ᠠᠯᠳᠠᠭᠳᠠᠭᠰᠠᠨ ᠦᠯᠢᠭᠡᠷAldagdsan ülgerАлдагдсан үлгэр ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠳᠠᠭᠳᠠᠭᠰᠠᠨ ᠦᠯᠢᠭᠡᠷAldagdsan ülgerАлдагдсан үлгэр

ᠠᠯᠳᠠᠭᠳᠠᠭᠰᠠᠨ ᠦᠯᠢᠭᠡᠷAldagdsan ülgerАлдагдсан үлгэр

2024-04-26

479

ᠠᠯᠳᠠᠭᠳᠠᠭᠰᠠᠨ ᠦᠯᠢᠭᠡᠷ

ᠡᠨᠡ ᠪᠣᠯ ᠦᠨᠡᠨ ᠬᠠᠢᠷ᠎ᠠ᠂ ᠢᠲᠡᠭᠡᠯ ᠦᠨᠡᠮᠰᠢᠯ ᠦ᠋ᠨ ᠲᠤᠬᠠᠢ ᠦᠯᠢᠭᠡᠷ ᠶᠤᠮ᠃
ᠵᠤᠨ ᠤ᠋ ᠨᠢᠭᠡᠨ ᠰᠠᠢᠬᠠᠨ ᠥᠷᠯᠥᠭᠡ ᠠᠯᠠᠷᠢᠺᠡ ᠬᠦᠩ ᠮᠣᠷᠢ ᠪᠠᠨ ᠱᠣᠭᠰᠢᠭᠤᠯᠤᠨ ᠬᠠᠭᠠᠨᠲᠤ ᠤᠯᠤᠰ ᠤᠷᠤᠭᠤ ᠪᠠᠨ ᠴᠢᠭᠯᠡᠨ ᠶᠠᠪᠤᠵᠤ ᠪᠠᠢᠵᠠᠢ᠃ ᠵᠠᠳᠠᠭᠠᠢ ᠲᠠᠯ᠎ᠠ ᠳ᠋ᠤ᠌ ᠶᠠᠪᠤᠵᠤ ᠪᠠᠢᠲᠠᠯ᠎ᠠ᠁
— ᠰᠠᠢᠨ ᠤᠤ! ᠲᠠ ᠵᠦᠭᠡᠷ ᠤᠤ᠂ ᠬᠠᠲᠤᠭᠲᠠᠢ?
— ᠬᠠᠲᠤᠭᠲᠠᠢ᠂ ᠲᠠ ᠪᠡᠷᠲᠡᠭᠡ ᠤᠤ? ᠨᠠᠳᠠ ᠳ᠋ᠤ᠌ ᠬᠠᠷᠢᠭᠤᠯᠤᠭᠠᠴᠢ ᠳᠠ᠃
— ᠦᠭᠡᠢ ᠳᠡ᠂ ᠪᠢ ᠪᠡᠷᠲᠡᠭᠡ ᠦᠭᠡᠢ᠃ ᠨᠠᠷᠠ ᠤᠷᠤᠭᠤ ᠬᠠᠷᠠᠭᠠᠴᠢ! ᠦᠵᠡᠰᠬᠦᠯᠡᠩ ᠲᠡᠢ ᠪᠢᠰᠢ ᠪᠠᠢᠨ᠎ᠠ ᠭᠡᠵᠢ ᠤᠤ?
— ᠠ᠂ᠦᠨᠡᠬᠡᠷ ᠦᠵᠡᠰᠬᠦᠯᠡᠩ ᠲᠡᠢ ᠶᠤᠮ ᠠ᠋᠂ ᠲᠡᠢᠮᠦ ᠠ᠋᠃
ᠭᠡᠪᠡᠴᠦ ᠠᠯᠠᠷᠢᠺᠡ ᠬᠦᠩ ᠠᠯᠲᠠᠨ ᠰᠢᠷᠭᠠᠯ ᠨᠠᠷᠠ ᠤᠷᠤᠭᠤ ᠬᠠᠷᠠᠭ᠎ᠠ ᠦᠭᠡᠢ ᠪᠠᠢᠯ᠎ᠠ᠃ ᠲᠡᠷᠡ ᠪᠡᠷ ᠬᠠᠲᠤᠭᠲᠠᠢ ᠶ᠋ᠢᠨ ᠭᠤᠸ᠎ᠠ ᠦᠵᠡᠰᠬᠦᠯᠡᠩ ᠳ᠋ᠦ᠍ ᠬᠣᠪᠣᠰᠣᠳᠠᠭᠤᠯᠵᠠᠢ᠂ ᠲᠡᠭᠦᠨ ᠦ᠌ ᠲᠣᠯᠢᠭᠠᠷ ᠠᠷᠠᠰᠤ᠂ ᠭᠡᠷᠡᠯᠲᠦᠭᠰᠡᠨ ᠨᠢᠳᠦ ᠨᠢ ᠠᠯᠠᠷᠢᠺᠡ ᠬᠦᠩ ᠳ᠋ᠦ᠍ ᠬᠠᠷᠠᠭᠳᠠᠵᠤ ᠪᠠᠢᠯ᠎ᠠ᠃ ᠠᠯᠠᠷᠢᠺᠡ ᠬᠦᠩ ᠲᠡᠷᠡ ᠳᠣᠣᠷ᠎ᠠ ᠪᠠᠨ ᠬᠠᠲᠤᠭᠲᠠᠢ ᠳ᠋ᠤ᠌ ᠳᠤᠷᠠᠯᠠᠵᠤ ᠡᠬᠢᠯᠡᠪᠡ᠃
— ᠠ᠂ ᠬᠠᠲᠤᠭᠲᠠᠢ᠃ ᠲᠠ ᠲᠥᠭᠡᠷᠢᠭᠡ ᠤᠤ? ᠲᠠᠨ ᠢ᠋᠂ ᠲᠠᠨ ᠢ᠋ ᠬᠡᠨ ᠭᠡᠳᠡᠭ ᠶᠤᠮ ᠪᠣᠢ?
— ᠪᠢ᠂ ᠪᠢ ᠮᠡᠳᠡᠬᠦ ᠦᠭᠡᠢ᠃
— ᠲᠠ ᠦᠨᠡᠬᠡᠷ ᠨᠡᠷ᠎ᠡ ᠪᠡᠨ ᠮᠡᠳᠡᠬᠦ ᠦᠭᠡᠢ ᠭᠡᠵᠦ ᠤᠤ?
— ᠲᠡᠢᠮᠦ ᠠ᠋᠃
— ᠡᠨᠳᠡ ᠶᠠᠭᠠᠬᠢᠵᠤ ᠢᠷᠡᠭᠰᠡᠨ ᠶᠤᠮ ᠪᠣᠢ?
— ᠪᠢ ᠶᠠᠭᠤ ᠴᠤ᠌ ᠰᠠᠨᠠᠬᠤ ᠦᠭᠡᠢ ᠪᠠᠢᠨ᠎ᠠ᠃ ᠤᠨᠲᠠᠵᠤ ᠪᠠᠢᠭᠠᠳ ᠰᠡᠷᠡᠲᠡᠯ᠎ᠡ ᠡᠨᠡ ᠲᠠᠯ᠎ᠠ ᠭᠠᠵᠠᠷ ᠢᠷᠡᠭᠰᠡᠨ᠃ ᠦᠵᠡᠰᠬᠦᠯᠡᠩᠲᠦ ᠨᠠᠷᠠ ᠮᠠᠨᠳᠤᠵᠤ ᠪᠠᠢᠭ᠎ᠠ ᠶ᠋ᠢ ᠬᠠᠷᠠᠭᠠᠳ ᠵᠣᠭᠰᠣᠵᠤ ᠪᠠᠢᠭᠰᠠᠨ᠃ ᠪᠢ ᠥᠭᠡᠷ᠎ᠡ ᠶᠠᠭᠤ ᠴᠤ᠌ ᠰᠠᠨᠠᠬᠤ ᠦᠭᠡᠢ ᠪᠠᠢᠨ᠎ᠠ᠃
ᠠᠯᠠᠷᠢᠺᠡ ᠬᠦᠩ ᠬᠠᠲᠤᠭᠲᠠᠢ ᠳ᠋ᠤ᠌ ᠲᠤᠰᠠᠯᠠᠬᠤ ᠶᠣᠰᠣᠲᠠᠢ ᠭᠡᠳᠡᠭ ᠢ᠋ᠶ᠋ᠡᠨ ᠮᠡᠳᠡᠵᠦ ᠪᠠᠢᠯ᠎ᠠ᠃ ᠵᠠᠳᠠᠭᠠᠢ ᠲᠠᠯ᠎ᠠ ᠳ᠋ᠤ᠌ ᠬᠠᠲᠤᠭᠲᠠᠢ ᠶ᠋ᠢ ᠭᠠᠭᠴᠠᠭᠠᠷ ᠢ᠋ ᠨᠢ ᠣᠷᠬᠢᠵᠤ ᠶᠠᠪᠤᠵᠤ ᠶᠠᠭᠠᠬᠢᠪᠠᠴᠤ ᠪᠣᠯᠬᠤ ᠦᠭᠡᠢ ᠭᠡᠮᠡᠨ ᠪᠣᠳᠣᠵᠠᠢ᠃
— ᠬᠠᠲᠤᠭᠲᠠᠢ᠂ ᠨᠠᠳᠠ ᠲᠠᠢ ᠬᠠᠮᠲᠤ ᠰᠢᠯᠲᠦᠭᠡᠨ ᠤᠷᠤᠭᠤ ᠶᠠᠪᠤᠭᠠᠴᠢ ᠳᠠ᠃ ᠲᠡᠳᠡ ᠲᠠᠨ ᠢ᠋ ᠰᠠᠢᠨ ᠬᠠᠷᠠᠵᠤ ᠬᠠᠨᠳᠤᠬᠤ ᠪᠣᠯᠤᠨ᠎ᠠ᠃ ᠲᠡᠷᠡ ᠬᠣᠭᠣᠷᠣᠨᠳᠣ ᠪᠢ ᠶᠠᠪᠤᠵᠤ ᠭᠡᠷ ᠪᠦᠯᠢ ᠶ᠋ᠢ ᠴᠢᠨᠢ ᠣᠯᠬᠤ ᠶ᠋ᠢ ᠬᠢᠴᠢᠶᠡᠶ᠎ᠡ᠃
— ᠲᠠ ᠦᠨᠡᠬᠡᠷ ᠰᠠᠢᠬᠠᠨ ᠰᠡᠳᠬᠢᠯ ᠲᠡᠢ ᠶᠤᠮ ᠠ᠋᠃ ᠪᠢ ᠲᠠᠨ ᠲᠠᠢ ᠬᠠᠮᠲᠤ ᠶᠠᠪᠤᠶ᠎ᠠ᠃
