ᠣᠷᠣᠢ ᠦᠭᠡᠢ ᠰᠦᠮ᠎ᠡ – ᠬᠣᠷᠢᠨ ᠨᠠᠢ᠍ᠮᠠ ᠂ ᠣᠷᠣᠨ ᠬᠡᠢᠳ ᠦᠨ ᠰᠠᠭᠤᠷᠢ ᠲᠠᠯᠪᠢᠪᠠ Оройгүй сүм – Хорин найм ᠂ Орон гийдийн суурь тавив - Oroigui sum 28
ᠬᠣᠷᠢᠨ ᠨᠠᠢ᠍ᠮᠠ ᠂ ᠣᠷᠣᠨ ᠬᠡᠢᠳ ᠦᠨ ᠰᠠᠭᠤᠷᠢ ᠲᠠᠯᠪᠢᠪᠠ
ᠡᠳ᠋ᠯᠡᠯ ᠡᠴᠡ ᠳᠣᠮᠪᠣ ᠬᠡᠯᠲᠡᠭᠡᠢ
ᠡᠷᠳᠡᠨᠢ ᠡᠴᠡ ᠲᠤᠩ ᠬᠡᠯᠲᠡᠭᠡᠢ
ᠪᠤᠶᠠᠨᠵᠠᠯᠪᠠᠷᠢᠬᠤ ᠬᠡᠢᠳ ᠲᠦ᠍ ᠢᠷᠦᠭᠡᠯ ᠦ᠋ᠨ ᠬᠤᠷᠠᠯ ᠡᠬᠢᠯᠡᠬᠦ ᠳᠥᠭᠥᠵᠦ ᠪᠠᠢᠯ᠎ᠠ᠃ ᠬᠠᠮᠪᠤ ᠯᠠᠮᠠ ᠰᠠᠨᠵᠢᠳᠠᠯᠪᠢᠴᠣᠢᠵᠠᠮᠰᠤ ᠵᠢᠷᠠᠨ ᠨᠣᠭᠣᠯᠣᠭᠠᠰᠣᠲᠣ ᠰᠢᠷ᠎ᠠ ᠯᠠᠭᠤᠢ ᠪᠠᠨ ᠨᠥᠮᠥᠷᠦᠨ ᠪᠥᠭᠲᠥᠢᠨ ᠰᠠᠭᠤᠵᠠᠢ᠃ ᠲᠡᠭᠦᠨ ᠦ᠌ ᠴᠢᠷᠠᠢ ᠳ᠋ᠤ᠌ ᠭᠤᠨᠢᠭ ᠤ᠋ᠨ ᠬᠥᠬᠡ ᠰᠡᠭᠦᠳᠡᠷ ᠲᠣᠳᠣᠷᠬᠠᠢ᠃
- ᠥᠭᠯᠢᠭᠡ ᠶ᠋ᠢᠨ ᠡᠵᠡᠨ ᠰᠠᠢᠨᠴᠣᠭᠲᠣ ᠡᠬᠡᠨᠡᠷ ᠴᠡᠨᠳᠡ ᠶ᠋ᠢᠨ ᠢ᠋ᠶ᠋ᠡᠨ ᠬᠣᠢᠨ᠎ᠠ ᠠ᠋ᠴᠠ ᠮᠠᠩᠵᠠ ᠪᠠᠷᠢᠵᠤ ᠢᠷᠦᠭᠡᠯ ᠭᠤᠶᠤᠵᠠᠢ! ᠭᠡᠵᠦ ᠥᠨᠳᠥᠷ ᠳᠠᠭᠤᠨ ᠢ᠋ᠶ᠋ᠠᠷ ᠵᠠᠷᠯᠠᠬᠤ ᠳ᠋ᠤ᠌ ᠰᠠᠨᠵᠢᠳᠠᠯᠪᠢᠴᠣᠢᠵᠠᠮᠰᠤ ᡀᠠᠷᠠᠮᠪᠠ ᠪᠦᠭᠲᠦᠰᠬᠢᠨ ᠴᠣᠴᠢᠯ᠎ᠠ᠃ ᠡᠴᠢᠭᠡ ᠰᠠᠢᠨᠴᠣᠭᠲᠣ ᠨᠢ ᠲᠠᠯᠢᠢᠭᠠᠴᠢ ᠡᠬᠡ ᠴᠡᠨᠳᠡ ᠶ᠋ᠢᠨ ᠬᠣᠢᠨ᠎ᠠ ᠠ᠋ᠴᠠ ᠢᠷᠦᠭᠡᠯ ᠠᠪᠬᠠᠭᠤᠯᠬᠤ ᠪᠠᠷ ᠬᠡᠢᠳ ᠦ᠋ᠨ ᠨᠡᠢᠲᠡ ᠯᠠᠮᠠ ᠨᠠᠷ ᠲᠤ᠌ ᠮᠠᠩᠵᠠ ᠣᠷᠣᠭᠤᠯᠤᠨ ᠤᠩᠰᠢᠯᠭ᠎ᠠ ᠭᠤᠶᠤᠭᠰᠠᠨ ᠠᠵᠢ᠃ ᠡᠴᠢᠭᠡ ᠶ᠋ᠢᠨ ᠢ᠋ᠶ᠋ᠡᠨ ᠬᠦᠰᠡᠯᠲᠡ ᠪᠡᠷ ᠡᠬᠡ ᠶ᠋ᠢᠨ ᠢ᠋ᠶ᠋ᠡᠨ ᠳᠤᠷᠠᠰᠬᠠᠯ ᠳ᠋ᠤ᠌ ᠢᠷᠦᠭᠡᠯ ᠤᠩᠰᠢᠨ᠎ᠠ ᠭᠡᠵᠦ ᠪᠠᠰᠠ ᠯᠠ ᠰᠠᠨᠵᠢ ᠶ᠋ᠢᠨ ᠪᠣᠳᠣᠵᠤ ᠶᠠᠪᠤᠭ᠎ᠠ ᠦᠭᠡᠢ ᠶᠠᠭᠤᠮ᠎ᠠ ᠲᠣᠬᠢᠶᠠᠯᠳᠤᠯ᠎ᠠ᠃ ᠢᠷᠦᠭᠡᠯ ᠭᠤᠶᠤᠭᠰᠠᠨ ᠤ᠋ ᠡᠷᠭᠦᠯ ᠪᠠᠷᠢᠴᠠᠨ ᠳ᠋ᠤ᠌ ᠮᠠᠩᠵᠠ ᠣᠷᠣᠭᠤᠯᠬᠤ ᠪᠠᠷ ᠡᠴᠢᠭᠡ ᠨᠢ ᠠᠮᠠᠯᠠᠵᠠᠢ᠃ ᠢᠩᠭᠢᠬᠦ ᠪᠡᠷ ᠶᠠᠳᠠᠭᠤ ᠮᠠᠭᠤ ᠡᠴᠢᠭᠡ ᠶ᠋ᠢᠨ ᠢ᠋ᠶ᠋ᠡᠨ ᠪᠡᠯᠡᠳᠦᠭᠰᠡᠨ ᠴᠠᠢ ᠶ᠋ᠢ ᠤᠤᠭᠤᠵᠤ ᠢᠳᠡᠭᠡᠳ ᠣᠷᠣᠨ ᠳ᠋ᠤ᠌ ᠨᠢ ᠲᠠᠯᠢᠢᠭᠠᠴᠢ ᠡᠬᠡ ᠶ᠋ᠢᠨ ᠢ᠋ᠶ᠋ᠡᠨ ᠲᠥᠯᠥᠭᠡ ᠢᠷᠦᠭᠡᠯ ᠤᠩᠰᠢᠬᠤ ᠶᠠᠪᠤᠳᠠᠯ ᠪᠣᠯᠵᠠᠢ᠃《ᠡᠴᠢᠭᠡ ᠶᠠᠭᠠᠬᠢᠭᠰᠠᠨ ᠵᠣᠪᠠᠯᠠᠩ ᠲᠠᠢ ᠬᠥᠮᠦᠨ ᠪᠣᠢ? ᠵᠠᠪᠠᠯ ᠡᠨᠳᠡ ᠮᠠᠩᠵᠠ ᠡᠷᠭᠦᠵᠦ ᠢᠷᠦᠭᠡᠯ ᠭᠣᠶᠣᠳᠠᠭ ᠨᠢ ᠶᠠᠭᠤ ᠪᠢᠯᠡ᠃ᠲᠡᠷᠡᠭᠦᠨ ᠳ᠋ᠦ᠍ ᠣᠷᠣᠪᠠᠯ ᠨᠠᠮᠠᠶ᠋ᠢ ᠭᠤᠶᠤᠵᠤ ᠭᠡᠷ ᠲᠦ᠍ ᠪᠡᠨ ᠤᠩᠰᠢᠭᠤᠯᠤᠭᠰᠠᠨ ᠨᠢ ᠳᠡᠭᠡᠷ᠎ᠡ ᠦᠭᠡᠢ ᠪᠠᠢᠭᠰᠠᠨ ᠶᠤᠮ ᠪᠣᠯᠪᠠ ᠤᠤ? ᠡᠵᠢ ᠶ᠋ᠢᠨ ᠬᠣᠢᠨ᠎ᠠ ᠠ᠋ᠴᠠ ᠢᠷᠦᠭᠡᠯ ᠠᠪᠬᠠᠭᠤᠯᠬᠤ ᠳ᠋ᠤ᠌ ᠮᠠᠩᠵᠠ ᠴᠠᠢ ᠱᠠᠭᠠᠷᠳᠠᠭᠠᠳ ᠪᠠᠢᠬᠤ ᠪᠠᠷ ᠦᠭᠡᠢ ᠰᠠᠨ ᠳᠠ ᠪᠢ》 ᠭᠡᠵᠦ ᠰᠠᠨᠵᠢ ᡀᠠᠷᠠᠮᠪᠠ ᠢᠴᠢᠩᠭᠦᠷᠡᠨ ᠪᠣᠳᠣᠯ᠎ᠠ᠃ ᠲᠡᠭᠡᠲᠡᠯ᠎ᠡ ᠨᠢᠳᠦᠨ ᠦ᠌ ᠪᠤᠯᠤᠩ ᠳ᠋ᠤ᠌ ᠪᠤᠭᠤᠷᠤᠯ ᠲᠣᠯᠣᠭᠠᠢ ᠲᠠᠢ ᠬᠥᠭᠰᠢᠨ ᠡᠴᠢᠭᠡ ᠨᠢ ᠰᠦᠮ᠎ᠡ ᠶ᠋ᠢᠨ ᠡᠭᠦᠳᠡᠨ ᠲᠤᠰᠢᠶ᠎ᠠ ᠪᠥᠭᠲᠥᠭᠡᠨᠡᠵᠦ ᠵᠣᠭᠰᠣᠬᠤ ᠨᠢ ᠬᠠᠷᠠᠭᠳᠠᠪᠠ᠃ ᠬᠦᠦ ᠶ᠋ᠢᠨ ᠢ᠋ᠶ᠋ᠡᠨ ᠲᠣᠯᠣᠭᠠᠢᠯᠠᠭᠰᠠᠨ ᠡᠨᠡ ᠬᠡᠢᠳ ᠲᠦ᠍ ᠢᠷᠦᠭᠡᠯ ᠬᠤᠷᠠᠭᠤᠯᠬᠤ ᠪᠣᠯᠵᠤ ᠪᠠᠢᠭ᠎ᠠ ᠳ᠋ᠤ᠌ ᠪᠠᠨ ᠲᠡᠷᠡ ᠶᠡᠬᠡ ᠯᠡ ᠬᠥᠭᠡᠷᠦᠨ ᠪᠠᠬᠠᠷᠬᠠᠵᠤ᠂ ᠪᠥᠭᠡᠮ ᠪᠠᠶᠠᠷ ᠶᠠᠪᠤᠭ᠎ᠠ ᠪᠣᠯᠤᠯᠲᠠᠢ᠃ ᠮᠠᠩᠵᠠ᠂ ᠵᠠᠳ ᠮᠥᠩᠭᠥ᠂ ᠡᠳ᠋ᠯᠡᠯ ᠲᠡᠷᠢᠭᠦᠲᠡᠨ ᠳ᠋ᠦ᠍ ᠮᠥᠷᠭᠥᠯᠴᠢᠳ ᠡᠷᠭᠦᠨ ᠪᠠᠷᠢᠵᠤ ᠢᠷᠦᠭᠡᠯ ᠤᠩᠰᠢᠭᠤᠯᠳᠠᠭ᠂ ᠦᠬᠦᠭᠰᠡᠨ ᠠᠮᠢᠳᠤ ᠶ᠋ᠢᠨ ᠢᠷᠦᠭᠡᠯ ᠭᠡᠳᠡᠭ ᠬᠤᠷᠠᠯ ᠪᠠᠷᠤᠭ ᠡᠳᠦᠷ ᠪᠦᠷᠢ ᠬᠤᠷᠠᠳᠠᠭ ᠪᠢᠯᠡ᠃
ᠠᠯᠢᠪᠠ ᠬᠥᠮᠦᠨ᠂ ᠬᠥᠮᠦᠨ ᠦ᠌ ᠪᠡᠶ᠎ᠡ ᠶ᠋ᠢ ᠣᠯᠤᠨ ᠲᠦᠷᠦᠮᠡᠭᠴᠡ ᠣᠷᠴᠢᠯᠠᠩ ᠤ᠋ᠨ ᠳᠥᠷᠪᠡᠨ ᠳᠠᠯᠠᠢ ᠶ᠋ᠢ ᠲᠤᠭᠤᠯᠬᠤ ᠶᠣᠰᠣᠲᠠᠢ ᠪᠥᠭᠡᠳ ᠲᠡᠷᠡ ᠳᠠᠯᠠᠢ ᠲᠤᠰ ᠪᠦᠷᠢ ᠢᠷᠣᠭᠠᠷ ᠦᠭᠡᠢ ᠭᠦᠨ ᠶᠡᠬᠡ ᠡᠪᠡᠳᠴᠢᠨ᠂ ᠲᠠᠴᠢᠶᠠᠯ᠂ ᠵᠣᠪᠠᠯᠠᠩ᠂ ᠭᠤᠨᠢᠭ ᠤ᠋ᠨ ᠦᠷ᠎ᠡ ᠰᠢᠩᠭᠡᠭᠡᠭᠰᠡᠨ᠂ ᠠᠯᠪᠢᠨ᠂ ᠪᠤᠭ᠂ ᠯᠤᠤᠰ᠂ ᠣᠷᠣᠯᠠᠩ᠂ ᠰᠢᠮᠨᠤᠰ᠂ ᠶᠠᠭᠴᠠᠰ ᠳᠦᠭᠦᠷᠡᠩ ᠬᠦᠷᠢᠶᠡᠯᠡᠭᠰᠡᠨ ᠪᠠᠢᠳᠠᠭ ᠵᠢᠮ᠎ᠡ ᠲᠡᠢ᠃ ᠲᠡᠷᠡ ᠪᠦᠬᠦᠢ ᠶ᠋ᠢ ᠲᠤᠭᠤᠯᠤᠨ ᠭᠡᠲᠦᠯᠵᠦ ᠶᠠᠪᠤᠭᠰᠠᠭᠠᠷ ᠨᠢᠷᠸᠠᠨ ᠳᠦᠷᠢ ᠶ᠋ᠢ ᠣᠯᠤᠨ᠎ᠠ ᠭᠡᠵᠦ ᠪᠤᠷᠬᠠᠨ ᠤ᠋ ᠨᠣᠮᠯᠠᠯ ᠳ᠋ᠤ᠌ ᠰᠤᠷᠭᠠᠨ ᠵᠢᠭᠠᠨ᠎ᠠ᠃ ᠬᠦᠯᠢᠴᠡᠩᠭᠦᠢ᠂ ᠬᠢᠴᠢᠶᠡᠩᠭᠦᠢ ᠶᠣᠰᠣ ᠶ᠋ᠢ ᠪᠠᠷᠢᠮᠲᠠᠯᠠᠵᠤ᠂ ᠥᠭᠯᠢᠭᠡ ᠶ᠋ᠢᠨ ᠡᠵᠡᠨ ᠪᠠᠢᠵᠤ᠂ ᠱᠠᠭᠱᠠᠪᠠᠳ ᠢ᠋ ᠰᠠᠬᠢᠨ ᠴᠢᠳᠠᠪᠠᠯ ᠣᠷᠴᠢᠯᠠᠩ ᠤ᠋ᠨ ᠳᠠᠯᠠᠢ ᠶ᠋ᠢ ᠲᠤᠭᠤᠯᠬᠤ ᠳ᠋ᠤ᠌ ᠡᠷᠬᠡᠪᠰᠢ ᠠᠮᠠᠷ ᠵᠠᠮ ᠢ᠋ ᠣᠯᠵᠤ᠂ ᠲᠠᠪᠤᠨ ᠵᠠᠪᠰᠠᠷ ᠦᠭᠡᠢ ᠨᠢᠭᠦᠯ᠂ ᠰᠢᠳᠠᠷ ᠲᠠᠪᠤᠨ ᠨᠢᠭᠦᠯ᠂ ᠨᠡᠢᠲᠡ ᠳ᠋ᠦ᠍ ᠪᠡᠨ ᠠᠷᠪᠠᠨ ᠬᠠᠷ᠎ᠠ ᠨᠢᠭᠦᠯ ᠢ᠋ ᠲᠡᠪᠴᠢᠶᠡᠷᠢᠯᠡᠬᠦ ᠤᠴᠢᠷᠲᠠᠢ᠃ ᠰᠡᠳᠬᠢᠯ ᠦ᠋ᠨ ᠭᠤᠷᠪᠠᠨ ᠭᠡᠮ ᠪᠤᠶᠤ ᠬᠣᠣᠷᠲᠤ ᠰᠡᠳᠬᠢᠯ᠂ ᠬᠣᠮᠣᠬᠠᠯᠵᠠᠬᠤ ᠰᠡᠳᠬᠢᠯ᠂ ᠪᠤᠷᠤᠭᠤ ᠦᠵᠡᠯ ᠢ᠋ ᠲᠡᠪᠴᠢᠵᠦ᠂ ᠣᠯᠬᠢᠶ᠎ᠠ ᠦᠭᠡᠢ ᠦᠭᠡ᠂ ᠰᠢᠷᠦᠭᠦᠨ ᠦᠭᠡ᠂ ᠬᠤᠳᠠᠯ ᠦᠭᠡ᠂ ᠬᠣᠪ ᠦᠭᠡ ᠶ᠋ᠢ ᠮᠠᠨᠠᠵᠤ ᠴᠢᠳᠠᠪᠠᠯ ᠬᠡᠯᠡᠨ ᠦ᠌ ᠭᠡᠮ ᠡᠴᠡ ᠭᠡᠲᠦᠯᠵᠦ ᠰᠡᠷᠲᠡᠪᠦᠨ᠂ ᠰᠠᠭᠠᠷᠳᠠᠭᠠᠮ᠂ ᠠᠨᠠᠭᠠᠮᠠᠨᠢ ᠶ᠋ᠢᠨ ᠠᠯᠢ ᠨᠢᠭᠡᠨ ᠦ᠌ ᠦᠷ᠎ᠡ ᠶ᠋ᠢ ᠣᠯᠤᠨ᠎ᠠ᠃ ᠨᠣᠮ ᠳ᠋ᠤ᠌ ᠢᠩᠭᠢᠵᠦ ᠰᠤᠷᠭᠠᠵᠠᠢ᠃ ᠭᠡᠪᠡᠴᠦ ᠬᠥᠮᠦᠨ ᠦ᠌ ᠰᠠᠢᠨ ᠰᠠᠢᠬᠠᠨ ᠮᠥᠷᠥᠭᠡᠳᠦᠯ ᠨᠢ ᠶᠠᠮᠠᠷ ᠨᠢᠭᠡᠨ ᠬᠣᠭᠣᠰᠣᠨ ᠴᠢᠨᠠᠷ ᠤ᠋ᠨ ᠨᠢᠷᠸᠠᠨ ᠳᠦᠷᠢ ᠳ᠋ᠦ᠍ ᠬᠦᠷᠬᠦ ᠶ᠋ᠢᠨ ᠲᠥᠯᠥᠭᠡ ᠨᠢᠭᠡ ᠣᠯᠳᠠᠭᠰᠠᠨ ᠨᠠᠰᠤ ᠪᠠᠨ ᠡᠯᠳᠡᠪ ᠢ᠋ᠶ᠋ᠡᠷ ᠬᠢᠵᠠᠭᠠᠷᠯᠠᠨ᠂ ᠮᠤᠬᠤᠷ ᠢ᠋ᠶ᠋ᠠᠷ ᠰᠦᠰᠦᠭᠯᠡᠨ᠂ ᠢᠳᠡᠪᠬᠢ ᠦᠭᠡᠢ᠂ ᠬᠦᠯᠢᠴᠡᠩᠭᠦᠢ ᠶᠠᠪᠤᠬᠤ ᠶ᠋ᠢᠨ ᠨᠡᠷ᠎ᠡ ᠶᠦ᠍ᠮ ᠭᠡᠵᠦ ᠤᠤ ᠭᠡᠳᠡᠭ ᠲᠦ᠍ ᠰᠠᠨᠵᠢ ᠣᠳᠣ ᠬᠠᠷᠢᠭᠤ ᠥᠭᠴᠦ ᠴᠢᠳᠠᠬᠤ ᠪᠠᠷ ᠥᠨᠳᠥᠷᠯᠢᠭ ᠲᠦ᠍ ᠪᠠᠢᠯ᠎ᠠ᠃ ᠣᠷᠴᠢᠯᠠᠩ ᠤ᠋ᠨ ᠳᠥᠷᠪᠡᠨ ᠳᠠᠯᠠᠢ ᠭᠡᠭᠴᠢ ᠭᠠᠭᠴᠠᠬᠦ ᠰᠡᠳᠬᠢᠯ ᠳ᠋ᠦ᠍ ᠣᠷᠣᠰᠢᠵᠤ ᠪᠠᠢᠭ᠎ᠠ ᠶ᠋ᠢ ᠲᠡᠷᠡ ᠮᠡᠳᠡᠨ᠎ᠡ᠃ 《ᠦᠵᠡᠭᠳᠡᠯ ᠰᠠᠨᠰᠠᠷ ᠤ᠋ᠨ ᠶᠠᠭᠤᠮᠠᠰ ᠰᠡᠳᠬᠢᠯ ᠳ᠋ᠦ᠍ ᠠᠯᠠᠭᠳᠠᠨ᠎ᠠ᠃ ᠣᠷᠴᠢᠯᠠᠩ ᠭᠠᠰᠠᠯᠠᠩ ᠠ᠋ᠴᠠ ᠨᠥᠭᠴᠢᠭᠰᠡᠳ ᠲᠦ᠍ ᠢᠯᠠᠭᠳᠠᠨ᠎ᠠ》 ᠭᠡᠵᠦ ᠨᠣᠮ ᠳ᠋ᠤ᠌ ᠰᠤᠷᠭᠠᠵᠠᠢ᠃ ᠨᠥᠭᠴᠢᠭᠰᠡᠳ ᠲᠦ᠍ ᠪᠣᠯ ᠣᠷᠴᠢᠯᠠᠩ ᠦᠭᠡᠢ ᠲᠡᠢ ᠠᠳᠠᠯᠢ ᠡᠰᠡᠪᠡᠯ ᠠᠯᠠᠭᠳᠠᠭᠰᠠᠨ ᠲᠠᠢ ᠠᠳᠠᠯᠢ ᠨᠢ ᠦᠨᠡᠨ ᠪᠣᠯᠬᠣᠷ ᠨᠢᠭᠡᠨᠲᠡ ᠲᠡᠯᠢᠢᠨ ᠤᠲᠤᠭᠴᠢ ᠶ᠋ᠢᠨ ᠬᠣᠢᠨ᠎ᠠ ᠠ᠋ᠴᠠ ᠢᠷᠦᠭᠡᠯ ᠠᠪᠬᠠᠭᠤᠯᠬᠤ ᠨᠢ ᠮᠥᠨ ᠯᠡ ᠬᠣᠭᠣᠰᠣᠨ ᠴᠢᠨᠠᠷ᠂ ᠰᠡᠳᠬᠢᠯ ᠦ᠋ᠨ ᠯᠡ ᠬᠡᠷᠡᠭ ᠶᠦ᠍ᠮ᠃ ᠡᠴᠢᠭᠡ ᠶ᠋ᠢᠨ ᠰᠡᠳᠬᠢᠯ ᠢ᠋ ᠪᠣᠳᠣᠵᠤ ᠲᠡᠷᠡ ᠬᠦ᠌ ᠭᠤᠶᠤᠭᠰᠠᠨ ᠢᠷᠦᠭᠡᠯ ᠢ᠋ ᠤᠩᠰᠢᠵᠤ ᠰᠠᠭᠤᠬᠤ ᠳ᠋ᠤ᠌ ᠪᠠᠨ ᠰᠠᠨᠵᠢ ᡀᠠᠷᠠᠮᠪᠠ ᠡᠨᠡ ᠪᠦᠬᠦᠨ ᠢ᠋ ᠡᠷᠭᠢᠴᠡᠭᠦᠯᠦᠨ ᠪᠣᠳᠣᠵᠤ ᠪᠠᠢᠯ᠎ᠠ᠃ ᠬᠥᠭᠡᠷᠦᠬᠦᠢ ᠡᠬᠡ ᠨᠢ ᠯᠠᠮᠠ ᠪᠠᠭᠰᠢ ᠶ᠋ᠢᠨ ᠶᠠᠭᠤ ᠭᠡᠵᠦ ᠯᠡ ᠵᠢᠭᠠᠭᠰᠠᠨ ᠲᠡᠷᠡ ᠪᠦᠭᠦᠳᠡ ᠶ᠋ᠢ ᠶᠣᠰᠣᠭᠠᠷ ᠨᠢ ᠪᠡᠶᠡᠯᠡᠭᠦᠯᠳᠡᠭ ᠳᠤᠭᠤᠯᠭᠠᠪᠤᠷᠢ ᠲᠠᠢ ᠰᠦᠰᠦᠭ ᠲᠡᠢ᠂ ᠬᠦᠯᠢᠴᠡᠩᠭᠦᠢ ᠨᠢᠭᠡᠨ ᠪᠠᠢᠯ᠎ᠠ᠃ ᠨᠢᠭᠦᠯ᠂ ᠠᠯᠳᠠᠰ ᠪᠣᠯᠤᠨ᠎ᠠ ᠭᠡᠭᠳᠡᠭᠰᠡᠨ ᠪᠣᠯᠭᠠᠨ ᠢ᠋ ᠡᠬᠡ᠂ ᠡᠴᠢᠭᠡ ᠬᠣᠶᠠᠷ ᠲᠡᠪᠴᠢᠨ ᠴᠡᠭᠡᠷᠯᠡᠳᠡᠭ ᠪᠠᠢᠯ᠎ᠠ᠃ ᠪᠤᠶᠠᠨ ᠲᠠᠢ᠂ ᠬᠡᠷᠡᠭ ᠲᠡᠢ ᠭᠡᠰᠡᠨ ᠪᠣᠯᠭᠠᠨ ᠢ᠋ ᠬᠢᠵᠦ ᠭᠦᠢᠴᠡᠭᠡᠬᠦ ᠶ᠋ᠢ ᠡᠷᠡᠮᠡᠯᠵᠡᠳᠡᠭ ᠪᠠᠢᠯ᠎ᠠ᠃ 《ᠰᠦᠰᠦᠭᠲᠦ ᠡᠳ᠋ ᠪᠤᠯᠢᠶᠠᠵᠤ ᠪᠣᠯᠬᠤ ᠦᠭᠡᠢ᠂ ᠰᠦᠮ᠎ᠡ ᠰᠤᠪᠤᠷᠭ᠎ᠠ ᠡᠪᠳᠡᠵᠦ ᠪᠣᠯᠬᠤ ᠦᠭᠡᠢ᠃ ᠡᠰᠡ ᠥᠭᠭᠦᠭᠰᠡᠨ ᠢ᠋ ᠠᠪᠴᠤ ᠪᠣᠯᠬᠤ ᠦᠭᠡᠢ᠃ ᠪᠤᠷᠰᠠᠩ ᠬᠤᠸᠠᠷᠠᠭ ᠤ᠋ᠳ ᠢ᠋ ᠳᠣᠷᠣᠮᠵᠢᠯᠠᠬᠤ ᠶᠤᠮ ᠤᠤ ᠲᠡᠳᠡᠨ ᠦ᠌ ᠨᠥᠬᠥᠷ ᠢ᠋ ᠰᠠᠯᠭᠠᠵᠤ ᠪᠣᠯᠬᠤ ᠦᠭᠡᠢ᠃ ᠳᠢᠶᠠᠡᠴᠢ ᠶ᠋ᠢᠨ ᠢᠳᠡᠭᠡ ᠶ᠋ᠢ ᠢᠳᠡᠵᠦ ᠪᠣᠯᠬᠤ ᠦᠭᠡᠢ!》ᠭᠡᠬᠦᠴᠢᠯᠡᠨ ᠲᠦᠮᠡᠨ ᠬᠣᠷᠢᠭ ᠴᠡᠭᠡᠷ ᠡᠴᠡ ᠨᠢᠭᠡᠬᠡᠨ ᠴᠦ᠍ ᠵᠥᠷᠢᠵᠦ ᠪᠠᠢᠭᠰᠠᠨ ᠦᠭᠡᠢ ᠪᠣᠯᠪᠠᠴᠤ ᠬᠥᠭᠡᠷᠦᠬᠦᠢ ᠡᠴᠢᠭᠡ᠂ ᠡᠬᠡ ᠶ᠋ᠢᠨ ᠠᠮᠢᠳᠤᠷᠠᠯ ᠠᠵᠠ ᠵᠢᠷᠭᠠᠯ ᠲᠠᠢ᠂ ᠪᠤᠶᠠᠨᠲᠠᠢ ᠰᠠᠢᠬᠠᠨ ᠪᠣᠯᠤᠭᠰᠠᠨ ᠦᠭᠡᠢ᠃ ᠨᠠᠰᠤ ᠨᠢ ᠴᠦ᠍ ᠤᠷᠲᠤᠰᠤᠭᠰᠠᠨ ᠦᠭᠡᠢ᠃ ᠡᠬᠡ ᠴᠠᠨᠳᠠ ᠪᠡᠶ᠎ᠡ ᠪᠠᠷᠠᠵᠠᠢ᠃ ᠡᠴᠢᠭᠡ ᠰᠠᠢᠨᠴᠣᠭᠲᠤ ᠶ᠋ᠢᠨ ᠴᠡᠭᠡᠵᠢ ᠨᠢ ᠬᠦᠷᠵᠢᠭᠢᠨᠡᠵᠦ᠂ ᠠᠮᠢᠰᠬᠤᠭ᠎ᠠ ᠨᠢ ᠳᠠᠪᠬᠤᠴᠠᠨ ᠪᠠᠰᠠ ᠴᠤ᠌ ᠰᠠᠢᠨ ᠦᠭᠡᠢ᠃ ᠨᠢᠭᠡᠨᠲᠡ ᠡᠷᠡᠭᠦᠯ ᠰᠠᠷᠠᠭᠤᠯ ᠳ᠋ᠤ᠌ ᠪᠠᠨ ᠰᠠᠢᠨ ᠢ᠋ ᠦᠵᠡᠯ ᠦᠭᠡᠢ ᠥᠩᠭᠡᠷᠡᠭᠰᠡᠨ ᠬᠣᠢᠨ᠎ᠠ ᠪᠠᠨ ᠣᠳᠣ ᠢᠷᠦᠭᠡᠯ ᠦ᠋ᠨ ᠨᠣᠮ ᠬᠡᠴᠢᠨᠡᠨ ᠤᠩᠰᠢᠪᠠᠴᠤ ᠶᠠᠭᠤᠨ ᠲᠤᠰᠠ ᠪᠠᠢᠬᠤ ᠪᠢᠯᠡ᠃ ᠭᠠᠭᠴᠠᠬᠦ ᠡᠴᠢᠭᠡ ᠶ᠋ᠢᠨ ᠰᠦᠰᠦᠭ ᠰᠡᠳᠬᠢᠯ ᠯᠡ ᠴᠠᠳᠬᠤ ᠶᠤᠮ ᠳᠠ᠃ ᠡᠭᠦᠨ ᠢ᠋ ᡀᠠᠷᠠᠮᠪᠠ ᠰᠠᠨᠵᠢᠳᠠᠯᠪᠢᠴᠣᠢᠵᠠᠮᠰᠤ ᠳᠣᠲᠣᠷ᠎ᠠ ᠪᠠᠨ ᠪᠣᠳᠣᠵᠤ ᠰᠠᠭᠤᠪᠠᠴᠤ ᠥᠩᠭᠡᠨ ᠳᠡᠭᠡᠷ᠎ᠡ ᠪᠡᠨ ᠲᠣᠭᠲᠠᠭᠰᠠᠨ ᠵᠠᠢᠭ ᠶᠣᠰᠣᠭᠠᠷ ᠭᠦᠨ ᠢᠲᠡᠭᠡᠯ ᠲᠡᠢ ᠪᠡᠷ ᠪᠤᠷᠬᠠᠨ ᠨᠣᠮ ᠤ᠋ᠨ ᠢ᠋ᠶ᠋ᠠᠨ ᠦᠢᠯᠡᠰ ᠢ᠋ ᠦᠷᠭᠦᠯᠵᠢᠯᠡᠭᠦᠯᠵᠦ ᠪᠠᠢᠯ᠎ᠠ᠃ ᠡᠬᠡ ᠶ᠋ᠢᠨ ᠲᠥᠯᠥᠭᠡ ᠶᠦ᠍ᠮ ᠭᠡᠵᠦ ᠬᠢᠴᠢᠶᠡᠩᠭᠦᠢᠯᠡᠵᠦ ᠴᠦ᠍ ᠪᠠᠢᠯ᠎ᠠ᠃
