ᠮᠣᠩᠭᠣᠯᠵᠢᠨ ᠭᠤᠸ᠎ᠠ ᠪᠦᠰᠡᠭᠦᠢᠴᠦᠦᠯ-ᠦ· ᠪᠣᠷᠣᠭᠠᠨМонголжин гоо бүсгүйчүүл-Ө· бороон
ᠮᠣᠩᠭᠣᠯᠵᠢᠨ ᠭᠤᠸ᠎ᠠ ᠪᠦᠰᠡᠭᠦᠢᠴᠦᠦᠯ
ᠦ· ᠪᠣᠷᠣᠭᠠᠨ
ᠠᠯᠲᠠᠨ ᠤᠷᠤᠭ ᠤ᠋ᠨ ᠭᠣᠯᠣᠮᠲᠠ ᠶ᠋ᠢ ᠰᠠᠬᠢᠵᠤ
ᠮᠠᠨᠠᠭᠰᠠᠨ ᠪᠦᠰᠡᠭᠦᠢ ᠬᠥᠮᠦᠨ
ᠠᠶᠠᠨ ᠤ᠋ ᠲᠣᠷᠭᠠᠨ ᠵᠢᠯᠣᠭᠣ ᠳ᠋ᠤᠨᠢ ᠰᠠᠴᠤᠯᠢ
ᠡᠷᠭᠦᠭᠰᠡᠨ ᠪᠦᠰᠡᠭᠦᠢ ᠬᠥᠮᠦᠨ
ᠠᠮᠢᠳᠤᠷᠠᠯ ᠤ᠋ᠨ ᠭᠠᠰᠢᠭᠤᠨ ᠵᠣᠪᠠᠭᠤᠷᠢ ᠶ᠋ᠢ ᠰᠠᠢᠨ ᠢ᠋ᠶ᠋ᠠᠷ
ᠪᠡᠯᠭᠡᠳᠡᠭᠰᠡᠨ ᠪᠦᠰᠡᠭᠦᠢ ᠬᠥᠮᠦᠨ
ᠠᠴᠢᠷ ᠨᠢᠯᠬ᠎ᠠ ᠦᠷ᠎ᠡ ᠪᠡᠨ ᠰᠠᠷᠠᠨ ᠳ᠋ᠤ᠌
ᠪᠦᠪᠡᠢᠯᠡᠭᠰᠡᠨ ᠪᠦᠰᠡᠭᠦᠢ ᠬᠥᠮᠦᠨ
ᠠᠯᠠᠭ ᠠᠭᠤᠳᠠᠮ ᠣᠷᠴᠢᠯᠠᠩ ᠢ᠋ ᠰᠦ ᠪᠡᠷ
ᠠᠷᠭᠠᠳᠠᠭᠰᠠᠨ ᠪᠦᠰᠡᠭᠦᠢ ᠬᠥᠮᠦᠨ
ᠠᠳᠤᠭᠤ ᠮᠠᠯ ᠰᠦᠷᠦᠭ ᠲᠡᠭᠡᠨ ᠰᠡᠳᠬᠢᠯ
ᠪᠠᠶᠠᠰᠤᠭᠰᠠᠨ ᠪᠦᠰᠡᠭᠦᠢ ᠬᠥᠮᠦᠨ
ᠠᠬᠠᠮᠠᠳ ᠨᠠᠰᠤᠲᠠᠨ ᠪᠤᠭᠤᠷᠤᠯ ᠢ᠋ᠶ᠋ᠠᠨ ᠰᠦᠰᠦᠭᠯᠡᠨ
ᠬᠦᠨᠳᠦᠯᠡᠭᠰᠡᠨ ᠪᠦᠰᠡᠭᠦᠢ ᠬᠥᠮᠦᠨ
2024 ᠣᠨ ᠤ᠋3 ᠰᠠᠷ᠎ᠠ ᠶ᠋ᠢᠨ8 ᠳ᠋ᠤ᠌᠃
ᠦᠰᠦᠭ ᠠᠮᠢᠯᠠᠭᠤᠯᠤᠭᠴᠢ᠄ ᠣᠳᠬᠠᠨᠰᠣ᠎ᠠ
