ᠡᠢᠮᠦ ᠮᠣᠩᠭᠣᠯ ᠣᠯᠠᠰᠢᠷᠠᠵᠠᠢ- ᠳ᠋ᠤ᠌᠊ · ᠡᠷᠳᠡᠨᠢᠸᠴᠢᠷИйм монгол олширчээ-До ·Эрдэнүчир
ᠡᠢᠮᠦ ᠮᠣᠩᠭᠣᠯ ᠣᠯᠠᠰᠢᠷᠠᠵᠠᠢ
ᠳ᠋ᠤ᠌᠊ · ᠡᠷᠳᠡᠨᠢᠸᠴᠢᠷ
ᠭᠠᠵᠠᠷ ᠢ᠋ᠶ᠋ᠠᠨ ᠬᠤᠳᠠᠯᠳᠤᠳᠠᠭ ᠬᠥᠮᠦᠨ ᠢ᠋ᠶ᠋ᠡᠷ ᠭᠠᠴᠠᠭᠠᠨ ᠳᠠᠷᠤᠭ᠎ᠠ ᠲᠠᠯᠪᠢᠴᠢᠬᠠᠭᠠᠳ
ᠭᠠᠷ ᠬᠥᠯ ᠢ᠋ ᠨᠢ ᠳᠠᠭᠠᠭᠠᠳ ᠪᠠᠭᠠᠯ ᠰᠢᠭ᠋ ᠰᠢᠷᠪᠠᠯᠵᠠᠵᠤ ᠪᠠᠢᠭᠰᠠᠨ ᠪᠣᠯ
ᠭᠠᠳᠠᠨ᠎ᠠ ᠳᠣᠲᠣᠷ᠎ᠠ ᠶ᠋ᠢᠨ ᠵᠢᠭᠤᠷᠠᠭᠠᠨ ᠳ᠋ᠤ᠌ ᠨᠤᠲᠤᠭ ᠤᠰᠤ ᠨᠢ ᠬᠣᠷᠣᠭᠳᠠᠬᠤ ᠳ᠋ᠤ᠌
ᠭᠠᠳᠠ ᠮᠡᠢᠷᠡᠨ ᠰᠢᠭ᠋ ᠪᠣᠰᠴᠤ ᠵᠣᠭᠰᠣᠭᠠᠳ ᠦᠭᠡ ᠬᠡᠯᠡᠬᠦ ᠪᠡᠨ ᠶᠠᠭᠠᠬᠢᠯ᠎ᠠ ᠳᠠ
ᠦᠢᠯᠡᠰ ᠪᠦᠲᠦᠭᠡᠳᠡᠭ ᠬᠥᠮᠦᠨ ᠢ᠋ᠶ᠋ᠡᠨ ᠠᠪᠬᠤ ᠶ᠋ᠢᠨ ᠠᠷᠭ᠎ᠠ ᠦᠭᠡᠢ ᠮᠠᠭᠤᠯᠠᠭᠠᠳ
ᠦᠢᠯᠡ ᠵᠣᠪᠠᠯᠠᠩ ᠢ᠋ᠶ᠋ᠠᠨ ᠣᠳᠣ ᠥᠪᠡᠷᠰᠡᠳ ᠢ᠋ᠶ᠋ᠡᠨ ᠠᠮᠰᠠᠵᠤ ᠡᠬᠢᠯᠡᠬᠦ ᠳ᠋ᠦ᠍
ᠦᠨᠡᠭᠡ ᠰᠢᠭ ᠬᠥᠮᠦᠨ ᠢ᠋ ᠳᠠᠭᠠᠭᠠᠳ ᠦᠬᠡᠷ ᠰᠢᠭ ᠵᠢᠳᠬᠦᠭᠰᠡᠨ ᠥᠴᠥᠭᠡᠳᠦᠷ ᠴᠢᠨᠢ
ᠦᠶᠡᠷ ᠰᠢᠭ ᠤᠷᠤᠰᠬᠠᠯ ᠢ᠋ ᠳᠠᠭᠠᠭᠠᠳ ᠦᠰᠦ ᠰᠢᠭ ᠥᠷᠢᠲᠦᠭᠰᠡᠨ ᠥᠨᠥᠳᠥᠷ ᠪᠣᠯᠵᠠᠢ
ᠳᠡᠪᠡᠯ ᠦ᠋ᠨ ᠵᠠᠭᠠᠮ᠎ᠠ ᠪᠠᠨ ᠬᠠᠨᠵᠠᠯᠠᠴᠢᠬᠠᠭᠠᠳ ᠳᠡᠭᠡᠳᠦᠰ ᠲᠡᠭᠡᠨ ᠶᠠᠭᠤᠨ ᠳ᠋ᠤ᠌ ᠭᠣᠮᠣᠳᠠᠨ᠎ᠠ
ᠳᠡᠮᠡᠢ ᠪᠠᠯᠠᠢ ᠪᠠᠷ ᠠᠪᠤᠷᠢᠯᠠᠴᠢᠬᠠᠭᠠᠳ ᠳᠡᠷᠪᠡᠵᠦ ᠶᠠᠭᠤᠨ ᠳ᠋ᠤᠨᠢ ᠬᠥᠭᠰᠡᠨ᠎ᠡ
ᠳᠡᠯᠡᠬᠡᠢ ᠳᠠᠶᠠᠭᠠᠷᠴᠢᠯᠠᠯ ᠪᠣᠯᠬᠤ ᠳ᠋ᠤ᠌ ᠰᠣᠶᠣᠯ ᠢ᠋ᠶ᠋ᠠᠨ ᠣᠮᠲᠣᠭᠠᠢᠯᠠᠭᠰᠠᠨ ᠢ᠋ ᠨᠢ ᠶᠠᠭᠠᠬᠢᠶ᠎ᠠ
ᠳᠡᠩᠳᠡᠭᠦᠦ ᠬᠤᠪᠢᠨᠴᠢᠷ ᠢ᠋ ᠬᠥᠭᠡᠭᠡᠴᠡᠯᠳᠦᠭᠡᠳ ᠰᠤᠳᠤᠷ ᠢ᠋ᠶ᠋ᠠᠨ ᠭᠡᠭᠡᠭᠰᠡᠨ ᠢ᠋ ᠨᠢ ᠶᠠᠭᠠᠬᠢᠶ᠎ᠠ
ᠠᠲᠠᠭ᠎ᠠ ᠵᠢᠲᠦᠭᠡᠨ ᠦ᠌ ᠲᠡᠮᠡᠴᠡᠭᠡᠨ ᠳ᠋ᠦ᠍ ᠠᠷᠪᠢᠨ ᠦᠬᠡᠷ ᠲᠡᠢ ᠪᠠᠶᠠᠨ
ᠠᠵᠤ ᠲᠥᠷᠥᠬᠦ ᠶ᠋ᠢᠨ ᠰᠢᠯᠲᠠᠭᠠᠨ ᠳ᠋ᠤ᠌ ᠣᠯᠠᠨ ᠥᠷᠢ ᠲᠡᠢ ᠪᠣᠭᠣᠯ
ᠠᠷᠭ᠎ᠠ ᠪᠣᠳᠣᠯᠭ᠎ᠠ ᠲᠠᠢ ᠴᠡᠴᠡᠨ ᠢ᠋ᠶ᠋ᠡᠨ ᠠᠳᠠ ᠦᠵᠡᠭᠰᠡᠨ ᠪᠠᠯᠠᠢ
ᠠᠯᠤᠰ ᠢᠷᠡᠭᠡᠳᠦᠢ ᠶ᠋ᠢ ᠤᠬᠠᠭᠤᠯᠬᠤ ᠳ᠋ᠤ᠌ ᠠᠵᠢᠭ ᠦᠭᠡᠢ ᠰᠠᠭᠤᠭᠰᠠᠨ ᠳᠦᠯᠡᠢ
ᠨᠡᠢᠲᠡ ᠳᠠᠶᠠᠭᠠᠷ ᠤᠷᠤᠭᠰᠢᠯᠠᠬᠤ ᠳ᠋ᠤ᠌ ᠨᠡᠢᠭᠡᠮ ᠦ᠋ᠨ ᠪᠣᠯᠪᠠᠰᠤᠨ ᠠ᠋ᠴᠠ ᠬᠣᠴᠣᠷᠤᠭᠰᠠᠨ
ᠨᠡᠭᠡᠭᠡᠯᠲᠡ ᠶ᠋ᠢᠨ ᠠᠭᠤᠷᠬᠠᠢ ᠠ᠋ᠴᠠ ᠮᠥᠩᠭᠥ ᠰᠠᠪᠠᠯᠠᠭᠠᠳ ᠨᠢᠭᠦᠯ ᠦ᠋ᠨ ᠭᠠᠩ ᠳ᠋ᠤ᠌ ᠰᠢᠲᠠᠭᠳᠠᠭᠰᠠᠨ
ᠨᠢᠭᠡᠨ ᠦᠶ᠎ᠡ ᠶ᠋ᠢᠨ ᠲᠩᠷᠢᠯᠢᠭ ᠬᠥᠪᠡᠭᠦᠨ ᠦ᠌ ᠨᠡᠷ᠎ᠡ ᠠᠯᠳᠠᠷ ᠢ᠋ ᠭᠤᠲᠤᠭᠠᠭᠰᠠᠨ
ᠨᠢᠭᠡᠳᠬᠦ ᠶ᠋ᠢ ᠮᠡᠳᠡᠬᠦ ᠦᠭᠡᠢ ᠮᠥᠬᠥᠬᠦ ᠡᠴᠡ ᠠᠶᠤᠬᠤ ᠦᠭᠡᠢ ᠡᠢᠮᠦ ᠮᠣᠩᠭᠣᠯ ᠣᠯᠠᠰᠢᠷᠠᠵᠠᠢ᠁
2024.2.23
ᠦᠰᠦᠭ ᠠᠮᠢᠯᠠᠭᠤᠯᠤᠭᠴᠢ᠄ ᠪᠠᠶᠠᠨᠰᠡᠷᠡᠩ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠪᠠ
