ᠬᠦᠷᠡᠩ ᠴᠢᠷᠠᠢᠲᠦ ᠡᠷ᠎ᠡ – ᠱᠠᠭᠲᠠᠢ ᠶᠢᠨ ᠴᠠᠨᠳᠠ - ᠠᠶᠤᠰᠢ Хүрэн царайт эр – Шагтайн цэнд - Аюуши ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠷᠡᠩ ᠴᠢᠷᠠᠢᠲᠦ ᠡᠷ᠎ᠡ – ᠱᠠᠭᠲᠠᠢ ᠶᠢᠨ ᠴᠠᠨᠳᠠ - ᠠᠶᠤᠰᠢ Хүрэн царайт эр – Шагтайн цэнд - Аюуши

ᠬᠦᠷᠡᠩ ᠴᠢᠷᠠᠢᠲᠦ ᠡᠷ᠎ᠡ – ᠱᠠᠭᠲᠠᠢ ᠶᠢᠨ ᠴᠠᠨᠳᠠ - ᠠᠶᠤᠰᠢ Хүрэн царайт эр – Шагтайн цэнд - Аюуши

ᠠᠩᠭᠢᠯᠠᠯ:ᠬᠣᠱᠣᠩ ᠱᠣᠭ
2024-03-05

427

ᠬᠦᠷᠡᠩ ᠴᠢᠷᠠᠢᠲᠦ ᠡᠷ᠎ᠡ


       ᠨᠠᠮ᠎ᠠ ᠶ᠋ᠢ ᠥᠷᠯᠥᠭᠡ ᠠᠵᠢᠯ ᠳ᠋ᠠᠭᠠᠨ ᠢᠷᠡᠬᠦ ᠳ᠋ᠦ᠍ ᠮᠠᠨ ᠤ᠋ ᠬᠢᠨ ᠡᠴᠡ ᠨᠢᠭᠡ ᠴᠦ᠍ ᠬᠥᠮᠦᠨ ᠪᠠᠢᠭᠰᠠᠨ ᠦᠭᠡᠢ᠃  
       — ᠵᠠ ᠳᠠ ᠮᠠᠨ ᠤ᠋ ᠬᠢᠨ ᠮᠥᠳᠳᠥ ᠢᠷᠡᠬᠦ ᠦᠭᠡᠢ ᠠ᠋᠂ ᠬᠡᠵᠢᠶ᠎ᠡ ᠯᠡ ᠪᠢᠯᠡ ᠳᠠ᠂ ᠬᠡᠷᠪᠡ ᠮᠠᠨ ᠤ᠋ ᠨᠥᠬᠥᠷ ᠠᠵᠢᠯ ᠤ᠋ᠨ ᠴᠢᠨᠢ ᠴᠠᠭ ᠵᠥᠩᠳᠡᠭᠡᠨ ᠥᠩᠭᠡᠷᠡᠴᠢᠬᠡᠯ᠎ᠡ ᠶᠠᠪᠤ ᠭᠡᠵᠦ ᠰᠢᠬᠠᠵᠤ ᠱᠠᠭᠠᠷᠳᠠᠯᠭ᠎ᠠ ᠦᠭᠡᠢ ᠪᠣᠯ ᠪᠢ ᠴᠦ᠍ ᠭᠡᠰᠡᠨ ᠭᠡᠷ ᠲᠡᠭᠡᠨ ᠴᠠᠢ ᠪᠠᠨ ᠤᠤᠭᠤᠵᠤ ᠰᠠᠭᠤᠬᠤ ᠦᠭᠡᠢ ᠤᠤ ᠭᠡᠮᠡᠨ ᠪᠣᠳᠣᠭᠰᠠᠭᠠᠷ ᠴᠣᠩᠬᠣ ᠪᠠᠷ ᠬᠠᠷᠠᠪᠠᠯ ᠮᠠᠨ ᠤ᠋ ᠭᠤᠸᠠᠩᠵᠠᠨ ᠤ᠋ ᠡᠭᠦᠳᠡᠨ ᠳᠡᠭᠡᠷ᠎ᠡ ᠬᠣᠶᠠᠷ ᠬᠥᠮᠦᠨ ᠴᠠᠭ ᠤ᠋ᠨ ᠬᠤᠪᠢᠶᠠᠷᠢ ᠬᠠᠷᠠᠨ ᠵᠣᠭᠰᠣᠵᠤ ᠪᠠᠢᠯ᠎ᠠ᠃ ᠨᠢᠭᠡ ᠨᠢ ᠳᠠᠪᠵᠢᠭᠢᠨᠠᠭᠰᠠᠨ ᠲᠤᠷᠠᠩᠬᠠᠢ ᠡᠪᠦᠭᠡᠨ᠂ ᠨᠥᠭᠦᠭᠡ ᠨᠢ ᠬᠦᠷᠡᠩ ᠪᠣᠷᠣ ᠴᠢᠷᠠᠢ ᠲᠠᠢ ᠬᠦᠳᠡᠷ ᠡᠷ᠎ᠡ ᠪᠠᠢᠯ᠎ᠠ᠃ ᠲᠡᠷᠡ ᠬᠣᠶᠠᠷ ᠢ᠋ ᠬᠠᠷᠠᠭᠠᠳ ᠥᠪᠡᠷ ᠦ᠋ᠨ ᠡᠷᠬᠡ ᠦᠭᠡᠢ ᠬᠥᠬᠡ ᠢᠨᠢᠶᠡᠳᠦ ᠬᠦᠷᠴᠦ᠄   
       — ᠦᠭᠡᠢ ᠶᠡᠷᠦ᠂ ᠴᠠᠭ ᠤ᠋ᠨ ᠬᠤᠪᠢᠶᠠᠷᠢ ᠬᠠᠷᠠᠭᠠᠳ ᠶᠡᠬᠡ ᠠᠮᠢᠲᠠᠳ ᠪᠠᠢᠬᠤ ᠨᠢ ᠠ᠋᠂ ᠲᠠ ᠨᠠᠷ ᠴᠤ᠌ ᠨᠡᠯᠢᠶᠡᠳ ᠵᠣᠭᠰᠣᠬᠤ ᠪᠠᠢᠯᠭᠦᠢ ᠳᠡ ᠭᠡᠵᠦ ᠪᠣᠳᠣᠵᠤ ᠪᠠᠢᠲᠠᠯ᠎ᠠ ᠡᠪᠦᠭᠡᠨ ᠨᠢ ᠴᠣᠩᠬᠣᠨ ᠤ᠋ ᠴᠠᠭᠠᠨ᠎ᠠ ᠠ᠋ᠴᠠ᠄
       — ᠣᠩᠭᠣᠢᠬᠤ ᠪᠣᠯᠵᠤ ᠪᠠᠢᠨ᠎ᠠ ᠤᠤ ᠭᠡᠵᠦ ᠬᠠᠰᠬᠢᠷᠤᠯ᠎ᠠ᠃ ᠪᠢ ᠢᠨᠢᠶᠡᠳᠦ ᠪᠡᠨ ᠪᠠᠷᠢᠵᠤ ᠶᠠᠳᠠᠨ᠄  
       — ᠣᠳᠣᠬᠠᠨ ᠭᠡᠵᠦ ᠶᠣᠵᠣᠲᠠᠢᠬᠠᠨ ᠬᠡᠯᠡᠭᠡᠳ ᠴᠣᠩᠬᠣᠨ ᠠ᠋ᠴᠠ ᠬᠣᠯᠠᠳᠠᠭᠠᠳ ᠬᠠᠭᠠᠰ ᠴᠠᠭ ᠬᠢᠷᠢ ᠪᠣᠯᠵᠤ ᠪᠠᠢᠲᠠᠯ᠎ᠠ ᠲᠣᠭᠣᠭᠠᠴᠢ ᠫᠠᠭᠮ᠎ᠠ᠂ ᠬᠣᠭᠣᠯᠠ ᠠᠶᠠᠭᠠᠯᠠᠭᠴᠢ ᠰᠦᠷᠦᠩ ᠨᠠᠷ ᠬᠦᠷᠴᠦ ᠢᠷᠡᠪᠡ᠃ ᠲᠡᠭᠡᠭᠡᠳ ᠫᠠᠭᠮ᠎ᠠ ᠥᠴᠥᠭᠡᠳᠦᠷ ᠦ᠋ᠨ ᠮᠢᠬᠠᠨ ᠬᠠᠭᠤᠷᠭᠠᠨ ᠤ᠋ ᠪᠠᠨ ᠦᠯᠡᠳᠡᠭᠳᠡᠯ ᠢ᠋ ᠬᠠᠯᠠᠭᠠᠵᠤ ᠪᠠᠢᠬᠤ ᠬᠣᠭᠣᠷᠣᠨᠳᠣ ᠪᠢᠳᠡ ᠵᠠᠬᠢᠶ᠎ᠠ ᠬᠣᠭᠣᠯᠠ ᠭᠡᠳᠡᠭ ᠳᠡᠭᠡᠷ᠎ᠡ ᠨᠡᠷ᠎ᠡ ᠶ᠋ᠢ ᠨᠢ ᠪᠢᠴᠢᠴᠢᠬᠡᠭᠡᠳ ᠲᠠᠰᠤᠯᠪᠤᠷᠢ( ᠪᠢᠯᠧᠲ)  ᠪᠢᠴᠢᠭᠴᠢ ᠶ᠋ᠢᠨ ᠢᠷᠡᠬᠦ ᠶ᠋ᠢ ᠬᠦᠯᠢᠶᠡᠨ ᠭᠠᠩᠭᠠᠷ ᠭᠤᠩᠭᠠᠷ ᠶᠠᠷᠢᠯᠴᠠᠨ ᠰᠠᠭᠤᠲᠠᠯ᠎ᠠ ᠴᠣᠩᠬᠣ ᠨᠢᠵᠢᠭᠢᠨᠡᠲᠡᠯ᠎ᠡ ᠴᠣᠬᠢᠯ᠎ᠠ᠃ ᠣᠷᠣᠵᠤ ᠢᠷᠡᠬᠦ ᠳ᠋ᠦ᠍ᠨᠢ ᠬᠣᠭᠣᠯᠠᠨ ᠤ᠋ ᠬᠢᠨᠢ ᠬᠡᠮᠵᠢᠶ᠎ᠡ ᠶ᠋ᠢ ᠬᠣᠷᠣᠭᠳᠠᠭᠤᠯᠬᠤ ᠶ᠋ᠢᠨ ᠲᠤᠯᠠᠳᠠ ᠨᠢᠳᠦᠯᠡᠵᠦ ᠠᠪᠬᠤ ᠪᠠᠷ ᠴᠣᠩᠬᠣᠨ ᠳ᠋ᠤ᠌ ᠣᠢᠷᠠᠲᠤᠯ᠎ᠠ᠄  
       — ᠣᠩᠭᠣᠢᠬᠤ ᠴᠠᠭ ᠠ᠋ᠴᠠ ᠴᠢᠨᠢ ᠳᠠᠷᠤᠢ ᠴᠠᠭ ᠥᠩᠭᠡᠷᠡᠯ᠎ᠡ᠂ ᠶᠠᠭᠠᠬᠢᠭᠠᠳ ᠣᠩᠭᠣᠢᠳᠠᠭ ᠦᠭᠡᠢ ᠶᠦᠮ ᠪᠣᠢ ᠭᠡᠵᠦ ᠬᠥᠮᠦᠰ ᠱᠤᠤᠭᠢᠯᠳᠤᠨ᠎ᠠ᠃ ᠬᠠᠷᠠᠪᠠᠯ ᠨᠥᠭᠦᠭᠡ ᠥᠷᠯᠥᠭᠡ ᠶ᠋ᠢᠨ ᠬᠣᠶᠠᠷ ᠳᠡᠭᠡᠷ᠎ᠡ ᠠᠷᠪᠠᠭᠠᠳ ᠬᠥᠮᠦᠨ ᠨᠡᠮᠡᠭᠳᠡᠴᠢᠬᠡᠭᠰᠡᠨ ᠪᠠᠢᠪᠠ᠃ ᠲᠡᠳᠡ ᠳᠤᠷ᠎ᠠ ᠪᠦᠷᠢ ᠳ᠋ᠡᠭᠡᠨ ᠯᠡ ᠨᠢᠭᠡ ᠶ᠋ᠢ ᠬᠡᠯᠡᠬᠦ ᠠᠵᠢ᠂ ᠵᠥᠪᠬᠡᠨ ᠬᠦᠷᠡᠩ ᠴᠢᠷᠠᠢᠲᠤ ᠢᠳᠡᠷ ᠡᠷ᠎ᠡ ᠯᠡ ᠳᠠᠭᠤ ᠱᠣᠣ ᠦᠭᠡᠢ ᠵᠣᠭᠰᠣᠵᠤ ᠪᠠᠢᠪᠠ᠃ ᠪᠢᠳᠡ᠄  
       — ᠡᠨᠡ ᠨᠢ ᠲᠣᠮᠣ ᠠᠮᠢᠲᠠᠨ ᠶᠤᠮ᠂ ᠲᠡᠷᠡ ᠨᠢ ᠵᠤᠵᠠᠭᠠᠨ ᠤᠷᠤᠭᠤᠯ ᠲᠠᠢ ᠠᠲᠠᠯ᠎ᠠ ᠵᠢᠭᠠᠬᠠᠨ ᠠᠩᠭᠠᠢᠬᠤ ᠶᠤᠮ᠃ ᠬᠠᠷᠢᠨ ᠲᠡᠷᠡ ᠪᠣᠷᠣ ᠴᠢᠷᠠᠢᠲᠤ ᠰᠦᠷᠡᠬᠡᠢ ᠲᠣᠮᠣᠭ᠎ᠠ ᠲᠠᠢ ᠳᠠᠷᠤᠤ ᠵᠠᠯᠠᠭᠤ ᠪᠠᠢᠨ᠎ᠠ᠃ ᠬᠡᠷᠪᠡ ᠬᠥᠮᠦᠨ ᠲᠡᠢ ᠰᠠᠭᠤᠭ᠎ᠠ ᠦᠭᠡᠢ ᠪᠣᠯ ᠨᠥᠬᠥᠷ ᠢ᠋ᠶ᠋ᠡᠨ ᠪᠣᠯᠭᠠᠬᠤ ᠳ᠋ᠤ᠌ ᠵᠦᠭᠡᠷ ᠯᠡ ᠵᠠᠯᠠᠭᠤ ᠠᠵᠢ ᠭᠡᠵᠦ ᠶᠠᠷᠢᠯᠴᠠᠨ ᠪᠠᠢᠯ᠎ᠠ᠃ ᠭᠠᠳᠠᠭ᠎ᠠ ᠬᠦᠯᠢᠶᠡᠭᠴᠢᠳ ᠢ᠋ ᠥᠭᠦᠯᠡᠯ ᠲᠠᠯᠪᠢᠵᠤ ᠬᠠᠰᠬᠢᠷᠤᠭᠠᠳ ᠪᠠᠢᠬᠤ ᠪᠠᠷ ᠨᠢ ᠬᠣᠭᠣᠯᠠ ᠠᠶᠠᠭᠠᠯᠠᠭᠴᠢ᠄  
       — ᠵᠢᠭᠠᠬᠠᠨ ᠴᠢᠮᠡᠭᠡ ᠪᠡᠨ ᠨᠠᠮᠳᠠᠭᠠᠴᠢ᠂ ᠨᠠᠭᠠᠳᠤ ᠴᠠᠭᠠᠨ ᠴᠤᠪᠠ ᠲᠠᠢ ᠪᠣᠷᠣ ᠴᠢᠷᠠᠢ ᠲᠠᠢ ᠵᠠᠯᠠᠭᠤ ᠠ᠋ᠴᠠ ᠦᠯᠢᠭᠡᠷ ᠠᠪᠤᠭᠠᠴᠢ ᠭᠡᠵᠦ ᠤᠬᠠᠭᠤᠯᠤᠭᠰᠠᠨ ᠪᠣᠯᠪᠠᠴᠤ ᠨᠡᠮᠡᠷᠢ ᠪᠣᠯᠤᠭᠰᠠᠨ ᠦᠭᠡᠢ᠂ ᠪᠦᠷ ᠭᠠᠭᠠᠷᠠᠯ᠎ᠠ( ᠨᠡᠮᠡᠭᠳᠡᠯ᠎ᠡ)᠃ ᠰᠡᠭᠦᠯ ᠳ᠋ᠡᠭᠡᠨ ᠬᠡᠳᠦᠢᠪᠡᠷ ᠲᠷᠧᠰᠲ ᠦ᠋ᠨ ᠳᠠᠷᠤᠭ᠎ᠠ ᠶ᠋ᠢᠨ ᠺᠣᠨᠲ᠋ᠣᠷ ᠮᠠᠨ ᠤ᠋ ᠭᠤᠸᠠᠩᠵᠡᠨ ᠡᠴᠡ ᠭᠤᠴᠢ ᠭᠠᠷᠤᠢ ᠺᠢᠯᠣᠮᠧᠲ᠋ᠷ ᠪᠠᠢᠳᠠᠭ ᠪᠣᠯᠪᠠᠴᠤ ᠡᠨᠡ ᠳᠠᠭᠤ ᠬᠦᠷᠴᠦ ᠮᠠᠭᠠᠳ ᠦᠭᠡᠢ ᠨᠢ ᠭᠡᠵᠦ ᠪᠣᠳᠣᠭᠠᠳ ᠬᠠᠭᠠᠯᠭ᠎ᠠ ᠣᠩᠭᠣᠢᠯᠭᠠᠪᠠ᠃    
       ᠬᠥᠮᠦᠰ ᠣᠷᠣᠵᠤ ᠢᠷᠡᠩᠭᠦᠲᠡ ᠥᠭᠦᠯᠡᠯ ᠭᠠᠷᠭᠠᠭᠰᠠᠨ ᠪᠣᠯᠪᠠᠴᠤ ᠺᠠᠰᠰ( ᠮᠥᠩᠭᠥ ᠬᠤᠷᠢᠶᠠᠭᠴᠢ) ᠶ᠋ᠢᠨ ᠳᠡᠷᠭᠡᠳᠡ ᠳ᠋ᠤᠭᠠᠷᠯᠠᠨ ᠨᠠᠮ ᠵᠢᠮ ᠬᠡᠰᠡᠭ ᠵᠣᠭᠰᠣᠯ᠎ᠠ᠂ ᠲᠡᠭᠡᠭᠰᠡᠨ ᠢ᠋ᠶ᠋ᠡᠨ ᠲᠦᠳᠡᠯ ᠦᠭᠡᠢ᠄  
       — ᠲᠠᠰᠤᠯᠪᠤᠷᠢ ᠪᠢᠴᠢᠳᠡᠭ ᠬᠥᠮᠦᠨ ᠪᠠᠰᠠ ᠬᠠᠮᠢᠭ᠎ᠠ ᠣᠴᠢᠭᠰᠠᠨ ᠪᠣᠢ ᠭᠡᠵᠦ ᠱᠤᠤᠭᠢᠯᠳᠤᠵᠤ ᠭᠠᠷᠪᠠ᠃ 
       — ᠮᠡᠳᠡᠬᠦ ᠦᠭᠡᠢ ᠯᠡ ᠳᠡ᠂ ᠰᠠᠶᠢᠬᠠᠨ ᠯᠠ ᠡᠨᠳᠡ ᠣᠪᠣᠢᠭᠠᠳ ᠰᠠᠭᠤᠵᠤ ᠪᠠᠢᠭᠰᠠᠨ ᠭᠡᠵᠦ ᠪᠢᠳᠡ ᠬᠠᠮᠲᠤ ᠠᠵᠢᠯᠯᠠᠳᠠᠭ ᠬᠥᠮᠦᠨ ᠢ᠋ᠶ᠋ᠡᠨ ᠨᠥᠬᠥᠷ ᠦ᠋ᠨ ᠶᠣᠰᠣ ᠪᠠᠷ ᠬᠠᠮᠠᠭᠠᠯᠠᠯ᠎ᠠ᠃ 
       — ᠶᠠᠭᠠᠬᠢᠭᠠᠳ ᠠᠵᠢᠯ ᠤ᠋ᠨ ᠢ᠋ᠶ᠋ᠠᠨ ᠪᠠᠢᠷᠢᠨ ᠳ᠋ᠤ᠌ ᠪᠠᠢᠳᠠᠭ ᠦᠭᠡᠢ ᠶᠦᠮ ᠪᠣᠢ?  
       —  ᠡᠢᠮᠦ ᠦᠢᠯᠡᠴᠢᠯᠡᠭᠡ ᠬᠠᠮᠢᠭ᠎ᠠ ᠨᠢ ᠪᠠᠢᠭᠰᠠᠨ ᠶᠤᠮ ᠭᠡᠵᠦ ᠲᠡᠳᠡ ᠰᠢᠬᠠᠵᠤ ᠱᠠᠭᠠᠷᠳᠠᠵᠤ ᠭᠠᠷᠤᠯ᠎ᠠ᠃ ᠬᠠᠷᠢᠨ ᠨᠥᠭᠦᠭᠡ ᠬᠦᠷᠡᠩ ᠴᠢᠷᠠᠢᠲᠤ ᠯᠠ ᠳᠠᠭᠤ ᠱᠣᠣ ᠦᠭᠡᠢ ᠵᠣᠭᠰᠣᠬᠤ ᠠᠵᠢ᠃ ᠭᠡᠬᠦ ᠳ᠋ᠡᠭᠡᠨ ᠬᠣᠶᠠᠷ ᠬᠠᠴᠠᠷ ᠨᠢ ᠨᠡᠯᠢᠶᠡᠳ ᠤᠯᠠᠢᠵᠤ ᠪᠥᠮᠪᠥᠢᠭᠰᠡᠨ ᠪᠠᠢᠯ᠎ᠠ᠃ ᠪᠢᠳᠡ ᠲᠡᠷᠡ ᠨᠥᠬᠥᠷ ᠤᠷᠤᠭᠤ ᠵᠢᠭᠠᠵᠤ᠄  
       — ᠲᠠ ᠨᠠᠷ ᠡᠨᠡ ᠬᠥᠮᠦᠨ ᠰᠢᠭ ᠳᠠᠭᠤ ᠱᠣᠣ ᠦᠭᠡᠢ ᠵᠣᠭᠰᠣᠵᠤ ᠪᠣᠯᠬᠤ ᠦᠭᠡᠢ ᠤᠤ? ᠭᠡᠪᠡᠯ ᠪᠤᠰᠤᠳ ᠨᠢ ᠲᠡᠷᠡ ᠥᠭᠡᠳᠡ ᠮᠠᠭᠤᠬᠠᠢ ᠬᠠᠷᠠᠪᠠ᠃ ᠦᠯᠠᠴᠢᠯᠡᠭᠦᠯᠦᠭᠴᠢᠳ ᠦ᠋ᠨ ᠰᠢᠬᠠᠵᠤ ᠱᠠᠭᠠᠷᠳᠠᠬᠤ ᠳᠠᠭᠤ ᠲᠡᠰᠬᠦ ᠳ᠋ᠦ᠍ ᠪᠡᠷᠬᠡ ᠪᠣᠯᠤᠭᠰᠠᠨ ᠲᠤᠯᠠ ᠪᠢᠳᠡ ᠠᠷᠭ᠎ᠠ ᠪᠤᠰᠤ ᠲᠠᠰᠤᠯᠪᠤᠷᠢ ᠪᠢᠴᠢᠭᠴᠢ ᠶ᠋ᠢᠨ ᠭᠡᠷ ᠥᠭᠡᠳᠡ ᠤᠲᠠᠰᠤᠳᠠᠪᠠᠯ᠄ 
       — ᠦᠭᠡᠢ ᠶᠡᠷᠦ᠂ ᠲᠠ ᠨᠠᠷ ᠴᠤ᠌ ᠪᠠᠰᠠ ᠣᠷᠣᠢᠲᠠᠳᠠᠭ ᠰᠢᠦ ᠳᠡ᠂ ᠪᠢ ᠭᠠᠭᠴᠠ ᠥᠷᠯᠥᠭᠡ ᠲᠣᠬᠢᠲᠠᠢᠬᠠᠨ ᠤᠮᠳᠠ ᠬᠣᠭᠣᠯᠠ ᠪᠠᠨ ᠤᠤᠭᠤᠵᠤ ᠢᠳᠡᠭᠡᠳ ᠣᠴᠢᠵᠤ ᠪᠣᠯᠳᠠᠭ ᠦᠭᠡᠢ ᠪᠠᠢᠭ᠎ᠠ ᠳᠠ ᠭᠡᠵᠦ ᠨᠡᠯᠢᠶᠡᠳ ᠠᠭᠤᠷᠲᠠᠢᠬᠠᠨ ᠳᠤᠤᠭᠠᠷᠤᠭᠰᠠᠨ ᠪᠣᠯᠪᠠᠴᠤ ᠤᠴᠢᠷ ᠪᠠᠢᠳᠠᠯ ᠢ᠋ ᠰᠣᠨᠣᠰᠤᠭᠠᠳ ᠳᠠᠷᠤᠢᠬᠠᠨ ᠢᠷᠡᠯ᠎ᠡ᠃ ᠬᠥᠮᠦᠰ ᠦ᠋ᠨ ᠳᠠᠭᠤ ᠨᠢᠭᠡ ᠨᠠᠮᠳᠠᠭᠰᠠᠨ ᠢ᠋ᠶ᠋ᠠᠨ ᠳᠠᠬᠢᠭᠠᠳ ᠯᠠ ᠭᠠᠷᠴᠤ ᠡᠬᠢᠯᠡᠪᠡ᠃ ᠬᠣᠭᠣᠯᠠ ᠠᠶᠠᠭᠠᠯᠠᠭᠴᠢ ᠠᠯᠠᠭ᠎ᠠ ᠪᠣᠯᠴᠢᠬᠠᠵᠠᠢ᠂ ᠳᠡᠯᠭᠡᠭᠦᠷ ᠤᠷᠤᠭᠤ ᠶᠠᠪᠤᠭᠰᠠᠨ ᠰᠤᠷᠠᠭ ᠲᠠᠢ᠂ ᠪᠢᠳᠡ ᠬᠦᠷᠲᠡᠯ᠎ᠡ ᠰᠠᠨᠳᠤᠷᠴᠤ ᠡᠷᠢᠯ ᠰᠤᠷᠠᠯ ᠪᠣᠯᠤᠭᠰᠠᠨ ᠪᠣᠯᠪᠠᠴᠤ ᠠᠮᠵᠢᠯᠲᠠ ᠣᠯᠤᠭ᠎ᠠ ᠦᠭᠡᠢ᠃ 
       ᠤᠳᠠᠲᠠᠯ᠎ᠠ ᠬᠦᠯᠢᠶᠡᠭᠰᠡᠨ ᠬᠥᠮᠦᠰ᠄ 
       — ᠠᠷᠠᠢ ᠳᠡᠩᠳᠡᠭᠦᠦ ᠪᠠᠢᠨ᠎ᠠ᠃ 
       — ᠬᠥᠮᠦᠨ ᠳ᠋ᠦ᠍ ᠢᠩᠭᠢᠵᠦ ᠦᠢᠯᠡᠴᠢᠯᠡᠵᠦ ᠪᠣᠯᠳᠠᠭ ᠶᠤᠮ ᠤᠤ ᠭᠡᠵᠦ ᠡᠯᠳᠡᠪ ᠳᠣᠯᠣᠭᠠᠨ ᠶᠠᠭᠤᠮ᠎ᠠ ᠬᠡᠯᠡᠨ᠎ᠡ᠃ ᠭᠠᠭᠴᠠ ᠬᠦ᠌ ᠨᠥᠭᠦᠭᠡ ᠬᠦᠷᠡᠩ ᠴᠢᠷᠠᠢᠲᠤ ᠯᠠ ᠳᠠᠭᠤ ᠦᠭᠡᠢ ᠪᠠᠢᠪᠠ᠃ ᠭᠡᠬᠦ ᠳ᠋ᠡᠭᠡᠨ ᠬᠦᠷᠡᠩ ᠴᠢᠷᠠᠢ ᠨᠢ ᠴᠢᠪᠠᠭ᠎ᠠ ᠰᠢᠭ᠋ ᠤᠯᠠᠭᠠᠨ ᠪᠣᠯᠴᠢᠬᠠᠭᠠᠳ ᠬᠣᠶᠠᠷ ᠬᠠᠴᠠᠷ ᠨᠢ ᠬᠠᠭᠠᠷᠠᠬᠤ ᠪᠠᠨ ᠰᠢᠬᠠᠭᠰᠠᠨ ᠪᠥᠮᠪᠥᠯᠢᠭ ᠰᠢᠭ ᠲᠥᠮᠪᠥᠢᠭᠰᠡᠨ ᠪᠠᠢᠬᠤ ᠨᠢ ᠰᠦᠷᠲᠡᠢ᠃ ᠠᠯᠢ ᠬᠡᠳᠦᠢᠨ᠎ᠡ ᠪᠠᠭ᠎ᠠ ᠦᠳᠡ ᠪᠣᠯᠵᠠᠢ᠃  
       — ᠶᠠᠭᠠᠬᠢᠳᠠᠭ ᠪᠢᠯᠡ ᠬᠡᠯᠡᠴᠡᠵᠦ ᠪᠠᠢᠲᠠᠯ᠎ᠠ ᠬᠠᠷᠢᠨ ᠨᠥᠭᠦᠭᠡ ᠤᠷᠢᠯᠠᠭᠠᠳ ᠪᠠᠢᠭᠰᠠᠨ ᠬᠥᠮᠦᠰ ᠮᠠᠨᠢ ᠨᠢᠭᠡ ᠨᠢᠭᠡ ᠪᠡᠷ ᠢ᠋ᠶ᠋ᠡᠨ ᠨᠠᠮ ᠵᠢᠮ ᠪᠣᠯᠤᠭᠰᠠᠭᠠᠷ ᠨᠢᠭᠡ ᠴᠦ᠍ ᠬᠥᠮᠦᠨ ᠳᠤᠤᠭᠠᠷᠬᠤ ᠪᠠᠨ ᠪᠠᠢᠪᠠ᠃ ᠪᠦᠭᠦᠳᠡ ᠶ᠋ᠢᠨ ᠬᠢᠨᠢ ᠲᠡᠩᠬᠡᠭᠡ ᠠᠯᠳᠠᠷᠠᠵᠤ ᠬᠣᠭᠣᠯᠠᠢ ᠨᠢ ᠭᠠᠷᠬᠤ ᠪᠠᠨ ᠪᠠᠢᠭᠰᠠᠨ ᠪᠣᠯᠤᠯᠲᠠᠢ᠃ ᠡᠨᠡ ᠤᠴᠢᠷ ᠪᠢᠳᠡ ᠴᠦ᠍ ᠲᠠᠢᠪᠤᠰᠢᠷᠠᠯ᠎ᠠ᠃ ᠰᠢᠬᠠᠵᠤ ᠱᠠᠭᠠᠷᠳᠠᠬᠤ ᠬᠥᠮᠦᠨ ᠦᠭᠡᠢ ᠪᠣᠯᠤᠭᠰᠠᠨ ᠲᠤᠯᠠ ᠳᠠᠬᠢᠭᠠᠳ ᠯᠠ ᠬᠡᠳᠦᠭᠦᠯᠡ ᠪᠡᠨ ᠪᠥᠭᠡᠮᠨᠡᠷᠡᠵᠦ ᠰᠠᠭᠤᠭᠠᠳ ᠰᠡᠳᠬᠢᠯ ᠠᠮᠠᠷ ᠡᠨᠡ ᠲᠡᠷᠡ ᠶ᠋ᠢ ᠶᠠᠷᠢᠯᠴᠠᠵᠤ ᠪᠠᠢᠲᠠᠯ᠎ᠠ᠂ 
       — ᠡᠢᠮᠦ ᠶᠠᠭᠤᠮ᠎ᠠ ᠬᠠᠮᠢᠭ᠎ᠠ ᠪᠠᠢᠭᠰᠠᠨ ᠶᠤᠮ ᠪᠣᠢ ᠭᠡᠰᠡᠨ ᠲᠩᠷᠢ ᠶ᠋ᠢᠨ ᠳᠠᠭᠤ ᠰᠢᠭ᠋ ᠰᠦᠷᠡᠬᠡᠢ ᠳᠠᠭᠤ ᠭᠠᠷᠬᠤ ᠳ᠋ᠤ᠌ ᠣᠪᠣᠰᠬᠢᠨ ᠴᠣᠴᠢᠯ᠎ᠠ᠃ ᠲᠦᠳᠡᠬᠡᠨ ᠬᠠᠷᠠᠪᠠᠯ ᠥᠨᠥ ᠲᠦᠷᠦᠭᠦᠨ ᠡᠴᠡ ᠬᠣᠢᠰᠢ ᠳᠠᠭᠤ ᠦᠭᠡᠢ ᠪᠠᠢᠭᠰᠠᠨ ᠬᠥᠮᠦᠨ ᠮᠠᠨᠢ ᠬᠠᠰᠬᠢᠷᠴᠤ ᠪᠤᠰᠤᠳ ᠨᠢ ᠲᠡᠭᠦᠨ ᠥᠭᠡᠳᠡ《 ᠣᠪᠣᠭ᠎ᠠ ᠳᠠ》 ᠭᠡᠰᠡᠨ ᠪᠠᠢᠷᠢᠲᠠᠢ( ᠪᠠᠢᠳᠠᠯ ᠲᠠᠢ) ᠬᠠᠷᠠᠵᠤ ᠪᠠᠢᠪᠠ᠃ ᠲᠡᠭᠡᠲᠡᠯ᠎ᠡ ᠳᠡᠷᠭᠡᠳᠡ ᠨᠢ ᠪᠠᠢᠭᠰᠠᠨ ᠬᠠᠲᠠᠩᠭᠢᠷ ᠡᠪᠦᠭᠡᠨ ᠥᠨᠥᠬᠢ ᠶ᠋ᠢ ᠴᠢᠨᠢ ᠬᠦᠵᠦᠭᠦᠳᠡᠨ ᠠᠪᠴᠤ᠄     
       — ᠲᠠ ᠮᠢᠨᠢ ᠠ᠋ ᠃ ᠮᠠᠨ ᠤ᠋ ᠬᠦᠦ ᠬᠡᠯᠡ ᠳ᠋ᠦ᠍ ᠣᠷᠣᠴᠢᠬᠠᠯ᠎ᠠ᠃ ᠡᠭᠦᠨ ᠢ᠋ ᠴᠢᠨᠢ ᠡᠮᠴᠢᠯᠡᠭᠡ ᠦᠭᠡᠢ ᠭᠡᠰᠡᠨ ᠶᠦᠮ ᠪᠠᠢᠬᠤ ᠦᠭᠡᠢ ᠤᠤ ᠭᠡᠮᠡᠨ ᠨᠢᠯᠪᠤᠰᠤ ᠪᠥᠮᠪᠥᠷᠢᠭᠦᠯᠵᠦ ᠭᠠᠷᠪᠠ᠃ ᠭᠠᠳᠠᠨ᠎ᠠ ᠠ᠋ᠴᠠ ᠣᠷᠣᠵᠤ ᠢᠷᠡᠭᠰᠡᠨ ᠬᠡᠷᠡᠭ ᠲᠤ ᠳᠤᠷᠠᠲᠠᠢ ᠪᠠᠢᠷᠢ ᠶ᠋ᠢᠨ ᠨᠢᠭᠡ ᠨᠥᠬᠥᠷ ᠥᠨᠥ ᠬᠦᠷᠡᠩ ᠴᠢᠷᠠᠢᠲᠤ ᠠ᠋ᠴᠠ᠄   
       — ᠲᠠ ᠶᠠᠭᠠᠬᠢᠭᠠᠳ ᠬᠡᠯᠡ ᠳ᠋ᠦ᠍ ᠣᠷᠣᠴᠢᠬᠠᠪᠠ? ᠭᠡᠪᠡᠯ ᠵᠠᠯᠠᠭᠤ ᠥᠪᠡᠷ ᠲᠡᠭᠡᠨ ᠢᠲᠡᠭᠡᠬᠦ ᠦᠭᠡᠢ ᠪᠠᠢᠷᠢᠲᠠᠢ ᠡᠷᠡᠦ ᠪᠡᠨ ᠪᠡᠷᠢᠯᠡᠨ ᠦᠵᠡᠭᠰᠡᠨ ᠢ᠋ᠶ᠋ᠡᠨ᠄ 
       — ᠮᠡᠳᠡᠬᠦ ᠦᠭᠡᠢ! ᠳᠤᠤᠭᠠᠷᠬᠤ ᠦᠭᠡᠢ ᠪᠠᠢᠵᠤ ᠯᠠ ᠴᠢᠳᠠᠭᠰᠠᠨ ᠦᠭᠡᠢ ᠭᠡᠳᠡᠭ ᠪᠠᠢᠭ᠎ᠠ᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠠᠯᠲᠠᠨᠴᠢᠮᠡᠭ  
        ᠬᠢᠨᠠᠭ᠍ᠴᠢ :  ᠴᠣᠯᠮᠣᠨᠲᠤᠶᠠᠭ᠎ᠠ 
               2024᠂ 2᠂ 28  ᠦ᠌ ᠡᠳᠦᠷ