ᠮᠢᠨᠦ ᠮᠤᠳᠤᠨᠨ᠎ᠠ - ᠢ‍ ᠂ ᠴᠡᠷᠡᠩᠵᠠᠮᠰᠦ Мини мдунна - И ᠂ Цэрэнжамсу ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠤᠳᠤᠨᠨ᠎ᠠ - ᠢ‍ ᠂ ᠴᠡᠷᠡᠩᠵᠠᠮᠰᠦ Мини мдунна - И ᠂ Цэрэнжамсу

ᠮᠢᠨᠦ ᠮᠤᠳᠤᠨᠨ᠎ᠠ - ᠢ‍ ᠂ ᠴᠡᠷᠡᠩᠵᠠᠮᠰᠦ Мини мдунна - И ᠂ Цэрэнжамсу

ᠠᠩᠭᠢᠯᠠᠯ:ᠬᠣᠱᠣᠩ ᠱᠣᠭ
2024-03-07

320

ᠮᠢᠨᠦ ᠮᠤᠳᠤᠨᠨ᠎ᠠ


                   ᠢ᠊᠂ ᠴᠠᠷᠠᠩᠵᠠᠮᠰᠤ  

 ᠣᠴᠢᠭ ᠬᠠᠳᠬᠤᠵᠤ ᠦᠵᠡᠭᠡ ᠦᠭᠡᠢ  
 ᠤᠷᠠᠨ ᠴᠠᠭᠠᠨ ᠬᠤᠷᠤᠭᠤᠨ ᠳ᠋ᠠᠭᠠᠨ  
 ᠤᠷᠲᠤ ᠶᠠᠩᠵᠤᠤᠷ ᠤ᠋ᠨ ᠰᠢᠯᠪᠢ  
 ᠤᠴᠢᠷᠲᠠᠢ ᠬᠠᠪᠴᠢᠭᠤᠯᠤᠭᠰᠠᠨ  
 ᠲᠣᠷᠭᠠᠳ ᠴᠠᠴᠤᠯ ᠪᠡᠶᠡᠯᠡᠮ᠎ᠡ  
 ᠭᠤᠸᠠᠯᠢᠭ ᠲᠥᠷᠥᠭᠰᠡᠨ ᠪᠡᠶ᠎ᠡ ᠪᠡᠷ ᠢ᠋ᠶ᠋ᠡᠨ  
 ᠳᠣᠷᠣᠢ ᠰᠠᠯᠬᠢᠨ ᠳ᠋ᠤ᠌ ᠰᠠᠪᠠᠬᠤ ᠰᠢᠭ᠋  
 ᠮᠠᠩᠭᠣ ᠲᠠᠲᠠᠵᠤ ᠰᠤᠷᠤᠭᠰᠠᠨ  
 ᠣᠷᠴᠢᠨ ᠴᠠᠭ ᠤ᠋ᠨ ᠬᠤᠪᠴᠠᠰᠤ  
 ᠣᠩᠭᠣᠨ ᠪᠠᠶᠠᠨ ᠳ᠋ᠤᠨᠢ ᠲᠡᠭᠡᠭᠡᠷ᠎ᠡ ᠦᠭᠡᠢ  
 ᠮᠡᠷᠭᠡᠳ  ᠬᠥᠷᠥᠭ ᠢ᠋ ᠨᠢ ᠪᠦᠲᠦᠭᠡᠭᠡ ᠦᠭᠡᠢ  
 ᠮᠠᠨ ᠤ᠋ ᠵᠢᠭᠠᠬᠠᠨ  ᠮᠣᠳᠤᠨᠨ᠎ᠠ  
 ᠳᠥᠷᠪᠡᠨ ᠠᠷᠭ᠎ᠠ ᠶ᠋ᠢᠨ ᠲᠣᠭ᠎ᠠ   
 ᠬᠤᠷᠤᠭᠤ ᠲᠠᠢ ᠪᠠᠨ ᠡᠯᠪᠡᠨ ᠨᠤᠬᠤᠳᠠᠭ ᠴᠤ᠌    
 ᠳᠥᠩᠭᠡᠵᠦ ᠰᠠᠶᠢᠬᠠᠨ ᠲᠡᠭᠦᠰᠦᠭᠰᠡᠨ  
 ᠳᠡᠭᠡᠳᠦ ᠰᠤᠷᠭᠠᠭᠤᠯᠢ ᠶ᠋ᠢᠨ ᠮᠢᠨᠢ 
 ᠳ᠋ᠢᠫᠯᠣᠮ (ᠦᠨᠡᠮᠯᠡᠬᠦ ) ᠲᠡᠢ  
 ᠴᠢᠷᠠᠢ ᠵᠢᠰᠦ ᠪᠡᠷ ᠲᠠᠭᠠᠷᠠᠤ ᠭᠡᠵᠦ  
 ᠠᠭᠤᠯᠵᠠᠭᠰᠠᠨ ᠨᠠᠮ᠎ᠠ ᠪᠠᠨ ᠭᠣᠯᠣᠯ᠎ᠠ  
 ᠴᠠᠯᠢᠩ ᠤ᠋ᠨ  ᠮᠢᠨᠢ ᠲᠣᠭ᠎ᠠ ᠶ᠋ᠢ ᠰᠣᠨᠣᠰᠤᠭᠠᠳ 
 ᠤᠷᠤᠭᠤᠯ ᠥᠭᠴᠦ ᠲᠠᠨᠢᠯᠴᠠᠯ᠎ᠠ  
 ᠳᠣᠲᠣᠭᠠᠳᠤ ᠺᠣᠰᠲ᠋ᠢᠶᠣᠮ ᠲᠠᠢ ᠭᠡᠵᠦ  
 ᠳᠡᠷᠭᠡᠳᠡ ᠪᠡᠨ ᠳᠠᠭᠠᠭᠤᠯᠬᠤ ᠠ᠋ᠴᠠ ᠵᠣᠪᠠᠯ᠎ᠠ  
 ᠳᠠᠪᠤᠤ ᠨᠢ ᠭᠠᠳᠠᠭᠠᠳᠤ ᠶ᠋ᠢᠨ ᠬᠢ ᠭᠡᠬᠦ ᠳ᠋ᠦ᠍ 
 ᠳᠣᠣᠷᠠᠬᠠᠨ ᠢ᠋ᠶ᠋ᠠᠨ ᠦᠨᠡᠮᠰᠢᠵᠦ ᠰᠤᠭᠤᠳᠠᠯ᠎ᠠ᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄   ᠳᠤᠯᠠᠭᠠᠨ
        ᠬᠢᠨᠠᠭ᠍ᠴᠢ :  ᠴᠣᠯᠮᠣᠨᠲᠤᠶᠠᠭ᠎ᠠ 
               2024᠂ 2᠂ 29  ᠦ᠌ ᠡᠳᠦᠷ