ᠠᠯᠠᠷᠢᠺᠡ ᠬᠦᠩ ᠡᠢᠮᠦ ᠦᠭᠡ ᠰᠣᠨᠣᠰᠤᠭᠠᠳ ᠶᠡᠬᠡᠳᠡ ᠪᠠᠶᠠᠷᠲᠠᠢ ᠪᠠᠢᠪᠠ᠃ ᠭᠡᠰᠡᠨ ᠴᠦ᠍ ᠬᠠᠲᠤᠭᠲᠠᠢ ᠠ᠋ᠴᠠ ᠨᠢᠳᠦ ᠪᠡᠨ ᠰᠠᠯᠭᠠᠵᠤ ᠴᠢᠳᠠᠬᠤ ᠦᠭᠡᠢ ᠬᠡᠪ ᠢ᠋ᠶ᠋ᠡᠷ ᠢ᠋ᠶ᠋ᠡᠨ ᠯᠡ ᠪᠠᠢᠯ᠎ᠠ᠃ ᠬᠠᠲᠤᠭᠲᠠᠢ ᠲᠡᠭᠦᠨ ᠤᠷᠤᠭᠤ ᠬᠠᠷᠠᠵᠤ ᠪᠠᠢᠭᠰᠠᠨ ᠴᠤ᠌ ᠬᠠᠷᠠᠴᠠ ᠨᠢ ᠲᠣᠭᠲᠠᠵᠤ ᠥᠭᠬᠦ ᠦᠭᠡᠢ ᠪᠠᠢᠵᠤ ᠭᠡᠨ᠎ᠡ᠃ ᠣᠭᠲᠣ ᠥᠭᠡᠷ᠎ᠡ ᠵᠦᠢᠯ ᠪᠣᠳᠣᠵᠤ ᠪᠣᠢ ᠮᠡᠲᠦ ᠬᠠᠷᠠᠭᠳᠠᠵᠤ ᠪᠠᠢᠯ᠎ᠠ᠃ ᠮᠠᠭᠠᠳ ᠦᠭᠡᠢ ᠠᠶᠤᠭᠰᠠᠨ ᠪᠠᠢᠵᠤ ᠮᠡᠳᠡᠨ᠎ᠡ᠂ ᠪᠢ ᠲᠡᠭᠦᠨ ᠢ᠋ ᠬᠠᠮᠠᠭᠠᠯᠠᠬᠤ ᠶᠣᠰᠣᠲᠠᠢ᠃
ᠲᠡᠳᠡ ᠰᠢᠯᠲᠦᠭᠡᠨ ᠤᠷᠤᠭᠤ ᠶᠠᠪᠤᠯ᠎ᠠ᠃ ᠠᠯᠠᠷᠢᠺᠡ ᠬᠦᠩ ᠰᠢᠪᠡᠭᠴᠢᠨ ᠨᠦ᠍ᠭᠦᠳ ᠲᠦ᠍ ᠪᠡᠨ ᠵᠣᠴᠢᠨ ᠢ᠋ ᠰᠠᠢᠨ ᠬᠠᠷᠠᠵᠤ ᠬᠠᠯᠠᠮᠵᠢᠯᠠᠬᠤ ᠶ᠋ᠢ ᠳᠠᠭᠠᠭᠠᠯᠭᠠᠯ᠎ᠠ᠃ ᠤᠳᠠᠯ ᠦᠭᠡᠢ ᠲᠡᠷᠡ ᠬᠦ᠌ ᠦᠵᠡᠰᠬᠦᠯᠡᠩᠲᠦ ᠬᠠᠲᠤᠭᠲᠠᠢ ᠳ᠋ᠤ᠌ ᠨᠡᠷ᠎ᠡ ᠥᠭᠬᠦ ᠶᠣᠰᠣᠲᠠᠢ ᠭᠡᠳᠡᠭ ᠢ᠋ᠶ᠋ᠡᠨ ᠤᠬᠠᠭᠠᠷᠠᠯ᠎ᠠ᠃ ᠤᠳᠠᠭᠠᠨ ᠪᠣᠳᠣᠯ ᠦᠭᠡᠢ ᠬᠠᠲᠤᠭᠲᠠᠢ ᠶ᠋ᠢ ᠺᠠᠲ᠋ᠡᠷᠢᠨ ᠭᠡᠵᠦ ᠨᠠᠷᠠᠯᠠᠪᠠ᠃ ᠥᠭᠡᠷ᠎ᠡ ᠲᠣᠬᠢᠷᠠᠬᠤ ᠨᠡᠷ᠎ᠡ ᠬᠦᠩ ᠦ᠋ᠨ ᠲᠣᠯᠣᠭᠠᠢ ᠳ᠋ᠤ᠌ ᠣᠷᠣᠵᠤ ᠢᠷᠡᠬᠦ ᠦᠭᠡᠢ ᠪᠠᠢᠯ᠎ᠠ ᠃
— ᠰᠠᠢᠬᠠᠨ ᠨᠡᠷ᠎ᠡ ᠪᠠᠢᠨ᠎ᠠ᠂ ᠪᠠᠶᠠᠷᠯᠠᠯ᠎ᠠ᠃
ᠺᠠᠲ᠋ᠡᠷᠢᠨ ᠪᠠᠶᠠᠷᠲᠠᠢ ᠪᠠᠢᠪᠠ᠃ ᠭᠡᠪᠡᠴᠦ ᠦᠨᠡᠨ ᠳ᠋ᠦ᠍ ᠪᠡᠨ ᠪᠦᠷᠢᠨ ᠳᠦᠭᠦᠷᠡᠩ ᠪᠢᠰᠢ᠃ ᠪᠦᠰᠡᠭᠦᠢ ᠥᠭᠡᠷ᠎ᠡ ᠵᠦᠢᠯ ᠪᠣᠳᠣᠵᠤ ᠪᠠᠢᠭ᠎ᠠ ᠮᠡᠲᠦ ᠬᠠᠷᠠᠭᠳᠠᠵᠤ ᠪᠠᠢᠪᠠ᠃ ᠮᠠᠭᠠᠳ ᠦᠭᠡᠢ ᠲᠡᠷᠡ ᠶᠠᠳᠠᠷᠠᠭᠰᠠᠨ ᠪᠠᠢᠬ᠎ᠠ᠂ ᠪᠢ ᠲᠡᠭᠦᠨ ᠢ᠋ ᠰᠠᠢᠨ ᠬᠠᠯᠠᠮᠵᠢᠯᠠᠬᠤ ᠶᠣᠰᠣᠲᠠᠢ᠃
ᠣᠯᠠᠨ ᠡᠳᠦᠷ᠂ ᠣᠯᠠᠨ ᠳᠣᠯᠣᠭ᠎ᠠ ᠬᠣᠨᠣᠭ᠂ ᠣᠯᠠᠨ ᠰᠠᠷ᠎ᠠ ᠥᠩᠭᠡᠷᠡᠭᠰᠡᠨ ᠬᠡᠳᠦᠢ ᠴᠦ᠍ ᠺᠠᠲ᠋ᠡᠷᠢᠨ ᠦ᠌ ᠭᠡᠷ ᠪᠦᠯᠢ ᠡᠴᠡ ᠰᠤᠷᠠᠭ ᠠᠵᠢᠭ ᠰᠣᠨᠣᠰᠳᠠᠭᠰᠠᠨ ᠦᠭᠡᠢ᠃ ᠬᠥᠷᠰᠢ ᠬᠠᠭᠠᠨᠲᠤ ᠤᠯᠤᠰ ᠲᠤ᠌ ᠴᠤ᠌ ᠲᠡᠭᠦᠨ ᠦ᠌ ᠲᠤᠬᠠᠢ ᠤᠷᠢᠳ ᠡᠮᠦᠨ᠎ᠡ ᠰᠣᠨᠣᠰᠳᠠᠭ᠎ᠠ ᠦᠭᠡᠢ ᠠᠵᠢ᠃ ᠬᠦᠩ ᠬᠠᠲᠤᠭᠲᠠᠢ ᠳ᠋ᠤ᠌ ᠲᠤᠰᠠᠯᠠᠬᠤ ᠶ᠋ᠢ ᠮᠠᠰᠢ ᠶᠡᠬᠡ ᠬᠦᠰᠡᠵᠦ ᠪᠠᠢᠯ᠎ᠠ᠃ ᠲᠡᠭᠦᠨ ᠦ᠌ ᠨᠢᠳᠦ ᠤᠷᠤᠭᠤ ᠡᠭᠴᠡᠯᠡᠵᠦ ᠬᠠᠷᠠᠵᠤ ᠴᠢᠳᠠᠬᠤ ᠦᠭᠡᠢ ᠪᠣᠯᠤᠭᠰᠠᠨ ᠪᠠᠢᠪᠠ᠃ ᠪᠦᠰᠡᠭᠦᠢ ᠶᠠᠮᠠᠷ ᠨᠢᠭᠡᠨ ᠵᠦᠢᠯ ᠢ᠋ ᠥᠭᠦᠯᠡᠭᠡᠳ ᠪᠠᠢᠭ᠎ᠠ ᠮᠡᠲᠦ ᠬᠠᠷᠠᠭᠳᠠᠳᠠᠭ ᠪᠠᠢᠵᠤ ᠭᠡᠨ᠎ᠡ᠃ ᠬᠦᠩ ᠲᠡᠭᠦᠨ ᠢ᠋ ᠵᠢᠷᠭᠠᠯ ᠲᠠᠢ ᠪᠣᠯᠭᠠᠬᠤ ᠶ᠋ᠢ ᠬᠦᠰᠡᠵᠦ ᠪᠠᠢᠪᠠ᠃
ᠨᠠᠳᠠ ᠲᠠᠢ ᠭᠡᠷᠯᠡᠭᠡᠴᠢ ᠭᠡᠵᠦ ᠭᠤᠶᠤᠵᠤ ᠦᠵᠡᠳᠡᠭ ᠶᠤᠮ ᠪᠢᠯᠡ ᠤᠤ? ᠨᠠᠳᠠ ᠳ᠋ᠤ᠌ ᠵᠥᠪᠰᠢᠶᠡᠷᠡᠬᠦ ᠶᠤᠮ ᠪᠣᠯ ᠤᠤ? ᠪᠢ ᠲᠡᠭᠦᠨ ᠳ᠋ᠦ᠍ ᠬᠠᠢᠷᠠᠲᠠᠢ ᠭᠡᠳᠡᠭ ᠢ᠋ᠶ᠋ᠡᠨ ᠬᠡᠯᠡᠬᠦ ᠶᠣᠰᠣᠲᠠᠢ᠃ ᠨᠠᠳᠠ ᠳ᠋ᠤ᠌ ᠲᠡᠭᠦᠨ ᠢ᠋ ᠠᠵᠠ ᠵᠢᠷᠭᠠᠯ ᠲᠠᠢ ᠠᠮᠢᠳᠤᠷᠠᠭᠤᠯᠬᠤ ᠪᠦᠬᠦᠢᠯᠡ ᠵᠦᠢᠯ ᠪᠣᠢ ᠰᠢᠦ ᠳᠡ᠃
ᠲᠡᠷᠡ ᠳᠠᠷᠤᠢ ᠳ᠋ᠤ᠌ ᠬᠦᠩ ᠺᠠᠲ᠋ᠡᠷᠢᠨ ᠳ᠋ᠦ᠍ ᠭᠡᠷᠯᠡᠬᠦ ᠰᠠᠨᠠᠯ ᠲᠠᠯᠪᠢᠵᠤ ᠭᠡᠨ᠎ᠡ᠃
