ᠱᠣᠪᠣᠭᠣᠷ ᠴᠢᠷᠭᠠᠢШовгор чаргай

ᠱᠣᠪᠣᠭᠣᠷ ᠴᠢᠷᠭᠠᠢ
ᠴᠢᠷᠭᠠᠢ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂10—20m ᠥᠨᠳᠥᠷ᠂ ᠤᠯᠠᠭᠠᠨ ᠬᠦᠷᠡᠩ ᠬᠣᠯᠲᠣᠰᠣ ᠲᠠᠢ᠃ ᠨᠠᠷᠢᠬᠠᠨ ᠤᠷᠲᠤ ᠮᠥᠴᠢᠷ ᠨᠢ ᠴᠢᠭᠲᠠᠯᠠᠨ ᠤᠷᠭᠤᠨ᠎ᠠ᠃ ᠨᠠᠪᠴᠢ ᠨᠢ ᠬᠡᠳᠦᠢᠪᠡᠷ ᠱᠤᠷᠠᠭᠯᠠᠨ ᠤᠷᠭᠤᠭᠰᠠᠨ ᠪᠣᠯᠪᠠᠴᠤ ᠤᠭ ᠢ᠋ᠶ᠋ᠠᠷ ᠢ᠋ᠶ᠋ᠠᠨ ᠮᠤᠷᠤᠢᠭᠠᠳ ᠬᠣᠶᠠᠷ ᠮᠥᠷ ᠪᠣᠯᠵᠤ ᠤᠷᠭᠤᠳᠠᠭ᠃ ᠵᠢᠭᠠᠬᠠᠨ ᠮᠤᠷᠤᠢ᠂ ᠪᠦᠰᠡ ᠬᠡᠯᠪᠡᠷᠢ ᠲᠡᠢ᠂4—13cm ᠤᠷᠲᠤ᠂ ᠳᠡᠭᠡᠳᠦ ᠲᠠᠯ᠎ᠠ ᠳ᠋ᠤᠨᠢ ᠭᠦᠷᠡᠢᠭᠰᠡᠨ ᠭᠣᠣᠯ ᠰᠤᠳᠠᠯ ᠲᠠᠢ᠂ ᠠᠷᠤ ᠳ᠋ᠤᠨᠢ ᠬᠣᠶᠠᠷ ᠵᠤᠷᠪᠤᠰ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠃ ᠡᠷ᠎ᠡ ᠪᠠᠭ ᠴᠡᠴᠡᠭ ᠨᠢ ᠲᠣᠯᠣᠭᠠᠢ ᠬᠡᠯᠪᠡᠷᠢ ᠲᠡᠢ᠂ ᠪᠣᠭᠣᠨᠢᠬᠠᠨ ᠪᠠᠷᠢᠭᠤᠯ ᠲᠠᠢ᠂ ᠮᠥᠴᠢᠷ ᠦ᠋ᠨ ᠳᠡᠭᠡᠳᠦ ᠬᠡᠰᠡᠭ ᠦ᠋ᠨ ᠨᠠᠪᠴᠢᠨ ᠤ᠋ ᠥᠪᠥᠷ ᠲᠤ ᠭᠠᠭᠴᠠᠭᠠᠷ ᠤᠷᠭᠤᠨ᠎ᠠ᠂ ᠲᠤᠰ ᠪᠦᠷᠢ6—16 ᠡᠷ᠎ᠡ ᠲᠣᠭᠣᠷᠴᠣᠭ ᠲᠠᠢ᠃ ᠡᠮ᠎ᠡ ᠪᠠᠭ ᠴᠡᠴᠡᠭ ᠨᠢ ᠲᠤᠰ ᠪᠦᠷᠢ ᠬᠣᠶᠠᠷ ᠦᠷ᠎ᠡ ᠨᠠᠬᠢᠶ᠎ᠠ ᠪᠦᠬᠦᠢ ᠰᠣᠯᠪᠢᠴᠠᠵᠤ ᠴᠢᠭᠲᠠᠯᠠᠨ ᠤᠷᠭᠤᠭᠰᠠᠨ ᠬᠡᠳᠦᠨ ᠪᠠᠭᠯᠠᠭᠴᠢ ᠪᠠᠷ ᠪᠦᠷᠢᠯᠳᠦᠵᠡᠢ᠂ ᠪᠠᠷᠢᠭᠤᠯ ᠨᠢ ᠤᠷᠲᠤ᠃ ᠦᠷ᠎ᠡ ᠨᠢ ᠶᠠᠰᠤᠲᠤ ᠵᠢᠮᠢᠰ ᠰᠢᠭ᠂ ᠥᠨᠳᠡᠭᠡᠯᠵᠢᠨ ᠵᠤᠤᠪᠠᠩ2.5cm ᠬᠢᠷᠢ ᠤᠷᠲᠤ᠂ ᠪᠣᠯᠪᠠᠰᠤᠷᠠᠪᠠᠯ ᠭᠠᠳᠠᠷ ᠬᠠᠯᠢᠰᠤ ᠨᠢ ᠪᠣᠷᠣᠪᠲᠤᠷ ᠤᠯᠠᠭᠠᠨ ᠪᠣᠯᠤᠨ᠎ᠠ᠃
ᠭᠣᠷᠣᠬ᠎ᠠ ᠶ᠋ᠢᠨ ᠬᠥᠪᠡᠭᠡ ᠪᠤᠶᠤ ᠠᠭᠤᠯᠠ ᠶ᠋ᠢᠨ ᠪᠢᠲᠡᠭᠦᠦ ᠣᠢ ᠳᠣᠲᠣᠷ᠎ᠠ ᠤᠷᠭᠤᠨ᠎ᠠ᠃
ᠮᠠᠨ ᠤ᠋ ᠤᠯᠤᠰ ᠤ᠋ᠨ ᠡᠮᠦᠨᠡᠳᠦᠬᠢ ᠡᠯ᠎ᠡ ᠮᠣᠵᠢ ᠬᠢᠭᠡᠳ ᠱᠠᠨᠰᠢ ᠭᠠᠨᠰᠦ ᠵᠡᠷᠭᠡ ᠮᠣᠵᠢ ᠪᠠᠷ ᠪᠦᠷ ᠤᠷᠭᠤᠳᠠᠭ᠃
ᠦᠷ᠎ᠡ ᠶ᠋ᠢᠨ ᠬᠢᠨᠢ ᠲᠣᠰᠣ ᠪᠠᠷ ᠰᠢᠷ᠂ ᠯᠡ ᠬᠢᠵᠦ ᠪᠣᠯᠤᠨ᠎ᠠ᠂ ᠪᠠᠰᠠ ᠬᠠᠲᠠᠭᠤᠷᠠᠭᠤᠯᠤᠭᠰᠠᠨ ᠲᠣᠰᠣ᠂ ᠰᠠᠪᠤᠩ ᠬᠢᠭᠡᠳ ᠱᠠᠬᠠᠢ ᠶ᠋ᠢᠨ ᠲᠣᠰᠣ ᠵᠡᠷᠭᠡ ᠶ᠋ᠢ ᠬᠢᠵᠦ ᠪᠣᠯᠳᠠᠭ᠂ ᠡᠮ ᠳ᠋ᠦ᠍ ᠪᠠᠰᠠ ᠣᠷᠣᠨ᠎ᠠ᠃
ᠬᠢᠲᠠᠳ ᠨᠡᠷ᠎ᠡ᠄三尖杉
ᠠᠩᠭ᠌ᠯᠢ ᠨᠡᠷ᠎ᠡ᠄Cephalotaxus fortunei Hook.f.
ᠦᠰᠦᠭ ᠠᠮᠢᠯᠠᠭᠤᠯᠤᠭᠴᠢ᠄ ᠫᠤ· ᠴᠠᠭᠠᠨ
ᠬᠢᠨᠠᠭᠴᠢ᠄ ᠣ ᠰᠡᠴᠡᠨᠲᠦ
