ᠳᠠᠮᠵᠢᠭᠤᠯᠬᠤ ᠰᠲ᠋ᠠᠨᠼ - ᠴ ᠂ ᠴᠢᠮᠡᠳ Дамжуулах станц- Ч ᠂ Чимэд ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠮᠵᠢᠭᠤᠯᠬᠤ ᠰᠲ᠋ᠠᠨᠼ - ᠴ ᠂ ᠴᠢᠮᠡᠳ Дамжуулах станц- Ч ᠂ Чимэд

ᠳᠠᠮᠵᠢᠭᠤᠯᠬᠤ ᠰᠲ᠋ᠠᠨᠼ - ᠴ ᠂ ᠴᠢᠮᠡᠳ Дамжуулах станц- Ч ᠂ Чимэд

ᠠᠩᠭᠢᠯᠠᠯ:ᠬᠣᠱᠣᠩ ᠱᠣᠭ
2024-03-08

261


                             ᠴ᠂ ᠴᠢᠮᠡᠳ      
                                  (ᠱᠣᠭ ᠥᠭᠦᠯᠡᠯᠭᠡ )   

       ᠳᠠᠷᠤᠭ᠎ᠠ ᠶ᠋ᠢᠨ ᠠᠵᠢᠯ ᠠ᠋ᠴᠠ ᠰᠠᠢᠬᠠᠨ ᠠᠵᠢᠯ ᠠᠯᠠᠭ᠎ᠠ ᠭᠡᠵᠦ ᠳ᠋ᠠᠯᡁᠠᠵᠠᠪ ᠭᠤᠸᠠᠢ ᠢᠲᠡᠭᠡᠵᠡᠢ᠃ ᠭᠡᠪᠡᠴᠦ ᠡᠨᠡ ᠥᠭᠦᠯᠡᠯᠭᠡ ᠳ᠋ᠦ᠍ ᠲᠡᠷᠡ ᠢᠲᠡᠭᠡᠯ ᠪᠠᠲᠤᠵᠢᠭᠰᠠᠨ ᠲᠤᠬᠠᠢ ᠪᠢᠰᠢ ᠬᠠᠷᠢᠨ ᠠᠯᠳᠠᠭᠳᠠᠵᠤ ᠡᠬᠢᠯᠡᠭᠰᠡᠨ ᠲᠤᠬᠠᠢ ᠥᠭᠦᠯᠡᠬᠦ ᠶᠦᠮ ᠃  
       ᠤᠷᠢᠳᠤ ᠪᠣᠯ ᠶᠠᠮᠠᠷ ᠨᠢᠭᠡᠨ ᠠᠰᠠᠭᠤᠳᠠᠯ ᠰᠢᠢᠳᠬᠦ ᠲᠤᠩ ᠬᠢᠯᠪᠠᠷ ᠪᠠᠢᠵᠤ ᠂ ᠳᠣᠣᠷ᠎ᠠ ᠪᠠᠢᠭ᠎ᠠ ᠬᠡᠳᠦᠨ ᠬᠡᠯᠲᠡᠰ ᠦ᠋ᠨ ᠳᠠᠷᠤᠭ᠎ᠠ ᠵᠢᠭᠠᠪᠤᠷᠢᠯᠠᠭᠴᠢ᠂ ᠪᠠᠢᠴᠠᠭᠠᠭᠠᠴᠢ ᠨᠠᠷ ᠠᠰᠠᠭᠤᠳᠠᠯ ᠢ᠋ ᠪᠣᠯᠪᠠᠰᠤᠷᠠᠭᠤᠯᠤᠭᠠᠳ ᠥᠭᠭᠦᠨ᠎ᠡ ᠃ ᠲᠡᠷᠡ ᠪᠣᠯᠪᠠᠰᠤᠷᠠᠭᠤᠯᠤᠭᠰᠠᠨ ᠵᠦᠢᠯ ᠢ᠋ ᠨᠢ ᠬᠠᠷᠢᠶᠠᠯᠠᠭᠰᠠᠨ ᠶᠠᠮᠤᠨ ᠤ᠋ ᠰᠠᠢᠳ ᠨᠠᠷ ᠲᠤ᠌ ᠳᠠᠮᠵᠢᠭᠤᠯᠤᠭᠠᠳ ᠥᠭᠭᠦᠨ᠎ᠡ ᠃ ᠵᠢᠴᠢ ᠲᠡᠮᠳᠡᠭᠯᠡᠬᠦ ᠳ᠋ᠦ᠍ ᠲᠡᠷᠡ ᠭᠠᠵᠠᠷ ᠤ᠋ᠨ ᠰᠠᠢᠳ ᠨᠢ ᠪᠠᠰᠠ ᠯᠠ ᠳ᠋ᠠᠯᡁᠠᠵᠠᠪ ᠭᠤᠸᠠᠢ ᠰᠢᠭ᠋ ᠬᠥᠮᠦᠨ ᠪᠠᠢᠭᠰᠠᠨ ᠪᠣᠯᠬᠣᠷ ‍ᠢᠶ᠋ᠠᠨ ᠶᠠᠮᠠᠷ ᠨᠢᠭᠡᠨ ᠠᠰᠠᠭᠤᠳᠠᠯ ᠲᠠᠯᠪᠢᠬᠤ ᠳ᠋ᠤ᠌ ᠂ 
       — ᠵᠠ ᠂ ᠳᠠ ᠶᠠᠭᠤ ᠴᠤ᠌ ᠭᠡᠰᠡᠨ ᠨᠠᠭᠠᠳᠤ ᠵᠦᠢᠯ ᠢ᠋ᠶ᠋ᠡᠨ ᠣᠷᠬᠢᠴᠢᠬ᠎ᠠ ᠃ ᠪᠢᠳᠡ ᠡᠭᠦᠨ ᠢ᠋ᠶ᠋ᠡᠷ ᠶᠠᠷᠢᠯᠴᠠᠵᠤ ᠪᠠᠢᠵᠤ ᠪᠣᠯᠤᠶ᠎ᠠ ᠭᠡᠳᠡᠭ ᠰᠠᠨ ᠃  ᠲᠡᠭᠡᠭᠡᠳ ᠬᠡᠳᠦᠨ ᠮᠢᠨᠦ᠋ᠲ ᠪᠣᠯᠤᠭᠰᠠᠨ ᠤ᠋ ᠳᠠᠷᠠᠭ᠎ᠠ ᠰᠠᠢᠳ ᠤ᠋ᠨ ᠤᠷᠲᠤ ᠰᠠᠭᠠᠷᠠᠯ ᠮᠠᠰᠢᠨ ᠵᠠᠰᠠᠭ ᠤ᠋ᠨ ᠭᠠᠵᠠᠷ ᠤ᠋ᠨ ᠣᠷᠳᠣᠨ ᠤᠷᠤᠭᠤ ᠬᠦᠩᠭᠢᠨᠡᠨ ᠬᠦᠷᠴᠦ  ᠪᠠᠢᠭ᠎ᠠ ᠨᠢ ᠴᠣᠩᠬᠣ ᠪᠠᠷ ᠬᠠᠷᠠᠭᠳᠠᠳᠠᠭ ᠰᠠᠨ᠃  ᠲᠡᠷᠡ ᠪᠣᠯ ᠰᠠᠶᠢ ᠶ᠋ᠢᠨ ᠲᠠᠯᠪᠢᠭᠰᠠᠨ ᠠᠰᠠᠭᠤᠳᠠᠯ 《  ᠪᠣᠯᠪᠠᠰᠤᠷᠠᠵᠤ》 ᠪᠠᠢᠭ᠎ᠠ ᠶ᠋ᠢᠨ ᠲᠡᠮᠳᠡᠭ ᠪᠢᠯᠡ᠃ ᠡᠢᠮᠦᠷᠬᠦᠦ ᠪᠠᠢᠳᠠᠯ ᠢ ᠬᠠᠷᠠᠭᠠᠳ ᠳ᠋ᠠᠯᡁᠠᠵᠠᠪ 《 ᠢᠩᠭᠢᠵᠦ ᠵᠠᠰᠠᠭ ᠤ᠋ᠨ ᠭᠠᠵᠠᠷ ᠢ᠋ᠶ᠋ᠠᠷ ᠬᠠᠮᠤᠭ ᠴᠢᠬᠤᠯᠠ ᠠᠰᠠᠭᠤᠳᠠᠯ ᠰᠢᠢᠳᠪᠦᠷᠢᠯᠡᠭᠦᠯᠦᠭᠡᠳ ᠪᠠᠢᠬᠤ ᠶᠤᠮ ᠪᠣᠯ ᠪᠢ ᠴᠦ᠍ ᠭᠡᠰᠡᠨ ᠰᠠᠢᠳ ᠬᠢᠵᠦ ᠳᠦᠩᠭᠡᠯ ᠦᠭᠡᠢ ᠶᠠᠭᠠᠬᠢᠬᠤ ᠪᠣᠢ ᠃ ᠶᠡᠷᠦ ᠨᠢ ᠬᠠᠮᠲᠤ ᠶ᠋ᠢᠨ ᠤᠳᠤᠷᠢᠳᠤᠯᠭ᠎ᠠ ᠭᠡᠳᠡᠭ ᠴᠢᠨᠢ ᠲᠤᠩ ᠠᠰᠢᠭᠲᠠᠢ ᠲᠤᠰᠠᠲᠠᠢ ᠵᠦᠢᠯ ᠪᠠᠢᠨ᠎ᠠ ᠂ ᠬᠡᠷᠪᠡ ᠵᠠᠰᠠᠭ ᠤ᠋ᠨ ᠭᠠᠵᠠᠷ ᠤᠭ ᠠᠰᠠᠭᠤᠳᠠᠯ ᠢ ᠥᠪᠡᠷᠰᠡᠳ ᠢ᠋ᠶ᠋ᠡᠨ ᠰᠢᠢᠳᠪᠦᠷᠢᠯᠡ ᠭᠡᠰᠡᠨ ᠴᠦ᠍ ᠰᠠᠢᠳ ᠬᠥᠮᠦᠨ ᠴᠦ᠍ ᠶᠠᠭᠠᠬᠢᠬᠤ ᠪᠣᠢ ᠳᠠ ᠺᠣᠯᠯᠧᠭᠢ( ᠵᠣᠬᠢᠶᠠᠨ ᠪᠠᠢᠭᠤᠯᠤᠯᠲᠠ ) ᠂ ᠵᠥᠪᠯᠡᠯ ᠢ᠋ᠶ᠋ᠡᠷ ᠰᠢᠢᠳᠪᠦᠷᠢᠯᠡᠵᠦ ᠣᠷᠬᠢᠨ᠎ᠠ 》 ᠭᠡᠵᠦ ᠳᠣᠲᠣᠷ᠎ᠠ ᠪᠠᠨ ᠪᠣᠳᠣᠳᠠᠭ ᠪᠠᠢᠪᠠ᠃ 
       ᠳ᠋ᠠᠯᡁᠠᠵᠠᠪ ᠭᠤᠸᠠᠢ ᠬᠡᠳᠦᠢᠨ ᠡᠴᠡ ᠬᠠᠰᠢᠷ ᠳᠣᠬᠢ ᠨᠢᠷᠤᠭᠤ ᠲᠠᠢ ᠬᠥᠮᠦᠨ ᠭᠡᠳᠡᠭ ᠨᠡᠷ᠎ᠡ ᠲᠡᠢ ᠰᠠᠨᠵᠠᠢ᠃ ᠡᠨᠡ ᠨᠡᠷ᠎ᠡ ᠶ᠋ᠢᠨ ᠢ᠋ᠶ᠋ᠡᠨ ᠬᠦᠴᠦ ᠪᠡᠷ ᠣᠯᠠᠨ ᠴᠤ᠌ ᠠᠯᠪᠠᠨ ᠭᠠᠵᠠᠷ ᠲᠣᠯᠣᠭᠠᠢᠯᠠᠵᠤ ᠦᠵᠡᠯ᠎ᠡ ᠃ ᠵᠢᠱ᠌ᠢᠶᠡᠯᠡᠪᠡᠯ ᠄ ᠬᠠᠷᠢᠶ᠎ᠠ ᠭᠠᠵᠠᠷ ᠤ᠋ᠨ ᠣᠯᠠᠨ ᠬᠡᠯᠲᠡᠰ᠂  ᠪᠠᠢᠭᠤᠯᠭ᠎ᠠ ᠶ᠋ᠢᠨ ᠳᠠᠷᠤᠭ᠎ᠠ ᠨᠢ ᠶᠠᠪᠤᠭᠰᠠᠨ ᠶᠤᠮ᠃ ᠨᠢᠭᠡ ᠶ᠋ᠢᠨ ᠬᠢᠨᠢ ᠠᠵᠢᠯ ᠢ᠋ ᠳᠡᠢᠯᠬᠦ ᠦᠭᠡᠢ ᠪᠣᠯ ᠨᠥᠭᠦᠭᠡ ᠬᠡᠯᠲᠡᠰ ᠢ᠋ ᠨᠢ ᠠᠪᠳᠠᠭ ᠪᠠᠢᠵᠤ᠂ ᠡᠮᠡᠭᠲᠡᠢᠴᠦᠳ ᠦ᠋ᠨ ᠵᠥᠪᠯᠡᠯ ᠡᠴᠡ ᠪᠤᠰᠤᠳ ᠣᠯᠠᠨ ᠨᠡᠢᠲᠡ ᠶ᠋ᠢᠨ ᠪᠠᠢᠭᠤᠯᠭ᠎ᠠ ᠶ᠋ᠢ ᠴᠤ᠌ ᠴᠥᠮ ᠢ᠋ ᠨᠢ ᠡᠭᠡᠯᠵᠢ ᠳᠠᠷᠠᠭ᠎ᠠ ᠪᠠᠷ ᠳᠠᠷᠤᠭᠠᠯᠠᠵᠤ ᠶᠠᠪᠤᠯ᠎ᠠ ᠃ ᠨᠢᠭᠡ ᠵᠢᠯ ᠨᠤᠷᠠᠭᠠᠴᠢᠬᠠᠭᠠᠳ ᠠᠰᠠᠭᠤᠳᠠᠯ ᠳᠡᠭᠳᠡᠬᠦ ᠲᠡᠢ ᠵᠡᠷᠭᠡ ᠄  
       — ᠶᠠᠭᠠᠬᠢᠬᠤ ᠪᠣᠢ ᠪᠣᠯᠪᠠᠰᠤᠷᠠᠯ ᠦᠭᠡᠢ ᠴᠦ᠍ ᠭᠡᠰᠡᠨ ᠲᠤᠷᠰᠢᠯᠭ᠎ᠠ ᠲᠠᠢ ᠬᠥᠮᠦᠨ ᠶᠦᠮ ᠂ ᠵᠠᠢᠯᠠᠭᠤᠯ ᠥᠭᠡᠷ᠎ᠡ ᠠᠵᠢᠯ ᠳ᠋ᠤ᠌ ᠲᠠᠯᠪᠢᠬᠤ ᠠ᠋ᠴᠠ ᠪᠢᠰᠢ ᠳᠡ ᠃ ᠰᠠᠩᠬᠦᠦ ᠶ᠋ᠢᠨ ᠬᠡᠯᠲᠡᠰ ᠦ᠋ᠨ ᠳᠠᠷᠤᠭ᠎ᠠ ᠪᠠᠷ ᠲᠣᠮᠢᠯᠠᠬᠤ ᠤᠤ ᠳᠠ ? ᠭᠡᠵᠦ ᠰᠠᠢᠳ ᠨᠢ ᠠᠰᠠᠭᠤᠬᠤ ᠳ᠋ᠤ᠌ ᠂ 
       — ᠤᠷᠵᠢᠨᠤᠨ ᠬᠢᠵᠦ  ᠳᠡᠢᠯᠦᠭᠡ ᠦᠭᠡᠢ ᠰᠢᠦ ᠳᠡ ᠭᠡᠵᠦ ᠨᠥᠬᠥᠳ ᠨᠢ ᠬᠠᠷᠢᠭᠤᠯᠪᠠ᠃  ᠰᠠᠢᠳ ᠪᠦᠬᠦ ᠬᠡᠯᠲᠡᠰ ᠢ᠋ ᠨᠡᠷᠡᠯᠡᠭᠰᠡᠨ ᠪᠣᠯᠪᠠᠴᠤ ᠴᠥᠮ ᠢ᠋ ᠨᠢ ᠤᠷᠢᠳ ᠡᠮᠦᠨ᠎ᠡ ᠬᠢᠵᠦ ᠳᠡᠢᠯᠦᠭᠡ ᠦᠭᠡᠢ ᠪᠠᠢᠪᠠ᠃ 《 ᠬᠠᠮᠢᠭᠠᠰᠢ ᠨᠢ ᠰᠢᠩᠭᠡᠭᠡᠶ᠎ᠡ ᠳᠡ 》 ᠭᠡᠵᠦ ᠶᠠᠷᠢᠶ᠎ᠠ ᠪᠣᠯᠵᠤ ᠪᠠᠢᠬᠤ ᠬᠣᠭᠣᠷᠣᠨᠳᠣ ᠳ᠋ᠠᠯᡁᠠᠵᠠᠪ ᠤ᠋ᠨ ᠠᠵᠢᠯᠯᠠᠳᠠᠭ ᠬᠠᠷᠢᠶ᠎ᠠ ᠭᠠᠵᠠᠷ ᠤ᠋ᠨ ᠳᠠᠷᠤᠭ᠎ᠠ ᠂ ᠶᠠᠮᠤᠨ ᠤ᠋ ᠨᠥᠭᠦᠭᠡ ᠨᠢᠭᠡ ᠬᠠᠷᠢᠶ᠎ᠠ ᠭᠠᠵᠠᠷ ᠤ᠋ᠨ ᠳᠠᠷᠤᠭ᠎ᠠ ᠪᠠᠷ ᠲᠣᠮᠢᠯᠠᠭᠳᠠᠬᠤ ᠪᠣᠯᠵᠤ 《 ᠰᠣᠬᠣᠷᠠᠭᠰᠠᠨ ᠪᠢᠰᠢ ᠵᠠᠪᠰᠢᠨ᠎ᠠ 》 ᠭᠡᠳᠡᠭ ᠭᠡᠭᠴᠢ ᠪᠡᠷ ᠠᠵᠢᠯ ᠦᠭᠡᠢᠳᠡᠬᠦ ᠰᠢᠬᠠᠵᠤ ᠪᠠᠢᠭᠰᠠᠨ ᠳ᠋ᠠᠯᡁᠠᠵᠠᠪ ᠮᠠᠨᠢ ᠳᠠᠷᠤᠭ᠎ᠠ ᠪᠣᠯᠤᠭᠠᠳ ᠠᠪᠴᠠᠢ᠃ ᠰᠣᠨᠢᠷᠬᠠᠯᠲᠠᠢ ᠨᠢ ᠶᠠᠭᠤ ᠪᠣᠢ ? ᠭᠡᠪᠡᠯ ᠳᠠᠷᠤᠭ᠎ᠠ ᠪᠣᠯᠤᠭᠰᠠᠨ ᠠ᠋ᠴᠠ ᠬᠣᠢᠰᠢ ᠠᠵᠢᠯ ᠨᠢ ᠶᠡᠬᠡ ᠯᠡ ᠬᠥᠩᠭᠡᠷᠡᠵᠦ ᠲᠣᠳᠣᠷᠬᠠᠢ ᠳᠠᠭᠠᠭᠠᠯᠭᠠᠪᠤᠷᠢ ᠪᠠᠭᠠᠳᠠᠵᠤ ᠂ ᠬᠠᠶᠠ ᠨᠢᠭᠡ ᠪᠣᠯᠪᠠᠰᠤᠷᠠᠭᠤᠯ ᠭᠡᠰᠡᠨ ᠶᠠᠭᠤᠮ᠎ᠠ ᠭᠠᠷᠪᠠᠯ ᠳᠣᠣᠷᠠᠲᠤ ᠬᠥᠮᠦᠰ ᠢ᠋ᠶ᠋ᠡᠷ ᠢ᠋ᠶ᠋ᠡᠨ ᠯᠡ ᠪᠡᠯᠡᠨ ᠬᠢᠯᠭᠡᠭᠡᠳ ᠰᠠᠨᠠᠭ᠎ᠠ ᠠᠮᠠᠷ ᠰᠠᠭᠤᠳᠠᠭ ᠪᠣᠯᠪᠠ ᠃ 《 ᠳᠣᠣᠷ᠎ᠠ ᠪᠠᠨ ᠬᠡᠳᠦᠨ ᠱᠠᠭ ᠭᠡᠰᠡᠨ ᠬᠥᠮᠦᠨ ᠲᠡᠢ ᠪᠣᠯ ᠴᠤ᠌ ᠡᠨᠡ ᠵᠡᠷᠭᠡ ᠶ᠋ᠢᠨ ᠭᠠᠵᠠᠷ ᠪᠠᠢᠲᠤᠭᠠᠢ ᠶᠠᠮᠤᠨ ᠴᠤ᠌ ᠲᠣᠯᠣᠭᠠᠢᠯᠠᠬᠤ ᠳ᠋ᠤ᠌ ᠪᠡᠯᠡᠨ ᠪᠠᠢᠨ᠎ᠠ 》 ᠭᠡᠵᠦ ᠳ᠋ᠠᠯᡁᠠᠵᠠᠪ ᠳᠣᠲᠣᠷ᠎ᠠ ᠪᠠᠨ ᠪᠣᠳᠣᠳᠠᠭ ᠪᠣᠯᠤᠭᠰᠠᠨ ᠪᠢᠯᠡ᠃  