ᠺᠠᠲ᠋ᠡᠷᠢᠨ ᠢᠨᠢᠶᠡᠮᠰᠦᠭᠯᠡᠪᠡ᠃ ᠥᠪᠡᠷ ᠲᠦ᠍ ᠨᠢ ᠲᠤᠰᠠᠯᠠᠭᠰᠠᠨ ᠰᠠᠢᠬᠠᠨ ᠰᠡᠳᠬᠢᠯᠲᠦ ᠬᠦᠩ ᠲᠡᠭᠦᠨ ᠳ᠋ᠦ᠍ ᠲᠠᠭᠠᠯᠠᠭᠳᠠᠵᠤ ᠪᠠᠢᠯ᠎ᠠ᠃ ᠪᠦᠰᠡᠭᠦᠢ ᠵᠥᠪᠰᠢᠶᠡᠷᠡᠵᠦ ᠤᠳᠠᠯ ᠦᠭᠡᠢ ᠲᠡᠳᠡ ᠬᠤᠷᠢᠮ ᠢ᠋ᠶ᠋ᠠᠨ ᠬᠢᠵᠡᠢ᠃
ᠬᠦᠩ ᠬᠠᠭᠠᠨᠲᠤ ᠤᠯᠤᠰ ᠲᠤ᠌ ᠤᠷᠢᠳ ᠡᠮᠦᠨ᠎ᠡ ᠦᠵᠡᠭᠳᠡᠭᠡ ᠦᠭᠡᠢ ᠬᠠᠮᠤᠭ ᠤ᠋ᠨ ᠨᠦᠰᠡᠷ᠂ ᠬᠠᠮᠤᠭ ᠤ᠋ᠨ ᠲᠠᠩᠰᠤᠭ ᠬᠤᠷᠢᠮ ᠬᠢᠵᠦ ᠭᠡᠨ᠎ᠡ᠃ ᠬᠦᠩ ᠨᠠᠰᠤᠨ ᠲᠤᠷᠰᠢ ᠶ᠋ᠢᠨ ᠢ᠋ᠶ᠋ᠡᠨ ᠬᠠᠢᠷ᠎ᠠ ᠲᠠᠢ ᠭᠡᠷᠯᠡᠵᠦ ᠪᠠᠢᠭ᠎ᠠ ᠤᠴᠢᠷ ᠠ᠋ᠴᠠ ᠡᠢᠮᠦ ᠨᠦᠰᠡᠷ ᠬᠤᠷᠢᠮ ᠬᠢᠵᠡᠢ᠃ ᠪᠠᠭ᠎ᠠ ᠳ᠋ᠤ᠌ ᠪᠠᠨ ᠯᠠ ᠮᠢᠩᠭ᠎ᠠ ᠭᠠᠷᠤᠢ ᠬᠥᠮᠦᠨ ᠬᠤᠷᠢᠮ ᠤ᠋ᠨ ᠶᠣᠰᠣᠯᠠᠯ ᠳ᠋ᠤ᠌ ᠤᠷᠢᠭᠳᠠᠵᠠᠢ᠃ ᠢᠷᠡᠭᠰᠡᠨ ᠪᠦᠬᠦ ᠵᠣᠴᠢᠳ ᠤ᠋ᠨ ᠰᠡᠳᠬᠢᠯ ᠳᠣᠭᠳᠣᠯᠤᠭᠰᠠᠨ ᠪᠠᠢᠭ᠎ᠠ ᠶ᠋ᠢ ᠬᠦᠩ ᠬᠠᠷᠠᠵᠤ ᠪᠠᠢᠯ᠎ᠠ᠃
— ᠬᠦ᠂ ᠬᠦᠩ ᠦ᠋ᠨ ᠠᠪᠠᠬᠠᠢ ᠪᠣᠯ ᠡᠨᠡ ᠳᠡᠯᠡᠬᠡᠢ ᠳᠡᠭᠡᠷ᠎ᠡ ᠬᠠᠮᠤᠭ ᠤ᠋ᠨ ᠠᠵᠠᠲᠠᠢ ᠡᠮᠡᠭᠲᠡᠢ᠃ ᠶᠠᠮᠠᠷ ᠨᠢᠵᠢᠭᠢᠷ ᠬᠤᠷᠢᠮ ᠪᠣᠯᠵᠤ ᠪᠠᠢᠭ᠎ᠠ ᠶ᠋ᠢ ᠬᠠᠷᠠᠭᠠᠴᠢ! ᠬᠦᠩ ᠲᠡᠭᠦᠨ ᠳ᠋ᠦ᠍ ᠮᠠᠰᠢ ᠶᠡᠬᠡ ᠬᠠᠢᠷᠠᠲᠠᠢ ᠨᠢ ᠳᠠᠮᠵᠢᠭ ᠦᠭᠡᠢ᠃ ᠬᠦᠩ ᠦ᠋ᠨ ᠠᠪᠠᠬᠠᠢ ᠶᠡᠬᠡ ᠵᠢᠷᠭᠠᠯᠲᠠᠢ ᠪᠠᠢᠭ᠎ᠠ ᠪᠠᠢᠬᠤ ᠳᠠ᠃
ᠬᠦᠩ ᠢᠨᠢᠶᠡᠮᠰᠦᠭᠯᠡᠪᠡ᠃ ᠭᠡᠪᠡᠴᠦ ᠭᠡᠷᠭᠡᠢ ᠤᠷᠤᠭᠤ ᠪᠠᠨ ᠬᠠᠷᠠᠭᠠᠳ ᠰᠡᠳᠬᠢᠯ ᠨᠢ ᠡᠮᠲᠡᠷᠡᠬᠦ ᠰᠢᠭ ᠪᠣᠯᠪᠠ᠃
— ᠬᠣᠩᠭᠣᠷ ᠮᠢᠨᠢ᠂ ᠴᠢ ᠵᠢᠷᠭᠠᠯ ᠲᠠᠢ ᠪᠢᠰᠢ ᠪᠠᠢᠨ᠎ᠠ ᠭᠡᠵᠦ ᠤᠤ?
— ᠮᠡᠳᠡᠭᠡᠵᠢ᠂ ᠵᠢᠷᠭᠠᠯ ᠲᠠᠢ ᠪᠠᠢᠨ᠎ᠠ᠃ ᠬᠠᠢᠷᠠᠲᠤ ᠮᠢᠨᠢ᠃
ᠠᠯᠠᠷᠢᠺᠡ ᠬᠦᠩ ᠲᠡᠭᠦᠨ ᠳ᠋ᠦ᠍ ᠢᠲᠡᠭᠡᠪᠡ᠃ ᠭᠡᠪᠡᠴᠦ ᠥᠨᠥᠬᠢ ᠬᠠᠷᠠᠴᠠ ᠶ᠋ᠢ ᠬᠦᠩ ᠠᠬᠢᠨ ᠣᠯᠵᠤ ᠬᠠᠷᠠᠪᠠ᠃ ᠣᠭᠲᠣ ᠥᠭᠡᠷ᠎ᠡ ᠵᠦᠢᠯ ᠪᠣᠳᠣᠵᠤ ᠪᠠᠢᠭ᠎ᠠ ᠮᠡᠲᠦ ᠥᠨᠥᠬᠢ ᠯᠡ ᠬᠠᠷᠠᠴᠠ᠃
ᠠᠯᠠᠷᠢᠺᠡ ᠬᠦᠩ ᠥᠪᠡᠷ ᠢ᠋ ᠪᠡᠨ ᠥᠭᠡᠷ᠎ᠡ ᠵᠦᠢᠯ ᠳ᠋ᠦ᠍ ᠲᠠᠲᠠᠷᠠᠭᠤᠯᠬᠤ ᠪᠠᠷ ᠶᠠᠪᠤᠪᠠ᠃᠂
ᠬᠠᠭᠠᠨᠲᠤ ᠤᠯᠤᠰ ᠲᠤ᠌ ᠺᠠᠲ᠋ᠡᠷᠢᠨ ᠡᠴᠡ ᠢᠯᠡᠭᠦᠦ ᠬᠦᠩ ᠦ᠋ᠨ ᠠᠪᠠᠬᠠᠢ ᠪᠣᠯᠬᠤ ᠪᠦᠰᠡᠭᠦᠢ ᠪᠠᠢᠬᠤ ᠦᠭᠡᠢ ᠪᠠᠢᠯ᠎ᠠ᠃ ᠬᠥᠮᠦᠨ ᠪᠦᠷᠢ ᠲᠡᠭᠦᠨ ᠳ᠋ᠦ᠍ ᠰᠠᠢᠬᠠᠨ ᠬᠠᠨᠳᠤᠵᠤ ᠪᠠᠢᠪᠠ᠃ ᠺᠠᠲ᠋ᠡᠷᠢᠨ ᠴᠦ᠍ ᠮᠥᠨ ᠠᠳᠠᠯᠢ ᠲᠡᠳᠡᠨ ᠳ᠋ᠦ᠍ ᠬᠠᠢᠷ᠎ᠠ ᠬᠦᠨᠳᠦᠳᠬᠡᠯ ᠲᠡᠢ ᠪᠡᠷ ᠬᠠᠨᠳᠤᠵᠤ ᠪᠠᠢᠪᠠ᠃ ᠭᠡᠰᠡᠨ ᠴᠦ᠍ ᠠᠯᠠᠷᠢᠺᠡ ᠬᠦᠩ ᠭᠤᠨᠢᠭᠲᠠᠢ ᠪᠠᠢᠪᠠ᠃ ᠪᠦᠰᠡᠭᠦᠢ ᠪᠦᠬᠦᠯᠢ ᠳ᠋ᠦ᠍ ᠪᠡᠨ ᠲᠡᠭᠦᠨ ᠦ᠌ ᠬᠢ ᠪᠢᠰᠢ ᠭᠡᠳᠡᠭ ᠢ᠋ ᠬᠦᠩ ᠤᠬᠠᠭᠠᠷᠠᠵᠤ ᠪᠠᠢᠭᠰᠠᠨ ᠶᠤᠮ᠃ ᠵᠢᠯ ᠪᠦᠷᠢ ᠬᠦᠩ ᠠᠷᠠᠳ ᠢᠷᠭᠡᠳ ᠲᠦ᠍ ᠪᠠᠨᠵᠣᠷᠢᠭᠤᠯᠵᠤ ᠴᠡᠩᠭᠡᠭᠦᠨ ᠵᠣᠬᠢᠶᠠᠳᠠᠭ ᠪᠠᠢᠯ᠎ᠠ᠃ ᠬᠥᠮᠦᠨ ᠪᠦᠷᠢ ᠵᠢᠷᠦᠬᠡ ᠰᠡᠳᠬᠢᠯ ᠡᠴᠡ ᠪᠡᠨ ᠪᠥᠵᠢᠭᠯᠡᠳᠡᠭ ᠪᠠᠢᠪᠠ᠃ ᠪᠥᠵᠢᠭᠯᠡᠵᠦ ᠮᠡᠳᠡᠬᠦ ᠦᠭᠡᠢ ᠬᠥᠮᠦᠰ ᠴᠦ᠍ ᠮᠥᠨ ᠠᠳᠠᠯᠢ᠃ ᠭᠡᠪᠡᠴᠦ ᠬᠦᠩ ᠦ᠋ᠨ ᠠᠪᠠᠬᠠᠢ ᠠᠨᠢᠷ ᠴᠢᠮᠡᠭᠡ ᠦᠭᠡᠢ ᠪᠠᠢᠯ᠎ᠠ᠃ ᠢᠨᠢᠶᠡᠬᠦ ᠴᠦ᠍ ᠦᠭᠡᠢ᠂ ᠪᠥᠵᠢᠭᠯᠡᠬᠦ ᠴᠦ᠍ ᠦᠭᠡᠢ᠃ ᠪᠦᠰᠡᠭᠦᠢ ᠶ᠋ᠢᠨ ᠬᠠᠷᠠᠴᠠ ᠡᠳᠦᠷ ᠪᠦᠷᠢ ᠠᠯᠠᠷᠢᠺᠡ ᠬᠦᠩ ᠢ᠋ ᠵᠣᠪᠠᠭᠠᠳᠠᠭ ᠪᠠᠢᠪᠠ᠃ ᠬᠦᠩ ᠬᠡᠳᠦ ᠬᠡᠳᠦᠨ ᠤᠳᠠᠭ᠎ᠠ ᠲᠡᠭᠦᠨ ᠡᠴᠡ ᠠᠰᠠᠭᠤᠬᠤ ᠭᠡᠵᠦ ᠪᠠᠢᠭᠰᠠᠨ ᠪᠣᠯᠪᠠᠴᠤ ᠲᠡᠷᠡ ᠲᠣᠭᠠᠯᠠᠩ ᠳ᠋ᠤ᠌ ᠪᠦᠰᠡᠭᠦᠢ ᠬᠦᠩ ᠦ᠋ᠨ ᠭᠠᠷ ᠠ᠋ᠴᠠ ᠴᠢᠩᠭ᠎ᠠ ᠠᠳᠬᠤᠵᠤ ᠢᠨᠢᠶᠡᠵᠦ ᠢᠩᠭᠢᠵᠦ ᠬᠡᠯᠡᠳᠡᠭ ᠪᠠᠢᠪᠠ᠃
