ᠮᠣᠷᠢᠨ ᠤ ᠴᠣᠯᠠ < ᠳᠦᠷᠪᠡ > МОРИНЫ ЦОЛ – IV
ᠮᠣᠷᠢᠨ ᠤ ᠴᠣᠯᠠ < ᠳᠦᠷᠪᠡ >
ᠠᠷᠠᠳ ᠮᠠᠯᠴᠢᠨ ᠠᠳᠤᠭᠤᠨ ᠠ᠋ᠴᠠ ᠨᠢ ᠪᠠᠷᠢᠭᠰᠠᠨ
ᠠᠭᠲᠠᠨ ᠠ᠋ᠴᠠ ᠨᠢ ᠰᠢᠯᠡᠭᠰᠡᠨ
ᠦᠷᠢᠶᠡᠨ ᠡᠴᠡ ᠨᠢ ᠤᠶᠠᠭᠰᠠᠨ
ᠦᠨᠡᠬᠡᠷ ᠬᠤᠷᠳᠤᠨ ᠮᠣᠷᠢ ᠠ᠋
ᠡᠨᠡ ᠮᠣᠷᠢᠨ ᠤ᠋ ᠰᠢᠨᠵᠢ ᠭᠡᠪᠡᠯ᠄
ᠠᠷᠰᠯᠠᠨ ᠤ ᠪᠠᠢᠳᠠᠯ ᠲᠠᠢ
ᠠᠷᠭᠤᠮᠠᠭ ᠤ᠋ᠨ ᠰᠢᠨᠵᠢ ᠲᠡᠢ
ᠬᠤᠯᠠᠨ ᠬᠣᠶᠠᠷ ᠴᠢᠬᠢ ᠲᠡᠢ
ᠬᠤᠨ ᠱᠥᠮᠪᠥᠭᠡᠷ ᠬᠣᠰᠢᠭᠤ ᠲᠠᠢ
ᠬᠤᠷ ᠲᠠᠢ ᠲᠠᠷᠭᠤᠨ ᠨᠢ ᠤᠭᠤᠴᠠᠨ ᠳ᠋ᠤ᠌ ᠪᠠᠨ
ᠬᠤᠷᠳᠤ ᠶ᠋ᠢᠨ ᠰᠢᠨᠵᠢ ᠨᠢ ᠪᠣᠷᠪᠢᠨ ᠳ᠋ᠤ᠌ ᠪᠠᠨ
ᠪᠤᠰᠢᠭᠤ ᠲᠦᠷᠭᠡᠨ ᠨᠢ ᠰᠠᠭᠭᠠᠭᠤᠨ ᠳ᠋ᠤ᠌ ᠪᠠᠨ
ᠪᠤᠶᠠᠨ ᠬᠡᠰᠢᠭ ᠨᠢ ᠰᠡᠭᠦᠯᠡᠨ ᠳ᠋ᠦ᠍ ᠪᠡᠨ
ᠲᠤᠩ ᠪᠦᠷᠢᠶ᠎ᠡ ᠬᠠᠮᠠᠷ ᠲᠠᠢ
ᠳᠤᠷᠠᠨ ᠬᠠᠷ᠎ᠠ ᠨᠢᠳᠦ ᠲᠡᠢ
ᠬᠥᠨᠳᠡᠢ ᠶ᠋ᠢᠨ ᠴᠢᠨᠡᠭᠡ ᠴᠡᠭᠡᠵᠢ ᠲᠡᠢ
ᠬᠥᠪᠦᠩ ᠨᠢᠮᠭᠡᠨ ᠲᠣᠬᠣᠮ ᠲᠠᠢ
ᠬᠥᠩᠭᠡᠨ ᠲᠠᠭᠠᠷᠠᠤ ᠬᠡᠦᠬᠡᠳ ᠲᠡᠢ
ᠨᠠᠪᠴᠢᠨ ᠰᠠᠢᠬᠠᠨ ᠡᠷᠪᠡᠭᠡᠯᠵᠢ ᠲᠡᠢ
