᠭᠡᠢ ᠰᠢᠷᠠᠭᠴᠢᠨ ᠢ᠋ ᠪᠣᠰᠬᠤ ᠴᠢᠳᠠᠯ ᠦᠭᠡᠢ ᠪᠣᠯᠭᠠᠭᠰᠠᠨ ᠳ᠋ᠤ᠌ ᠪᠠᠨ ᠪᠠᠶᠠᠷᠯᠠᠨ ᠢᠨᠢᠶᠡᠯᠳᠦᠵᠦ ᠬᠥᠭᠵᠢᠯ ᠪᠣᠯᠤᠨ ᠭᠠᠷᠴᠤ ᠢᠷᠡᠯ᠎ᠡ᠃ ᠲᠡᠷᠡᠢᠨ ᠬᠡᠪᠲᠡᠭᠰᠡᠨ ᠪᠥᠭᠡᠳ ᠪᠦᠬᠦ ᠪᠡᠶ᠎ᠡ ᠨᠢ ᠦᠬᠦᠯ ᠦ᠋ᠨ ᠡᠮᠦᠨᠡᠬᠢ ᠴᠡᠴᠡᠷᠡᠯᠲᠡ ᠪᠡᠷ ᠲᠠᠲᠠᠩᠨᠠᠵᠤ ᠪᠠᠢᠭ᠎ᠠ ᠰᠢᠷᠠᠭᠴᠢᠨ ᠡᠴᠦᠰ ᠦ᠋ᠨ ᠬᠦᠴᠦ ᠪᠡᠨ ᠳᠠᠢᠴᠢᠯᠠᠨ ᠢᠨᠵᠠᠭ᠎ᠠ ᠪᠠᠨ ᠨᠢᠭᠤᠭᠰᠠᠨ ᠵᠦᠭ ᠤᠷᠤᠭᠤ ᠠᠮᠢᠳᠤᠷᠠᠯ ᠤ᠋ᠨ ᠣᠴᠢ ᠣᠷᠬᠢᠨ ᠬᠠᠶᠠᠵᠤ ᠪᠠᠢᠭ᠎ᠠ ᠨᠢᠳᠦ ᠪᠡᠷ ᠬᠠᠷᠠᠯ᠎ᠠ᠃
《ᠭᠦᠢᠴᠡᠭᠳᠡᠬᠦ ᠦᠭᠡᠢ ᠣᠨᠣᠭᠳᠠᠬᠤ ᠦᠭᠡᠢ ᠪᠠᠢᠬᠤ ᠴᠢᠨᠢ ᠶᠠᠭᠠᠬᠢᠪᠠ?》 ᠭᠡᠵᠦ ᠨᠢᠭᠡ ᠨᠢ ᠬᠡᠯᠡᠭᠡᠳ ᠨᠥᠭᠦᠭᠡ ᠨᠢᠭᠡ ᠨᠢ ᠰᠢᠷᠠᠭᠴᠢᠨ ᠤ᠋ ᠳᠡᠷᠭᠡᠳᠡ ᠲᠠᠰᠢᠶ᠎ᠠ ᠶ᠋ᠢ ᠪᠡᠨ ᠲᠤᠯᠵᠤ ᠬᠠᠩᠬᠠᠯᠵᠠᠨ ᠵᠣᠭᠰᠣᠬᠤ ᠳ᠋ᠤ᠌ ᠰᠢᠷᠠᠭᠴᠢᠨ ᠳᠠᠬᠢᠨ ᠥᠨᠳᠡᠢᠵᠦ ᠢᠨᠵᠠᠭ᠎ᠠ ᠨᠢ ᠠᠮᠤᠭᠤᠯᠠᠩ ᠰᠠᠢᠬᠠᠨ ᠤᠨᠲᠠᠵᠤ ᠪᠠᠢᠭ᠎ᠠ ᠵᠦᠭ ᠤᠷᠤᠭᠤ ᠳᠠᠬᠢᠨ ᠬᠠᠷᠠᠬᠤ ᠭᠡᠲᠡᠯ᠎ᠡ ᠬᠦᠨᠳᠦ ᠲᠡᠮᠦᠷ ᠡᠷᠭᠢᠭᠦᠯᠦᠭᠦᠷ ᠲᠣᠯᠣᠭᠠᠢ ᠤᠷᠤᠭᠤ ᠨᠢ ᠳᠡᠰ ᠬᠢᠲᠡᠯ᠎ᠡ ᠪᠠᠭᠤᠵᠤ᠂ ᠡᠴᠦᠰ ᠦ᠋ᠨ ᠠᠮᠢᠰᠬᠤᠯ ᠨᠢ ᠲᠠᠰᠤᠷᠠᠪᠠ᠃ ᠵᠢᠯᠣᠭᠣᠴᠢ ᠨᠢᠳᠦ ᠤᠷᠤᠭᠤ ᠨᠢ ᠡᠷᠭᠢᠭᠦᠯᠦᠭᠦᠷ ᠦ᠋ᠨ ᠦᠵᠦᠭᠦᠷ ᠢ᠋ᠶ᠋ᠡᠷ ᠬᠠᠳᠬᠤᠵᠤ ᠦᠵᠡᠭᠰᠡᠨ ᠢ᠋ᠶ᠋ᠡᠨ᠄