— ᠪᠢ ᠴᠢᠮ᠎ᠠ ᠳ᠋ᠤ᠌ ᠬᠠᠢᠷᠠᠲᠠᠢ ᠬᠣᠩᠭᠣᠷ ᠮᠢᠨᠢ᠂ ᠴᠢᠮ᠎ᠠ ᠲᠠᠢ ᠬᠠᠮᠲᠤ ᠪᠠᠢᠬᠤ ᠳ᠋ᠤ᠌ ᠨᠠᠳᠠ ᠳ᠋ᠤ᠌ ᠵᠢᠷᠭᠠᠯ ᠲᠠᠢ ᠪᠠᠢᠨ᠎ᠠ᠃ ᠭᠡᠵᠦ ᠬᠡᠯᠡᠨ ᠲᠡᠭᠦᠨ ᠤᠷᠤᠭᠤ ᠬᠠᠷᠠᠳᠠᠭ ᠴᠤ᠌ ᠥᠭᠡᠷ᠎ᠡ ᠵᠦᠢᠯ ᠪᠣᠳᠣᠵᠤ ᠪᠠᠢᠭ᠎ᠠ ᠶ᠋ᠢ ᠨᠢ ᠬᠦᠩ ᠮᠡᠳᠡᠳᠡᠭ ᠪᠠᠢᠪᠠ᠃
ᠨᠢᠭᠡᠨ ᠰᠥᠨᠢ ᠬᠦᠩ ᠥᠷᠥᠭᠡᠨ ᠳ᠋ᠦ᠍ ᠪᠡᠨ ᠣᠷᠣᠵᠤ ᠢᠷᠡᠲᠡᠯ᠎ᠡ᠂ ᠺᠠᠲ᠋ᠡᠷᠢᠨ ᠪᠥᠵᠢᠭᠯᠡᠵᠦ ᠪᠠᠢᠨ᠎ᠠ ᠭᠡᠨ᠎ᠡ᠃ ᠬᠦᠩ ᠡᠭᠦᠨ ᠢ᠋ ᠬᠠᠷᠠᠭᠠᠳ ᠶᠡᠬᠡᠳᠡ ᠭᠠᠢᠬᠠᠵᠠᠢ᠃
— ᠬᠣᠩᠭᠣᠷ ᠮᠢᠨᠢ᠂ ᠴᠢ ᠶᠠᠭᠠᠬᠢᠭᠠᠳ ᠨᠠᠳᠠ ᠲᠠᠢ ᠣᠭᠲᠣ ᠪᠥᠵᠢᠭᠯᠡᠳᠡᠭ ᠦᠭᠡᠢ ᠶᠤᠮ ᠪᠣᠢ?
— ᠶᠠᠭᠤ? ᠪᠢ ᠪᠥᠵᠢᠭᠯᠡᠳᠡᠭ ᠦᠭᠡᠢ᠃ ᠴᠢ ᠮᠡᠳᠡᠨ᠎ᠡ ᠰᠢᠲᠠ᠃
— ᠦ᠂ ᠬᠠᠢᠷᠠᠲᠤ ᠬᠣᠩᠭᠣᠷ ᠮᠢᠨᠢ᠂ ᠭᠡᠬᠦ ᠳ᠋ᠦ᠍ ᠪᠡᠨ ᠴᠢ ᠨᠠᠮ᠎ᠠ ᠶ᠋ᠢ ᠥᠷᠥᠭᠡᠨ ᠳ᠋ᠦ᠍ ᠣᠷᠣᠵᠤ ᠢᠷᠡᠬᠦ ᠳ᠋ᠦ᠍ ᠪᠥᠵᠢᠭᠯᠡᠵᠦ ᠪᠠᠢᠭᠰᠠᠨ ᠰᠢᠦ ᠳᠡ᠃ ᠰᠠᠨᠠᠬᠤ ᠦᠭᠡᠢ ᠪᠠᠢᠨ᠎ᠠ ᠭᠡᠵᠦ ᠤᠤ ᠳᠠ?
— ᠶᠠᠭᠤ? ᠦᠭᠡᠢ᠂ ᠪᠢ ᠪᠥᠵᠢᠭᠯᠡᠳᠡᠭ ᠦᠭᠡᠢ᠃ ᠭᠡᠬᠦ ᠳ᠋ᠦ᠍ ᠪᠡᠨ ᠵᠠᠷᠢᠮ ᠳ᠋ᠤ᠌ ᠪᠠᠨ ᠨᠠᠳᠠ ᠳ᠋ᠤ᠌ ᠨᠠᠮᠤᠭᠤᠬᠠᠨ ᠬᠥᠭᠵᠢᠮ ᠯᠡ ᠰᠣᠨᠣᠰᠳᠠᠳᠠᠭ᠃ ᠠᠯᠤᠰ ᠬᠣᠯᠠ ᠬᠠᠮᠢᠭ᠎ᠠ ᠨᠢᠭᠡᠲᠡᠭᠡ ᠲᠣᠭᠯᠠᠵᠤ ᠪᠠᠢᠭ᠎ᠠ ᠮᠡᠲᠦ᠂ ᠨᠠᠮ᠎ᠠ ᠶ᠋ᠢ ᠳᠠᠭᠤᠳᠠᠭᠠᠳ ᠪᠠᠢᠭ᠎ᠠ ᠶᠤᠮ ᠰᠢᠭ᠋᠃
ᠠᠯᠠᠷᠢᠺᠡ ᠬᠦᠩ ᠪᠣᠳᠣᠯ ᠳ᠋ᠤ᠌ ᠠᠪᠲᠠᠵᠠᠢ᠃ ᠨᠢᠭᠡ ᠵᠢᠯ ᠥᠩᠭᠡᠷᠡᠨ ᠣᠳᠤᠯ᠎ᠠ᠃ ᠤᠳᠠᠬᠤ ᠦᠭᠡᠢ ᠲᠡᠳᠡᠨ ᠦ᠌ ᠬᠤᠷᠢᠮ ᠤ᠋ᠨ ᠣᠢ ᠪᠣᠯᠬᠤ ᠪᠠᠢᠯ᠎ᠠ᠃ ᠬᠦᠩ ᠬᠠᠢᠷᠠᠲᠤ ᠭᠡᠷᠭᠡᠢ ᠳ᠋ᠦ᠍ ᠪᠡᠨ ᠶᠠᠭᠤ ᠥᠭᠬᠦ ᠲᠠᠯ᠎ᠠ ᠪᠠᠷ ᠪᠣᠳᠣᠵᠤ ᠰᠠᠭᠤᠯ᠎ᠠ᠃
ᠬᠤᠷᠢᠮ ᠤ᠋ᠨ ᠣᠢ ᠪᠣᠯᠬᠤ ᠡᠮᠦᠨᠡᠬᠢ ᠣᠷᠣᠢ ᠬᠦᠩ ᠭᠡᠷᠭᠡᠢ ᠲᠡᠢ ᠪᠡᠨ ᠬᠠᠮᠲᠤ ᠲᠠᠨᠢᠯᠴᠠᠭᠰᠠᠨ ᠭᠠᠵᠠᠷ ᠢ᠋ᠶ᠋ᠠᠨ ᠣᠴᠢᠵᠤ ᠭᠡᠨ᠎ᠡ᠃ ᠺᠠᠲ᠋ᠡᠷᠢᠨ ᠮᠢᠨᠢ ᠪᠠᠶᠠᠷᠯᠠᠬᠤ ᠪᠠᠢᠬ᠎ᠠ ᠳᠠ᠃
ᠬᠦᠯᠢᠶᠡᠭᠡᠷᠡᠢ! ᠲᠡᠷᠡ ᠶᠠᠭᠤ ᠪᠣᠢ? ᠪᠢ ᠠᠮᠢᠳᠤᠷᠠᠯ ᠳ᠋ᠤ᠌ ᠪᠠᠨ ᠡᠢᠮᠦ ᠰᠣᠨᠣᠰᠬᠤᠯᠠᠩ ᠲᠠᠢ ᠠᠶ᠎ᠠ ᠰᠣᠨᠣᠰᠴᠤ ᠪᠠᠢᠭᠰᠠᠨ ᠦᠭᠡᠢ᠃
ᠶᠠᠭᠤ? ᠰᠢᠳᠢᠲᠦ ᠳᠠᠭᠢᠨᠢ ᠨᠤᠭᠤᠳ ᠠ᠋ ? ᠪᠢ ᠡᠭᠦᠨ ᠢ᠋ ᠳᠣᠮᠣᠭ ᠶᠠᠷᠢᠶ᠎ᠠ ᠯᠠ ᠭᠡᠵᠦ ᠪᠣᠳᠣᠭᠰᠠᠨ ᠰᠢᠲᠠ᠃
ᠴᠢᠮᠡᠭᠡ ᠦᠭᠡᠢ! ᠡᠢᠮᠦ ᠵᠦᠢᠯ ᠤᠷᠢᠳᠤ ᠨᠢ ᠬᠠᠷᠠᠵᠤ ᠪᠠᠢᠭᠰᠠᠨ ᠦᠭᠡᠢ᠃ ᠬᠦᠯᠢᠶᠡᠭᠡᠷᠡᠢ᠂ ᠲᠡᠷᠡ ᠬᠡᠨ ᠪᠣᠢ? ᠲᠡᠷᠡ ᠠᠷᠠᠢ᠁
ᠭᠣᠶᠣᠯᠠᠯ ᠤ᠋ᠨ ᠭᠣᠶᠣᠮᠰᠣᠭ ᠶᠠᠭᠠᠨ ᠳᠠᠰᠢᠨᠵᠠ ᠡᠮᠦᠰᠦᠭᠰᠡᠨ ᠲᠡᠷᠡ ᠰᠢᠳᠢᠲᠦ ᠳᠠᠭᠢᠨᠢ ᠬᠦᠩ ᠦ᠋ᠨ ᠨᠠᠰᠤᠨ ᠲᠤᠷᠰᠢ ᠶ᠋ᠢᠨ ᠬᠠᠢᠷ᠎ᠠ ᠺᠠᠲ᠋ᠡᠷᠢᠨ ᠪᠠᠢᠯ᠎ᠠ᠃
— ᠺᠠᠲ᠋ᠡᠷᠢᠨ!