       ᠭᠡᠪᠡᠴᠦ ᠪᠢ ᠡᠨᠡ ᠥᠭᠦᠯᠡᠭᠡ ᠳ᠋ᠦ᠍ ᠲᠡᠭᠦᠨ ᠦ᠌ ᠡᠢᠮᠦ ᠢᠲᠡᠭᠡᠯ ᠨᠢ ᠪᠠᠲᠤᠵᠢᠭᠰᠠᠨ ᠲᠤᠬᠠᠢ ᠪᠢᠰᠢ ᠬᠠᠷᠢᠨ ᠠᠯᠳᠠᠭᠳᠠᠭᠰᠠᠨ ᠲᠤᠬᠠᠢ ᠶᠠᠷᠢᠨ᠎ᠠ ᠭᠡᠰᠡᠨ ᠰᠢᠦ ᠳᠡ᠃ 
       ᠨᠢᠭᠡ ᠡᠳᠦᠷ 《 ᠠᠵᠢᠯ ᠢ᠋ᠶ᠋ᠠᠨ ᠮᠡᠳᠡᠳᠡᠭ ᠦᠭᠡᠢ 》 ᠭᠡᠳ ᠬᠠᠭᠤᠴᠢᠨ ᠰᠠᠢᠳ ᠨᠢ ᠬᠠᠯᠠᠭᠳᠠᠪᠠ᠃ ᠰᠢᠨ᠎ᠡ ᠰᠠᠢᠳ ᠨᠢ ᠡᠬᠢᠯᠡᠭᠡᠳ ᠦᠭᠭᠦᠭᠰᠡᠨ ᠳᠠᠭᠠᠭᠠᠯᠭᠠᠪᠤᠷᠢ ᠶ᠋ᠢ ᠳ᠋ᠠᠯᡁᠠᠵᠠᠪ ᠭᠤᠸᠠᠢ ᠮᠥᠨ ᠯᠡ ᠬᠡᠯᠲᠡᠰ ᠦ᠋ᠨ ᠢ᠋ᠶ᠋ᠡᠨ ᠳᠠᠷᠤᠭ᠎ᠠ ᠨᠠᠷ ᠢ᠋ᠶ᠋ᠠᠷ ᠬᠢᠯᠭᠡᠭᠡᠳ ᠣᠴᠢᠵᠤ ᠭᠡᠨ᠎ᠡ ᠃ 
       — ᠵᠠ  ᠳ᠋ᠠᠯᡁᠠᠵᠠᠪ ᠭᠤᠸᠠᠢ ᠪᠡᠯᠡᠨ ᠪᠣᠯᠴᠢᠬᠠᠭᠰᠠᠨ ᠤᠤ ? ᠶᠠᠭᠤᠨ ᠬᠤᠷᠳᠤᠨ ᠶᠤᠮ ᠪᠣᠢ ᠭᠡᠵᠦ ᠰᠠᠢᠳ ᠠᠰᠠᠭᠤᠯ᠎ᠠ ᠃ 
       ᠪᠡᠯᠡᠨ ᠪᠡᠯᠡᠨ ᠰᠠᠢᠳ ᠠ᠋ ᠂ ᠪᠢᠳᠡ ᠭᠡᠳᠡᠭ ᠤᠯᠤᠰ ᠴᠢᠨᠢ ᠬᠡᠳᠦᠨ ᠣᠷᠣᠢ ᠨᠣᠢᠷ ᠦᠭᠡᠢ ᠬᠣᠭᠣᠯᠠ ᠦᠭᠡᠢ ᠰᠠᠭᠤᠭᠰᠠᠨ ᠤ᠋ ᠬᠦᠴᠦᠨ ᠳ᠋ᠦ᠍ ᠯᠡ ᠪᠠᠷᠠᠯ᠎ᠠ ᠰᠢᠦ ᠳᠡ ᠃ ᠤᠤᠯ ᠨᠢ ᠨᠡᠭᠡᠷᠡᠨ ᠴᠦ᠍ ᠣᠯᠠᠨ ᠬᠥᠮᠦᠨ ᠢᠯᠡᠭᠦᠦ ᠴᠠᠭ ᠢ᠋ᠶ᠋ᠠᠷ ᠰᠠᠭᠤᠵᠤ ᠪᠣᠯᠪᠠᠰᠤᠷᠠᠭᠤᠯᠤᠭᠰᠠᠨ ᠵᠦᠢᠯ ᠪᠠᠢᠭᠰᠠᠨ ᠪᠥᠭᠡᠳ ᠭᠡᠮ ᠨᠢ ᠳ᠋ᠠᠯᡁᠠᠵᠠᠪ ᠭᠤᠸᠠᠢ ᠲᠡᠭᠦᠨ ᠳ᠋ᠦ᠍ ᠣᠷᠣᠯᠴᠠᠭ᠎ᠠ ᠦᠭᠡᠢ ᠶᠦᠮ ᠪᠠᠢᠵᠠᠢ ᠃  