ᠤᠳᠠᠯ ᠦᠭᠡᠢ ᠢᠷᠦᠭᠡᠯ ᠠᠪᠬᠤ ᠬᠤᠷᠠᠯ ᠳᠠᠭᠤᠰᠴᠤ ᠴᠣᠢᠨᠴᠠᠮ ᠪᠤᠶᠤ ᠵᠠᠪᠰᠠᠷᠯᠠᠭ᠎ᠠ ᠶ᠋ᠢᠨ ᠴᠠᠭ ᠪᠣᠯᠤᠯ᠎ᠠ᠃ ᠡᠴᠢᠭᠡ ᠶ᠋ᠢᠨ ᠣᠷᠣᠭᠤᠯᠤᠭᠰᠠᠨ ᠮᠠᠩᠵᠠ ᠶ᠋ᠢ ᠲᠦᠭᠡᠭᠡᠵᠦ ᠡᠬᠢᠯᠡᠪᠡ᠃ ᠰᠢᠷ᠎ᠠ ᠲᠣᠰᠣ ᠣᠷᠬᠢᠵᠤ᠂ ᠬᠣᠨᠢᠨ ᠤ᠋ ᠰᠡᠭᠦᠯ ᠬᠥᠰᠬᠥᠯᠡᠨ ᠬᠥᠭᠡᠷᠴᠦᠭᠳᠡᠵᠦ ᠬᠠᠭᠠᠷᠢᠭᠤᠯᠳᠠᠭᠰᠠᠨ ᠠᠮᠲᠠᠲᠠᠢ ᠰᠠᠢᠬᠠᠨ ᠴᠠᠢ ᠪᠠᠢᠯ᠎ᠠ᠃ ᠡᠬᠡ ᠶ᠋ᠢᠨ ᠬᠠᠶᠠ ᠨᠢᠭᠡ ᠬᠢᠳᠡᠭ ᠲᠡᠷᠡ ᠯᠠ ᠴᠠᠢ ᠶᠠᠭ ᠮᠥᠨ ᠠᠵᠢ᠃ ᠰᠠᠨᠵᠢᠳᠠᠯᠪᠢᠴᠣᠢᠵᠠᠮᠰᠤ ᠡᠬᠢᠯᠡᠭᠡᠳ ᠲᠡᠷᠡ ᠮᠠᠩᠵᠠᠨ ᠠ᠋ᠴᠠ ᠠᠮᠰᠠᠬᠤ ᠦᠭᠡᠢ ᠭᠡᠵᠦ ᠪᠣᠳᠣᠭᠰᠠᠨ ᠢ᠋ᠶ᠋ᠠᠨ ᠪᠣᠯᠢᠵᠠᠢ᠃ ᠠᠮᠰᠠᠬᠤ ᠦᠭᠡᠢ ᠭᠡᠳᠡᠭ ᠨᠢ ᠡᠬᠡ᠂ ᠡᠴᠢᠭᠡ ᠡᠴᠡ ᠪᠡᠨ ᠡᠷᠭᠦᠯ ᠪᠠᠷᠢᠴᠠ ᠠᠪᠴᠤ ᠣᠷᠣᠨ ᠳ᠋ᠤ᠌ ᠨᠢ ᠢᠷᠦᠭᠡᠯ ᠤᠩᠰᠢᠬᠤ᠂ ᠲᠡᠭᠡᠬᠦ ᠳ᠋ᠦ᠍ ᠪᠡᠨ ᠪᠦᠷ ᠲᠠᠯᠢᠢᠭᠠᠴᠢ ᠡᠬᠡ ᠶ᠋ᠢᠨ ᠢ᠋ᠶ᠋ᠡᠨ ᠬᠣᠢᠨ᠎ᠠ ᠠ᠋ᠴᠠ ᠤᠩᠰᠢᠬᠤ ᠤᠳᠬ᠎ᠠ ᠲᠠᠢ ᠦᠢᠯᠡ ᠶᠠᠪᠤᠳᠠᠯ ᠲᠣᠬᠢᠶᠠᠯᠳᠤᠭᠰᠠᠨ ᠠ᠋ᠴᠠ ᠪᠢᠰᠢᠭᠦᠷᠬᠡᠵᠡᠢ᠃ ᠶᠠᠮᠠᠷᠪᠠ ᠡᠷᠭᠦᠯ ᠪᠠᠷᠢᠴᠠ᠂ ᠮᠠᠩᠵᠠ ᠴᠠᠢ᠂ ᠵᠡᠳ ᠫᠣᠭ ᠦᠭᠡᠢ ᠪᠡᠷ ᠯᠡ ᠬᠡᠳᠦᠨ ᠲᠦᠮᠡᠨ ᠤᠳᠠᠭ᠎ᠠ ᠢᠷᠦᠭᠡᠯ ᠤᠩᠰᠢᠬᠤ ᠡᠬᠡ ᠦᠷ᠎ᠡ ᠶ᠋ᠢᠨ ᠡᠯᠪᠡᠷᠢᠯ ᠶᠣᠰᠣ ᠪᠠᠢᠬᠤ ᠤᠴᠢᠷᠲᠠᠢ ᠭᠡᠵᠦ ᠰᠠᠭᠠᠷᠳᠠᠭᠠᠮ ᠤ᠋ᠨ ᠮᠥᠷ ᠬᠥᠭᠡᠭᠡᠭᠰᠡᠨ ᠦ᠌ ᠬᠤᠪᠢ ᠳ᠋ᠤ᠌ ᠰᠠᠨᠵᠢ ᠪᠣᠳᠣᠵᠤ ᠪᠠᠢᠯ᠎ᠠ᠃ ᠭᠡᠲᠡᠯ᠎ᠡ ᠪᠠᠰᠠ ᠡᠬᠡ ᠶ᠋ᠢᠨ ᠬᠢ ᠨᠢ ᠲᠥᠯᠥᠭᠡ ᠡᠴᠢᠭᠡ ᠨᠢ ᠲᠡᠭᠦᠨ ᠳ᠋ᠦ᠍ ᠪᠢᠰᠢ ᠪᠦᠬᠦᠯᠢ ᠪᠦᠲᠦᠨ ᠬᠡᠢᠳ ᠲᠦ᠍ ᠵᠣᠷᠢᠭᠤᠯᠤᠭᠰᠠᠨ ᠮᠠᠩᠵᠠ ᠪᠡᠯᠡᠳᠬᠡᠨ ᠪᠠᠷᠢᠵᠤ ᠢᠷᠦᠭᠡᠯ ᠭᠤᠶᠤᠭᠰᠠᠨ ᠪᠣᠯᠬᠣᠷ ᠭᠠᠭᠴᠠᠬᠠᠨ ᠰᠠᠨᠵᠢ ᠳ᠋ᠤ᠌ ᠬᠠᠮᠢᠶᠠᠲᠠᠢ ᠬᠡᠷᠡᠭ ᠪᠢᠰᠢ ᠪᠠᠢᠯ᠎ᠠ᠃ ᠲᠡᠭᠡᠭᠡᠳ ᠴᠦ᠍ ᠡᠬᠡ ᠶ᠋ᠢᠨ ᠡᠮᠦᠨ᠎ᠡ ᠡᠴᠡ ᠡᠴᠢᠭᠡ ᠪᠡᠯᠡᠳᠬᠡᠵᠦ ᠢᠷᠡᠭᠰᠡᠨ ᠢᠳᠡᠭᠡᠨ ᠡᠴᠡ ᠠᠮᠰᠠᠬᠤ ᠦᠭᠡᠢ ᠪᠠᠢᠬᠤ ᠨᠢ ᠡᠪ ᠦᠭᠡᠢ ᠰᠠᠨᠠᠭᠳᠠᠨ᠎ᠠ᠃ ᠠᠮᠲᠠᠷᠬᠠᠨ ᠬᠣᠶᠠᠷ ᠠᠶᠠᠭ᠎ᠠ ᠤᠤᠭᠤᠵᠠᠢ᠃
ᠮᠠᠩᠵᠠ ᠶ᠋ᠢᠨ ᠳᠠᠷᠠᠭ᠎ᠠ ᠯᠠᠮᠠ ᠨᠠᠷ ᠰᠠᠯᠬᠢᠨ ᠳ᠋ᠤ᠌ ᠭᠠᠷᠤᠯ᠎ᠠ᠃ ᠰᠦᠮ᠎ᠡ ᠶ᠋ᠢᠨ ᠡᠭᠦᠳᠡ ᠪᠡᠷ ᠰᠦᠰᠦᠭᠲᠡᠨ ᠨᠦ᠍ᠭᠦᠳ ᠬᠥᠯᠬᠢᠯᠳᠦᠨ ᠪᠠᠢᠪᠠ᠃ ᠲᠡᠳᠡᠨ ᠦ᠌ ᠳᠣᠲᠣᠷ᠎ᠠ ᠡᠴᠢᠭᠡ ᠪᠡᠨ ᠣᠯᠵᠤ ᠬᠠᠷᠠᠭᠠᠳ ᠰᠠᠨᠵᠢ ᠳ᠋ᠤ᠌ ᠲᠡᠭᠦᠨ ᠢ᠋ ᠦᠷᠦ ᠡᠪᠡᠳᠬᠦ ᠰᠡᠳᠬᠢᠯ ᠲᠥᠷᠥᠪᠡ᠃ ᠲᠡᠭᠡᠲᠡᠯ᠎ᠡ ᠡᠴᠢᠭᠡ ᠨᠢ ᠠᠮᠢᠰᠬᠤᠭᠠᠳᠠᠨ ᠪᠥᠭᠲᠥᠭᠡᠨᠡᠭᠰᠡᠭᠡᠷ ᠬᠦᠷᠴᠦ ᠢᠷᠡᠭᠡᠳ ᠰᠠᠨᠵᠢᠳᠠᠯᠪᠢᠴᠣᠢᠵᠠᠮᠰᠤ ᠶ᠋ᠢᠨ ᠡᠮᠦᠨ᠎ᠡ ᠲᠦᠭ ᠬᠢᠨ ᠰᠥᠭᠥᠳᠦᠨ ᠰᠠᠭᠤᠵᠤ᠂ ᠨᠣᠮᠲᠤ ᠳᠡᠪᠡᠯ ᠦ᠋ᠨ ᠬᠣᠷᠮᠣᠢ ᠠ᠋ᠴᠠ ᠠᠳᠢᠰ ᠠᠪᠤᠯ᠎ᠠ᠃ ᠡᠢᠮᠦ ᠶᠠᠭᠤᠮ᠎ᠠ ᠪᠣᠯᠤᠨ᠎ᠠ ᠭᠡᠵᠦ ᠪᠠᠰᠠ ᠯᠠ ᠰᠠᠨᠠᠭ᠎ᠠ ᠦᠭᠡᠢ ᠶᠠᠪᠤᠭᠰᠠᠨ ᠰᠠᠨᠵᠢ ᠠᠰᠤᠷᠤ ᠶᠡᠬᠡ ᠪᠥᠱᠥᠭᠦᠷᠬᠡᠨ ᠡᠪ ᠦᠭᠡᠢᠷᠬᠡᠵᠦ᠂ ᠶᠠᠭᠠᠬᠢᠬᠤ ᠴᠤ᠌ ᠤᠴᠢᠷ ᠢ᠋ᠶ᠋ᠠᠨ ᠣᠯᠤᠭᠰᠠᠨ ᠦᠭᠡᠢ᠂ ᠳᠡᠮᠡᠢ ᠯᠡ ᠪᠥᠬᠦᠢᠵᠦ ᠡᠴᠢᠭᠡ ᠶᠦ᠍ᠭᠡᠨ ᠡᠷᠭᠦᠨ ᠪᠤᠰᠬᠠᠬᠤ ᠵᠠᠭᠤᠷ᠎ᠠ᠂