ᠲᠡᠭᠡᠭᠡᠳ ᠬᠦᠩ ᠢᠯᠡᠭᠦᠦ ᠣᠢᠷᠠᠳᠴᠤ ᠬᠠᠷᠠᠬᠤ ᠭᠡᠲᠡᠯ᠎ᠡ ᠮᠣᠷᠢ ᠨᠢ ᠪᠤᠯᠭᠢᠪᠠ ᠭᠡᠨ᠎ᠡ᠃ ᠮᠣᠷᠢ ᠬᠦᠩ ᠦ᠋ᠨ ᠬᠤᠪᠴᠠᠰᠤᠨ ᠠ᠋ᠴᠠ ᠠᠶᠤᠭᠰᠠᠨ ᠪᠠᠢᠪᠠ᠃ ᠲᠡᠭᠡᠭᠡᠳ ᠭᠦᠨ ᠣᠢ ᠶ᠋ᠢ ᠴᠢᠭᠯᠡᠨ ᠳᠠᠪᠬᠢᠨ ᠣᠳᠤᠯ᠎ᠠ᠃
ᠠ᠋᠂ ᠴᠢᠮᠡᠭᠡ ᠦᠭᠡᠢ᠂ ᠲᠠᠢᠪᠤᠰᠢᠷᠠ᠃ ᠴᠢ ᠨᠠᠮ᠎ᠠ ᠶ᠋ᠢ ᠰᠢᠳᠢᠲᠦ ᠳᠠᠭᠢᠨᠢ ᠨᠤᠭᠤᠳ ᠠ᠋ᠴᠠ ᠤᠯᠠᠮ ᠬᠣᠯᠠᠳᠠᠭᠤᠯᠤᠭᠠᠳ ᠪᠠᠢᠨ᠎ᠠ᠃ ᠲᠠᠢᠪᠤᠰᠢᠷᠠ᠂ ᠲᠠᠢᠪᠤᠰᠢᠷᠠ᠃ ᠰᠠᠢᠨ ᠵᠠᠭᠠᠯ᠂ ᠨᠠᠮ᠎ᠠ ᠶ᠋ᠢ ᠶᠠᠮᠠᠷ ᠬᠣᠯᠠ ᠠᠪᠴᠢᠷᠠᠭᠰᠠᠨ ᠢ᠋ᠶ᠋ᠠᠨ ᠬᠠᠷᠠᠭᠠᠴᠢ᠃ ᠪᠤᠴᠠᠭᠠᠳ ᠶᠠᠪᠤᠵᠠᠭᠠᠶ᠎ᠠ᠃
ᠦᠭᠡᠢ᠂ ᠲᠡᠳᠡ ᠶᠠᠪᠤᠴᠢᠬᠠᠵᠠᠢ᠃
ᠬᠦᠩ ᠶᠠᠭᠠᠷᠠᠨ ᠪᠤᠴᠠᠯ᠎ᠠ᠃ ᠭᠡᠷᠭᠡᠢ ᠨᠢ ᠤᠨᠲᠠᠯᠭ᠎ᠠ ᠶ᠋ᠢᠨ ᠥᠷᠥᠭᠡᠨ ᠳ᠋ᠦ᠍ ᠪᠡᠨ ᠪᠥᠬᠡ ᠭᠡᠭᠴᠢ ᠤᠨᠲᠠᠵᠤ ᠪᠠᠢᠬᠤ ᠶ᠋ᠢ ᠬᠠᠷᠠᠭᠠᠳ ᠰᠡᠳᠬᠢᠯ ᠨᠢ ᠲᠠᠢᠪᠤᠰᠢᠷᠠᠵᠤ ᠭᠡᠨ᠎ᠡ ᠃
— ᠬᠠᠢᠷᠠᠲᠤ ᠮᠢᠨᠢ᠂ ᠴᠢ ᠬᠠᠮᠢᠭ᠎ᠠ ᠨᠢ ᠪᠠᠢᠭᠰᠠᠨ ᠶᠤᠮ ᠪᠣᠢ?
— ᠶᠠᠭᠤ? ᠪᠢ ᠤᠨᠲᠠᠵᠤ ᠯᠠ ᠪᠠᠢᠭᠰᠠᠨ ᠰᠢᠲᠠ᠃ ᠴᠢ ᠶᠡᠬᠡ ᠶᠠᠳᠠᠷᠠᠭᠰᠠᠨ ᠪᠣᠯᠤᠯᠲᠠᠢ᠂ ᠴᠢ ᠭᠡᠰᠡᠨ ᠴᠦ᠍ ᠤᠨᠲᠠᠬᠤ ᠶᠣᠰᠣᠲᠠᠢ᠃ ᠣᠷᠣᠢ ᠪᠣᠯᠤᠭᠰᠠᠨ ᠪᠠᠢᠨ᠎ᠠ᠃
ᠬᠦᠯᠢᠶᠡ᠂ ᠪᠢ ᠡᠨᠳᠡᠭᠦᠷᠡᠭᠡ ᠦᠭᠡᠢ ᠪᠠᠵᠠ? ᠲᠡᠷᠡ ᠮᠥᠨ ᠪᠠᠢᠵᠠᠢ᠃ ᠶᠠᠭᠠᠬᠢᠭᠠᠳ ᠨᠠᠳᠠ ᠳ᠋ᠤ᠌ ᠬᠤᠳᠠᠯ ᠬᠡᠯᠡᠭᠰᠡᠨ ᠶᠤᠮ ᠪᠣᠯ? ᠲᠡᠨᠳᠡ ᠶᠡᠬᠡ ᠯᠡ ᠵᠢᠷᠭᠠᠯ ᠲᠠᠢ ᠬᠠᠷᠠᠭᠳᠠᠵᠤ ᠪᠠᠢᠭᠰᠠᠨ ᠳᠠ᠃
ᠠ᠂ ᠪᠢ ᠣᠳᠣ ᠶᠠᠭᠠᠬᠢᠪᠠᠯ ᠳᠡᠭᠡᠷ᠎ᠡ ᠪᠣᠢ? ᠨᠢᠭᠡ ᠯᠡ ᠬᠥᠮᠦᠨ ᠨᠠᠳᠠ ᠳ᠋ᠤ᠌ ᠲᠤᠰᠠᠯᠠᠵᠤ ᠴᠢᠳᠠᠨ᠎ᠠ᠂ ᠮᠠᠾᠭᠳᠠ᠃ ᠬᠦᠩ ᠮᠠᠾᠭᠳᠠ ᠳ᠋ᠤ᠌ ᠢᠲᠡᠭᠡᠳᠡᠭ ᠪᠠᠢᠯ᠎ᠠ᠃ ᠮᠠᠾᠭᠳᠠ ᠡᠨᠡ ᠳᠡᠯᠡᠬᠡᠢ ᠶ᠋ᠢᠨ ᠪᠦᠬᠦᠢᠯᠡ ᠨᠢᠭᠤᠴᠠ ᠶ᠋ᠢ ᠮᠡᠳᠡᠳᠡᠭ ᠪᠠᠢᠭᠰᠠᠨ ᠶᠤᠮ᠃
ᠪᠦᠲᠦᠨ ᠬᠣᠶᠠᠷ ᠡᠳᠦᠷ ᠳᠠᠪᠬᠢᠭᠰᠠᠨ ᠤ᠋ ᠡᠴᠦᠰ ᠲᠦ᠍ ᠭᠦᠩᠲᠡᠨ ᠣᠢ ᠶ᠋ᠢᠨ ᠭᠦᠨ ᠳ᠋ᠦ᠍ ᠪᠠᠢᠬᠤ ᠵᠢᠵᠢᠭ ᠣᠷᠤᠴᠠᠨ ᠳ᠋ᠤ᠌ ᠬᠦᠷᠴᠦ ᠢᠷᠡᠯ᠎ᠡ᠃
— ᠦ᠂ ᠠᠯᠠᠷᠢᠺᠡ ᠭᠦᠩᠲᠡᠨ᠂ ᠲᠠ ᠡᠨᠳᠡ ᠶᠠᠮᠠᠷ ᠬᠡᠷᠡᠭ ᠢ᠋ᠶ᠋ᠡᠷ ᠢᠷᠡᠪᠡ?
— ᠭᠡᠷᠭᠡᠢ ᠡᠴᠡ ᠪᠡᠨ ᠪᠣᠯᠵᠤ ᠢᠷᠡᠯ᠎ᠡ᠂ ᠮᠠᠾᠭᠳᠠ᠃ ᠨᠠᠳᠠ ᠳ᠋ᠤ᠌ ᠲᠠᠨ ᠤ᠋ ᠲᠤᠰᠠᠯᠠᠮᠵᠢ ᠬᠡᠷᠡᠭ ᠲᠡᠢ ᠪᠠᠢᠨ᠎ᠠ᠃ ᠬᠦᠩ ᠪᠣᠯᠤᠭᠰᠠᠨ ᠪᠦᠬᠦ ᠶᠠᠪᠤᠳᠠᠯ ᠢ᠋ ᠮᠠᠾᠭᠳᠠ ᠳ᠋ᠤ᠌ ᠶᠠᠷᠢᠯ᠎ᠠ᠃ ᠲᠡᠷᠡ ᠶ᠋ᠢ ᠪᠦᠦ ᠬᠡᠯᠡ ᠺᠠᠲ᠋ᠡᠷᠢᠨ ᠦ᠌ ᠬᠠᠷᠠᠴᠠ ᠦᠷᠭᠦᠯᠵᠢ ᠥᠪᠡᠷ ᠢ᠋ ᠨᠢ ᠵᠣᠪᠠᠭᠠᠳᠠᠭ ᠲᠤᠬᠠᠢ ᠴᠤ᠌ ᠬᠡᠯᠡᠯ᠎ᠡ᠃
— ᠲᠡᠷᠡ ᠨᠠᠳᠠ ᠤᠷᠤᠭᠤ ᠬᠠᠷᠠᠳᠠᠭ ᠴᠤ᠌ ᠴᠠᠭ ᠦᠷᠭᠦᠯᠵᠢ ᠯᠡ ᠣᠭᠲᠣ ᠥᠭᠡᠷ᠎ᠡ ᠵᠦᠢᠯ ᠪᠣᠳᠣᠵᠤ ᠪᠠᠢᠳᠠᠭ᠃ ᠪᠢ ᠶᠠᠭᠠᠬᠢᠬᠤ ᠶᠣᠰᠣᠲᠠᠢ ᠶᠤᠮ ᠪᠣᠢ?
— ᠦ ᠬᠥᠭᠡᠷᠦᠬᠦᠢ ᠮᠢᠨᠢ ᠳᠡ᠃ ᠲᠠᠨ ᠳ᠋ᠤ᠌ ᠬᠢᠵᠦ ᠴᠢᠳᠠᠬᠤ ᠵᠦᠢᠯ ᠨᠢᠭᠡᠬᠡᠨ ᠴᠦ᠍ ᠪᠠᠢᠬᠤ ᠦᠭᠡᠢ᠃ ᠡᠬᠡᠨᠡᠷ ᠴᠢᠨᠢ ᠰᠢᠳᠢᠲᠦ ᠳᠠᠭᠢᠨᠢ ᠨᠤᠭᠤᠳ ᠤ᠋ᠨ ᠨᠢᠭᠡ᠃ ᠲᠠ ᠡᠬᠡᠨᠡᠷ ᠢ᠋ ᠪᠡᠨ ᠠᠩᠬ᠎ᠠ ᠣᠯᠬᠤ ᠳ᠋ᠤ᠌᠂ ᠲᠡᠷᠡ ᠥᠩᠭᠡᠷᠡᠭᠰᠡᠨ ᠵᠤᠨ ᠢ᠋ ᠦᠳᠡᠵᠦ ᠪᠠᠢᠭᠰᠠᠨ ᠪᠠᠢᠬ᠎ᠠ᠃ ᠲᠡᠳᠡ ᠡᠬᠡᠨᠡᠷ ᠢ᠋ ᠴᠢᠨᠢ ᠳᠠᠭᠤᠳᠠᠵᠤ ᠪᠠᠢᠭ᠎ᠠ ᠶᠤᠮ᠃ ᠲᠡᠷᠡ ᠵᠤᠨ ᠪᠦᠷᠢ ᠲᠡᠳᠡᠨ ᠳᠡᠭᠡᠷ᠎ᠡ ᠣᠴᠢᠵᠤ ᠬᠠᠮᠲᠤ ᠪᠥᠵᠢᠭᠯᠡᠳᠡᠭ᠃ ᠣᠳᠣ ᠪᠤᠴᠠᠵᠤ ᠢᠷᠡᠭᠰᠡᠨ ᠪᠠᠢᠬ᠎ᠠ᠃ ᠭᠡᠬᠦ ᠳ᠋ᠦ᠍ ᠪᠡᠨ ᠴᠠᠭ ᠨᠢ ᠪᠣᠯᠬᠤ ᠳ᠋ᠤ᠌ ᠲᠡᠷᠡ ᠪᠤᠴᠠᠵᠤ ᠢᠷᠡᠬᠦ ᠦᠭᠡᠢ ᠪᠡᠷ ᠶᠠᠪᠤᠬᠤ ᠪᠣᠯᠤᠨ᠎ᠠ᠃
— ᠶᠠᠭᠤ? ᠦᠭᠡᠢ᠃ ᠺᠠᠲ᠋ᠡᠷᠢᠨ ᠪᠣᠯ ᠮᠢᠨᠦᠬᠢ᠃ ᠲᠡᠷᠡ ᠠᠮᠢᠳᠤᠷᠠᠯ ᠢ᠋ ᠨᠢ ᠡᠭᠦᠷᠢᠳᠡ ᠮᠠᠷᠲᠠᠭᠤᠯᠵᠤ ᠨᠠᠰᠤᠨ ᠲᠤᠷᠰᠢ ᠳ᠋ᠤ᠌ ᠪᠠᠨ ᠮᠢᠨᠦᠬᠢ ᠪᠠᠢᠯᠭᠠᠬᠤ ᠶᠠᠮᠠᠷ ᠨᠢᠭᠡᠨ ᠠᠷᠭ᠎ᠠ ᠪᠠᠢᠬᠤ ᠦᠭᠡᠢ ᠭᠡᠵᠢ ᠤᠤ? ᠨᠠᠳᠠ ᠳ᠋ᠤ᠌ ᠰᠢᠳᠢᠲᠦ ᠬᠠᠨᠳᠠ᠂ ᠰᠢᠳᠢᠲᠦ ᠤᠷᠭᠤᠮᠠᠯ ᠠ᠋ᠴᠠ ᠪᠠᠨ ᠥᠭᠭᠦᠭᠡᠴᠢ ᠳᠡ᠃ ᠶᠠᠭᠤ ᠴᠤ᠌ ᠪᠠᠢᠭᠰᠠᠨ ᠪᠣᠯᠤᠨ᠎ᠠ᠃
— ᠵᠠᠯᠠᠭᠤ ᠡᠷ᠎ᠡ ᠮᠢᠨᠢ᠂ ᠶᠠᠮᠠᠷ ᠴᠤ᠌ ᠰᠢᠳᠢᠲᠦ ᠤᠷᠭᠤᠮᠠᠯ ᠤ᠋ᠨ ᠬᠠᠨᠳᠠ ᠲᠡᠭᠦᠨ ᠦ᠌ ᠥᠩᠭᠡᠷᠡᠭᠰᠡᠨ ᠢ᠋ ᠮᠠᠷᠲᠠᠭᠤᠯᠵᠤ ᠬᠦᠴᠦᠷᠡᠬᠦ ᠦᠭᠡᠢ᠃ ᠲᠡᠷᠡ ᠬᠡᠵᠢᠶᠡᠳᠡ ᠴᠦ᠍ ᠢᠷᠡᠭᠰᠡᠨ ᠭᠠᠵᠠᠷ ᠲᠠᠢ ᠪᠠᠨ ᠬᠣᠯᠪᠣᠭᠳᠠᠬᠤ ᠪᠣᠯᠤᠨ᠎ᠠ᠃ ᠭᠡᠬᠦ ᠳ᠋ᠦ᠍ ᠪᠡᠨ ᠨᠢᠭᠡ ᠠᠷᠭ᠎ᠠ ᠪᠠᠢᠨ᠎ᠠ᠃
— ᠶᠠᠭᠤ ᠶᠤᠮ? ᠪᠢ ᠶᠠᠭᠤ ᠴᠤ᠌ ᠬᠢᠬᠦ ᠳ᠋ᠦ᠍ ᠪᠡᠯᠡᠨ ᠪᠠᠢᠨ᠎ᠠ᠃ ᠨᠠᠳᠠ ᠳ᠋ᠤ᠌ ᠬᠡᠯᠡᠭᠡᠴᠢ ᠳᠡ᠃
— ᠴᠢᠨᠦ ᠬᠠᠢᠷ᠎ᠠ ᠲᠡᠭᠦᠰ ᠪᠠᠢᠬᠤ ᠶᠣᠰᠣᠲᠠᠢ᠃ ᠲᠡᠷᠡ ᠦᠶ᠎ᠡ ᠳ᠋ᠦ᠍ ᠯᠡ ᠡᠬᠡᠨᠡᠷ ᠴᠢᠨᠢ ᠥᠩᠭᠡᠷᠡᠭᠰᠡᠨ ᠢ᠋ᠶ᠋ᠡᠨ ᠮᠠᠷᠲᠠᠬᠤ ᠪᠣᠯᠤᠨ᠎ᠠ᠃
— ᠮᠢᠨᠦ ᠬᠠᠢᠷ᠎ᠠ ᠲᠡᠭᠦᠰ ᠪᠢᠰᠢ ᠭᠡᠵᠦ ᠤᠤ? ᠲᠡᠢᠮᠦ ᠪᠣᠯ ᠶᠠᠭᠠᠬᠢᠵᠤ ᠲᠡᠭᠦᠰ ᠪᠣᠯᠭᠠᠬᠤ ᠪᠣᠢ?
— ᠡᠨᠡ ᠶ᠋ᠢ ᠴᠠᠭ ᠬᠤᠭᠤᠴᠠᠭ᠎ᠠ ᠯᠠ ᠴᠢᠮ᠎ᠠ ᠳ᠋ᠤ᠌ ᠵᠢᠭᠠᠬᠤ ᠪᠣᠯᠤᠨ᠎ᠠ᠃ ᠰᠠᠨᠠᠭ᠎ᠠ ᠵᠣᠪᠠᠬᠤ ᠬᠡᠷᠡᠭ ᠦᠭᠡᠢ ᠵᠠᠯᠠᠭᠤ ᠡᠷ᠎ᠡ ᠮᠢᠨᠢ᠂ ᠭᠡᠷ ᠲᠦ᠍ ᠪᠠᠨᠬᠠᠷᠢ ᠃ ᠬᠠᠢᠷ᠎ᠠ ᠰᠡᠳᠬᠢᠯ ᠳ᠋ᠦ᠍ ᠪᠡᠨ ᠦᠨᠡᠨ ᠭᠣᠣᠯ ᠠ᠋ᠴᠠ ᠪᠠᠨ ᠢᠳᠡᠭᠡ᠃
ᠲᠡᠭᠡᠭᠡᠳ ᠠᠯᠠᠷᠢᠺᠡ ᠬᠦᠩ ᠰᠢᠯᠲᠦᠭᠡᠨ ᠤᠷᠤᠭᠤ ᠪᠠᠨ ᠪᠤᠴᠠᠵᠤ ᠣᠴᠢᠯ᠎ᠠ᠃ ᠲᠡᠷᠡ ᠡᠳᠦᠷ ᠡᠴᠡ ᠡᠬᠢᠯᠡᠨ ᠡᠬᠡᠨᠡᠷ ᠲᠦ᠍ ᠪᠠᠨᠢᠯᠡᠭᠦᠦ ᠡᠶᠡᠯᠳᠡᠭ ᠰᠠᠢᠬᠠᠨ ᠬᠠᠨᠳᠤᠬᠤ ᠪᠣᠯᠵᠤ ᠭᠡᠨ᠎ᠡ᠃ ᠲᠡᠭᠡᠭᠰᠡᠨ ᠴᠦ᠍ ᠣᠷᠣᠢ ᠪᠦᠷᠢ ᠭᠡᠷᠭᠡᠢ ᠨᠢ ᠰᠢᠯᠲᠦᠭᠡᠨ ᠢ᠋ ᠣᠷᠬᠢᠵᠤ ᠶᠠᠪᠤᠳᠠᠭ ᠪᠠᠢᠵᠠᠢ᠃ ᠡᠨᠡ ᠶᠠᠪᠤᠳᠠᠯ ᠠ᠋ᠴᠠ ᠪᠣᠯᠵᠤ ᠬᠦᠩ ᠬᠡᠳᠦᠨ ᠰᠥᠨᠢ ᠨᠣᠢᠷ ᠦᠭᠡᠢ ᠬᠣᠨᠣᠵᠠᠢ᠃ ᠥᠨᠥ ᠣᠷᠣᠢ ᠬᠠᠢᠷᠠᠲᠤ ᠡᠬᠡᠨᠡᠷ ᠢ᠋ ᠨᠢ ᠡᠭᠦᠷᠢᠳᠡ ᠠᠪᠴᠤ ᠶᠠᠪᠤᠬᠤ ᠪᠣᠢ ᠭᠡᠳᠡᠭ ᠡᠴᠡ ᠠᠶᠤᠳᠠᠭ ᠪᠠᠢᠵᠤ ᠭᠡᠨ᠎ᠡ᠃
ᠲᠡᠭᠡᠭᠡᠳ ᠨᠢᠭᠡᠨ ᠲᠣᠭᠲᠠᠭᠤᠨ ᠡᠳᠦᠷ᠂ ᠣᠳᠣ ᠬᠠᠩᠭᠠᠯᠲᠠ ᠲᠠᠢ᠂ ᠪᠢ ᠥᠨᠥᠳᠥᠷ ᠲᠡᠭᠦᠨ ᠢ᠋ ᠳ᠋ᠦ᠍ ᠪᠡᠨ ᠶᠠᠪᠤᠵᠤ ᠲᠡᠭᠦᠨ ᠳ᠋ᠦ᠍ ᠶᠠᠮᠠᠷ ᠬᠠᠢᠷᠠᠲᠠᠢ ᠪᠠᠨ ᠬᠠᠷᠠᠭᠤᠯᠬᠤ ᠪᠣᠯᠤᠨ᠎ᠠ᠃ ᠮᠢᠨᠦ ᠬᠠᠢᠷ᠎ᠠ ᠪᠣᠯ ᠲᠡᠭᠦᠰ᠂ ᠪᠢ ᠡᠭᠦᠨ ᠢ᠋ ᠪᠠᠲᠤᠯᠠᠬᠤ ᠪᠣᠯᠤᠨ᠎ᠠ᠃
ᠡᠨᠳᠡ ᠪᠠᠢᠬᠤ ᠰᠢᠪ᠃
— ᠺᠠᠲ᠋ᠡᠷᠢᠨ! ᠪᠢ ᠪᠠᠢᠨ᠎ᠠ ᠰᠢᠦ᠂ ᠡᠷ᠎ᠡ ᠨᠥᠬᠥᠷ ᠴᠢᠨᠢ᠃ ᠪᠢ ᠴᠢᠮ᠎ᠠ ᠶ᠋ᠢ ᠠᠪᠴᠤ ᠶᠠᠪᠤᠬᠤ ᠪᠠᠷ ᠢᠷᠡᠯ᠎ᠡ᠂ ᠨᠠᠳᠠ ᠲᠠᠢ ᠬᠠᠮᠲᠤ ᠶᠠᠪᠤᠭᠠᠴᠢ᠃
— ᠠ᠂ ᠨᠠᠮ᠎ᠠ ᠶ᠋ᠢ ᠳᠡᠯᠪᠢ!