ᠥᠰᠢᠶᠡᠲᠡᠨ ᠳᠠᠢᠰᠦᠨ ᠳ᠋ᠤ᠌ ᠳᠠᠷᠤᠭᠳᠠᠰᠢ ᠦᠭᠡᠢ
ᠥᠯᠥᠨ ᠴᠢᠨᠤᠨ ᠳ᠋ᠤ᠌ ᠢᠳᠡᠭᠦᠯᠤᠰᠢ ᠦᠭᠡᠢ
ᠪᠥᠭᠡᠷᠡᠩᠬᠡᠢ ᠴᠢᠯᠠᠭᠤᠨ ᠳ᠋ᠤ᠌ ᠪᠦᠳᠦᠷᠢᠰᠢ ᠦᠭᠡᠢ
ᠬᠠᠪᠲᠠᠭᠠᠢ ᠴᠢᠯᠠᠭᠤᠨ ᠳ᠋ᠤ᠌ ᠬᠠᠯᠲᠤᠷᠢᠰᠢ ᠦᠭᠡᠢ
ᠬᠠᠷᠴᠠᠭ᠎ᠠ ᠰᠢᠪᠠᠭᠤᠨ ᠳ᠋ᠤ᠌ ᠭᠦᠢᠴᠡᠭᠳᠡᠰᠢ ᠦᠭᠡᠢ
ᠬᠠᠷᠢ ᠶ᠋ᠢᠨ ᠳᠠᠢᠰᠦᠨ ᠳ᠋ᠤ᠌ ᠪᠠᠷᠢᠭᠳᠠᠰᠢ ᠦᠭᠡᠢ
ᠣᠯᠠᠨ ᠠᠭᠲᠠᠨ ᠠ᠋ᠴᠠ ᠣᠨᠴᠠᠯᠠᠨ ᠳᠡᠭᠳᠡᠵᠦ
ᠠᠯᠲᠠᠨ ᠳᠡᠯᠭᠡᠷ ᠮᠠᠩᠨᠠᠢ ᠪᠠᠷ ᠢ᠋ᠶ᠋ᠠᠨ
ᠠᠭᠠᠷ ᠤ᠋ᠨ ᠰᠠᠯᠬᠢ ᠶ᠋ᠢ ᠢᠷᠡᠨ ᠳᠡᠭᠳᠡᠵᠦ
ᠠᠯᠠᠭ ᠰᠠᠢᠬᠠᠨ ᠬᠣᠶᠠᠷ ᠨᠢᠳᠦ ᠪᠡᠷ ᠢ᠋ᠶ᠋ᠡᠨ
ᠠᠯᠤᠰ ᠤ᠋ᠨ ᠪᠠᠷ᠎ᠠ ᠶ᠋ᠢ ᠰᠢᠷᠳᠡᠨ ᠳᠡᠭᠳᠡᠵᠦ
ᠬᠦᠴᠦᠷᠬᠡᠭ ᠳᠥᠷᠪᠡᠨ ᠲᠤᠭᠤᠷᠠᠢ ᠪᠠᠷ ᠢ᠋ᠶ᠋ᠠᠨ
ᠭᠠᠵᠠᠷ ᠤ᠋ᠨ ᠬᠥᠷᠥᠰᠥ ᠶ᠋ᠢ ᠣᠩᠭᠢᠯᠠᠨ ᠳᠡᠭᠳᠡᠵᠦ
ᠬᠠᠯᠠᠭᠤᠷ ᠮᠥᠩᠭᠥᠨ ᠬᠣᠰᠢᠭᠤ ᠪᠠᠷ ᠢ᠋ᠶ᠋ᠠᠨ
ᠬᠠᠵᠠᠭᠠᠷ ᠶᠤᠭᠠᠨ ᠬᠠᠵᠠᠯᠠᠨ ᠳᠡᠭᠳᠡᠵᠦ
ᠬᠠᠢᠰᠠᠩ ᠬᠣᠶᠠᠷ ᠴᠢᠬᠢ ᠪᠡᠷ ᠢ᠋ᠶ᠋ᠡᠨ
ᠬᠠᠷᠢ ᠶ᠋ᠢᠨ ᠴᠢᠮᠡᠭᠡ ᠶ᠋ᠢ ᠰᠣᠨᠣᠰᠤᠨ ᠳᠡᠭᠳᠡᠵᠦ
