ᠬᠥᠮᠦᠨ ᠦ ᠪᠣᠳᠣᠯ – ᠣ᠂ ᠴᠠᠨᠳᠤᠰᠥ᠋ᠷᠦᠩ Хүний бодол – О ᠂ Цандсүрэн
ᠬᠥᠮᠦᠨ ᠦ ᠪᠣᠳᠣᠯ
( ᠱᠣᠭ ᠥᠭᠦᠯᠡᠯᠭᠡ)
ᠣ · ᠴᠠᠨᠲᠤᠰᠦᠷᠤᠩ
ᠮᠢᠨᠦ ᠪᠡᠶ᠎ᠡ ᠨᠡᠢᠰᠯᠡᠯ ᠦ᠋ᠨ ᠨᠢᠭᠡᠨ ᠪᠠᠢᠭᠤᠯᠭ᠎ᠠ ᠳ᠋ᠤ᠌ ᠴᠡᠪᠡᠷᠯᠡᠭᠴᠢ ᠶ᠋ᠢᠨ ᠠᠵᠢᠯ ᠲᠠᠢ᠃ ᠳᠥᠷᠪᠡᠨ ᠴᠠᠭ ᠤ᠋ᠨ ᠡᠷᠭᠢᠯᠲᠡ ᠳ᠋ᠦ᠍ ᠴᠡᠩᠬᠡᠷ ᠬᠠᠯᠠᠲ( ᠠᠵᠢᠯ ᠤ᠋ᠨ ᠬᠤᠪᠴᠠᠰᠤ) ᠠ᠋ᠴᠠ ᠰᠠᠯᠳᠠᠭ ᠦᠭᠡᠢ᠂ ᠠᠮᠢᠳᠤᠷᠠᠯ ᠤ᠋ᠨ ᠢ᠋ᠶ᠋ᠠᠨ ᠶᠡᠬᠡᠩᠬᠢ ᠶ᠋ᠢ ᠱᠦᠭᠦᠷ ᠪᠠᠷᠢᠵᠤ ᠥᠩᠭᠡᠷᠡᠭᠰᠡᠨ᠂ ᠪᠢ ᠴᠢᠨᠢ ᠴᠡᠪᠡᠷᠯᠡᠭᠴᠢ ᠶ᠋ᠢᠨ ᠢ᠋ᠶ᠋ᠡᠨ ᠠᠵᠢᠯ ᠳ᠋ᠤ᠌ ᠪᠦᠷ ᠨᠢᠭᠡ ᠶᠠᠰᠤᠨ( ᠮᠥᠨ ᠴᠢᠨᠠᠷ) ᠠ᠋ᠴᠠ ᠪᠠᠨ ᠳᠤᠷᠠᠲᠠᠢ ᠬᠥᠮᠦᠨ ᠳᠡ᠃ ᠭᠡᠬᠦ ᠳ᠋ᠡᠭᠡᠨ ᠪᠢ ᠨᠣᠮ ᠤᠩᠰᠢᠳᠠᠭ᠂ ᠬᠥᠭᠵᠢᠵᠦ ᠨᠠᠷᠭᠢᠪᠠᠯ ᠠᠷᠠᠳ ᠤ᠋ᠨ ᠳᠠᠭᠤᠨ ᠠ᠋ᠴᠠ ᠬᠠᠲᠠᠭᠠᠭᠠᠳ ᠥᠭᠭᠦᠨ᠎ᠡ ᠰᠢᠦ᠃ ᠵᠠ ᠡᠨᠡ ᠮᠡᠲᠦ ᠴᠦ᠍ ᠶᠠᠭᠠᠬᠢᠬᠤᠪ᠂ ᠥᠨᠥᠳᠥᠷ ᠵᠢᠭᠠᠬᠠᠨ ᠰᠡᠳᠬᠢᠯ ᠠᠮᠠᠷᠠᠭᠠᠳ ᠪᠠᠢᠨ᠎ᠠ᠂ ᠶᠠᠭᠠᠬᠢᠭᠰᠠᠨ ᠰᠠᠢᠬᠠᠨ ᠡᠳᠦᠷ ᠪᠣᠢ᠂ ᠮᠣᠳᠣᠨ ᠤ᠋ ᠰᠢᠷᠭᠠᠯ ᠨᠠᠪᠴᠢᠰ ᠤ᠋ᠨ ᠵᠠᠪᠰᠠᠷ ᠢ᠋ᠶ᠋ᠠᠷ ᠬᠥᠬᠡ ᠲᠩᠷᠢ ᠮᠡᠯᠲᠡᠢᠭᠡᠳ᠂ ᠴᠣᠩᠬᠣ ᠪᠠᠷ ᠬᠠᠷᠠᠭᠳᠠᠬᠤ ᠪᠠᠢᠰᠢᠩ ᠤ᠋ᠨ ᠣᠷᠣᠢ ᠳᠡᠭᠡᠭᠦᠷ ᠬᠤᠷᠠᠭᠠᠨ ᠴᠠᠭᠠᠨ ᠡᠭᠦᠯᠡᠰ ᠨᠡᠭᠦᠭᠡᠳ ᠯᠡ᠁ ᠨᠠᠮᠤᠷ ᠠ᠋ ᠭᠡᠵᠦ᠁ ᠡᠢᠮᠦ ᠯᠡ ᠪᠠᠢᠳᠠᠭ ᠪᠠᠢᠵᠠᠢ ᠬᠥᠭᠡᠷᠦᠬᠦᠢ᠃
