ᠪᠦᠰᠡᠭᠦᠢᠴᠦᠳ ᠲᠡᠭᠡᠨ-ᠰᠠᠢᠨᠵᠢᠷᠭᠠᠯБүсгүйчүүддээ-Сайнжаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢᠴᠦᠳ ᠲᠡᠭᠡᠨ-ᠰᠠᠢᠨᠵᠢᠷᠭᠠᠯБүсгүйчүүддээ-Сайнжаргал

ᠪᠦᠰᠡᠭᠦᠢᠴᠦᠳ ᠲᠡᠭᠡᠨ-ᠰᠠᠢᠨᠵᠢᠷᠭᠠᠯБүсгүйчүүддээ-Сайнжаргал

2024-03-08

377

ᠪᠦᠰᠡᠭᠦᠢᠴᠦᠳ ᠲᠡᠭᠡᠨ

                  ᠰᠠᠢᠨᠵᠢᠷᠭᠠᠯ 

ᠰᠦ ᠪᠡᠨ ᠡᠷᠭᠦᠵᠦ ᠲᠩᠷᠢ ᠳ᠋ᠡᠭᠡᠨ ᠰᠦᠵᠢᠷᠡᠭᠰᠡᠨ 
ᠰᠠᠭᠠᠯᠢ ᠶ᠋ᠢᠨ ᠳᠠᠯᠠᠢ ᠮᠣᠩᠭᠣᠯ ᠪᠦᠰᠡᠭᠦᠢ 
ᠰᠦᠷᠦᠭ ᠢ᠋ᠶ᠋ᠡᠨ ᠮᠢᠯᠢᠶᠠᠵᠤ ᠳᠡᠯᠡᠬᠡᠢ ᠪᠡᠨ ᠴᠢᠮᠡᠭᠰᠡᠨ 
ᠰᠠᠷᠠᠭᠤᠯ ᠲᠠᠯ᠎ᠠ ᠶ᠋ᠢᠨ ᠮᠠᠯᠴᠢᠨ ᠪᠦᠰᠡᠭᠦᠢ 

ᠲᠤᠯᠭ᠎ᠠ ᠪᠠᠨ ᠪᠠᠳᠠᠷᠠᠭᠠᠵᠤ ᠤᠳᠤᠮ ᠢ᠋ᠶ᠋ᠠᠨ ᠵᠠᠯᠭᠠᠭᠰᠠᠨ 
ᠲᠣᠭᠣᠨᠣᠲᠤ ᠭᠡᠷ ᠦ᠋ᠨ ᠬᠠᠲᠤᠨ ᠪᠦᠰᠡᠭᠦᠢ 
ᠲᠣᠷᠭ᠎ᠠ ᠪᠠᠨ ᠡᠰᠬᠡᠵᠦ ᠦᠢᠯᠡ ᠪᠡᠨ ᠤᠷᠠᠯᠠᠭᠰᠠᠨ 
ᠲᠣᠷᠮᠣᠭᠣᠷ ᠨᠢᠳᠦᠨ ᠤᠷᠠᠨ ᠪᠦᠰᠡᠭᠦᠢ

ᠬᠠᠨᠢ ᠶ᠋ᠢᠨ ᠵᠠᠶᠠᠭᠠᠨ ᠳ᠋ᠤ᠌ ᠬᠠᠢᠷ᠎ᠠ ᠪᠠᠷ ᠵᠢᠷᠭᠠᠭᠰᠠᠨ
ᠬᠠᠯᠠᠭᠤᠨ ᠪᠦᠯᠢ ᠶ᠋ᠢᠨ ᠢ᠋ᠶ᠋ᠡᠨ ᠳᠠᠭᠢᠨᠢ ᠪᠦᠰᠡᠭᠦᠢ
ᠬᠤᠪᠢ ᠢᠷᠦᠭᠡᠯ ᠢ᠋ᠶ᠋ᠡᠷ ᠰᠡᠳᠬᠢᠯ ᠢ᠋ᠶ᠋ᠡᠨ ᠬᠣᠯᠪᠣᠭᠰᠠᠨ 
ᠬᠠᠢᠷᠠᠲᠠᠢ ᠨᠥᠬᠥᠷ ᠦ᠋ᠨ ᠢ᠋ᠶ᠋ᠡᠨ ᠠᠮᠠᠷᠠᠭ ᠪᠦᠰᠡᠭᠦᠢ

ᠪᠤᠭᠤᠷᠤᠯ ᠢ᠋ᠶ᠋ᠠᠨ ᠠᠰᠠᠷᠠᠵᠤ ᠨᠢᠯᠬ᠎ᠠ ᠪᠠᠨ ᠥᠰᠬᠡᠭᠰᠡᠨ
ᠪᠤᠶᠠᠨᠰᠠᠭ ᠴᠠᠢᠯᠭᠠᠨ ᠡᠯᠪᠡᠷᠢᠯᠳᠦ ᠪᠦᠰᠡᠭᠦᠢ
ᠪᠠᠢᠭᠠᠯᠢ ᠪᠠᠨ ᠬᠠᠢᠷᠠᠯᠠᠵᠤ ᠨᠤᠲᠤᠭ ᠢ᠋ᠶ᠋ᠠᠨ ᠰᠠᠬᠢᠭᠰᠠᠨ
ᠪᠠᠶᠠᠨ ᠬᠣᠷᠸ᠎ᠠ ᠶ᠋ᠢᠨ ᠡᠵᠡᠨ ᠪᠦᠰᠡᠭᠦᠢ
ᠦᠷ ᠢ᠋ ᠤᠭᠲᠤᠵᠤ ᠡᠷᠦᠬᠡ ᠪᠡᠨ ᠰᠡᠬᠦᠭᠰᠡᠨ
ᠦᠵᠡᠰᠬᠦᠯᠡᠩ ᠭᠤᠸ᠎ᠠ ᠠᠵᠢᠯᠴᠢ ᠪᠦᠰᠡᠭᠦᠢ
ᠥᠨᠢᠷ ᠵᠢᠷᠭᠠᠯᠲᠤ ᠠᠮᠢᠳᠤᠷᠠᠯ ᠢ᠋ᠶ᠋ᠠᠨ ᠴᠣᠭᠴᠠᠯᠠᠭᠰᠠᠨ
ᠦᠢᠯᠡᠰᠴᠢ ᠪᠣᠷᠣᠭᠵᠢᠭᠤᠨ ᠬᠥᠳᠡᠯᠮᠦᠷᠢᠴᠢ ᠪᠦᠰᠡᠭᠦᠢ

ᠲᠥᠯᠵᠢᠬᠦ ᠬᠠᠪᠤᠷ ᠢ᠋ᠶ᠋ᠠᠨ ᠤᠭᠲᠤᠨ ᠶᠠᠭᠠᠷᠠᠭᠰᠠᠨ
ᠲᠣᠢᠭ ᠤ᠋ᠨ ᠳᠠᠭᠤᠤ ᠲᠠᠢ ᠲᠥᠯᠴᠢᠨ ᠪᠦᠰᠡᠭᠦᠢ
ᠤᠨᠠᠭ᠎ᠠ ᠲᠤᠭᠤᠯ ᠢ᠋ᠶ᠋ᠠᠨ ᠲᠣᠰᠴᠤ ᠪᠠᠶᠠᠰᠤᠭᠰᠠᠨ
ᠤᠭᠤᠷᠠᠭ ᠰᠠᠭᠠᠭᠰᠠᠨ ᠰᠠᠭᠠᠯᠢᠴᠢᠨ ᠪᠦᠰᠡᠭᠦᠢ 

ᠮᠠᠰᠢᠨ ᠴᠠᠬᠢᠯᠭᠠᠨ ᠢ᠋ ᠡᠵᠡᠮᠰᠢᠵᠦ ᠴᠠᠭᠠᠷᠠᠭᠰᠠᠨ
ᠮᠡᠷᠭᠡᠵᠢᠯ ᠥᠨᠳᠥᠷ ᠴᠢᠳᠠᠪᠤᠷᠢᠲᠤ ᠪᠦᠰᠡᠭᠦᠢ
ᠮᠠᠯ ᠲᠠᠷᠢᠶᠠᠯᠠᠩ ᠢ᠋ ᠡᠵᠡᠩᠨᠡᠵᠦ ᠪᠠᠶᠠᠵᠢᠭᠰᠠᠨ
ᠮᠡᠷᠭᠡᠨ ᠰᠡᠴᠡᠨ ᠪᠣᠳᠣᠯᠭᠠᠲᠤ ᠪᠦᠰᠡᠭᠦᠢ

ᠴᠢᠨᠡᠭᠡᠯᠢᠭ ᠨᠡᠢᠭᠡᠮ ᠢ᠋ᠶ᠋ᠡᠨ ᠪᠦᠲᠦᠭᠡᠨ ᠪᠠᠢᠭᠤᠯᠤᠭᠰᠠᠨ
ᠴᠢᠳᠠᠪᠤᠷᠢ ᠤᠬᠠᠭᠠᠨ ᠬᠣᠣᠰᠯᠠᠭᠰᠠᠨ ᠪᠦᠰᠡᠭᠦᠢ
ᠰᠢᠷᠭᠠᠭᠤ ᠬᠥᠳᠡᠯᠮᠦᠷᠢ ᠪᠡᠷ ᠥᠭᠡᠳᠡᠯᠡᠨ ᠳᠡᠭᠵᠢᠭᠰᠡᠨ
ᠰᠢᠨᠳᠠᠰᠤ ᠬᠠᠲᠠᠭᠤ ᠬᠥᠳᠡᠭᠡ ᠶ᠋ᠢᠨ ᠪᠦᠰᠡᠭᠦᠢ

ᠰᠣᠶᠣᠯ ᠡᠷᠳᠡᠮ ᠳ᠋ᠦ᠍ ᠬᠢᠴᠢᠶᠡᠨ ᠰᠢᠮᠳᠠᠭᠰᠠᠨ 
ᠰᠤᠤ ᠪᠢᠯᠢᠭᠲᠦ ᠣᠶᠤᠲᠠᠨ ᠪᠦᠰᠡᠭᠦᠢ
ᠰᠢᠨᠵᠢᠯᠡᠬᠦ ᠤᠬᠠᠭᠠᠨᠴᠢ ᠪᠠᠷ ᠠᠵᠤ ᠲᠥᠷᠥᠭᠰᠡᠨ
ᠰᠢᠨ᠎ᠡ ᠴᠠᠭ ᠤ᠋ᠨ ᠰᠣᠳᠣᠨ ᠪᠦᠰᠡᠭᠦᠢᠴᠦᠳ ᠠ᠋᠁

      2024.3.7 ᠳ᠋ᠤ᠌

   ᠦᠰᠦᠭ ᠠᠮᠢᠯᠠᠭᠤᠯᠤᠭᠴᠢ᠄ ᠣᠳᠬᠠᠨᠰᠣ᠎ᠠ
   ᠬᠢᠨᠠᠭ᠍ᠴᠢ᠄ ᠰ ᠳᠣᠷᠣᠨ᠎ᠠ