ᠬᠠᠭᠠᠯᠤᠭ᠎ᠠ ᠨᠠᠢ᠍ᠮᠠᠨ ᠰᠢᠨᠳᠠᠰᠤ ᠪᠠᠷ ᠢ᠋ᠶ᠋ᠠᠨ
ᠬᠠᠨ ᠭᠠᠷᠤᠳᠢ ᠶ᠋ᠢᠨ ᠬᠦᠴᠦ ᠪᠡᠷ ᠳᠡᠭᠳᠡᠵᠦ
ᠠᠭᠤᠵᠢᠮ ᠬᠥᠨᠳᠡᠢ ᠶ᠋ᠢ ᠳᠡᠭᠦᠯᠢᠨ ᠳᠡᠭᠳᠡᠵᠦ
ᠤᠷᠲᠤ ᠨᠢᠷᠤᠭᠤ ᠶ᠋ᠢ ᠬᠠᠷᠠᠢᠨ ᠳᠡᠭᠳᠡᠵᠦ
ᠤᠷᠠᠨ ᠬᠤᠷᠳᠤᠨ ᠵᠣᠷᠢᠭ ᠢ᠋ ᠦᠵᠡᠭᠦᠯᠵᠦ
ᠡᠷ᠎ᠡ ᠮᠣᠷᠢᠨ ᠤ᠋ ᠴᠢᠳᠠᠯ ᠢ᠋ ᠭᠠᠢᠬᠠᠭᠤᠯᠵᠤ
ᠡᠨᠡ ᠨᠠᠭᠠᠳᠤᠮ ᠤ᠋ᠨ ᠲᠠᠯᠠᠪᠤᠷ ᠳᠡᠭᠡᠷ᠎ᠡ
ᠨᠢᠭᠡᠳᠦᠭᠡᠷ ᠮᠣᠷᠢᠨ ᠳ᠋ᠤ᠌ ᠰᠢᠯᠭᠠᠷᠠᠨ ᠭᠦᠶᠦᠵᠦ
ᠡᠵᠡᠨ ᠠᠷᠠᠳ ᠤ᠋ᠨ ᠰᠡᠳᠬᠢᠯ ᠢ᠋ ᠪᠠᠶᠠᠰᠬᠠᠭᠤᠯᠵᠤ
ᠡᠨᠡ ᠨᠠᠭᠠᠳᠤᠮ ᠤ᠋ᠨ ᠴᠣᠭ ᠵᠠᠯᠢ ᠶ᠋ᠢ ᠪᠠᠳᠠᠷᠠᠭᠤᠯᠵᠤ
ᠥᠷᠭᠡᠨ ᠣᠯᠠᠨ ᠠᠷᠠᠳ ᠲᠦᠮᠡᠨ ᠦ᠌
ᠳᠤᠷ᠎ᠠ ᠰᠡᠳᠬᠢᠯ ᠢ᠋ ᠲᠡᠳᠡᠨ ᠳᠠᠭᠤᠳᠠᠵᠤ
ᠠᠯᠤᠰᠯᠠᠨ ᠲᠦᠷᠦᠭᠦᠯᠡᠵᠦ
ᠠᠮᠢᠲᠠᠨ ᠪᠦᠬᠦᠨ ᠳ᠋ᠦ᠍ ᠮᠠᠭᠲᠠᠭᠳᠠᠵᠤ
ᠠᠷᠠᠳ ᠪᠣᠯᠭᠠᠨ ᠳ᠋ᠤ᠌ ᠰᠠᠢᠰᠢᠶᠠᠭᠳᠠᠵᠤ
ᠲᠡᠦᠬᠡ ᠰᠤᠳᠤᠷ ᠲᠤ᠌ ᠪᠢᠴᠢᠭᠳᠡᠵᠦ
ᠲᠦᠮᠡᠨ ᠣᠯᠠᠨ ᠳ᠋ᠤ᠌ ᠳᠤᠷᠠᠰᠤᠭᠳᠠᠵᠤ
ᠲᠥᠷᠥ ᠠᠷᠠᠳ ᠤ᠋ᠨ ᠴᠡᠩᠭᠡᠯ ᠨᠠᠭᠠᠳᠤᠮ ᠳ᠋ᠤ᠌