ᠪᠢ ᠭᠡᠳᠡᠭ ᠬᠥᠮᠦᠨ ᠳᠥᠷᠪᠡᠨ ᠰᠠᠷ᠎ᠠ ᠶ᠋ᠢᠨ ᠲᠤᠷᠰᠢ ᠳᠠᠪᠬᠤᠷ ᠪᠠᠢᠰᠢᠩ ᠤ᠋ᠨ ᠥᠷᠥᠭᠡ ᠪᠦᠬᠦᠨ ᠢ᠋ ᠴᠡᠪᠡᠷᠯᠡᠵᠦ ᠪᠠᠢᠯ᠎ᠠ ᠰᠢᠦ ᠳᠡ᠃ ᠮᠠᠨ ᠤ᠋ ᠳᠠᠷᠤᠭ᠎ᠠ ᠮᠢᠨᠦ ᠬᠠᠮᠠᠷ ᠳᠡᠭᠡᠭᠦᠷ ᠲᠠᠩᠳᠠ ᠪᠤᠷᠵᠢᠢᠳᠠᠭ ᠬᠥᠯᠥᠰᠥ ᠶ᠋ᠢ ᠬᠠᠷᠠᠵᠤ《 ᠬᠥᠭᠡᠷᠦᠬᠦᠢ ᠮᠠᠭᠤ ᠰᠠᠨᠳᠠᠷ ᠭᠤᠸᠠᠢ᠁》 ᠭᠡᠵᠦ ᠦᠷᠦ ᠡᠪᠡᠳᠦᠭᠰᠡᠨ ᠶᠠᠩᠵᠤ ᠲᠠᠢ ᠬᠡᠯᠡᠳᠡᠭ ᠶᠦᠮ᠃ ᠤᠤᠯ ᠨᠢ ᠮᠠᠨ ᠤ᠋ ᠪᠠᠢᠭᠤᠯᠭ᠎ᠠ ᠬᠣᠶᠠᠷ ᠴᠡᠪᠡᠷᠯᠡᠭᠴᠢ ᠲᠡᠢ᠂ ᠫᠦᠵᠡᠢ ᠭᠡᠵᠦ ᠨᠢᠭᠡ ᠶᠣᠰᠣᠲᠠᠢ《 ᠪᠣᠰᠤᠭ᠎ᠠ ᠣᠷᠣᠯᠠᠩ》 ᠪᠣᠢ᠃ ᠲᠡᠷᠡ ᠬᠡᠦᠬᠡᠨ ᠤᠤᠯ ᠨᠢ ᠨᠠᠳᠠ ᠲᠠᠢ ᠴᠣᠭ ᠴᠡᠪᠡᠷᠯᠡᠭᠴᠢ ᠬᠢᠳᠡᠭ ᠤᠬᠠᠭᠠᠨ ᠲᠠᠢ᠃ ᠤᠬᠠᠭᠠᠨ ᠲᠠᠢ ᠭᠡᠰᠡᠨ ᠡᠴᠡ ᠲᠡᠷᠡ ᠮᠠᠨᠢ《 ᠡᠷᠡᠭᠦᠯ ᠭᠠᠯᠵᠠᠭᠤ》 ᠠᠮᠢᠲᠠᠨ᠂ ᠬᠥᠮᠦᠨ ᠲᠡᠢ ᠬᠡᠷᠡᠯᠳᠦᠬᠦ ᠪᠡᠷ ᠪᠣᠯ ᠬᠣᠶᠠᠷ ᠵᠠᠪᠠᠵᠢ ᠪᠠᠷ ᠨᠢ ᠥᠳᠬᠡᠨ ᠴᠠᠭᠠᠨ ᠬᠥᠭᠡᠰᠦ ᠴᠠᠬᠠᠷᠠᠭᠠᠳ ᠨᠢᠳᠦ ᠨᠢ ᠤᠯᠠᠭᠠᠨ ᠢ᠋ᠶ᠋ᠠᠷ ᠡᠷᠭᠢᠯᠳᠦᠭᠡᠳ ᠢᠷᠡᠨ᠎ᠡ᠃ ᠳᠥᠩᠭᠡᠵᠦ ᠴᠡᠪᠡᠷᠯᠡᠭᠴᠢ ᠪᠡᠷ ᠣᠷᠣᠭᠰᠠᠨ ᠡᠳᠦᠷ ᠢ᠋ᠶ᠋ᠡᠨ ᠲᠡᠷᠡ ᠬᠡᠦᠬᠡᠨ ᠠᠵᠢᠯ ᠤ᠋ᠨ ᠫᠷᠤᠫᠥ᠋ᠰᠺ( ᠨᠡᠪᠲᠡᠷᠡᠬᠦ ᠦᠨᠡᠮᠯᠡᠬᠦ) ᠠᠪᠬᠤ ᠪᠣᠯᠪᠠ ᠳᠠ᠃ ᠲᠡᠭᠡᠭᠰᠡᠨ ᠴᠢᠨᠢ᠄
— ᠪᠢ ᠵᠠᠯᠠᠭᠤ ᠬᠥᠮᠦᠨ᠂《 ᠴᠡᠪᠡᠷᠯᠡᠭᠴᠢ》 ᠭᠡᠰᠡᠨ ᠦᠨᠡᠮᠯᠡᠬᠦ ᠲᠡᠢ ᠶᠠᠪᠤᠬᠤ ᠠ᠋ᠴᠠ ᠢᠴᠢᠵᠦ ᠪᠠᠢᠨ᠎ᠠ᠂ ᠵᠦᠭᠡᠷ ᠯᠡ《 ᠠᠴᠢᠯᠴᠢᠨ》 ᠭᠡᠰᠡᠨ ᠦᠨᠡᠮᠯᠡᠬᠦ ᠠᠪᠤᠨ᠎ᠠ ᠭᠡᠵᠦ ᠶᠠᠷᠢᠯ᠎ᠠ ᠰᠢᠦ᠃ ᠴᠡᠪᠡᠷᠯᠡᠭᠴᠢ ᠶ᠋ᠢᠨ ᠠᠵᠢᠯ ᠢ᠋ ᠪᠠᠰᠤᠮᠵᠢᠯᠠᠬᠤ ᠪᠠᠷ ᠠᠭᠤᠷ ᠬᠦᠷᠦᠭᠡᠳ ᠶᠠᠪᠤᠴᠢᠬᠠᠯ᠎ᠠ᠃
— ᠴᠡᠪᠡᠷᠯᠡᠭᠴᠢ ᠭᠡᠳᠡᠭ ᠰᠠᠢᠬᠠᠨ ᠠᠵᠢᠯ ᠥᠬᠢᠨ ᠮᠢᠨᠢ᠃ ᠰᠠᠢᠨ ᠬᠢᠪᠡᠯ ᠠᠯᠳᠠᠷ ᠨᠡᠷ᠎ᠡ ᠴᠢᠨᠢ ᠮᠠᠨᠳᠤᠨ᠎ᠠ ᠭᠡᠴᠢᠬᠡᠯᠡ᠃ ᠲᠡᠭᠡᠭᠰᠡᠨ ᠴᠢᠨᠢ ᠫᠦᠵᠡᠢ ᠲᠣᠯᠣᠭᠠᠢ ᠪᠠᠨ ᠰᠡᠩᠰᠤᠴᠢᠨ᠄
— ᠦᠭᠡᠢ ᠶᠡᠷᠦ ᠠ᠋᠂ ᠪᠦᠷ ᠴᠢᠰ ᠬᠢᠭᠰᠡᠨ ᠬᠥᠭᠰᠢᠨ ᠰᠢᠪ ᠳᠡ᠂ ᠬᠡᠯᠡᠵᠦ ᠪᠠᠢᠭ᠎ᠠ ᠦᠭᠡ ᠶ᠋ᠢ ᠨᠢ ᠳᠤᠭᠤᠯᠪᠠ ᠤᠤ? ᠲᠠ ᠮᠢᠨᠢ ᠬᠢ᠂ ᠬᠢ᠂ ᠬᠢ! ᠲᠠ ᠪᠢᠳᠡ ᠬᠣᠶᠠᠷ ᠤ᠋ᠨ ᠴᠡᠪᠡᠷᠯᠡᠭᠴᠢ ᠬᠢᠭᠡᠳ ᠨᠡᠷ᠎ᠡ ᠪᠡᠨ ᠮᠠᠨᠳᠤᠭᠤᠯᠬᠤ ᠨᠢ ᠴᠦ᠍ ᠭᠠᠢᠭᠤᠢ ᠬᠡᠪᠲᠡᠨ᠎ᠡ ᠳᠡ᠃ ᠠᠵᠢᠯ ᠬᠢᠭᠰᠡᠨ ᠨᠡᠷ᠎ᠡ ᠵᠡᠭᠦᠭᠡᠳ ᠬᠡᠳᠦᠨ ᠲᠥᠭᠥᠷᠢᠭ ᠠᠪᠬᠤ ᠨᠢ ᠴᠢᠬᠤᠯᠠ᠃ ᠶᠣᠬᠣ᠂ ᠶᠣᠬᠣ᠂ ᠶᠣᠬᠣ ᠡᠯᠢᠭᠡ ᠠᠪᠤᠭᠠᠳ ᠬᠠᠶᠠᠴᠢᠬᠠᠯ᠎ᠠ ᠭᠡᠮᠡᠨ ᠪᠠᠬᠠᠨ ᠬᠥᠬᠥᠷᠡᠭᠰᠡᠨ ᠶᠦᠮ ᠳ᠋ᠠᠭ᠃
ᠬᠡᠳᠦᠢ ᠳ᠋ᠦ᠍ ᠪᠢᠯᠡ᠂ ᠪᠠᠢᠵᠠ ᠬᠦ᠂ ᠥᠩᠭᠡᠷᠡᠳᠡᠭ ᠵᠤᠨ ᠶᠤᠮ ᠪᠠᠢᠨ᠎ᠠ᠃ ᠬᠣᠭ ᠴᠡᠪᠡᠷᠯᠡᠵᠦ ᠶᠠᠪᠤᠭᠰᠠᠨ ᠴᠢᠨᠢ ᠭᠡᠨᠡᠳᠲᠡ ᠡᠪᠦᠳᠦᠭ ᠦ᠋ᠨ ᠨᠢᠳᠦ ᠪᠡᠷ ᠬᠠᠳᠬᠤᠭᠠᠳ ᠪᠢ ᠤᠷᠢ ᠳᠠᠭᠤ ᠲᠠᠯᠪᠢᠭᠠᠳ ᠰᠠᠭᠤᠴᠢᠬᠠᠯ᠎ᠠ᠃ ᠫᠦᠵᠡᠢ ᠨᠠᠮ᠎ᠠ ᠶ᠋ᠢ ᠡᠯᠡᠭᠯᠡᠵᠦ ᠡᠪᠦᠳᠦᠭ ᠢ᠋ᠶ᠋ᠡᠨ ᠳᠠᠷᠤᠨ ᠬᠠᠵᠠᠭᠠᠨᠠᠵᠤ᠄
— ᠰᠠᠨᠳᠠᠷ ᠭᠤᠸᠠᠢ ᠬᠥᠳᠡᠯᠮᠦᠷᠢ ᠪᠡᠷ ᠢ᠋ᠶ᠋ᠡᠨ ᠠᠯᠳᠠᠷ ᠨᠡᠷ᠎ᠡ ᠪᠡᠨ ᠮᠠᠨᠳᠤᠭᠤᠯᠵᠤ ᠪᠠᠢᠨ᠎ᠠ ᠭᠡᠳ ᠯᠡ ᠴᠠᠭᠠᠨ᠎ᠠ ᠪᠠᠨ ᠨᠢᠭᠡ ᠳᠠᠭᠠᠵᠢᠩᠲᠠᠢ ᠬᠥᠬᠥᠷᠡᠪᠡ ᠰᠢᠦ᠃ ᠭᠣᠣᠯ ᠲᠠᠰᠤᠷᠠᠲᠠᠯ᠎ᠠ ᠡᠪᠡᠳᠴᠦ ᠪᠠᠢᠭᠰᠠᠨ ᠪᠣᠯᠬᠣᠷ ᠲᠡᠭᠦᠨ ᠦ᠌ ᠶᠠᠭᠤ ᠬᠡᠯᠡᠭᠰᠡᠨ ᠢ᠋ ᠬᠡᠰᠡᠭ ᠵᠠᠭᠤᠷ᠎ᠠ ᠴᠢᠩᠨᠠᠵᠤ ᠴᠢᠳᠠᠭᠰᠠᠨ ᠦᠭᠡᠢ᠃ ᠡᠪᠡᠳᠴᠢᠨ ᠨᠠᠮᠳᠠᠬᠤ ᠪᠠᠷ ᠨᠢ᠄
— ᠪᠢ ᠴᠢᠮ᠎ᠠ ᠰᠢᠭ᠋ ᠥᠬᠢᠨ ᠲᠡᠢ᠂ ᠴᠢ ᠶᠠᠭᠠᠬᠢᠭᠰᠠᠨ ᠬᠠᠴᠢᠨ ᠬᠡᠦᠬᠡᠨ ᠪᠣᠢ? ᠤᠯᠤᠰ ᠤ᠋ᠨ ᠮᠥᠩᠭᠥ ᠭᠥᠷᠳᠡᠴᠢᠬᠡᠭᠡᠳ ᠶᠠᠭᠤ ᠴᠦ᠍ ᠬᠢᠬᠦ ᠦᠭᠡᠢ ᠠᠩᠭᠠᠯᠵᠠᠭᠠᠳ ᠭᠦᠶᠦᠵᠦ ᠶᠠᠪᠤᠳᠠᠭ᠂ ᠬᠥᠭᠰᠢᠨ ᠨᠠᠮ᠎ᠠ ᠶ᠋ᠢ ᠵᠠᠬᠢᠷᠬᠤ ᠠ᠋ᠴᠠ ᠢᠴᠢᠬᠦ ᠦᠭᠡᠢ ᠪᠠᠢᠨ᠎ᠠ ᠤᠤ? ᠡᠨᠡ ᠴᠢᠨᠢ ᠠᠵᠢᠯ ᠬᠢᠬᠦ ᠦᠭᠡᠢ ᠬᠥᠮᠦᠨ ᠢ᠋ ᠲᠡᠵᠢᠭᠡᠵᠦ ᠪᠠᠢᠳᠠᠭ ᠭᠠᠵᠠᠷ ᠪᠢᠰᠢ ᠭᠡᠳ ᠲᠠᠯᠪᠢᠴᠢᠬᠠᠭᠰᠠᠨ ᠴᠢᠨᠢ ᠨᠥᠭᠦᠭᠡ ᠬᠡᠦᠬᠡᠨ ᠬᠠᠮᠠᠷ ᠨᠢ ᠰᠢᠷᠲᠡᠰᠬᠢᠭᠡᠳ᠄
— ᠬᠥᠭᠰᠢᠨ ᠵᠥᠨᠥᠭ ᠴᠢ ᠶᠠᠭᠤ ᠭᠡᠨ᠎ᠡ᠂ ᠴᠢᠮ᠎ᠠ ᠶ᠋ᠢ ᠪᠣᠳᠣᠪᠠᠯ ᠪᠢ ᠶᠠᠭᠤ ᠴᠦ᠍ ᠬᠢᠭᠰᠡᠨ ᠴᠢᠳᠠᠨ᠎ᠠ᠂ ᠬᠤᠯᠠᠭᠠᠢ ᠴᠤ᠌ ᠬᠢᠭᠰᠡᠨ ᠳᠥᠩᠭᠡᠨ᠎ᠡ᠂ ᠴᠢᠮ᠎ᠠ ᠶ᠋ᠢ ᠭᠦᠳᠬᠡᠭᠰᠡᠨ ᠴᠦ᠍ ᠴᠢᠳᠠᠨ᠎ᠠ᠃ ᠬᠠᠷᠢᠨ ᠪᠠᠷᠠᠳᠠᠬᠤ ᠨᠢ ᠪᠢᠰᠢ ᠴᠢᠳᠠᠨ᠎ᠠ ᠳᠠ ᠴᠢᠳᠠᠨ᠎ᠠ᠃ ᠨᠠᠳᠠ ᠳ᠋ᠤ᠌ ᠶᠠᠩᠵᠤ ᠪᠦᠷᠢ ᠶ᠋ᠢᠨ ᠲᠠᠨᠢᠯ ᠪᠠᠢᠨ᠎ᠠ᠂ ᠶᠠᠮᠠᠷ ᠴᠢᠮ᠎ᠠ ᠪᠠᠷ ᠲᠡᠵᠢᠭᠡᠯᠭᠡᠵᠦ ᠪᠠᠢᠭ᠎ᠠ ᠪᠢᠰᠢ᠂ ᠶᠣᠰᠣᠲᠠᠢ ᠭᠠᠢ ᠦᠭᠡᠢ ᠪᠠᠢᠯᠭᠦᠢ ᠭᠡᠳ ᠬᠠᠨᠴᠤᠢ ᠪᠠᠨ ᠰᠤᠭᠤ ᠪᠠᠨ ᠬᠦᠷᠲᠡᠯ᠎ᠡ ᠰᠢᠮᠠᠯᠠᠭᠠᠳ ᠴᠠᠮ ᠬᠠᠷᠠᠢᠵᠤ ᠭᠠᠷᠯᠠᠪᠠ ᠰᠢᠦ᠃ ᠨᠠᠳᠠ ᠲᠠᠢ ᠭᠡᠷᠡᠯᠲᠦᠭᠰᠡᠨ ᠡᠴᠡ ᠬᠣᠢᠰᠢ ᠭᠤᠷᠪᠠ ᠬᠣᠨᠣᠭ ᠠᠵᠢᠯ ᠫᠢᠯᠴᠢᠬᠠᠯᠡ᠃ ᠳᠠᠷᠤᠭ᠎ᠠ ᠮᠠᠨᠢ ᠨᠢᠭᠡ ᠥᠷᠯᠥᠭᠡ᠄
— ᠰᠠᠨᠳᠠᠷ ᠭᠤᠸᠠᠢ ᠪᠡᠶ᠎ᠡ ᠴᠢᠨᠢ ᠰᠠᠢᠨ ᠤᠤ? ᠭᠡᠵᠦ ᠪᠠᠢᠨ᠎ᠠ᠃
— ᠰᠠᠢᠨ ᠰᠠᠢᠨ᠂ ᠨᠥᠭᠦᠭᠡ ᠫᠦᠵᠡᠢ ᠴᠢᠨᠢ ᠢᠷᠡᠳᠡᠭ ᠦᠭᠡᠢ ᠰᠢᠦ ᠭᠡᠪᠡ᠃ ᠳᠠᠷᠤᠭ᠎ᠠ ᠵᠢᠭᠠᠬᠠᠨ ᠪᠣᠳᠣᠯᠬᠢᠯᠠᠰᠬᠢᠬᠰᠠᠨ ᠢ᠋ᠶ᠋ᠠᠨ᠄
— ᠴᠠᠭᠠᠳᠤᠬᠢ ᠴᠢᠨᠢ ᠨᠢᠭᠡ ᠪᠣᠯ ᠥᠪᠡᠷ ᠢ᠋ᠶ᠋ᠡᠨ ᠡᠪᠡᠳᠴᠢᠨ ᠲᠡᠢ᠂ ᠡᠰᠡᠪᠡᠯ ᠬᠡᠦᠬᠡᠳ ᠦ᠋ᠨ ᠪᠡᠶ᠎ᠡ ᠮᠠᠭᠤ ᠭᠡᠨ᠎ᠡ ᠪᠢᠵᠡ ᠳᠡ᠂ ᠢᠷᠡᠲᠡᠯ᠎ᠡ ᠨᠢ ᠲᠠ ᠴᠡᠪᠡᠷᠯᠡᠵᠦ ᠪᠠᠢᠭᠠᠷᠠᠢ ᠭᠡᠯᠡ᠃ ᠪᠢ ᠶᠠᠭᠠᠬᠢᠬᠤᠪ᠂ ᠱᠠᠲᠤ ᠪᠠᠷ ᠥᠭᠰᠥᠵᠦ ᠤᠷᠤᠭᠤᠳᠠᠨ ᠮᠠᠭᠠᠵᠢᠩᠨᠠᠵᠤ ᠡᠳᠦᠷᠵᠢᠨ ᠬᠣᠭ ᠰᠢᠷᠣᠢ ᠴᠡᠪᠡᠷᠯᠡᠬᠦ ᠪᠣᠯᠤᠯ᠎ᠠ᠃ ᠡᠨᠡ ᠫᠦᠵᠡᠢ ᠶ᠋ᠢᠨ ᠲᠤᠬᠠᠢ ᠳᠠᠷᠤᠭ᠎ᠠ ᠳ᠋ᠠᠭᠠᠨ ᠬᠡᠯᠡᠶ᠎ᠡ ᠪᠠᠢᠵᠠ ᠭᠡᠵᠦ ᠰᠢᠢᠳᠴᠦ ᠪᠠᠢᠲᠠᠯ᠎ᠠ ᠬᠡᠷᠡᠭ ᠮᠠᠨᠳᠤᠯ᠎ᠠ᠃ ᠮᠠᠨ ᠤ᠋ ᠳᠠᠷᠤᠭ᠎ᠠ ᠤᠤᠯ ᠨᠢ ᠡᠨᠡ ᠬᠡᠷᠡᠭ ᠶᠠᠪᠤᠳᠠᠯ ᠤ᠋ᠨ ᠲᠤᠬᠠᠢ ᠭᠠᠳᠠᠨ᠎ᠠ ᠶ᠋ᠢᠨ ᠬᠥᠮᠦᠨ ᠳ᠋ᠦ᠍ ᠬᠡᠯᠡᠬᠦ ᠱᠠᠭᠠᠷᠳᠠᠯᠭ᠎ᠠ ᠥᠬᠡᠢ ᠭᠡᠰᠡᠨ᠃ ᠪᠢ ᠶᠠᠭᠠᠬᠢᠯ᠎ᠠ ᠭᠡᠵᠦ ᠬᠡᠯᠡᠬᠦᠪ᠂ ᠬᠡᠯᠡᠮᠡᠷ ᠰᠠᠨᠠᠭᠳᠠᠭᠰᠠᠨ ᠴᠤ᠌ ᠬᠡᠯᠡ ᠪᠡᠨ ᠬᠠᠵᠠᠭᠠᠳ ᠴᠤ᠌ ᠥᠩᠭᠡᠷᠡᠨ᠎ᠡ᠃ ᠪᠢᠳᠡ ᠴᠢᠨᠢ ᠪᠦᠭᠴᠢᠮ ᠬᠠᠯᠠᠭᠠᠳ ᠡᠳᠦᠷ ᠬᠤᠷᠠᠯᠳᠤᠯ᠎ᠠ᠃ ᠳᠠᠷᠤᠭ᠎ᠠ ᠪᠠᠷᠠᠭᠤᠨ ᠭᠠᠷ ᠲᠠᠭᠠᠨ ᠤᠷᠠᠩᠬᠠᠢ ᠫᠠᠰᠫᠣᠷᠲ ᠪᠠᠷᠠᠴᠢᠬᠠᠭᠰᠠᠨ ᠬᠠᠷᠠᠭᠳᠠᠨ᠎ᠠ᠃ ᠲᠡᠭᠡᠭᠰᠡᠨ ᠴᠢᠨᠢ ᠴᠡᠪᠡᠷᠯᠡᠭᠴᠢ ᠫᠦᠵᠡᠢ ᠠᠵᠢᠯᠲᠠᠨ ᠤ᠋ ᠫᠠᠰᠫᠣᠷᠲ( ᠪᠡᠶ᠎ᠡ ᠶ᠋ᠢᠨ ᠦᠨᠡᠮᠯᠡᠬᠦ) ᠶ᠋ᠢ ᠰᠠᠨᠠᠭ᠎ᠠ ᠲᠠᠢ ᠪᠠᠷ ᠬᠤᠯᠠᠭᠠᠢᠯᠠᠨ ᠠᠪᠴᠤ ᠤᠷᠠᠵᠤ ᠬᠠᠶᠠᠭᠰᠠᠨ ᠪᠠᠢᠨ᠎ᠠ᠃ ᠡᠨᠡ ᠬᠡᠷᠡᠭ ᠢ᠋ ᠬᠠᠮᠲᠤ ᠣᠯᠠᠨ ᠢ᠋ᠶ᠋ᠠᠷ ᠢ᠋ᠶ᠋ᠠᠨ ᠬᠡᠯᠡᠯᠴᠡᠵᠦ ᠠᠷᠭ᠎ᠠ ᠬᠡᠮᠵᠢᠶ᠎ᠡ ᠠᠪᠤᠨ᠎ᠠ ᠭᠡᠳ ᠫᠠᠰᠫᠣᠷᠲ ᠪᠣᠯᠤᠨ ᠴᠢᠬᠤᠯᠠ ᠪᠠᠷᠢᠮᠲᠠ ᠪᠢᠴᠢᠭ ᠢ᠋ ᠬᠤᠯᠠᠭᠠᠢᠯᠠᠭᠰᠠᠨ ᠬᠥᠮᠦᠨ ᠳ᠋ᠦ᠍ ᠬᠦᠯᠢᠶᠡᠯᠭᠡᠬᠦ ᠲᠤᠬᠠᠢ《 ᠬᠠᠤᠯᠢ ᠶ᠋ᠢᠨ ᠵᠦᠢᠯ ᠠᠩᠭᠢ》 ᠶ᠋ᠢ ᠤᠩᠰᠢᠵᠤ ᠥᠭᠭᠦᠯ᠎ᠡ ᠰᠢᠦ᠃ ᠡᠬᠢᠯᠡᠭᠡᠳ ᠪᠢ ᠴᠢᠬᠢᠨ ᠳ᠋ᠡᠭᠡᠨ ᠢᠲᠡᠭᠡᠬᠦ ᠦᠭᠡᠢ ᠪᠠᠢᠭᠰᠠᠨ ᠢ᠋ᠶ᠋ᠠᠨ ᠭᠠᠷᠴᠠᠭ᠎ᠠ ᠦᠭᠡᠢ ᠦᠨᠡᠨ ᠪᠣᠯᠤᠭᠠᠳ ᠶᠠᠪᠤᠴᠢᠬᠠᠯ᠎ᠠ ᠰᠢᠦ᠃ ᠲᠡᠭᠡᠬᠦᠯᠡᠷ ᠨᠢ ᠪᠢ ᠪᠣᠰᠴᠤ᠄
— ᠵᠠ ᠨᠥᠬᠥᠷ ᠫᠦᠵᠡᠢ ᠪᠣᠯ ᠬᠤᠳᠠᠯ ᠬᠡᠯᠡᠵᠦ ᠠᠵᠢᠯ ᠲᠠᠰᠤᠯᠳᠠᠭ᠂ ᠬᠥᠮᠦᠨ ᠲᠡᠢ ᠵᠣᠳᠣᠯᠳᠤᠭᠠᠳ ᠨᠢᠳᠦ ᠠᠮᠠ ᠨᠢ ᠬᠥᠬᠡ ᠪᠤᠯᠤᠤ ᠪᠣᠯᠴᠢᠬᠠᠭᠠᠳ ᠢᠷᠡᠵᠦ ᠪᠠᠢᠭᠰᠠᠨ ᠤᠳᠠᠭ᠎ᠠ ᠴᠦ᠍ ᠪᠣᠢ᠂ ᠨᠠᠮ᠎ᠠ ᠶ᠋ᠢ ᠬᠦᠷᠲᠡᠯ᠎ᠡ ᠠᠵᠢᠯ ᠲᠠᠰᠤᠯᠤᠯ᠎ᠠ ᠭᠡᠵᠦ ᠱᠠᠯ ᠬᠤᠳᠠᠯ ᠬᠦᠷᠲᠡᠵᠦ ᠪᠠᠢᠭᠰᠠᠨ᠃ ᠶᠡᠷᠦ ᠨᠢ ᠬᠡᠨ ᠢ᠋ ᠬᠦᠷᠲᠡᠯ᠎ᠡ ᠶᠠᠭᠤ ᠴᠦ᠍ ᠭᠡᠵᠦ ᠬᠤᠳᠠᠯ ᠬᠦᠷᠲᠡᠬᠦ ᠡᠴᠡ ᠪᠤᠴᠠᠬᠤ ᠦᠭᠡᠢ᠂ ᠪᠢ ᠪᠣᠯ ᠳᠣᠲᠣᠷ᠎ᠠ ᠪᠠᠨ ᠠᠶᠤᠵᠤ ᠶᠠᠪᠤᠳᠠᠭ᠃ ᠫᠦᠵᠡᠢ ᠪᠣᠯᠪᠠᠯ ᠴᠡᠪᠡᠷᠯᠡᠭᠴᠢ ᠶ᠋ᠢᠨ ᠠᠵᠢᠯ ᠳ᠋ᠤ᠌ ᠮᠠᠰᠢ ᠳᠤᠷ᠎ᠠ ᠦᠭᠡᠢ᠂ ᠲᠡᠭᠡᠬᠦᠯᠡᠷ ᠡᠢᠮᠦ ᠬᠥᠮᠦᠨ ᠢ᠋ ᠲᠡᠵᠢᠭᠡᠵᠦ ᠪᠠᠢᠬᠤ ᠬᠡᠷᠡᠭ ᠦᠭᠡᠢ ᠭᠡᠵᠦ ᠰᠠᠨᠠᠵᠤ ᠪᠠᠢᠨ᠎ᠠ᠃ ᠮᠠᠨ ᠤ᠋ ᠬᠢᠨ ᠡᠴᠡ ᠬᠡᠦᠬᠡᠨ ᠨᠦ᠍ᠭᠦᠳ ᠦ᠋ᠨ ᠣ ᠡᠩᠭᠡᠰᠬᠡ ᠫᠢᠶᠠᠰᠠ ᠲᠣᠭᠯᠠᠭᠤᠯᠤᠭᠴᠢ ᠶ᠋ᠢᠨ ᠵᠡᠭᠦᠦ ᠭᠡᠬᠦ ᠮᠡᠲᠦᠴᠢᠯᠡᠨ ᠠᠬᠠᠷ ᠱᠠᠬᠠᠷ ᠮᠥᠷᠳᠡᠯ᠎ᠡ ᠵᠢᠪᠡᠭᠦᠨ ᠬᠥᠭᠡᠷᠦᠬᠦᠨ ᠶᠠᠭᠤᠮ᠎ᠠ ᠠᠯᠠᠭ᠎ᠠ ᠪᠣᠯᠤᠭᠠᠳ ᠪᠠᠢᠯ᠎ᠠ ᠰᠢᠦ᠃ ᠬᠠᠷᠢᠨ ᠥᠨᠥᠳᠥᠷ ᠡᠵᠡᠨ ᠢ᠋ ᠨᠢ ᠣᠯᠪᠠ ᠪᠣᠯᠤᠯᠲᠠᠢ᠂ ᠳᠠᠷᠤᠭ᠎ᠠ ᠲᠠ ᠰᠠᠶᠢ ᠬᠠᠤᠯᠢ ᠳᠦᠷᠢᠮ ᠡᠴᠡ ᠤᠩᠰᠢᠵᠤ ᠥᠭᠭᠦᠯ᠎ᠡ᠃ ᠨᠠᠭᠠᠳᠤᠬᠢ ᠶ᠋ᠢᠨ ᠴᠢᠨᠢ ᠦᠢᠯᠡᠳᠦᠭᠰᠡᠨ ᠬᠡᠷᠡᠭ ᠬᠠᠤᠯᠢ ᠶ᠋ᠢᠨ ᠵᠦᠢᠯ ᠠᠩᠭᠢ ᠳ᠋ᠤ᠌ ᠶᠠᠪ ᠴᠠᠪ ᠲᠣᠬᠢᠷᠠᠵᠤ ᠪᠠᠢᠨ᠎ᠠ ᠭᠡᠰᠡᠨ ᠴᠢᠨᠢ ᠳᠠᠷᠤᠭ᠎ᠠ ᠨᠠᠳᠠ ᠤᠷᠤᠭᠤ ᠶᠣᠣᠵᠠ ᠦᠭᠡᠢ ᠬᠠᠷᠠᠯ᠎ᠠ ᠰᠢᠦ᠃ ᠮᠠᠨ ᠤ᠋ ᠳᠠᠷᠤᠭ᠎ᠠ ᠶ᠋ᠢᠨ ᠥᠷᠦᠪᠴᠢ ᠨᠢᠩᠵᠢᠨ ᠰᠡᠳᠬᠢᠯ ᠨᠢ ᠬᠥᠳᠡᠯᠵᠦ ᠣᠯᠠᠨ ᠬᠡᠦᠬᠡᠳ ᠲᠡᠢ ᠡᠬᠡ ᠬᠥᠮᠦᠨ ᠰᠢᠭᠦᠬᠦ ᠳ᠋ᠦ᠍ ᠥᠭᠭᠦᠭᠡᠳ ᠴᠦ᠍ ᠶᠠᠭᠠᠬᠢᠬᠤᠪ ᠭᠡᠳ ᠲᠤᠰᠢᠶᠠᠯ ᠢ᠋ᠶ᠋ᠠᠷ ᠲᠣᠭᠲᠠᠭᠠᠵᠤ ᠠᠵᠢᠯ ᠠ᠋ᠴᠠ ᠬᠥᠭᠡᠭᠡᠬᠦ ᠶ᠋ᠢ ᠰᠠᠨᠠᠭᠤᠯᠤᠰᠬᠢᠭᠡᠳ ᠥᠩᠭᠡᠷᠡᠭᠰᠡᠨ ᠪᠠᠢᠨ᠎ᠠ᠃ ᠲᠡᠭᠦᠨ ᠡᠴᠡ ᠬᠣᠢᠰᠢ ᠭᠤᠷᠪᠠ ᠬᠣᠨᠣᠭ ᠬᠢᠷᠢᠲᠡᠢ ᠣᠪᠣᠭ᠎ᠠ ᠪᠠᠢᠭᠰᠠᠨ ᠢ᠋ᠶ᠋ᠠᠨ《 ᠬᠡᠦᠬᠡᠳ ᠡᠪᠡᠳᠴᠢᠨ ᠲᠡᠢ》᠂《 ᠥᠪᠡᠷ ᠦ᠋ᠨ ᠪᠡᠶ᠎ᠡ ᠡᠪᠡᠳᠴᠢᠨ ᠲᠡᠢ》 ᠡᠰᠡᠪᠡᠯ《 ᠬᠡᠦᠬᠡᠳ ᠬᠠᠷᠠᠬᠤ ᠬᠥᠮᠦᠨ ᠦᠭᠡᠢ》 ᠭᠡᠵᠦ ᠲᠦᠮᠡᠨ ᠶᠠᠩᠵᠤ ᠰᠢᠯᠲᠠᠭ ᠲᠣᠭᠠᠴᠢᠭᠠᠳ ᠭᠤᠷᠪᠠᠨ ᠰᠠᠷ᠎ᠠ ᠠᠵᠢᠯ ᠬᠢᠭᠰᠡᠨ ᠦᠭᠡᠢ᠃ ᠨᠢᠭᠡ ᠡᠳᠦᠷ ᠳᠠᠷᠤᠭ᠎ᠠ ᠲᠡᠭᠦᠨ ᠢ᠋ ᠵᠠᠩᠨᠠᠵᠤ ᠪᠠᠢᠯ᠎ᠠ᠂ ᠪᠢ ᠱᠠᠯᠠ ᠴᠡᠪᠡᠷᠯᠡᠵᠦ ᠪᠠᠢᠬᠤ ᠳ᠋ᠠᠭᠠᠨ《 ᠴᠢ ᠨᠠᠮ᠎ᠠ ᠶ᠋ᠢ ᠨᠠᠪᠰᠠᠭᠠᠷ ᠴᠡᠪᠡᠷᠯᠡᠭᠴᠢ》 ᠭᠡᠵᠦ ᠵᠠᠩᠨᠠᠳᠠᠭ ᠪᠢᠯᠡ ᠤᠤ᠂ ᠣᠳᠣ ᠳᠠᠷᠤᠭ᠎ᠠ ᠴᠢᠮ᠎ᠠ ᠶ᠋ᠢ ᠬᠠᠰᠢᠷᠠᠭᠠᠵᠤ ᠥᠭᠭᠦᠨ᠎ᠡ ᠬᠦ ᠭᠡᠵᠦ ᠪᠣᠳᠣᠪᠠ ᠰᠢᠦ᠃ ᠳᠠᠷᠤᠭ᠎ᠠ ᠶ᠋ᠢᠨ ᠥᠷᠥᠭᠡᠨ ᠡᠴᠡ ᠭᠠᠷᠴᠤ ᠢᠷᠡᠭᠡᠳ ᠬᠥᠭᠡᠷᠦᠬᠦᠢ ᠮᠠᠭᠤ ᠳᠠᠷᠤᠭ᠎ᠠ ᠶ᠋ᠢ ᠮᠢᠨᠢ ᠡᠯᠳᠡᠪ ᠢ᠋ᠶ᠋ᠡᠷ ᠭᠦᠳᠬᠡᠵᠦ ᠵᠠᠩᠨᠠᠭᠠᠳ ᠲᠡᠷᠡ ᠴᠢᠭ ᠢ᠋ᠶ᠋ᠡᠷ ᠢ᠋ᠶ᠋ᠡᠨ ᠰᠤᠷᠠᠭ ᠲᠠᠰᠤᠷᠠᠪᠠ᠃
ᠪᠢ ᠳᠠᠷᠤᠭ᠎ᠠ ᠳ᠋ᠠᠭᠠᠨ ᠲᠡᠭᠦᠨ ᠦ᠌ ᠬᠡᠯᠡᠭᠰᠡᠨ ᠦᠭᠡ ᠶ᠋ᠢ ᠬᠡᠯᠡᠶ᠎ᠡ ᠶᠣ᠌ ᠪᠠᠢᠶ᠎ᠠ ᠶᠣ᠌ ᠭᠡᠵᠦ ᠪᠣᠳᠣᠭᠠᠳ ᠪᠠᠢᠭ᠎ᠠ᠃ ᠲᠡᠭᠦᠨ ᠡᠴᠡ ᠬᠣᠢᠰᠢ ᠨᠡᠯᠢᠶᠡᠳ ᠬᠤᠭᠤᠴᠠᠭ᠎ᠠ ᠥᠩᠭᠡᠷᠡᠯ᠎ᠡ᠃ ᠫᠦᠵᠡᠢ ᠰᠢᠭ ᠭᠠᠢᠬᠠᠯ ᠪᠤᠰᠤᠳ ᠭᠠᠵᠠᠷ ᠪᠠᠢᠳᠠᠭ ᠪᠣᠯᠪᠠ ᠤᠤ᠂ ᠵᠠ ᠵᠣᠯᠢᠭ ᠬᠠᠭᠤᠬᠠᠢ ᠲᠡᠢᠮᠦ ᠶᠠᠭᠤᠮ᠎ᠠ ᠳ᠋ᠤ᠌ ᠰᠢᠷᠭᠤᠬᠤ ᠭᠠᠵᠠᠷ ᠣᠯᠳᠠᠬᠤ ᠦᠭᠡᠢ《 ᠲᠣᠬᠢᠷᠠᠭᠰᠠᠨ ᠰᠠᠭᠤᠳᠠᠯ》 ᠳ᠋ᠤᠨᠢ ᠶᠠᠪᠤᠭᠤᠯᠪᠠᠯ ᠵᠣᠬᠢᠨ᠎ᠠ᠂ ᠥᠨᠥ ᠥᠷᠯᠥᠭᠡ ᠳᠠᠷᠤᠭ᠎ᠠ ᠮᠠᠨᠢ᠄
— ᠫᠦᠵᠡᠢ ᠶ᠋ᠢᠨ ᠣᠷᠣᠨ ᠳ᠋ᠤ᠌ ᠨᠢᠭᠡ ᠬᠥᠮᠦᠨ ᠣᠯᠵᠤ ᠠᠪᠬᠤ ᠠ᠋ᠴᠠ ᠪᠢᠰᠢ ᠳᠡ ᠭᠡᠵᠦ ᠳᠤᠤᠭᠠᠷᠤᠯ᠎ᠠ ᠰᠢᠦ᠃ ᠵᠠ ᠶᠠᠭᠠᠬᠢᠮᠤᠢ ᠪᠣᠯᠬᠤ ᠨᠢ ᠲᠡᠷᠡ᠃ ᠡᠨᠡ ᠵᠦᠢᠯ ᠢ᠋ ᠪᠢ ᠵᠢᠵᠢᠭᠦᠷ ᠦ᠋ᠨ ᠢ᠋ᠶ᠋ᠡᠨ ᠳᠡᠷᠭᠡᠳᠡ ᠲᠦᠷ ᠠᠮᠤᠰᠬᠢᠬᠦ ᠳ᠋ᠡᠭᠡᠨ ᠯᠡ ᠪᠣᠳᠣᠵᠤ ᠪᠠᠢᠭ᠎ᠠ ᠬᠡᠷᠡᠭ᠂ ᠬᠥᠮᠦᠨ ᠳ᠋ᠦ᠍ ᠪᠢᠲᠡᠭᠡᠢ ᠶᠠᠷᠢᠭᠠᠳ ᠪᠠᠢᠭᠠᠷᠠᠢ ᠭᠡᠵᠦ ᠳᠠᠷᠤᠭ᠎ᠠ ᠨᠠᠳᠠ ᠳ᠋ᠤ᠌ ᠵᠣᠷᠢᠭᠤᠳᠠ ᠬᠡᠯᠡᠭᠰᠡᠨ ᠶᠦᠮ ᠰᠢᠦ ᠳᠡ᠂ ᠮᠠᠷᠭᠠᠰᠢ ᠠ᠋ᠴᠠ ᠴᠡᠪᠡᠷᠯᠡᠭᠴᠢ ᠢᠷᠡᠪᠡᠯ ᠮᠢᠨᠦ ᠰᠠᠨᠠᠭ᠎ᠠ ᠰᠡᠳᠬᠢᠯ ᠠᠮᠠᠷᠠᠨ᠎ᠠ᠃ ᠪᠢ ᠬᠡᠨ ᠳ᠋ᠦ᠍ ᠴᠦ᠍ ᠬᠡᠯᠡᠬᠦ ᠦᠭᠡᠢ᠂ ᠳᠣᠲᠣᠷ᠎ᠠ ᠪᠠᠨ ᠬᠠᠳᠠᠭᠠᠯᠠᠵᠤ ᠶᠠᠪᠤᠨ᠎ᠠ᠂ ᠭᠦᠢᠴᠡᠭᠡ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠣᠷᠵᠢᠭᠢᠨ ᠪᠠᠭᠠᠲᠤᠷ
ᠬᠢᠨᠠᠭ᠍ᠴᠢ : ᠰᠠᠷᠠᠨ᠎ᠠ
2024᠂ 2᠂ 28 ᠦ᠌ ᠡᠳᠦᠷ