— ᠪᠢᠳᠡᠨ ᠤᠷᠤᠭᠤ ᠬᠦᠷᠦᠭᠡᠳ ᠢᠷ᠎ᠡ ᠳᠡᠭᠦᠦ ᠮᠢᠨᠢ!
— ᠨᠠᠮ᠎ᠠ ᠶ᠋ᠢ ᠶᠠᠪᠤᠭᠤᠯ!
— ᠴᠢ ᠰᠠᠨᠠᠬᠤ ᠦᠭᠡᠢ ᠪᠠᠢᠭ᠎ᠠ ᠶᠤᠮ ᠤᠤ᠂ ᠬᠠᠢᠷᠠᠲᠤ ᠮᠢᠨᠢ! ᠨᠠᠳᠠ ᠲᠠᠢ ᠬᠠᠮᠲᠤ ᠶᠠᠪᠤᠭᠠᠴᠢ᠃
ᠺᠠᠲ᠋ᠡᠷᠢᠨ᠂ ᠠᠯᠠᠷᠢᠺᠡ ᠬᠦᠩ ᠢ᠋ ᠬᠦᠴᠦᠷᠡᠬᠦ ᠦᠭᠡᠢ ᠭᠡᠳᠡᠭ ᠢ᠋ᠶ᠋ᠡᠨ ᠤᠬᠠᠭᠠᠷᠠᠵᠤ ᠡᠶᠡᠯᠳᠡᠭ ᠢ᠋ᠶ᠋ᠡᠷ ᠢᠨᠢᠶᠡᠮᠰᠦᠭᠯᠡᠨ
— ᠬᠣᠩᠭᠣᠷ ᠮᠢᠨᠢ! ᠪᠢ ᠪᠥᠵᠢᠭ ᠢ᠋ᠶ᠋ᠡᠨ ᠳᠠᠭᠤᠰᠬᠠᠭᠠᠳ ᠳᠠᠷᠠᠭ᠎ᠠ ᠨᠢ ᠴᠢᠮ᠎ᠠ ᠲᠠᠢ ᠬᠠᠮᠲᠤ ᠶᠠᠪᠤᠨ᠎ᠠ ᠭᠡᠵᠦ ᠠᠮᠠᠯᠠᠶ᠎ᠠ᠃
— ᠦᠭᠡᠢ᠂ ᠴᠢ ᠬᠤᠳᠠᠯ ᠬᠡᠯᠡᠵᠦ ᠪᠠᠢᠨ᠎ᠠ᠃
— ᠨᠠᠳᠠ ᠤᠷᠤᠭᠤ ᠬᠠᠷᠠ᠂ ᠮᠢᠨᠦ ᠨᠢᠳᠦᠨ ᠳ᠋ᠦ᠍ ᠨᠢᠯᠪᠤᠰᠤ ᠬᠤᠷᠠᠭᠰᠠᠨ ᠪᠠᠢᠨ᠎ᠠ᠃ ᠰᠢᠳᠢᠲᠦ ᠳᠠᠭᠢᠨᠢ ᠨᠤᠭᠤᠳ ᠤᠬᠢᠯᠠᠵᠤ ᠮᠡᠳᠡᠳᠡᠭ ᠦᠭᠡᠢ ᠶᠤᠮ᠂ ᠴᠢᠨᠦ ᠬᠠᠢᠷ᠎ᠠ ᠡᠭᠦᠨ ᠢ᠋ ᠨᠠᠳᠠ ᠳ᠋ᠤ᠌ ᠵᠢᠭᠠᠭᠰᠠᠨ᠃
— ᠦᠭᠡᠢ ᠺᠠᠲ᠋ᠡᠷᠢᠨ᠂ ᠴᠢ ᠪᠣᠯ ᠮᠢᠨᠦᠬᠢ!
ᠡᠭᠡᠴᠢ ᠳᠡᠭᠦᠦᠰ ᠮᠢᠨᠢ᠃ ᠨᠠᠳᠠ ᠳ᠋ᠤ᠌ ᠬᠦᠴᠦ ᠬᠠᠢᠷᠠᠯᠠᠭᠠᠴᠢ!
ᠬᠦᠴᠦᠲᠡᠢ ᠪᠠᠢ ᠡᠭᠡᠴᠢ ᠮᠢᠨᠢ᠂ ᠬᠦᠴᠦᠲᠡᠢ ᠪᠠᠢ! ᠬᠦᠴᠦᠲᠡᠢ ᠪᠠᠢ ᠳᠡᠭᠦᠦ ᠮᠢᠨᠢ᠂ ᠬᠦᠴᠦᠲᠡᠢ ᠪᠠᠢ! ᠬᠦᠴᠦᠲᠡᠢ ᠪᠠᠢ ᠡᠭᠡᠴᠢ ᠮᠢᠨᠢ᠂ ᠬᠦᠴᠦᠲᠡᠢ ᠪᠠᠢ!
ᠲᠣᠭᠰᠢᠨ ᠪᠠᠢ ᠡᠭᠡᠴᠢ ᠮᠢᠨᠢ᠂ ᠲᠣᠭᠰᠢᠨ ᠪᠠᠢ! ᠳᠣᠭᠰᠢᠨ ᠪᠠᠢ ᠳᠡᠭᠦᠦ ᠮᠢᠨᠢ᠂ ᠳᠣᠭᠰᠢᠨ ᠪᠠᠢ! ᠳᠣᠭᠰᠢᠨ ᠪᠠᠢ ᠡᠭᠡᠴᠢ ᠮᠢᠨᠢ᠂ ᠳᠣᠭᠰᠢᠨ ᠪᠠᠢ!
ᠣᠷᠣᠰ ᠡᠭᠡᠴᠢ ᠮᠢᠨᠢ ᠣᠷᠣᠰ! ᠣᠷᠣᠰ ᠡᠭᠡᠴᠢ ᠮᠢᠨᠢ ᠣᠷᠣᠰ!
ᠰᠢᠲᠠ ᠡᠭᠡᠴᠢ ᠮᠢᠨᠢ᠂ ᠰᠢᠲᠠᠭᠠᠷᠠᠢ! ᠰᠢᠲᠠ ᠡᠭᠡᠴᠢ᠂ ᠮᠢᠨᠢ ᠰᠢᠲᠠᠭᠠᠷᠠᠢ!
ᠪᠢ ᠴᠢᠮ᠎ᠠ ᠶ᠋ᠢ ᠦᠦᠷ ᠴᠠᠢᠲᠠᠯ᠎ᠠ ᠪᠠᠷᠢᠵᠤ ᠴᠢᠳᠠᠪᠠᠯ ᠨᠢᠭᠡ ᠬᠡᠰᠡᠭ ᠴᠢᠨᠢ ᠮᠢᠨᠦ ᠬᠡᠪ ᠢ᠋ᠶ᠋ᠡᠷ ᠦᠯᠡᠳᠡᠨ᠎ᠡ᠃
ᠬᠦᠩ ᠭᠠᠯ ᠤ᠋ᠨ ᠳᠥᠯᠥ ᠶ᠋ᠢ ᠠᠳᠬᠤᠭᠰᠠᠭᠠᠷ ᠪᠠᠢᠯ᠎ᠠ᠃
— ᠴᠢ ᠮᠢᠨᠦ ᠬᠤᠪᠢ ᠳ᠋ᠤ᠌ ᠬᠡᠲᠦᠷᠬᠡᠢ ᠬᠦᠴᠦᠲᠡᠢ ᠶᠤᠮ᠃ ᠪᠢ ᠴᠢᠮ᠎ᠠ ᠠ᠋ᠴᠠ ᠬᠣᠯᠠᠳᠠᠵᠤ ᠴᠢᠳᠠᠬᠤ ᠦᠭᠡᠢ᠃
ᠬᠦᠩ ᠵᠢᠷᠭᠠᠯ ᠲᠠᠢ ᠪᠠᠢᠯ᠎ᠠ᠃
— ᠬᠠᠢᠷ᠎ᠠ ᠮᠢᠨᠢ ᠲᠡᠭᠦᠰ ᠭᠡᠳᠡᠭ ᠢ᠋ ᠮᠡᠳᠡᠭᠡᠳ ᠪᠠᠢᠭᠰᠠᠨ ᠶᠤᠮ᠃ ᠺᠠᠲ᠋ᠡᠷᠢᠨ ᠴᠢ ᠵᠦᠭᠡᠷ ᠤᠤ? ᠬᠠᠢᠷᠠᠲᠤ ᠮᠢᠨᠢ!