       ᠰᠠᠢᠳ ᠪᠡᠯᠡᠳᠬᠡᠵᠦ ᠣᠴᠢᠭᠰᠠᠨ ᠵᠦᠢᠯ ᠢ᠋ ᠨᠢ ᠤᠩᠰᠢᠵᠤ ᠵᠢᠷᠤᠭᠠᠳ ᠦᠶ᠎ᠡ ᠦᠶ᠎ᠡ ᠲᠣᠳᠣᠷᠠᠭᠤᠯᠤᠨ ᠠᠰᠠᠭᠤᠵᠤ ᠡᠬᠢᠯᠡᠪᠡ ᠃ ᠳ᠋ᠠᠯᡁᠠᠵᠠᠪ ᠠᠰᠠᠭᠤᠳᠠᠯ ᠢ᠋ ᠰᠠᠢᠨ ᠮᠡᠳᠡᠬᠦ ᠦᠭᠡᠢ ᠪᠠᠢᠭᠰᠠᠨ ᠤᠴᠢᠷ ᠬᠠᠷᠢᠭᠤᠯᠬᠤ ᠴᠤ᠌ ᠦᠭᠡᠢ ᠳᠡᠮᠡᠢ ᠯᠡ ᠡᠭᠡᠷᠡᠨ ᠲᠦᠭᠳᠡᠷᠡᠵᠦ ᠬᠡᠢ ᠠᠩᠭᠠᠯᠵᠠᠬᠤ ᠠ᠋ᠴᠠ ᠴᠠᠭᠠᠰᠢ ᠭᠠᠷᠤᠭᠰᠠᠨ ᠦᠭᠡᠢ ᠃ ᠲᠠ ᠪᠢᠳᠡ ᠬᠣᠶᠠᠷ ᠪᠡᠶ᠎ᠡ ᠪᠡᠶ᠎ᠡ ᠪᠡᠨ ᠰᠣᠨᠢᠷᠬᠠᠨ ᠠᠩᠭᠠᠯᠵᠠᠨ ᠰᠠᠭᠤᠭᠰᠠᠨ ᠳ᠋ᠤ᠌ ᠣᠷᠣᠪᠠᠯ ᠪᠣᠯᠪᠠᠰᠤᠷᠠᠭᠤᠯᠤᠭᠰᠠᠨ ᠤᠯᠤᠰ ᠢ᠋ᠶ᠋ᠠᠨ ᠢᠷᠡᠭᠦᠯᠦᠭᠰᠡᠨ ᠨᠢ ᠳᠡᠭᠡᠷ᠎ᠡ ᠶᠦᠮ ᠪᠢᠰᠢ ᠤᠤ ? ᠭᠡᠪᠡ ᠃ 
       — ᠲᠡᠷᠡ ᠡᠳᠦᠷ ᠡᠴᠡ ᠬᠣᠢᠰᠢ ᠳ᠋ᠠᠯᡁᠠᠵᠠᠪ ᠭᠤᠸᠠᠢ ᠲᠤᠩ ᠳᠣᠬᠢ ᠦᠭᠡᠢ ᠪᠣᠯᠵᠤ 《 ᠶᠠᠭᠠᠬᠢᠶ᠎ᠠ ᠳᠠ 》 ᠭᠡᠳᠡᠭ ᠠᠰᠠᠭᠤᠳᠠᠯ ᠳ᠋ᠤ᠌ ᠦᠶ᠎ᠡ ᠦᠶ᠎ᠡ  ᠰᠡᠳᠬᠢᠯ ᠨᠢ ᠵᠣᠪᠠᠵᠤ ᠡᠬᠢᠯᠡᠪᠡ ᠃ ᠬᠠᠶᠠ ᠴᠢᠬᠤᠯᠠ ᠠᠰᠠᠭᠤᠳᠠᠯ ᠭᠠᠷᠤᠭᠠᠳ ᠰᠠᠢᠳ ᠤᠷᠤᠭᠤ ᠤᠲᠠᠰᠤᠳᠠᠭ ᠪᠠᠢᠵᠠᠢ ᠃ ᠰᠢᠨ᠎ᠡ ᠰᠠᠢᠳ 《 ᠪᠡᠳᠡ ᠡᠭᠦᠨ ᠢ᠋ᠶ᠋ᠡᠨ ᠶᠠᠷᠢᠯᠴᠠᠶ᠎ᠠ 》 ᠭᠡᠳᠡᠭ ᠠᠪᠤᠷᠠᠯ ᠲᠠᠢ ᠬᠠᠷᠢᠭᠤ ᠥᠭᠳᠡᠭ ᠦᠭᠡᠢ ᠭᠡᠨ᠎ᠡ ᠃  
       — ᠡᠨᠡ ᠮᠡᠲᠦ ᠶ᠋ᠢᠨ ᠠᠰᠠᠭᠤᠳᠠᠯ ᠢ᠋ ᠲᠠ ᠥᠪᠡᠷ ᠢ᠋ᠶ᠋ᠡᠨ ᠰᠢᠢᠳᠴᠦ ᠪᠠᠢ ᠯᠠ ᠳᠠ ᠂ ᠲᠠᠨ ᠤ᠋ ᠭᠠᠵᠠᠷ ᠬᠠᠮᠤᠭ ᠮᠥᠩᠭᠥᠨ ᠵᠠᠷᠤᠳᠠᠯ ᠨᠢ ᠴᠦ᠍ ᠪᠠᠢᠭ᠎ᠠ ᠃ ᠶᠠᠭᠠᠬᠢᠬᠤ ᠡᠢᠨᠬᠦ ᠮᠠᠲᠠᠯ ᠨᠢ ᠴᠦ᠍ ᠪᠠᠢᠭ᠎ᠠ ᠰᠢᠦ ᠳᠡ ᠭᠡᠵᠦ ᠬᠡᠳᠦᠨ ᠤᠳᠠᠭ᠎ᠠ ᠬᠠᠷᠢᠭᠤᠯᠵᠠᠢ ᠃ 《 ᠮᠥᠩᠭᠥ ᠴᠦ᠍ ᠶᠠᠭᠠᠬᠢᠬᠤ ᠪᠣᠢ ᠂ ᠮᠠᠲᠠᠯ ᠴᠤ᠌ ᠪᠣᠢ᠃ ᠲᠡᠭᠡᠬᠦ ᠳ᠋ᠡᠭᠡᠨ ᠡᠴᠦᠰ ᠦ᠋ᠨ ᠪᠦᠯᠦᠭ ᠲᠦ᠍ ᠬᠡᠨ ᠬᠠᠷᠢᠭᠤᠴᠠᠬᠤ ᠪᠣᠢ ?  ᠰᠠᠢᠳ ᠤ᠋ᠨ ᠲᠤᠰᠢᠶᠠᠯ ᠂ ᠵᠢᠭᠠᠪᠤᠷᠢ ᠂ ᠠᠳᠠᠭᠯᠠᠵᠤ ᠠᠮᠠᠨ ᠰᠢᠢᠳᠪᠦᠷᠢ ᠦᠭᠡᠢ ᠪᠢ ᠶᠠᠭᠠᠬᠢᠵᠤ ᠲᠣᠯᠣᠭᠠᠢ ᠮᠡᠳᠡᠵᠦ ᠤᠯᠤᠰ ᠤ᠋ᠨ ᠥᠴᠢᠨᠡᠨ ᠲᠥᠴᠢᠨᠡᠨ ᠬᠥᠷᠥᠩᠭᠡ ᠵᠠᠷᠤᠴᠠᠭᠤᠯᠬᠤ ᠪᠢᠯᠡ 》 ᠭᠡᠵᠦ ᠳ᠋ᠠᠯᡁᠠᠵᠠᠪ ᠤᠤᠯ ᠠᠰᠠᠭᠤᠳᠠᠯ ᠢ᠋ ᠳᠠᠷᠤᠬᠤ ᠠ᠋ᠴᠠ ᠥᠭᠡᠷ᠎ᠡ ᠠᠷᠭ᠎ᠠ ᠦᠭᠡᠢ ᠪᠣᠯᠳᠠᠭ ᠪᠠᠢᠯ᠎ᠠ ᠃ ᠭᠡᠲᠡᠯ᠎ᠡ ᠳ᠋ᠠᠯᡁᠠᠯᠵᠠᠪ ᠤ᠋ᠨ ᠲᠤᠬᠠᠢ ᠣᠯᠠᠨ ᠵᠢᠯ ᠦᠷᠭᠦᠯᠵᠢᠯᠡᠭᠰᠡᠨ ᠰᠢᠭᠦᠮᠵᠢᠯᠡᠯ ᠳᠡᠭᠡᠷ᠎ᠡ ᠡᠦᠲᠦ ᠪᠠᠰᠠ ᠴᠢᠬᠤᠯᠠ ᠠᠵᠢᠯ ᠳᠠᠷᠤᠭᠳᠠᠭᠤᠯᠤᠭᠰᠠᠨ ᠂ ᠪᠣᠭᠣᠭᠳᠠᠭᠤᠯᠤᠭᠰᠠᠨ ᠭᠡᠳᠡᠭ ᠰᠢᠭᠦᠮᠵᠢᠯᠡᠯ ᠨᠡᠮᠡᠭᠳᠡᠨ ᠥᠷᠨᠢᠳᠡᠭ ᠪᠣᠯᠤᠯ᠎ᠠ ᠃ ᠳᠣᠣᠷᠠᠲᠤ ᠠᠵᠢᠯᠲᠠᠨ ᠨᠢ ᠬᠣᠭᠣᠷᠣᠨᠳᠣ ᠪᠠᠨ ᠶᠠᠷᠢᠯᠴᠠᠬᠤ ᠳ᠋ᠠᠭᠠᠨ ᠴᠤ᠌ 
       — ᠮᠠᠨᠢ  《 ᠳᠠᠮᠵᠢᠭᠤᠯᠬᠤ ᠰᠲ᠋ᠠᠨᠼ》 ᠠᠳᠠᠭᠯᠠᠵᠤ ᠠᠰᠠᠭᠤᠳᠠᠯ ᠳᠠᠮᠵᠢᠭᠤᠯᠬᠤ ᠪᠠᠨ ᠴᠤ᠌ ᠪᠠᠢᠭᠰᠠᠨ ᠶᠤᠮ ᠪᠠᠢᠬ᠎ᠠ ᠳᠠ ᠭᠡᠬᠦ ᠳ᠋ᠦ᠍ ᠵᠠᠷᠢᠮ ᠨᠢ ᠄  
