ᠮᠣᠷᠢᠨ ᠤ ᠴᠣᠯᠠ < ᠨᠢᠭᠡ > МОРИНЫ ЦОЛ – I
ᠮᠣᠷᠢᠨ ᠤ ᠴᠣᠯᠠ < ᠨᠢᠭᠡ >
ᠬᠠᠮᠤᠭ ᠠᠮᠢᠲᠠᠨ ᠤ᠋
ᠬᠠᠨᠤᠰᠢ ᠦᠭᠡᠢ ᠪᠠᠶᠠᠷ ᠴᠡᠩᠭᠡᠯ ᠦ᠋ᠨ
ᠲᠣᠳᠣ ᠮᠠᠩᠨᠠᠢ ᠪᠣᠯᠤᠭᠰᠠᠨ
ᠲᠦᠮᠡᠨ ᠠᠭᠲᠠᠨ ᠤ᠋ ᠲᠦᠷᠦᠭᠦᠨ ᠳ᠋ᠦ᠍
ᠲᠦᠳᠡᠯ ᠦᠭᠡᠢ ᠬᠤᠷᠳᠤᠯᠠᠳᠠᠭ
ᠲᠡᠮᠦᠷ ᠵᠤᠤᠵᠠᠢ ᠰᠤᠩᠭᠠᠨ ᠭᠦᠶᠦᠳᠡᠭ
ᠮᠢᠩᠭᠠᠨ ᠠᠭᠲᠠᠨ ᠤ᠋ ᠲᠦᠷᠦᠭᠦᠨ ᠳ᠋ᠦ᠍
ᠮᠢᠲᠠᠷᠠᠯ ᠦᠭᠡᠢ ᠬᠤᠷᠳᠤᠯᠠᠳᠠᠭ
ᠮᠢᠨᠳᠠᠭᠰᠠᠨ ᠵᠣᠯ ᠢ᠋ᠶ᠋ᠠᠨ ᠰᠤᠩᠭᠠᠨ ᠭᠦᠶᠦᠳᠡᠭ
ᠵᠠᠭᠠᠨ ᠳᠥᠷᠪᠡᠨ ᠰᠣᠶᠣᠭ᠎ᠠ ᠶ᠋ᠢ ᠢᠷᠠᠯᠵᠠᠭᠤᠯᠤᠨ
ᠵᠠᠭᠠᠮᠠᠯ ᠵᠢᠷᠭᠤᠭᠠᠨ ᠬᠦᠵᠦᠭᠦᠦ ᠶ᠋ᠢ ᠰᠤᠩᠭᠠᠭᠰᠠᠨ
ᠲᠥᠭᠡ ᠰᠠᠢᠬᠠᠨ ᠴᠢᠬᠢ ᠶ᠋ᠢ ᠰᠣᠯᠪᠢᠯᠵᠠᠭᠤᠯᠤᠨ
ᠲᠥᠭᠥᠷᠢᠭ ᠰᠠᠢᠬᠠᠨ ᠨᠢᠳᠦ ᠶ᠋ᠢ ᠡᠷᠭᠢᠯᠳᠦᠭᠦᠯᠦᠨ
ᠰᠠᠭᠰᠠᠭᠠᠷ ᠰᠠᠢᠬᠠᠨ ᠳᠡᠯ ᠢ᠋ ᠱᠠᠰᠢᠷᠯᠠᠭᠤᠯᠤᠨ
ᠱᠠᠨᠠᠮ ᠰᠠᠢᠬᠠᠨ ᠰᠡᠭᠦᠯ ᠢ᠋ ᠰᠠᠭᠰᠠᠯᠵᠠᠭᠤᠯᠤᠨ
ᠲᠠᠤᠯᠠᠢ ᠰᠠᠢᠬᠠᠨ ᠵᠣᠭᠣᠭ ᠬᠣᠲᠣᠯᠵᠠᠭᠤᠯᠤᠨ
ᠲᠤᠷᠤᠭ ᠰᠠᠢᠬᠠᠨ ᠪᠡᠶ᠎ᠡ ᠶ᠋ᠢ ᠬᠣᠯᠪᠣᠯᠵᠠᠭᠤᠯᠤᠨ
ᠡᠷᠴᠢᠲᠦ ᠳᠥᠷᠪᠡᠨ ᠬᠥᠯ ᠢ᠋ ᠡᠷᠡᠮᠡᠯᠵᠡᠭᠦᠯᠦᠨ
ᠡᠷᠳᠡᠨᠢᠲᠦ ᠳᠥᠷᠪᠡᠨ ᠲᠤᠭᠤᠷᠠᠢ ᠶ᠋ᠢ ᠭᠢᠯᠠᠯᠵᠠᠭᠤᠯᠤᠨ
ᠳᠠᠪᠬᠢᠵᠤ ᠭᠠᠷᠤᠭᠰᠠᠨ ᠬᠠᠩᠭᠠᠢ ᠶ᠋ᠢᠨ ᠪᠤᠭᠤ
ᠳᠠᠭᠠᠷᠢᠵᠤ ᠢᠷᠡᠭᠰᠡᠨ ᠳᠠᠶᠠᠩ ᠤ᠋ᠨ ᠬᠦᠯᠦᠭ
ᠲᠦᠮᠡᠨ ᠦ᠌ ᠲᠣᠭᠲᠠᠭᠠᠯ
ᠲᠥᠪ ᠳᠠᠶᠠᠭᠠᠷ
ᠮᠠᠰᠢ ᠭᠠᠢᠬᠠᠮᠰᠢᠭᠲᠤ
ᠪᠠᠲᠤ ᠢᠳᠡᠷ ᠬᠤᠷᠳᠤᠨ ᠬᠦᠯᠦᠭ᠃
МОРИНЫ ЦОЛ – I
I
Хамаг амьтны ханашгүй
Баяр цэнгэлийн тод магнай болсон
Түмэн агтны түрүүнд түдэлгүй хурдалдаг
Төмөр зуузай сунган гүйдэг
Мянган агтны түрүүнд мятралгүй хурдалдаг
Мяндсан жолоо сунган гүйдэг
Заан дөрвөн соёог яралзуулан
Заамал зургаан хүзүүг сунгасан
Төө сайхан чихийг солбилзуулан
Төгрөг сайхан нүдийг эргэлдүүлэн
Сагсгар сайхан дэлийг шаширлуулан
Шанам сайхан сүүлийг сагсалзуулан
Туулай сайхан зоог хотолзуулан
Тураг сайхан биеийг холбилзуулан
Эрчит дөрвөн хөлийг эрмэлзүүлэн
Эрдэнэт дөрвөн туурайг гялалзуулан
Давхиж гарсан хангайн буга
Дайрч ирсэн даянгийн хүлэг
Түмний тогтоол
Төв даяар
Маш гайхамшигт
Бат идэр хурдан хүлэг.