ᠭᠡᠪᠡᠴᠦ ᠬᠦᠩ ᠦ᠋ᠨ ᠠᠪᠠᠬᠠᠢ ᠦᠭᠡ ᠬᠡᠯᠡᠭᠰᠡᠨ ᠦᠭᠡᠢ᠂ ᠤᠷᠤᠭᠤ ᠴᠢᠷᠠᠢᠯᠠᠨ ᠭᠤᠨᠢᠭᠯᠠᠵᠤ ᠪᠠᠢᠯ᠎ᠠ᠃ ᠡᠬᠡᠨᠡᠷ ᠨᠢ ᠭᠤᠨᠢᠭ ᠲᠠᠢ ᠪᠠᠢᠬᠤ ᠶ᠋ᠢ ᠬᠠᠷᠠᠬᠤ ᠬᠦᠩ ᠳ᠋ᠦ᠍ ᠮᠠᠰᠢ ᠬᠡᠴᠡᠭᠦᠦ ᠪᠠᠢᠪᠠ᠃
— ᠺᠠᠲ᠋ᠡᠷᠢᠨ᠂ ᠴᠢ ᠨᠠᠳᠠ ᠲᠠᠢ ᠬᠠᠮᠲᠤ ᠦᠯᠡᠳᠡᠪᠡᠯ᠂ ᠴᠢ ᠰᠢᠳᠢᠲᠦ ᠳᠠᠭᠢᠨᠢ ᠨᠤᠭᠤᠳ ᠢ᠋ ᠰᠠᠨᠠᠵᠤ ᠭᠤᠨᠢᠭᠯᠠᠭᠰᠠᠨ ᠬᠡᠪ ᠢ᠋ᠶ᠋ᠡᠷ ᠪᠠᠢᠬᠤ ᠤᠤ?
— ᠪᠢ ᠲᠡᠳᠡᠨ ᠢ᠋ ᠦᠯᠦ ᠢᠯᠠᠬᠤ ᠰᠠᠨᠠᠬᠤ ᠬᠡᠳᠦᠢ ᠴᠦ᠍ ᠪᠢ ᠭᠤᠨᠢᠭᠯᠠᠬᠤ ᠦᠭᠡᠢ᠃ ᠭᠡᠪᠡᠴᠦ ᠥᠪᠡᠷ ᠦ᠋ᠨ ᠨᠢᠭᠡ ᠬᠡᠰᠡᠭ ᠢ᠋ᠶ᠋ᠡᠨ ᠠᠯᠳᠠᠭᠰᠠᠨ ᠭᠡᠳᠡᠭ ᠢ᠋ᠶ᠋ᠡᠨ ᠦᠷᠭᠦᠯᠵᠢ ᠮᠡᠳᠡᠷᠡᠬᠦ ᠪᠣᠯᠤᠨ᠎ᠠ᠃
— ᠴᠢ ᠲᠡᠳᠡᠨ ᠳᠡᠭᠡᠷ᠎ᠡ ᠪᠤᠴᠠᠵᠤ ᠣᠴᠢᠪᠠᠯ ᠨᠠᠮ᠎ᠠ ᠶ᠋ᠢ ᠰᠠᠨᠠᠬᠤ ᠤᠤ?
— ᠦᠭᠡᠢ᠂ ᠪᠢ ᠴᠢᠮ᠎ᠠ ᠶ᠋ᠢ ᠣᠭᠲᠣ ᠠ᠋ᠴᠠ ᠰᠠᠨᠠᠬᠤ ᠦᠭᠡᠢ᠃ ᠪᠢ ᠵᠥᠪᠬᠡᠨ ᠠᠵᠠ ᠵᠢᠷᠭᠠᠯ ᠲᠠᠢ ᠪᠠᠢᠬᠤ ᠪᠣᠯᠤᠨ᠎ᠠ᠃
— ᠪᠢ ᠴᠢᠮ᠎ᠠ ᠶ᠋ᠢ ᠭᠤᠨᠢᠭ ᠲᠠᠢ ᠪᠠᠢᠬᠤ ᠶ᠋ᠢ ᠬᠠᠷᠠᠵᠤ ᠴᠢᠳᠠᠬᠤ ᠦᠭᠡᠢ ᠨᠢ ᠬᠠᠢᠷᠠᠲᠤ ᠮᠢᠨᠢ᠃ ᠪᠢ ᠴᠢᠮ᠎ᠠ ᠳ᠋ᠤ᠌ ᠬᠡᠲᠦᠷᠬᠡᠢ ᠶᠡᠬᠡ ᠬᠠᠢᠷᠠᠲᠠᠢ᠃ ᠬᠠᠢᠷᠠᠲᠤ ᠮᠢᠨᠢ! ᠲᠡᠳᠡᠨ ᠳᠡᠭᠡᠷ᠎ᠡ ᠪᠡᠨ ᠪᠤᠴᠠᠭᠠᠳ ᠣᠴᠢ ᠳᠠ᠃ ᠠᠵᠠ ᠵᠢᠷᠭᠠᠯ ᠲᠠᠢ ᠪᠠᠢᠬᠤ ᠭᠠᠵᠠᠷ ᠤᠷᠤᠭᠤ ᠪᠠᠨ ᠶᠠᠪᠤ᠃
ᠠᠯᠠᠷᠢᠺᠡ ᠬᠦᠩ ᠨᠢᠭᠡ ᠴᠦ᠍ ᠤᠳᠠᠭ᠎ᠠ ᠡᠷᠭᠢᠵᠦ ᠬᠠᠷᠠᠭᠰᠠᠨ ᠦᠭᠡᠢ᠃ ᠡᠷᠭᠢᠵᠦ ᠬᠠᠷᠠᠵᠤ ᠰᠡᠳᠬᠢᠯ ᠢ᠋ᠶ᠋ᠡᠨ ᠤᠯᠠᠮ ᠰᠢᠷᠬᠠᠲᠤᠭᠤᠯᠬᠤ ᠶ᠋ᠢ ᠬᠦᠰᠡᠭᠰᠡᠨ ᠦᠭᠡᠢ᠃ ᠣᠯᠠᠨ ᠴᠠᠭ ᠵᠣᠭᠰᠣᠯᠲᠠ ᠦᠭᠡᠢ ᠳᠠᠪᠬᠢᠭᠰᠠᠨ ᠤ᠋ ᠡᠴᠦᠰ ᠲᠦ᠍ ᠰᠢᠯᠲᠦᠭᠡᠨ ᠳ᠋ᠦ᠍ ᠪᠡᠨ ᠣᠴᠢᠯ᠎ᠠ᠃
ᠲᠡᠷᠡ ᠬᠡᠨ ᠪᠣᠢ?
— ᠺᠠᠲ᠋ᠡᠷᠢᠨ!
— ᠦ᠂ ᠬᠠᠢᠷᠠᠲᠤ ᠮᠢᠨᠢ! ᠶᠠᠭᠤ ᠪᠣᠯᠤᠭ᠎ᠠ ᠪᠣᠢ? ᠭᠡᠨᠡᠳᠲᠡ ᠰᠡᠷᠡᠲᠡᠯ᠎ᠡ ᠪᠢ ᠡᠵᠡᠭᠦᠢ ᠲᠠᠯ᠎ᠠ ᠳ᠋ᠤ᠌ ᠪᠢ ᠭᠠᠭᠴᠠᠭᠠᠷ ᠢ᠋ᠶ᠋ᠠᠨ ᠪᠠᠢᠭᠰᠠᠨ᠃ ᠪᠢ ᠶᠠᠭᠠᠬᠢᠵᠤ ᠲᠡᠨᠳᠡ ᠣᠴᠢᠭᠰᠠᠨ ᠪᠣᠯ? ᠨᠠᠮ᠎ᠠ ᠶ᠋ᠢ ᠬᠠᠢᠵᠤ ᠪᠠᠢᠭ᠎ᠠ ᠶ᠋ᠢ ᠴᠢᠨᠢ ᠪᠢ ᠮᠡᠳᠡᠵᠦ ᠪᠠᠢᠭᠰᠠᠨ᠃
— ᠬᠣᠩᠭᠣᠷ ᠮᠢᠨᠢ᠂ ᠡᠨᠡ ᠴᠢᠬᠤᠯᠠ ᠪᠢᠰᠢ ᠳᠡ᠃ ᠬᠠᠮᠤᠭ ᠤ᠋ᠨ ᠭᠣᠣᠯ ᠨᠢ ᠴᠢ ᠡᠨᠳᠡ ᠨᠠᠳᠠ ᠲᠠᠢ ᠬᠠᠮᠲᠤ ᠪᠠᠢᠨ᠎ᠠ᠃ ᠪᠢ ᠴᠢᠮ᠎ᠠ ᠳ᠋ᠤ᠌ ᠬᠠᠢᠷᠠᠲᠠᠢ!
— ᠪᠢ ᠴᠦ᠍ ᠪᠠᠰᠠ ᠴᠢᠮ᠎ᠠ ᠳ᠋ᠤ᠌ ᠪᠠᠨ ᠬᠠᠢᠷᠠᠲᠠᠢ᠃
ᠦᠨᠡᠨ ᠰᠡᠳᠬᠢᠯ ᠡᠴᠡ ᠪᠡᠨ ᠬᠡᠯᠡᠵᠦ ᠪᠠᠢᠭ᠎ᠠ ᠶ᠋ᠢ ᠨᠢ ᠬᠦᠩ ᠮᠡᠳᠡᠵᠦ ᠪᠠᠢᠯ᠎ᠠ᠃ ᠺᠠᠲ᠋ᠡᠷᠢᠨ ᠵᠥᠪᠬᠡᠨ ᠲᠡᠭᠦᠨ ᠤᠷᠤᠭᠤ ᠯᠠ ᠬᠠᠷᠠᠵᠤ ᠪᠠᠢᠯ᠎ᠠ᠃ ᠠᠯᠠᠷᠢᠺᠡ ᠬᠦᠩ ᠦ᠋ᠨ ᠢᠲᠡᠭᠡᠯ ᠦᠨᠡᠮᠰᠢᠯ᠂ ᠦᠨᠡᠨ ᠬᠠᠢᠷ᠎ᠠ ᠭᠡᠷᠭᠡᠢ ᠶ᠋ᠢ ᠨᠢ ᠲᠡᠭᠦᠨ ᠳᠡᠭᠡᠷ᠎ᠡ ᠪᠤᠴᠠᠭᠠᠨ ᠠᠪᠴᠢᠷᠠᠭᠰᠠᠨ ᠪᠠᠢᠪᠠ᠃
ᠲᠡᠭᠦᠰ ᠬᠠᠢᠷ᠎ᠠ ᠭᠡᠵᠦ ᠬᠠᠢᠷᠠᠲᠠᠢ ᠬᠥᠮᠦᠨ ᠦ᠌ ᠪᠡᠨ ᠠᠵᠠ ᠵᠢᠷᠭᠠᠯ ᠢ᠋ ᠥᠪᠡᠷ ᠦ᠋ᠨ ᠢ᠋ᠶ᠋ᠡᠨ ᠠᠵᠠ ᠵᠢᠷᠭᠠᠯ ᠠ᠋ᠴᠠ ᠢᠯᠡᠭᠦᠦ ᠳ᠋ᠦ᠍ ᠦᠵᠡᠬᠦ ᠶ᠋ᠢ ᠬᠡᠯᠡᠳᠡᠭ ᠶᠤᠮ᠃

ᠡᠬᠡ ᠰᠤᠷᠪᠤᠯᠵᠢ᠄Mongolian Fairy Tales