- ᠠᠪᠤ ᠮᠢᠨᠢ ᠲᠠ ᠶᠠᠭᠠᠬᠢᠵᠤ ᠪᠠᠢᠭ᠎ᠠ ᠨᠢ ᠡᠨᠡ ᠪᠣᠢ? ᠨᠠᠳᠠ ᠳ᠋ᠤ᠌ ᠰᠥᠬᠥᠷᠡᠵᠦ ᠶᠠᠭᠠᠬᠢᠬᠤ ᠨᠢ ᠪᠣᠢ? ᠥᠭᠡᠷ᠎ᠡ ᠲᠤᠬ᠎ᠠ ᠲᠣᠬᠢᠲᠠᠢ ᠯᠠᠮᠠ ᠳ᠋ᠤ᠌ ᠮᠥᠷᠭᠥᠬᠦ ᠦᠭᠡᠢ ᠳᠡ ᠭᠡᠵᠦ ᠰᠢᠪᠡᠭᠡᠨᠡᠪᠡ᠃ ᠲᠡᠭᠡᠲᠡᠯ᠎ᠡ ᠡᠴᠢᠭᠡ ᠨᠢ ᠭᠣᠮᠣᠳᠠᠬᠤ ᠰᠢᠭ᠋ ᠪᠣᠯᠵᠤ᠂
- ᠪᠢ ᠪᠤᠶᠠᠨᠵᠠᠯᠪᠠᠷᠢᠬᠤ ᠬᠡᠢᠳ ᠦ᠋ᠨ ᠬᠠᠮᠪᠤ ᠳ᠋ᠤ᠌ ᠮᠥᠷᠭᠥᠵᠦ ᠪᠠᠢᠨ᠎ᠠ᠃ ᠬᠦᠦ ᠳ᠋ᠦ᠍ ᠪᠡᠨ ᠮᠥᠷᠭᠥᠵᠦ ᠪᠠᠢᠭ᠎ᠠ ᠶᠠᠭᠤᠮ᠎ᠠ ᠪᠢᠰᠢ ᠭᠡᠵᠦ ᠠᠭᠤᠷᠲᠠᠢ ᠰᠢᠪᠡᠭᠡᠨᠡᠪᠡ᠃ ᠣᠯᠠᠨ ᠤ᠋ ᠨᠢᠳᠦᠨ ᠳᠡᠭᠡᠷ᠎ᠡ ᠡᠢᠨ ᠬᠦ᠌ ᠵᠣᠭᠰᠣᠬᠤ ᠨᠢ ᠡᠪ ᠦᠭᠡᠢ ᠮᠡᠲᠦ ᠰᠠᠨᠠᠭᠳᠠᠵᠤ ᠰᠠᠨᠵᠢ ᠡᠴᠢᠭᠡ ᠪᠡᠨ ᠰᠤᠭᠤᠳᠠᠨ ᠬᠥᠮᠦᠰ ᠡᠴᠡ ᠬᠣᠯᠠᠳᠠᠭᠤᠯᠵᠤ᠂
- ᠠᠪᠤ ᠮᠢᠨᠢ ᠲᠠ ᠶᠠᠭᠠᠬᠢᠬᠤ ᠭᠡᠵᠦ ᠮᠠᠩᠵᠠ ᠡᠷᠭᠦᠵᠦ ᠢᠷᠦᠭᠡᠯ ᠭᠤᠶᠤᠪᠠ ᠳᠠ᠃ ᠮᠠᠩᠵᠠ ᠲᠠᠢ ᠮᠠᠩᠵᠠ ᠦᠭᠡᠢ ᠪᠢ ᠢᠷᠦᠭᠡᠯ ᠦ᠋ᠨ ᠬᠤᠷᠠᠯ ᠬᠡᠳᠦᠨ ᠴᠦ᠍ ᠤᠳᠠᠭ᠎ᠠ ᠬᠢᠯᠭᠡᠬᠦ ᠯᠡ ᠪᠠᠢᠭᠰᠠᠨ ᠳᠠ! ᠭᠡᠵᠦ ᠰᠠᠨᠵᠢ ᠤᠴᠢᠷᠯᠠᠭᠰᠠᠨ ᠴᠢᠨᠢ ᠡᠴᠢᠭᠡ᠂
- ᠡᠷᠭᠦᠯ ᠪᠠᠷᠢᠴᠠ ᠪᠠᠨ ᠡᠷᠭᠦᠵᠦ ᠪᠠᠢᠵᠤ ᠯᠠ ᠢᠷᠦᠭᠡᠯ ᠭᠤᠶᠤᠳᠠᠭ ᠨᠡᠢᠲᠡ ᠶ᠋ᠢᠨ ᠶᠣᠰᠣ᠃ ᠡᠴᠢᠭᠡ ᠳ᠋ᠦ᠍ ᠨᠢ ᠬᠦᠦ ᠪᠡᠨ ᠬᠠᠮᠪᠤ ᠨᠢ ᠪᠣᠯᠤᠭᠰᠠᠨ ᠢ᠋ ᠳᠠᠯᠢᠮᠳᠠᠭᠤᠯᠵᠤ ᠣᠯᠠᠨ ᠤ᠋ ᠶᠣᠰᠣ ᠶ᠋ᠢ ᠡᠪᠳᠡᠬᠦ ᠰᠠᠨᠠᠭ᠎ᠠ ᠠᠯᠠᠭ᠎ᠠ᠃ ᠨᠢᠭᠦᠯ ᠠᠯᠳᠠᠰ ᠪᠣᠯᠤᠨ᠎ᠠ᠃ ᠬᠠᠮᠪᠤ ᠭᠡᠳ ᠬᠠᠮᠤᠭ ᠤ᠋ᠨ ᠶᠣᠰᠣ ᠶ᠋ᠢ ᠡᠪᠳᠡᠵᠦ ᠪᠣᠯᠬᠤ ᠦᠭᠡᠢ᠃ ᠡᠷᠭᠦᠯ ᠦᠭᠡᠢ ᠪᠡᠷ ᠬᠤᠷᠠᠭᠤᠯᠤᠭᠠᠳ ᠣᠯᠢᠭᠲᠠᠢ ᠶᠠᠭᠤᠮ᠎ᠠ ᠶᠠᠭᠠᠬᠢᠵᠤ ᠪᠦᠲᠦᠬᠦ ᠪᠣᠢ? ᠣᠳᠣ ᠴᠢ ᠮᠢᠨᠦ ᠬᠦᠦ ᠭᠡᠳᠡᠭ ᠥᠴᠦᠬᠡᠨ ᠶᠠᠪᠤᠳᠠᠯ ᠠ᠋ᠴᠠ ᠠᠯᠢ ᠬᠡᠳᠦᠶᠢᠨ ᠠᠩᠭᠢᠵᠢᠷᠠᠵᠤ ᠪᠤᠷᠬᠠᠨ ᠰᠢᠲᠦᠭᠡᠨ ᠦ᠌ ᠳᠡᠭᠡᠳᠦ ᠠᠷᠢᠭᠤᠨ ᠣᠷᠣᠨ ᠢ᠋ᠶ᠋ᠠᠨ ᠣᠳᠤᠭᠰᠠᠨ ᠲᠤᠯᠠ ᠡᠴᠢᠭᠡ᠂ ᠦᠷ᠎ᠡ ᠶ᠋ᠢᠨ ᠶᠣᠰᠣ ᠬᠠᠮᠢᠶ᠎ᠠ ᠦᠭᠡᠢ! ᠭᠡᠪᠡ᠃ ᠡᠴᠢᠭᠡ ᠶ᠋ᠢᠨ ᠦᠭᠡ ᠦᠨᠡᠨ ᠲᠤᠯᠠ ᠰᠠᠨᠵᠢ ᠶᠠᠭᠤ ᠴᠤ᠌ ᠭᠡᠵᠦ ᠨᠢᠴᠤᠭᠠᠬᠤ ᠪᠠᠨ ᠴᠤ᠌ ᠤᠬᠠᠭᠠᠷᠠᠵᠤ ᠶᠠᠳᠠᠯ᠎ᠠ᠃ ᠦᠨᠡᠬᠡᠷ ᠰᠠᠨᠵᠢ ᠶ᠋ᠢ ᠡᠴᠢᠭᠡ ᠨᠢ ᠣᠳᠣ ᠬᠦᠦ ᠶᠢᠨ ᠢ᠋ᠶ᠋ᠡᠨ ᠬᠤᠪᠢ ᠳ᠋ᠤ᠌ ᠪᠢᠰᠢ ᠬᠠᠷᠢᠨ ᠪᠤᠶᠠᠨᠵᠠᠯᠪᠠᠷᠢᠬᠤ ᠬᠡᠢᠳ ᠦ᠋ᠨ ᠬᠠᠮᠪᠤ ᠯᠠᠮᠠ ᡀᠠᠷᠠᠮᠪᠠ ᠰᠠᠨᠵᠢᠳᠠᠯᠪᠢᠴᠣᠢᠵᠠᠮᠰᠤ ᠶ᠋ᠢᠨ ᠬᠤᠪᠢ ᠳ᠋ᠤ᠌ ᠬᠦᠨᠳᠦᠳᠬᠡᠨ ᠰᠢᠲᠦᠵᠦ ᠪᠠᠢᠭ᠎ᠠ ᠬᠡᠷᠡᠭ᠃