《ᠲᠠᠯᠢᠢᠭᠴᠢ ᠪᠣᠯᠵᠠᠢ 》ᠭᠡᠳ ᠡᠪᠦᠷ ᠡᠴᠡ ᠪᠡᠨ ᠬᠢᠮ᠎ᠠ ᠭᠠᠷᠭᠠᠵᠤ ᠵᠤᠯᠭᠠᠭᠠᠨ ᠢᠳᠡᠯ᠎ᠡ᠃
ᠰᠢᠷᠠᠭᠴᠢᠨ ᠤ᠋ ᠴᠢᠨᠦᠷᠡᠭᠰᠡᠨ ᠳᠠᠯᠠᠩ ᠤ᠋ᠨ ᠬᠣᠶᠠᠷ ᠬᠥᠬᠥ ᠨᠢ ᠵᠢᠭᠤᠲᠠᠬᠤ ᠶ᠋ᠢᠨ ᠡᠮᠦᠨ᠎ᠡ ᠰᠡᠷᠪᠡᠯᠵᠡᠨ ᠰᠣᠭᠣᠲᠣᠭᠣᠨᠠᠵᠤ ᠪᠠᠢᠭᠰᠠᠨ ᠬᠣᠶᠠᠷ ᠴᠢᠬᠢ ᠰᠢᠭ ᠨᠢ ᠪᠣᠰᠴᠤ ᠰᠡᠷᠡᠢᠭᠡᠳ ᠲᠡᠭᠦᠨ ᠡᠴᠡ ᠰᠢᠬᠠᠭᠳᠠᠨ ᠭᠠᠷᠴᠤ ᠪᠠᠢᠭ᠎ᠠ ᠴᠠᠭᠠᠨ ᠰᠢᠷᠭᠠᠯ ᠰᠦ ᠨᠢ ᠡᠯᠡᠰᠦᠷᠬᠡᠭ ᠬᠥᠷᠥᠰᠥᠨ ᠳ᠋ᠦ᠍ ᠰᠢᠩᠭᠡᠨ ᠣᠷᠣᠵᠤ ᠪᠣᠷᠣᠯᠠᠭᠤᠯᠤᠨ ᠪᠠᠢᠯ᠎ᠠ᠃ ᠵᠢᠯᠣᠭᠣᠴᠢ ᠶ᠋ᠢᠨ ᠳᠡᠷᠭᠡᠳᠡ ᠰᠠᠭᠤᠭᠴᠢ ᠬᠥᠳᠡᠯᠦᠯ ᠦᠭᠡᠢ ᠬᠡᠪᠲᠡᠵᠦ ᠪᠠᠢᠭ᠎ᠠ ᠰᠢᠷᠠᠭᠴᠢᠨ ᠢ᠋ ᠢᠰᠬᠦᠯᠦᠨ ᠬᠥᠷᠪᠡᠭᠦᠯᠦᠭᠰᠡᠨ ᠢ᠋ᠶ᠋ᠡᠨ᠂
《ᠵᠠ ᠶᠠᠪᠤᠶ᠎ᠠ᠃ ᠲᠤᠷᠠᠩᠬᠠᠢ ᠬᠥᠬᠥᠭᠦᠯ ᠰᠢᠷᠠᠭᠴᠢᠨ ᠢ᠋ᠶ᠋ᠠᠷ ᠶᠠᠭᠤ ᠬᠢᠬᠦ ᠶᠦᠮ᠃ ᠲᠠᠷᠭᠤᠨ ᠰᠠᠨ ᠪᠣᠯ ᠤᠨᠤᠭ᠎ᠠ ᠵᠠᠶᠠᠭ᠎ᠠ ᠶ᠋ᠢ ᠨᠢ ᠴᠢᠨᠠᠵᠤ ᠥᠭᠡᠬᠦ ᠡᠮᠬᠦᠬᠦ ᠶᠤᠮᠰᠠᠨ᠃ ᠴᠢᠮ᠎ᠠ ᠳ᠋ᠤ᠌ ᠶᠠᠭᠤᠮ᠎ᠠ ᠦᠯᠡᠳᠡᠭᠰᠡᠨ ᠤᠤ?》ᠭᠡᠬᠦ ᠳ᠋ᠦ᠍ ᠨᠢ ᠨᠥᠭᠦᠭᠡ ᠨᠢ᠄
《ᠬᠠᠭᠠᠰ ᠰᠢᠯ ᠶᠠᠭᠤᠮ᠎ᠠ ᠦᠯᠡᠳᠡᠭᠰᠡᠨ》 ᠭᠡᠳ ᠶᠠᠭᠠᠨ ᠴᠢᠰᠤ ᠰᠢᠭᠦᠷᠴᠤ ᠪᠠᠢᠭ᠎ᠠ ᠰᠢᠷᠠᠭᠴᠢᠨ ᠤᠷᠤᠭᠤ ᠠᠵᠢᠭᠯᠠᠨ ᠬᠠᠷᠠᠭᠰᠠᠨ ᠢ᠋ᠶ᠋ᠠᠨ ᠮᠥᠨ ᠳᠣᠬᠢ ᠫᠤᠤᠳᠠᠵᠤ ᠰᠢᠦ ᠭᠡᠳ ᠪᠠᠷᠳᠠᠮ ᠭᠡᠭᠴᠢ ᠨᠢ ᠢᠨᠢᠶᠡᠮᠰᠦᠭᠯᠡᠪᠡ᠃ ᠲᠡᠭᠡᠭᠡᠳ ᠲᠡᠳᠡ ᠮᠠᠰᠢᠨ ᠳ᠋ᠤ᠌ ᠪᠠᠨ ᠰᠠᠭᠤᠵᠤ ᠶᠠᠪᠤᠬᠤ ᠳ᠋ᠤ᠌ ᠪᠠᠨ ᠵᠢᠯᠣᠭᠣᠴᠢ ᠶ᠋ᠢᠨ ᠬᠠᠵᠠᠭᠤ ᠳ᠋ᠤ᠌ ᠰᠠᠭᠤᠭᠴᠢ᠄
《ᠶᠠᠷᠢᠬᠤ ᠰᠣᠨᠢᠨ ᠲᠠᠢ ᠪᠣᠯᠤᠯ᠎ᠠ》 ᠭᠡᠵᠦ ᠬᠡᠯᠡᠬᠦ ᠳ᠋ᠦ᠍《ᠬᠠᠤᠯᠢ ᠵᠥᠷᠢᠴᠡᠭᠰᠡᠨ ᠲᠠ ᠨᠠᠷ ᠲᠠᠢ ᠶᠠᠷᠢᠬᠤ ᠶᠠᠭᠤᠮ᠎ᠠ ᠨᠠᠳᠠ ᠪᠦᠷ ᠴᠦ᠍ ᠶᠡᠬᠡ ᠪᠣᠢ》 ᠭᠡᠵᠦ ᠵᠢᠯᠣᠭᠣᠴᠢ ᠶ᠋ᠢᠨ ᠠᠷᠤ ᠲᠠᠯ᠎ᠠ ᠳ᠋ᠤ᠌ ᠰᠠᠭᠤᠭᠴᠢ ᠪᠣᠳᠣᠵᠠᠢ᠃
ᠮᠠᠰᠢᠨ ᠲᠣᠭᠣᠰᠣ ᠲᠠᠲᠠᠭᠤᠯᠤᠨ ᠬᠤᠷᠳᠤᠯᠠᠵᠤ ᠳᠠᠯᠳᠠ ᠣᠷᠣᠯ᠎ᠠ᠃ ᠳᠡᠭᠡᠷ᠎ᠡ ᠮᠠᠨᠳᠤᠭᠰᠠᠨ ᠨᠠᠷᠠᠨ ᠤ᠋ ᠭᠡᠷᠡᠯ ᠰᠢᠷᠠᠭᠴᠢᠨ ᠤ᠋ ᠳᠡᠭᠡᠷ᠎ᠡ ᠡᠴᠡ ᠵᠢᠩᠨᠡᠨ ᠶᠠᠮᠠᠷ ᠴᠤ᠌ ᠠᠨᠢᠷ ᠴᠢᠮᠡᠭᠡ ᠦᠭᠡᠢ ᠥᠷᠭᠡᠨ ᠲᠠᠯ᠎ᠠ ᠮᠡᠯᠲᠡᠢᠨ ᠲᠩᠷᠢ ᠶ᠋ᠢᠨ ᠬᠠᠶᠠᠭᠠᠨ ᠠ᠋ᠴᠠ ᠲᠣᠮᠣ ᠭᠡᠭᠴᠢ ᠶ᠋ᠢᠨ ᠬᠠᠷ᠎ᠠ ᠳᠡᠰ ᠠᠯᠭᠤᠷ ᠳᠡᠪᠢᠭᠰᠡᠭᠡᠷ ᠤᠯᠠᠮ ᠲᠣᠳᠣᠷᠠᠨ ᠭᠠᠷᠴᠤ ᠢᠷᠡᠯ᠎ᠡ᠃
