ᠮᠣᠷᠢᠨ ᠤ ᠴᠣᠯᠠ < ᠬᠣᠶᠠᠷ > МОРИНЫ ЦОЛ – II
ᠮᠣᠷᠢᠨ ᠤ ᠴᠣᠯᠠ < ᠬᠣᠶᠠᠷ >
ᠪᠦᠭᠦᠳᠡ ᠨᠠᠢᠷᠠᠮᠳᠠᠬᠤ ᠪᠦᠷᠢᠨ ᠡᠷᠬᠡᠲᠦ
ᠪᠦᠬᠦ ᠮᠣᠩᠭᠣᠯ ᠤᠯᠤᠰ ᠤ᠋ᠨ
ᠪᠠᠶᠠᠰᠤᠯ ᠴᠡᠩᠭᠡᠯ ᠦ᠋ᠨ ᠮᠠᠩᠯᠠᠢ ᠪᠣᠯᠤᠭᠰᠠᠨ
ᠪᠠᠲᠤ ᠲᠥᠷᠥ ᠶ᠋ᠢᠨ ᠶᠡᠬᠡ ᠨᠠᠭᠠᠳᠤᠮ ᠳ᠋ᠤ᠌
... ᠠᠢᠮᠠᠭ ᠤ᠋ᠨ ... ᠰᠤᠮᠤ ᠶ᠋ᠢᠨ
ᠠᠷᠠᠳ ᠠᠳᠤᠭᠤᠨ ᠠ᠋ᠴᠠ ᠨᠢ ᠰᠣᠩᠭᠣᠵᠤ
ᠠᠭᠲᠠᠨ ᠠ᠋ᠴᠠ ᠨᠢ ᠰᠢᠯᠵᠢ
ᠳᠠᠭᠠᠨ ᠡᠴᠡ ᠨᠢ ᠳᠠᠪᠬᠢᠭᠤᠯᠵᠤ
ᠦᠷᠢᠶᠡᠨ ᠡᠴᠡ ᠨᠢ ᠥᠰᠥᠷᠬᠡᠭᠰᠡᠨ
ᠦᠨᠡᠬᠡᠷ ᠦ᠋ᠨ ᠭᠠᠢᠬᠠᠮᠰᠢᠭᠲᠤ
ᠬᠤᠷᠳᠤᠨ ᠬᠦᠯᠦᠭ ᠠ᠋
ᠡᠷᠳᠡᠨᠢ ᠶ᠋ᠢᠨ ᠨᠠᠶᠠᠨ ᠨᠠᠢ᠍ᠮᠠᠨ ᠰᠢᠨᠵᠢ ᠪᠦᠷᠢᠳᠦᠭᠰᠡᠨ
ᠡᠨᠡ ᠯᠡ ᠮᠣᠷᠢᠨ ᠤ᠋ ᠡᠷᠬᠢᠮ ᠪᠠᠢᠳᠠᠯ ᠭᠡᠪᠡᠯ
ᠠᠷᠰᠯᠠᠨ ᠤ ᠰᠦᠷᠲᠡᠢ
ᠠᠷᠭᠤᠮᠠᠭ ᠤ᠋ᠨ ᠰᠢᠨᠵᠢ ᠲᠡᠢ
ᠬᠤᠯᠠᠨ ᠬᠣᠶᠠᠷ ᠴᠢᠬᠢ ᠲᠡᠢ
ᠬᠤᠨ ᠱᠥᠮᠪᠥᠭᠡᠷ ᠬᠣᠰᠢᠭᠤ ᠲᠠᠢ
ᠬᠤᠷ ᠲᠠᠢ ᠲᠠᠷᠭᠤᠨ ᠨᠢ ᠤᠭᠤᠴᠠᠨ ᠳ᠋ᠤ᠌ ᠪᠠᠨ
ᠬᠤᠷᠳᠤᠨ ᠰᠢᠨᠵᠢ ᠨᠢ ᠪᠣᠷᠪᠢᠨ ᠳ᠋ᠤ᠌ ᠪᠠᠨ
ᠪᠤᠶᠠᠨ ᠰᠢᠨᠵᠢ ᠨᠢ ᠰᠡᠭᠦᠯ ᠳ᠋ᠦ᠍ ᠪᠡᠨ
ᠪᠤᠰᠢᠭᠤ ᠲᠦᠷᠭᠡᠨ ᠨᠢ ᠰᠠᠭᠭᠠᠭᠤᠨ ᠳ᠋ᠤ᠌ ᠪᠠᠨ
ᠲᠤᠩ ᠪᠦᠷᠢᠶ᠎ᠡ ᠬᠠᠮᠠᠷ ᠲᠠᠢ
ᠳᠤᠷᠠᠨ ᠬᠠᠷ᠎ᠠ ᠨᠢᠳᠦ ᠲᠡᠢ
ᠬᠥᠨᠳᠡᠢ ᠶ᠋ᠢᠨ ᠴᠢᠨᠡᠭᠡ ᠴᠡᠭᠡᠵᠢ ᠲᠡᠢ
ᠬᠦᠳᠡᠷᠢ ᠳᠥᠷᠪᠡᠨ ᠲᠤᠭᠤᠷᠠᠢ ᠲᠠᠢ
ᠬᠥᠪᠦᠩ ᠨᠢᠮᠭᠡᠨ ᠲᠣᠬᠣᠮ ᠲᠠᠢ
ᠬᠥᠩᠭᠡᠨ ᠵᠢᠭᠠᠬᠠᠨ ᠬᠡᠦᠬᠡᠳ ᠲᠡᠢ
ᠨᠠᠷᠠ ᠰᠠᠷᠠᠨ ᠳᠥᠷᠥᠭᠡ ᠲᠡᠢ
ᠨᠠᠪᠴᠢᠨ ᠰᠠᠢᠬᠠᠨ ᠡᠷᠪᠡᠭᠡᠯᠵᠢ ᠲᠡᠢ᠃
ᠪᠥᠭᠡᠷᠡᠩᠬᠡᠢ ᠴᠢᠯᠠᠭᠤᠨ ᠳ᠋ᠤ᠌ ᠪᠦᠳᠦᠷᠢᠳᠡᠭ ᠦᠭᠡᠢ
ᠪᠦᠷᠭᠦᠳ ᠰᠢᠪᠠᠭᠤᠨ ᠳ᠋ᠤ᠌ ᠭᠦᠢᠴᠡᠭᠳᠡᠳᠡᠭ ᠦᠭᠡᠢ
ᠬᠠᠪᠲᠠᠭᠠᠢ ᠴᠢᠯᠠᠭᠤᠨ ᠳ᠋ᠤ᠌ ᠬᠠᠯᠢᠲᠠᠷᠠᠰᠢ ᠦᠭᠡᠢ
ᠬᠠᠷᠢ ᠶ᠋ᠢᠨ ᠳᠠᠢᠰᠤᠨ ᠳ᠋ᠤ᠌ ᠪᠠᠷᠢᠭᠳᠠᠰᠢ ᠦᠭᠡᠢ
ᠬᠠᠷᠢᠯᠲᠠ ᠦᠭᠡᠢ ᠬᠤᠷᠳᠤᠨ ᠬᠦᠯᠦᠭ ᠠ᠋᠃
ᠠᠯᠲᠠᠨ ᠲᠣᠯᠢᠭᠤᠷ ᠮᠠᠩᠨᠠᠢ ᠪᠠᠷ ᠢ᠋ᠶ᠋ᠠᠨ
ᠠᠭᠠᠷ ᠤ᠋ᠨ ᠰᠠᠯᠬᠢ ᠶ᠋ᠢ ᠢᠷᠡᠨ ᠳᠡᠭᠳᠡᠵᠦ
ᠠᠯᠠᠭ ᠬᠣᠶᠠᠷ ᠨᠢᠳᠦ ᠪᠡᠷ ᠢ᠋ᠶ᠋ᠡᠨ
ᠠᠯᠤᠰ ᠤ᠋ᠨ ᠪᠠᠷ᠎ᠠ ᠶ᠋ᠢ ᠰᠢᠷᠳᠡᠨ ᠳᠡᠭᠳᠡᠵᠦ
ᠤᠷᠲᠤ ᠨᠢᠷᠤᠭᠤ ᠶ᠋ᠢ ᠬᠠᠷᠠᠢᠨ ᠳᠡᠭᠳᠡᠵᠦ
ᠠᠭᠤᠵᠢᠮ ᠬᠥᠨᠳᠡᠢ ᠶ᠋ᠢ ᠲᠤᠭᠤᠯᠤᠨ ᠳᠡᠭᠳᠡᠵᠦ
ᠱᠠᠨᠠᠮ ᠰᠠᠢᠬᠠᠨ ᠰᠡᠭᠦᠯ ᠢ᠋ ᠰᠠᠯᠪᠠᠯᠵᠠᠭᠤᠯᠤᠨ
ᠱᠠᠰᠢᠷ ᠰᠠᠢᠬᠠᠨ ᠳᠡᠯ ᠢ᠋ ᠰᠠᠭᠰᠠᠯᠵᠠᠭᠤᠯᠤᠨ
ᠲᠦᠮᠡᠨ ᠬᠦᠯᠥᠭ ᠦ᠋ᠨ ᠳᠤᠮᠳᠠ ᠠ᠋ᠴᠠ ᠲᠦᠷᠦᠭᠦᠯᠡᠨ ᠢᠷᠡᠵᠦ
ᠡᠵᠡᠨ ᠬᠥᠮᠦᠨ ᠦ᠌ ᠢᠲᠡᠭᠡᠯ ᠢ᠋ ᠣᠯᠵᠤ
ᠤᠨᠤᠭᠰᠠᠨ ᠬᠡᠦᠬᠡᠳ ᠦ᠋ᠨ ᠤᠷᠮ᠎ᠠ ᠶ᠋ᠢ ᠰᠡᠷᠭᠦᠭᠡᠵᠦ
ᠤᠳᠤᠮ ᠢ᠋ᠶ᠋ᠠᠷ ᠢ᠋ᠶ᠋ᠠᠨ ᠲᠦᠷᠦᠭᠦᠯᠡᠳᠡᠭ
ᠤᠶᠠᠭ᠎ᠠ ᠪᠠᠷ ᠢ᠋ᠶ᠋ᠠᠨ ᠳᠠᠪᠬᠢᠳᠠᠭ
ᠠᠰᠠᠷ ᠪᠣᠯᠭᠠᠨ ᠤ᠋ ᠡᠭᠦᠳᠡᠨ ᠳ᠋ᠦ᠍
ᠠᠳᠠ ᠲᠠᠲᠠᠭᠤᠯᠤᠨ ᠴᠣᠯᠠᠯᠠᠭᠤᠯᠤᠭᠴᠢ
ᠨᠠᠢᠷ ᠪᠣᠯᠭᠠᠨ ᠳ᠋ᠤ᠌ ᠮᠠᠭᠲᠠᠭᠳᠠᠵᠤ
ᠨᠠᠭᠠᠳᠤᠮ ᠪᠣᠯᠭᠠᠨ ᠳ᠋ᠤ᠌ ᠲᠦᠷᠦᠭᠦᠯᠡᠭᠴᠢ
ᠲᠣᠳᠣ ᠮᠠᠩᠨᠠᠢ ᠲᠣᠷᠭᠠᠨ ᠵᠢᠯᠣᠭᠣ
ᠬᠣᠩ ᠤ᠋ᠨ ᠵᠢᠭᠦᠷ ᠬᠣᠯᠣᠩ ᠤ᠋ᠨ ᠲᠣᠭᠣᠰᠣ
ᠲᠦᠮᠡᠨ ᠡᠬᠡ ᠬᠦᠯᠥᠭ ᠠ᠋᠃
МОРИНЫ ЦОЛ – II
Бүгд Найрамдах бүрэн эрхт
Бүх монгол улсын
Баясал цэнгэлийн манлай болсон
Бат төрийн их наадамд
... аймгийн ... сумын
Ард Адуунаас нь сонгож
Агтнаас нь шилж
Дааганаас нь давхиулж
Урээнээс нь үсэргэсэн
Үнэхээрийн гайхамшигт хурдан хүлэг ээ
Эрдэнийн наян найман шинж бүрдсэн
Энэ л морины эрхэм байдал гэвэл
Арслангийн сүртэй
Аргамагийн шинжтэй
Хулан хоёр чихтэйХун шөмбөгөр хошуутай
Хуртай тарган нь ууцандаа
Хурдан шинж нь борвиндоо
Буян шинж нь сүүлэндээ
Бушуу түргэн нь сагагандаа
Дун бүрээ хамартай
Дуран хар нүдтэй
Хөндийн чинээ цээжтэй
Хүдэр дөрвөн туурайтай
Хөвөн нимгэн тохомтой
Хөнгөн жаахан хүүхэдтэй
Нар саран дөрөөтэй
Навчин сайхан эрвээлжтэй.
Бөөрөнхий чулуунд бүдэрдэггүй
Бүргэд шувуунд гүйцэгддэггүй
Хавтгай чулуунд хальтаршгүй
Харийн дайсанд баригдашгүй
Харилтгүй хурдан хүлэг ээ.
Алтан толиур магнайгаараа
Агаарын салхийг яран дэгдэж
Алаг хоёр нүдээрээ
Алсын барааг ширтэн дэгдэж
Урт нурууг харайн дэгдэж
Уужим хөндийг туулан дэгдэж
Шанам сайхан сүүлийг салбалзуулан
Шашир сайхан дэлийг сагсалзуулан
Түмэн хүлгийн дундаас
Түрүүлэн ирж Эзэн хүний
Итгэлийг олж
Унасан хүүхдийн
Урмыг сэргээж
Удмаараа түрүүлдэг
Уяагаараа давхидаг
Асар болгоны үүдэнд
Ат татуулан цоллуулагч
Найр болгонд магтагдаж
Наадам болгонд түрүүлэгч
Тод магнай Торгон жолоо
Хунгийн жигүүр
Хулангийн тоос
Түмэн эх хүлэг ээ.