       — ᠳᠠᠮᠵᠢᠭᠤᠯᠬᠤ ᠨᠢ ᠴᠦ᠍ ᠠᠵᠢᠯᠯᠠᠭᠠᠳ ᠯᠠ ᠪᠠᠢᠭ᠎ᠠ ᠪᠠᠢᠬ᠎ᠠ᠃ ᠬᠠᠷᠢᠨ 《 ᠬᠦᠯᠢᠶᠡᠨ ᠠᠪᠬᠤ ᠰᠲ᠋ᠠᠨᠼ ᠥᠪᠡᠷ ᠦ᠋ᠨ ᠬᠢᠨᠢ ᠠᠵᠢᠯ ᠢ᠋ ᠥᠪᠡᠷ ᠢ᠋ᠶ᠋ᠡᠷ ᠨᠢ ᠬᠢᠯᠭᠡᠬᠦ ᠭᠡᠳ ᠬᠦᠯᠢᠶᠡᠵᠦ ᠠᠪᠬᠤ ᠦᠭᠡᠢ ᠪᠠᠢᠭ᠎ᠠ ᠶᠤᠮ ᠪᠠᠢᠯᠭᠦᠢ 》 ᠭᠡᠳᠡᠭ ᠪᠠᠢᠪᠠ᠃ ᠡᠨᠡ ᠶᠠᠩᠵᠤ ᠪᠠᠷ ᠦᠷᠭᠦᠯᠵᠢᠯᠡᠪᠡᠯ ᠮᠥᠨ ᠮᠠᠭᠤ ᠪᠠᠨ ᠳᠠᠭᠤᠳᠠᠭᠤᠯᠵᠤ ᠬᠠᠯᠠᠭᠳᠠᠬᠤ ᠨᠢ ᠭᠡᠳᠡᠭ  ᠳ᠋ᠠᠯᡁᠠᠵᠠᠪ ᠲᠤ᠌ ᠠᠷᠭ᠎ᠠ ᠦᠭᠡᠢ ᠲᠣᠳᠣᠷᠬᠠᠢ ᠪᠣᠯᠵᠠᠢ ᠃ ᠲᠡᠭᠡᠭᠡᠳ ᠨᠢᠭᠡ ᠡᠳᠦᠷ ᠳ᠋ᠠᠯᡁᠠᠵᠠᠪ ᠡᠭᠦᠳᠡ ᠪᠡᠨ ᠲᠦᠭᠵᠢᠭᠡᠳ ᠡᠷᠭᠦᠳᠡᠯ ᠪᠢᠴᠢᠵᠦ ᠡᠬᠢᠯᠡᠪᠡ ᠃《 ᠠᠵᠢᠯ ᠳ᠋ᠠᠭᠠᠨ ᠲᠡᠩᠴᠡᠬᠦ ᠦᠭᠡᠢ ᠨᠢ ᠂ ᠴᠢᠯᠥᠭᠡᠯᠡᠭᠡᠳ ᠠᠯᠢ 》 ᠭᠡᠵᠦ ᠪᠢᠴᠢᠭᠰᠡᠨ ᠭᠡᠨ᠎ᠡ ᠃ ᠡᠨᠡ ᠪᠣᠯ ᠰᠡᠭᠦᠯ ᠦ᠋ᠨ ᠬᠡᠳᠦᠨ ᠵᠢᠯ ᠳ᠋ᠦ᠍ ᠠᠩᠬ᠎ᠠ ᠤᠳᠠᠭ᠎ᠠ ᠳᠣᠣᠷᠠᠲᠤ ᠬᠥᠮᠦᠨ ᠢ᠋ᠶ᠋ᠡᠨ ᠣᠷᠣᠭᠤᠯᠤᠯ ᠦᠭᠡᠢ ᠪᠡᠶ᠎ᠡ ᠪᠡᠨ ᠳᠠᠭᠠᠵᠤ ᠪᠢᠴᠢᠭᠰᠡᠨ ᠵᠦᠢᠯ ᠪᠠᠢᠯ᠎ᠠ᠃  ᠡᠢᠨ ‍ᠬᠦ ᠳᠠᠷᠤᠭ᠎ᠠ ᠬᠥᠮᠦᠨ ᠳ᠋ᠦ᠍ ᠴᠦ᠍ ᠬᠢᠬᠦ ᠠᠵᠢᠯ ᠪᠠᠢᠳᠠᠭ ᠶᠤᠮ ᠭᠡᠳᠡᠭ ᠢ᠋ ᠳ᠋ᠠᠯᡁᠠᠵᠠᠪ ᠣᠢᠯᠠᠭᠠᠵᠠᠢ ᠃ ᠬᠠᠷᠢᠨ ᠳ᠋ᠠᠯᡁᠠᠵᠠᠪ ᠰᠢᠭ᠋ ᠠᠵᠢᠯᠯᠠᠵᠤ ᠢᠷᠡᠭᠰᠡᠨ ᠪᠤᠰᠤᠳ ᠳᠠᠷᠤᠭ᠎ᠠ ᠨᠠᠷ ᠲᠡᠷᠡ ᠪᠦᠷᠢ ᠶ᠋ᠢ ᠣᠢᠯᠠᠭᠠᠵᠤ ᠴᠢᠳᠠᠭ᠎ᠠ ᠪᠣᠯᠪᠠ ᠤᠤ ?

   《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠴᠣᠯᠮᠣᠨᠲᠤᠶᠠᠭ᠎ᠠ 
        ᠬᠢᠨᠠᠭ᠍ᠴᠢ :  ᠰᠠᠷᠠᠨ᠎ᠠ  
               2024᠂ 2᠂ 28  ᠦ᠌ ᠡᠳᠦᠷ