- ᠬᠠᠮᠪᠤ ᠶᠢᠨ ᠢ᠋ᠶ᠋ᠡᠨ ᠶᠣᠰᠣᠭᠠᠷ ᠪᠠᠢ ᠬᠦᠦ ᠮᠢᠨᠢ᠃ ᠨᠠᠳᠠ ᠳ᠋ᠤ᠌ ᠴᠢᠮᠠᠢ ᠪᠠᠨ ᠬᠦᠦ ᠭᠡᠰᠡᠨ ᠡᠴᠡ ᠪᠤᠶᠠᠨᠵᠠᠯᠪᠠᠷᠢᠬᠤ ᠬᠡᠢᠳ ᠦ᠋ᠨ ᠬᠠᠮᠪᠤ ᠯᠠᠮᠠ ᠰᠠᠨᠵᠢᠳᠠᠯᠪᠢᠴᠣᠢᠵᠠᠮᠰᠤ ᠭᠡᠵᠦ ᠪᠣᠳᠣᠬᠤ ᠮᠢᠨᠢ ᠢᠯᠡᠭᠦᠦ ᠡᠷᠬᠢᠮ ᠪᠠᠢᠨ᠎ᠠ᠃ ᠥᠭᠭᠦᠭᠰᠡᠨ ᠮᠠᠩᠵᠠ ᠶ᠋ᠢ ᠠᠮᠰᠠᠭᠰᠠᠨ ᠳ᠋ᠤ᠌ ᠶᠡᠬᠡ ᠭᠢᠯᠠᠢᠯ᠎ᠠ᠂ ᠡᠴᠢᠭᠡ ᠨᠢ ᠲᠠᠯᠢᠢᠭᠠᠴᠢ ᠡᠬᠡ ᠶ᠋ᠢᠨ ᠴᠢᠨᠢ ᠬᠢᠳᠡᠭ ᠲᠡᠷᠡ ᠯᠠ ᠬᠡᠮᠵᠢᠶᠡᠨ ᠳ᠋ᠦ᠍ ᠰᠠᠢᠨ ᠴᠠᠢ ᠪᠡᠯᠡᠳᠬᠦ ᠭᠡᠵᠦ ᠣᠷᠣᠯᠳᠣᠭᠰᠠᠨ ᠶᠤᠮ᠃ ᠣᠳᠣ ᠠᠪᠤ ᠳ᠋ᠤ᠌ ᠴᠢᠨᠢ ᠮᠠᠩᠵᠠᠨ ᠠ᠋ᠴᠠ ᠴᠠᠰᠢ ᠡᠷᠭᠦᠯ ᠡᠷᠭᠦᠬᠦ ᠪᠠᠨᠴᠢᠨ ᠪᠠᠢᠬᠤ ᠪᠢᠰᠢ᠃ ᠭᠡᠬᠦ ᠳ᠋ᠦ᠍ ᠪᠡᠨ ᠳᠣᠣᠷ᠎ᠠ ᠬᠠᠶᠠᠭᠠᠳ ᠳᠥᠴᠢᠨ ᠶᠢᠰᠦ ᠶ᠋ᠢ ᠭᠦᠢᠴᠡᠯᠳᠦᠭᠦᠯᠬᠦ ᠲᠣᠭᠠᠨ ᠤ᠋ ᠮᠠᠩᠵᠠ ᠪᠠᠷᠢᠬᠤ ᠶᠠᠭᠤᠮ᠎ᠠ ᠪᠠᠢᠨ᠎ᠠ᠂ ᠠᠪᠤ ᠳ᠋ᠤ᠌ ᠴᠢᠨᠢ᠃ ᠣᠳᠣ ᠳᠠᠬᠢᠨ ᠢᠷᠦᠭᠡᠯ ᠠᠪᠬᠠᠭᠤᠯᠬᠤ ᠦᠭᠡᠢ ᠪᠣᠯ ᠮᠠᠭᠤ ᠡᠬᠡ ᠶ᠋ᠢᠨ ᠴᠢᠨᠢ ᠲᠥᠭᠡᠷᠭᠡ ᠰᠠᠢᠨ ᠦᠭᠡᠢ ᠭᠠᠷᠤᠭᠰᠠᠨ ᠭᠡᠵᠦ ᠠᠪᠤ ᠨᠢ ᠬᠣᠭᠣᠯᠠᠢ ᠵᠠᠩᠭᠢᠷᠠᠭᠤᠯᠤᠨ ᠶᠠᠷᠢᠪᠠ᠃ ᠰᠠᠨᠵᠢ ᠡᠨᠡ ᠦᠭᠡᠨ ᠳ᠋ᠦ᠍ ᠴᠣᠴᠢᠬᠤ ᠰᠢᠭ᠋ ᠪᠣᠯᠵᠤ᠂
- ᠲᠥᠭᠡᠷᠭᠡ ᠨᠢ ᠰᠠᠢᠨ ᠦᠭᠡᠢ ᠭᠡᠵᠦ ᠠᠪᠤ ᠲᠠ ᠶᠠᠭᠤ ᠶᠠᠷᠢᠪᠠ ? ᠭᠡᠵᠦ ᠰᠢᠪᠡᠨᠡᠨ ᠠᠰᠠᠭᠤᠯ᠎ᠠ᠃
- ᠬᠡᠯᠡᠨ ᠳᠡᠭᠡᠷ᠎ᠡ ᠨᠢ ᠲᠠᠷᠢᠶ᠎ᠠ ᠲᠠᠷᠢᠵᠤ ᠵᠣᠪᠠᠭᠠᠬᠤ ᠲᠠᠮᠤ ᠳ᠋ᠤ᠌ ᠣᠷᠣᠬᠤ ᠠ᠋ᠴᠠ ᠪᠣᠯᠭᠣᠮᠵᠢᠯᠠᠬᠤ ᠪᠦᠬᠦᠨ ᠢ᠋ ᠬᠢᠯᠭᠡᠪᠡᠯ ᠵᠣᠬᠢᠨ᠎ᠠ ᠭᠡᠵᠦ ᠯᠠᠮᠠ ᠪᠠᠭᠰᠢ ᠠᠢᠯᠠᠳᠤᠭᠰᠠᠨ ᠶᠤᠮ ᠭᠡᠵᠦ ᠡᠴᠢᠭᠡ ᠨᠢ ᠵᠣᠪᠠᠭᠣᠷᠢᠲᠠᠶᠠ ᠬᠡᠯᠡᠪᠡ᠃
- ᠬᠡᠨᠪᠤᠭᠠᠢ ᠲᠡᠭᠡᠵᠦ ᠠᠢᠯᠠᠳᠤᠭᠰᠠᠨ ᠪᠣᠢ? ᠭᠡᠰᠡᠨ ᠳ᠋ᠦ᠍
- ᠲᠠᠯᠢᠢᠭᠠᠴᠢ ᠶ᠋ᠢ ᠭᠠᠷᠭᠠᠬᠤ ᠳ᠋ᠤ᠌ ᠵᠠᠢᠯᠠᠭᠤᠯ ᠳᠡᠮᠴᠢᠭ ᠭᠠᠪᠵᠤ ᠶᠡᠬᠡ ᠲᠤᠰᠠ ᠪᠣᠯᠤᠭᠰᠠᠨ᠃ ᠨᠣᠮ᠂ ᠭᠦᠷᠢᠮ ᠬᠢᠵᠦ ᠥᠭᠭᠦᠭᠰᠡᠨ᠃ ᠲᠥᠭᠡᠷᠭᠡ ᠰᠤᠳᠤᠷ ᠢ᠋ ᠨᠢ ᠦᠵᠡᠭᠰᠡᠨ᠃ ᠲᠡᠭᠡᠭᠡᠳ ᠯᠡ ᠠᠢᠯᠠᠳᠤᠭᠰᠠᠨ ᠦᠭᠡ ᠶ᠋ᠢ ᠨᠢ ᠳᠠᠭᠠᠭᠤᠯᠤᠭᠠᠳ ᠪᠤᠶᠠᠨᠵᠠᠯᠪᠠᠷᠢᠬᠤ ᠬᠡᠢᠳ ᠲᠦ᠍ ᠳᠣᠯᠣᠭ᠎ᠠ ᠬᠣᠨᠣᠭ ᠪᠦᠷᠢ ᠮᠠᠩᠵᠠ ᠡᠷᠭᠦᠵᠦ ᠢᠷᠦᠭᠡᠯ ᠭᠣᠶᠣᠳᠠᠭ ᠪᠣᠯᠤᠭᠠᠳ ᠪᠠᠢᠨ᠎ᠠ᠃ ᠬᠦᠦ ᠴᠢᠨᠦ ᠦᠶ᠎ᠡ ᠳ᠋ᠦ᠍ ᠬᠣᠷᠢᠨ ᠨᠢᠭᠡᠳᠡᠬᠢ ᠨᠢ ᠲᠣᠬᠢᠶᠠᠯᠳᠤᠭᠰᠠᠨ ᠳ᠋ᠤ᠌ ᠪᠡᠯᠭᠡᠰᠢᠶᠡᠨ ᠪᠠᠶᠠᠷᠯᠠᠵᠤ ᠪᠠᠢᠨ᠎ᠠ ᠳᠠ ᠭᠡᠵᠦ ᠡᠴᠢᠭᠡ ᠶᠠᠷᠢᠭᠰᠠᠨ ᠢ᠋ᠶ᠋ᠠᠨ᠂
- ᠵᠠ ᠬᠤᠷᠠᠯ ᠨᠣᠮ ᠳ᠋ᠤ᠌ ᠪᠠᠨ ᠣᠷᠣᠵᠤ ᠦᠵᠡ! ᠯᠠᠮᠠ ᠨᠠᠷ ᠣᠷᠣᠭᠠᠳ ᠳᠠᠭᠤᠰᠤᠯ᠎ᠠ! ᠭᠡᠪᠡ᠃ ᠰᠠᠨᠵᠢᠳᠠᠯᠪᠢᠴᠣᠢᠵᠠᠮᠰᠤ ᠶ᠋ᠢᠨ ᠰᠡᠳᠬᠢᠯ ᠠᠰᠤᠷᠤ ᠶᠡᠬᠡ ᠬᠢᠮᠤᠷᠠᠯᠳᠤᠵᠤ ᠳᠣᠩᠰᠣᠯᠤᠯᠠ᠃ ᠭᠡᠪᠡᠴᠦ ᠲᠡᠭᠦᠨ ᠢ᠋ᠶ᠋ᠡᠨ ᠢᠯᠡ ᠭᠠᠷᠭᠠᠯ ᠦᠭᠡᠢ ᠪᠡᠷ ᠶᠠᠪᠤᠵᠤ ᠰᠠᠭᠤᠳᠠᠯ ᠳ᠋ᠤ᠌ ᠪᠠᠨ ᠰᠠᠭᠤᠯ᠎ᠠ᠃