ᠲᠦᠷᠦᠭᠦᠯᠡᠵᠦ ᠢᠷᠡᠵᠦ
ᠲᠡᠭᠦᠰ ᠪᠤᠶᠠᠨᠲᠤ ᠡᠩᠬᠡ ᠵᠢᠷᠭᠠᠯᠠᠩᠲᠤ
ᠡᠷᠬᠡᠲᠦ ᠨᠠᠭᠠᠳᠤᠮ ᠳ᠋ᠤ᠌
ᠤᠳᠤᠮ ᠢ᠋ᠶ᠋ᠠᠷ ᠢ᠋ᠶ᠋ᠠᠨ ᠲᠦᠷᠦᠭᠦᠯᠡᠳᠡᠭ
ᠤᠶᠠᠭ᠎ᠠ ᠪᠠᠷ ᠢ᠋ᠶ᠋ᠠᠨ ᠳᠠᠪᠬᠢᠳᠠᠭ
ᠨᠠᠢᠷ ᠪᠣᠯᠭᠠᠨ ᠳ᠋ᠤ᠌ ᠤᠶᠠᠭᠤᠯᠵᠤ
ᠨᠠᠭᠠᠳᠤᠮ ᠪᠣᠯᠭᠠᠨ ᠳ᠋ᠤ᠌ ᠲᠦᠷᠦᠭᠦᠯᠡᠵᠦ
ᠠᠯᠲᠠᠨ ᠠᠮᠠᠰᠠᠷ ᠲᠤ᠌ ᠮᠥᠩᠭᠥᠨ ᠬᠤᠨᠳᠠᠭ᠎ᠠ ᠳ᠋ᠤ᠌
ᠠᠢᠷᠠᠭ ᠢ᠋ᠶ᠋ᠠᠷ ᠮᠢᠯᠢᠶᠠᠯᠭᠠᠵᠤ
ᠠᠷᠠᠳ ᠣᠯᠠᠨ ᠢ᠋
ᠠᠷᠪᠠᠨ ᠵᠦᠭ ᠲᠦ᠍ ᠪᠡᠨ ᠬᠦᠷᠢᠶᠡᠯᠡᠭᠦᠯᠵᠦ
ᠠᠰᠠᠷ ᠪᠣᠯᠭᠠᠨ ᠤ᠋ ᠡᠭᠦᠳᠡᠨ ᠳ᠋ᠦ᠍
ᠠᠮᠠ ᠶ᠋ᠢ ᠲᠠᠲᠠᠭᠤᠯᠵᠤ
ᠴᠣᠯᠠ ᠶ᠋ᠢ ᠳᠠᠭᠤᠳᠠᠭᠤᠯᠤᠭᠴᠢ
ᠠᠯᠳᠠᠷᠲᠤ ᠮᠣᠩᠭᠣᠯ ᠤ᠋ᠨ
ᠤᠳᠤᠮᠲᠤ ᠭᠡᠭᠦᠳ ᠦ᠋ᠨ ᠤᠨᠠᠭ᠎ᠠ
ᠬᠦᠯᠦᠭ ᠮᠣᠷᠢᠨ ᠤ᠋ ᠬᠦᠴᠦᠨ ᠴᠢᠳᠠᠯ ᠢ᠋ ᠭᠠᠢᠬᠠᠭᠤᠯᠤᠭᠴᠢ
ᠬᠥᠮᠦᠨ ᠪᠣᠯᠭᠠᠨ ᠤ᠋ ᠰᠡᠳᠬᠢᠯ ᠢ᠋ ᠪᠠᠶᠠᠰᠤᠭᠤᠯᠤᠭᠴᠢ
ᠡᠷᠳᠡᠨᠢ ᠶ᠋ᠢᠨ ᠲᠤᠩ ᠴᠤ᠌ ᠮᠠᠩᠯᠠᠢ
ᠲᠣᠷᠭᠠᠨ ᠵᠢᠯᠣᠭᠣ ᠪᠠᠶᠠᠷ ᠤ᠋ᠨ ᠮᠠᠩᠯᠠᠢ
ᠪᠠᠲᠤ ᠢᠳᠡᠷ ᠲᠦᠮᠡᠨ ᠦ᠌ ᠡᠬᠢ ᠠ᠋!
МОРИНЫ ЦОЛ – IV
IV
Ард малчин Адуунаас нь барьсан
Агтнаас нь шилсэн
Үрээнээс нь уясан
Үнэхээр хурдан морь оо
Энэ морины шинж гэвэл:
Арслангийн байдалтай
Аргамагийн шинжтэй
Хулан хоёр чихтэй
Хун шөмбөгөр хошуутай
Хуртай тарган нь ууцандаа
Хурдын шинж нь борвиндоо
Бушуу түргэн нь сагагандаа
Буян хишиг нь сүүлэндээ
Дун бүрээ хамартай
Дуран хар нүдтэй
Хөндийн чинээ цээжтэй
Хөвөн нимгэн тохомтой
Хөнгөн тааруу хүүхэдтэй
Навчин сайхан эрвээлжтэй
Өшөөтөн дайсанд дарагдашгүй
Өлөн чононд идүүлшгүй
Бөөрөнхий чулуунд бүдэршгүй
Хавтгай чулуунд халтиршгүй
Харцага шувуунд гүйцэгдэшгүй
Харийн дайсанд баригдашгүй
Олон агтнаас онцлон дэгдэж
Алтан дэлгэр магнайгаараа
Агаарын салхийг яран дэгдэж
Алаг сайхан хоёр нүдээрээ
Алсын барааг ширтэн дэгдэж
Хүчирхэг дөрвөн туурайгаараа
Газрын хөрсийг онгилон дэгдэж
Халуур мөнгөн хошуугаараа
Хазаар юугаан хазлан дэгдэж
Хайсан хоёр чихээрээ
Харийн чимээг сонсон дэгдэж
Хагалаа найман шандсаараа
Хан гарьдын хүчээр дэгдэж
Уужим хөндийг дүүлэн дэгдэж
Урт нурууг харайн дэгдэж
Уран хурдан зоригийг үзүүлж
Эр морины чадлыг гайхуулж
Энэ наадмын талбар дээр
Нэгдүгээр моринд шалгаран гүйж
Эзэн ардын сэтгэлийг баясгуулж
Энэ наадмын цог залийг бадруулж
Өргөн олон ард түмний
Дур сэтгэлийг татан дуудаж
Алслан түрүүлж
Амьтан бүхэнд магтагдаж
Ард болгонд сайшаагдаж
Түүх сударт бичигдэж
Түмэн олонд дурсагдаж
Төр ардын цэнгэл наадамд
Түрүүлж ирж
Төгс буянт энх жаргалант
Эрхт наадамд
Удмаараа түрүүлдэг
Уяагаараа давхидаг
Найр болгонд уяулж
Наадам болгонд түрүүлж
Алтан амсарт
Мөнгөн хундагат
Айргаар мялаалгаж
Ард олныг арван зүгтээ хүрээлүүлж
Асар болгоны үүдэнд
Амыг татуулж
Цолыг дуудуулагч
Алдарт Монголын удамт гүүний унага
Хөлөг морины
Хүчин чадлыг гайхуулагч
Хүн болгоны сэтгэлийг баясуулагч
Эрдэнийн тон ч манлай
Торгон жолоо
Баярын магнай
Бат идэр түмний эх ээ!