《ᠬᠡᠯᠡᠨ ᠳᠡᠭᠡᠷ᠎ᠡ ᠨᠢ ᠲᠠᠷᠢᠶ᠎ᠠ ᠲᠠᠷᠢᠵᠤ ᠵᠣᠪᠠᠭᠠᠬᠤ ᠲᠠᠮᠤ ᠳ᠋ᠤ᠌ ᠣᠷᠣᠬᠤ ᠠ᠋ᠴᠠ ᠪᠣᠯᠭᠣᠮᠵᠢᠯᠠ ᠭᠡᠰᠡᠨ ᠭᠡᠨ᠎ᠡ᠃ ᠬᠢ! ᠮᠥᠨ ᠳᠤᠷ᠎ᠠ ᠪᠠᠷ ᠢ᠋ᠶ᠋ᠠᠨ ᠠᠢᠯᠠᠳᠴᠤ ᠪᠠᠢᠭ᠎ᠠ ᠬᠡᠷᠡᠭ ᠰᠢᠦ᠃ ᠰᠦᠰᠦᠭᠲᠡᠨ ᠢ᠋ᠶ᠋ᠡᠷ ᠲᠣᠭᠯᠠᠵᠤ ᠪᠠᠢᠭ᠎ᠠ ᠨᠢ ᠲᠡᠷᠡ ᠳᠠ》 ᠭᠡᠵᠦ ᠰᠠᠨᠵᠢᠳᠠᠯᠪᠢᠴᠣᠢᠵᠠᠮᠰᠤ ᠠᠭᠤᠷᠲᠠᠶᠠ ᠪᠣᠳᠣᠵᠤ ᠰᠠᠭᠤᠯ᠎ᠠ᠃ ᠬᠥᠮᠦᠨ ᠦ᠌ ᠬᠡᠯᠡ ᠶ᠋ᠢ ᠲᠠᠷᠢᠶᠠᠨ ᠲᠠᠯᠠᠪᠠᠢ ᠰᠢᠭ᠋ ᠲᠣᠮᠣ ᠪᠣᠯᠲᠠᠯ᠎ᠠ ᠨᠢ ᠲᠡᠳᠡᠨ ᠰᠤᠩᠭᠠᠭᠠᠳ ᠳᠡᠭᠡᠷ᠎ᠡ ᠨᠢ ᠭᠠᠵᠠᠷ ᠬᠠᠭᠠᠯᠬᠤ ᠶ᠋ᠢᠨ ᠨᠢᠭᠡᠨ ᠠᠳᠠᠯᠢ ᠠᠨᠵᠢᠰᠤ ᠪᠠᠷ ᠬᠠᠭᠠᠯᠵᠤ ᠱᠠᠩ ᠲᠠᠲᠠᠭᠠᠳ ᠲᠠᠷᠢᠶ᠎ᠠ ᠤᠷᠭᠤᠭᠤᠯᠵᠤ ᠵᠣᠪᠠᠭᠠᠳᠠᠭ ᠲᠡᠢᠮᠦ ᠲᠠᠮᠤ ᠶ᠋ᠢ ᠳᠦᠷᠰᠦᠯᠡᠨ ᠵᠢᠷᠤᠵᠤ ᠰᠦᠰᠦᠭᠲᠡᠨ ᠢ᠋ ᠠᠶᠤᠯᠭᠠᠳᠠᠭ ᠵᠢᠷᠤᠭ ᠪᠤᠶᠠᠨᠵᠠᠯᠪᠠᠷᠢᠬᠤ ᠬᠡᠢᠳ ᠲᠦ᠍ ᠪᠤᠰᠤᠳ ᠬᠡᠳᠦᠨ ᠵᠠᠭᠤᠨ ᠰᠦᠮ᠎ᠡ ᠳᠤᠭᠠᠩ ᠤ᠋ᠨ ᠬᠢᠨᠢ ᠲᠡᠢ ᠢᠵᠢᠯ ᠪᠠᠢᠳᠠᠭ ᠪᠢᠯᠡ᠃ ᠬᠥᠮᠦᠨ ᠦ᠌ ᠬᠡᠯᠡ ᠶ᠋ᠢ ᠲᠡᠢᠨ ᠬᠦ᠌ ᠵᠦᠰᠦᠨ ᠵᠣᠪᠠᠭᠠᠪᠠᠯ ᠶᠠᠭᠠᠬᠢᠨ᠎ᠠ ᠭᠡᠳᠡᠭ ᠢ᠋ ᠲᠥᠰᠦᠭᠡᠯᠡᠨ ᠪᠣᠳᠣᠭᠠᠳ ᠰᠦᠰᠦᠭᠲᠡᠨ ᠬᠥᠮᠦᠨ ᠠᠶᠤᠨ ᠵᠣᠪᠠᠨᠢᠳᠠᠭ ᠨᠢ ᠴᠦ᠍ ᠮᠡᠳᠡᠭᠡᠵᠢ ᠶ᠋ᠢᠨ ᠬᠡᠷᠡᠭ᠃ ᠲᠡᠢᠮᠦ ᠲᠠᠮᠤ ᠭᠡᠭᠴᠢ ᠪᠠᠢᠬᠤ ᠦᠭᠡᠢ ᠶ᠋ᠢ ᠣᠳᠣ ᠰᠠᠨᠵᠢᠳᠠᠯᠪᠢᠴᠣᠢᠵᠠᠮᠰᠤ ᠰᠠᠢᠨ ᠮᠡᠳᠡᠬᠦ ᠪᠣᠯᠵᠠᠢ᠃ ᠭᠡᠪᠡᠴᠦ ᠪᠠᠢᠳᠠᠭ ᠭᠡᠵᠦ ᠰᠦᠰᠦᠭᠲᠡᠨ ᠣᠯᠠᠨ ᠳ᠋ᠤ᠌ ᠨᠣᠮᠯᠠᠨ ᠢᠲᠡᠭᠡᠭᠦᠯᠬᠦ ᠡᠭᠦᠷᠭᠡ ᠲᠡᠢ ᠪᠡᠨ ᠴᠦ᠍ ᠪᠠᠰᠠ ᠯᠠ ᠣᠢᠯᠠᠭᠠᠵᠤ ᠪᠠᠢᠯ᠎ᠠ᠃ ᠬᠠᠷᠠᠩᠭᠤᠢ ᠴᠡᠭᠡᠵᠢ ᠲᠡᠢ ᠰᠦᠵᠢᠭᠲᠡᠨ ᠳ᠋ᠦ᠍ ᠪᠤᠷᠬᠠᠨ ᠤ᠋ ᠱᠠᠪᠢ ᠭᠡᠭᠳᠡᠭᠰᠡᠨ ᠯᠠᠮᠠ ᠨᠠᠷ ᠡᠢᠮᠦ ᠶᠠᠭᠤᠮ᠎ᠠ ᠶᠠᠷᠢᠬᠤ ᠳ᠋ᠤ᠌ ᠬᠡᠦᠬᠡᠳ ᠮᠡᠲᠦ ᠢᠳᠡᠭᠡᠨ ᠪᠢᠰᠢᠷᠡᠵᠦ᠂ ᠬᠥᠳᠡᠯᠪᠦᠷᠢ ᠦᠭᠡᠢ ᠦᠨᠡᠨ ᠪᠣᠯᠭᠠᠨ ᠬᠦᠯᠢᠶᠡᠨ ᠠᠪᠳᠠᠭ ᠪᠣᠯᠬᠣᠷ ᠰᠠᠨᠵᠢ ᠶ᠋ᠢᠨ ᠡᠴᠢᠭᠡ ᠰᠠᠢᠨᠴᠣᠭᠲᠣ ᠮᠥᠨ ᠠᠳᠠᠯᠢ ᠲᠡᠷᠡ ᠦᠭᠡᠨ ᠳ᠋ᠦ᠍ ᠪᠠᠲᠤ ᠢᠲᠡᠭᠡᠵᠡᠢ᠃ ᠥᠭᠡᠷ᠎ᠡ ᠪᠡᠷ ᠪᠣᠳᠣᠬᠤ ᠴᠤ᠌ ᠰᠡᠭᠡᠭᠡ ᠰᠦᠵᠢᠭᠲᠡᠨ ᠳ᠋ᠦ᠍ ᠪᠠᠢᠬᠤ ᠦᠭᠡᠢ᠃
《ᠬᠥᠭᠡᠷᠦᠬᠦᠢ ᠮᠠᠭᠤ ᠡᠵᠢ ᠮᠠᠨᠢ ᠡᠨᠡ ᠳᠡᠯᠡᠬᠡᠢ ᠳ᠋ᠦ᠍ ᠬᠠᠮᠤᠭ ᠤ᠋ᠨ ᠰᠢᠲᠦᠯᠭᠡ ᠲᠡᠢ᠂ ᠬᠠᠮᠤᠭ ᠤ᠋ᠨ ᠳᠠᠭᠤᠯᠭᠠᠪᠤᠷᠢᠲᠠᠢ ᠶᠠᠳᠠᠭᠤᠰ ᠤ᠋ᠨ ᠨᠢᠭᠡᠨ ᠪᠣᠯᠬᠣᠷ ᠢ᠋ᠶ᠋ᠠᠨ ᠨᠢᠭᠦᠯ᠂ ᠠᠯᠳᠠᠰ ᠭᠡᠵᠦ ᠬᠢᠭᠰᠡᠨ ᠶᠠᠭᠤᠮ᠎ᠠ ᠲᠡᠭᠦᠨ ᠳ᠋ᠦ᠍ ᠶᠠᠭᠤᠬᠠᠨ ᠪᠠᠢᠬᠤ ᠪᠢᠯᠡ᠃ ᠨᠡᠢᠲᠡ ᠪᠡᠷ ᠳᠠᠭᠠᠵᠤ ᠲᠣᠭᠲᠠᠭᠰᠠᠨ ᠶᠣᠰᠣ ᠭᠣᠷᠢᠮ ᠢ᠋ ᠯᠡ ᠦᠭᠡ ᠳᠠᠭᠤ ᠦᠭᠡᠢ ᠪᠠᠷᠢᠮᠲᠠᠯᠠᠭᠰᠠᠭᠠᠷ ᠨᠠᠰᠤᠨ ᠤ᠋ ᠲᠤᠢᠯ ᠳ᠋ᠤ᠌ ᠬᠦᠷᠦᠭᠰᠡᠨ ᠠᠮᠢᠲᠠᠨ ᠳᠠ᠃ ᠭᠡᠲᠡᠯ᠎ᠡ ᠲᠡᠭᠦᠨ ᠢ᠋ ᠬᠡᠯᠡ ᠪᠡᠨ ᠵᠦᠰᠦᠭᠦᠯᠦᠨ ᠵᠣᠪᠠᠬᠤ ᠬᠡᠮᠵᠢᠶᠡᠨ ᠦ᠌ ᠲᠠᠮᠤ ᠳ᠋ᠤ᠌ ᠤᠨᠠᠬᠤ ᠨᠢᠭᠦᠯ ᠦᠢᠯᠡᠳᠦᠭᠰᠡᠨ ᠮᠡᠲᠦ ᠪᠡᠷ ᠥᠭᠡᠳᠡ ᠪᠣᠯᠤᠭᠰᠠᠨ ᠬᠣᠢᠨ᠎ᠠ ᠨᠢ ᠭᠦᠳᠬᠡᠨ ᠬᠡᠯᠡᠵᠦ ᠶᠠᠭᠠᠬᠢᠵᠤ ᠵᠢᠷᠦᠬᠡᠯᠡᠬᠦ ᠪᠢᠯᠡ? ᠲᠡᠭᠡᠭᠡᠳ ᠬᠣᠭᠣᠰᠣᠨ ᠲᠠᠭᠠᠮᠠᠭ ᠲᠡᠷᠡ 《ᠨᠢᠭᠦᠯ》 ᠭᠡᠭᠴᠢ ᠶ᠋ᠢ ᠨᠢ ᠡᠴᠢᠭᠡ ᠮᠠᠨᠢ ᠨᠠᠮᠠᠨᠴᠢᠯᠠᠨ ᠢᠷᠦᠭᠡᠯ ᠬᠤᠷᠠᠭᠤᠯᠬᠤ ᠭᠡᠵᠦ ᠰᠡᠭᠦᠯᠴᠢ ᠶ᠋ᠢᠨ ᠭᠠᠭᠴᠠ ᠢᠮᠠᠭ᠎ᠠ ᠶ᠋ᠢ ᠪᠡᠨ ᠵᠣᠷᠢᠭᠤᠯᠵᠤ ᠪᠠᠢᠳᠠᠭ᠃ ᠠᠢ ᠬᠠᠭᠤᠷᠮᠠᠴᠢ ᠣᠷᠴᠢᠯᠠᠩ!》 ᠭᠡᠵᠦ ᠰᠠᠨᠵᠢᠳᠠᠯᠪᠢᠴᠣᠢᠵᠠᠮᠰᠤ ᡀᠠᠷᠠᠮᠪᠠ ᠪᠣᠳᠣᠵᠤ ᠰᠠᠭᠤᠬᠤ ᠳ᠋ᠤ᠌ ᠪᠠᠨ ᠭᠠᠷ ᠲᠤ᠌ ᠪᠠᠨ ᠪᠠᠷᠢᠭᠰᠠᠨ ᠬᠦᠰᠦᠮᠳᠦᠭ ᠰᠤᠳᠤᠷ ᠢ᠋ ᠬᠣᠷᠴᠢᠢᠲᠠᠯᠠ ᠪᠠᠵᠠᠵᠤ ᠣᠷᠬᠢᠭᠰᠠᠨ ᠢ᠋ᠶ᠋ᠠᠨ ᠥᠪᠡᠷ ᠢ᠋ᠶ᠋ᠡᠨ ᠮᠡᠳᠡᠭᠰᠡᠨ ᠦᠭᠡᠢ᠃ ᠬᠡᠳᠦᠨ ᠵᠠᠭᠤᠨ ᠤ᠋ ᠲᠤᠷᠰᠢ ᠬᠡᠳᠦᠨ ᠲᠦᠮᠡᠨ ᠯᠠᠮᠠ ᠨᠠᠷ ᠰᠦᠵᠢᠭᠲᠡᠨ ᠣᠯᠠᠨ ᠤ᠋ ᠵᠣᠪᠠᠯᠠᠩ ᠵᠦᠳᠡᠭᠦᠷᠢ ᠶ᠋ᠢ ᠬᠡᠴᠢᠨᠡᠨ ᠤᠷᠠᠨ ᠠᠷᠭ᠎ᠠ ᠪᠠᠷ ᠳᠠᠯᠢᠮᠳᠠᠭᠤᠯᠤᠨ ᠵᠠᠪᠰᠢᠵᠤ ᠪᠠᠢᠭᠰᠠᠨ ᠢ᠋ ᠡᠢᠨ ᠬᠦ᠌ ᠡᠷᠭᠢᠴᠡᠭᠦᠯᠦᠨ ᠪᠣᠳᠣᠬᠤ ᠳ᠋ᠤ᠌ ᠲᠣᠯᠣᠭᠠᠢ ᠡᠷᠭᠢᠮᠡᠷ ᠠᠵᠢ᠃ ᠡᠬᠡ ᠶ᠋ᠢ ᠨᠢ ᠬᠡᠯᠡ ᠪᠡᠨ ᠵᠦᠰᠦᠭᠦᠯᠦᠨ ᠲᠠᠷᠴᠢᠯᠠᠬᠤ ᠲᠠᠮᠤ ᠳ᠋ᠤ᠌ ᠤᠨᠠᠬᠤ ᠪᠣᠢ ᠭᠡᠵᠦ ᠠᠢᠯᠠᠳᠤᠭᠰᠠᠨ ᠭᠠᠪᠵᠤ ᠳᠡᠮᠴᠢᠭ ᠰᠦᠮ᠎ᠡ ᠶ᠋ᠢᠨ ᠵᠠᠪᠳᠤᠩ ᠤᠳ ᠤ᠋ᠨ ᠪᠠᠷᠠᠭᠤᠨ ᠮᠥᠷ ᠦ᠋ᠨ ᠡᠬᠢᠨ ᠡᠴᠡ ᠪᠡᠨ ᠬᠣᠶᠠᠳᠠᠬᠢ ᠳ᠋ᠤ᠌ ᠰᠠᠭᠤᠵᠤ ᠪᠠᠢᠭ᠎ᠠ ᠶ᠋ᠢ ᠰᠠᠨᠵᠢᠳᠠᠯᠪᠢᠴᠣᠢᠵᠠᠮᠰᠤ ᠭᠡᠨᠡᠳᠲᠡ ᠬᠠᠷᠠᠭᠠᠳ ᠴᠣᠴᠢᠬᠤ ᠰᠢᠭ᠋ ᠪᠣᠯᠪᠠ᠃ ᠬᠠᠯᠴᠠᠷᠠᠵᠤ ᠪᠠᠷᠤᠭ ᠦᠰᠦ ᠦᠭᠡᠢ ᠪᠣᠯᠤᠭᠰᠠᠨ ᠪᠥᠭᠡᠳ ᠳᠠᠩᠬᠠᠭᠠᠷ ᠭᠠᠤᠯᠢᠨ ᠰᠢᠨᠠᠭ᠎ᠠ ᠰᠢᠭ᠋ ᠲᠣᠮᠣ ᠲᠣᠯᠣᠭᠠᠢ ᠲᠠᠢ᠂ ᠮᠢᠬᠠᠨ ᠴᠢᠬᠢ ᠲᠡᠢ᠂ ᠨᠤᠭᠤᠯᠤᠭᠤᠷ ᠮᠡᠲᠦ ᠠᠲᠤᠷᠢᠶᠠᠲᠤ ᠪᠦᠳᠦᠭᠦᠨ ᠬᠦᠵᠦᠭᠦᠦ ᠲᠡᠢ᠂ ᠱᠢᠷᠦᠨ ᠤᠯᠠᠭᠠᠨ ᠬᠠᠮᠠᠷ ᠲᠠᠢ ᠲᠡᠷᠡ ᠭᠠᠪᠵᠤ ᠶᠠᠭᠤ ᠴᠤ᠌ ᠪᠣᠯᠤᠭ᠎ᠠ ᠦᠭᠡᠢ ᠮᠡᠲᠦ ᠠᠮᠤᠷᠯᠢᠩᠭᠤᠢ ᠶᠡᠬᠡᠮᠰᠦᠭ ᠳᠦᠷᠢ ᠪᠡᠷ ᠵᠠᠪᠳᠤᠩ ᠳᠡᠭᠡᠷ᠎ᠡ ᠪᠡᠨ ᠯᠠᠭᠯᠠᠢᠨ ᠰᠠᠭᠤᠵᠤ ᠪᠠᠢᠪᠠ᠃
《ᠬᠡᠨᠡᠭ ᠦᠭᠡᠢ ᠰᠠᠭᠤᠵᠤ ᠪᠠᠢᠨ᠎ᠠ ᠰᠢᠦ! ᠡᠨᠡ ᠭᠠᠪᠵᠤ ᠨᠠᠰᠤᠨ ᠲᠤᠷᠰᠢᠲᠠ ᠪᠠᠨ ᠬᠡᠴᠢᠨᠡᠨ ᠬᠥᠮᠦᠨ ᠦ᠌ ᠵᠣᠪᠠᠯᠠᠩ ᠳ᠋ᠤ᠌ ᠵᠣᠯᠠᠭᠰᠠᠨ ᠪᠣᠯᠤᠭ᠎ᠠ!》 ᠭᠡᠵᠦ ᠰᠠᠨᠵᠢ ᠪᠣᠳᠣᠯ᠎ᠠ᠃ ᠱᠠᠰᠢᠨ ᠤ᠋ ᠶᠣᠰᠣ ᠶ᠋ᠢ ᠰᠠᠬᠢᠯ ᠳᠠᠭᠠᠵᠤ᠂ ᠦᠭᠡ ᠳᠠᠭᠤ ᠦᠭᠡᠢ ᠰᠢᠲᠦᠵᠦ ᠪᠠᠢᠬᠤ ᠲᠡᠢᠮᠦ ᠰᠦᠵᠢᠭᠲᠡᠨ ᠨᠦᠭᠦᠳ ᠢ᠋ ᠪᠣᠢ ᠪᠣᠯᠭᠠᠬᠤ ᠶ᠋ᠢᠨ ᠲᠥᠯᠥᠭᠡ ᠠᠷᠪᠠᠨ ᠨᠠᠢ᠍ᠮᠠᠨ ᠲᠠᠮᠤ ᠭᠡᠭᠴᠢ ᠶᠠᠭᠤᠮ᠎ᠠ ᠪᠠᠢᠳᠠᠭ ᠲᠤᠬᠠᠢ ᠦᠯᠢᠭᠡᠷᠯᠡᠨ ᠵᠣᠬᠢᠶᠠᠵᠤ᠂ ᠲᠡᠭᠦᠨ ᠢ᠋ᠶ᠋ᠡᠨ ᠦᠷᠭᠦᠯᠵᠢ ᠨᠣᠮᠨᠠᠭᠰᠠᠭᠠᠷ ᠢᠷᠡᠭᠰᠡᠨ ᠨᠢ ᠯᠠᠮᠠ ᠨᠠᠷ ᠤ᠋ᠨ ᠠᠵᠤ ᠠᠮᠢᠳᠤᠷᠠᠬᠤ ᠶ᠋ᠢᠨ ᠭᠣᠣᠯ ᠨᠢᠭᠡ ᠪᠣᠯᠵᠣᠯ ᠪᠣᠯᠤᠨ ᠬᠤᠪᠢᠷᠠᠵᠠᠢ᠃ ᠲᠡᠮᠦᠷ ᠳᠥᠰᠢᠨ ᠳᠡᠭᠡᠷ᠎ᠡ ᠨᠢᠴᠠᠯᠤᠭᠤᠯᠤᠭᠠᠳ ᠳᠠᠬᠢᠨ ᠠᠮᠢ ᠣᠷᠣᠨ ᠪᠦᠲᠦᠵᠦ ᠳᠠᠬᠢᠨ ᠪᠠᠰᠠ ᠨᠢᠴᠠᠯᠤᠭᠤᠯᠬᠤ ᠶᠤᠮ ᠤᠤ᠂ ᠤᠯᠠᠢᠳᠤᠭᠰᠠᠨ ᠲᠡᠮᠦᠷ ᠲᠣᠭᠣᠭᠠᠨ ᠳ᠋ᠤ᠌ ᠲᠠᠷᠢᠶ᠎ᠠ ᠮᠡᠲᠦ ᠬᠠᠭᠤᠷᠤᠭᠤᠯᠬᠤ᠂ ᠪᠡᠶ᠎ᠡ ᠮᠠᠬᠠᠪᠣᠳ ᠢ᠋ᠶ᠋ᠠᠨ ᠬᠢᠷᠥᠭᠡ ᠪᠡᠷ ᠬᠢᠷᠥᠭᠡᠳᠡᠭᠦᠯᠦᠨ ᠰᠠᠯᠭᠠᠭᠤᠯᠬᠤ ᠳ᠋ᠤ᠌ ᠳᠠᠬᠢᠨ ᠨᠡᠢᠯᠡᠵᠦ ᠠᠮᠢᠯᠠᠭᠠᠳ ᠳᠠᠬᠢᠨ ᠬᠢᠷᠥᠭᠡᠳᠡᠭᠦᠯᠬᠦ ᠵᠡᠷᠭᠡ ᠰᠠᠨᠠᠭᠠᠨ ᠳ᠋ᠤ᠌ ᠣᠷᠣᠮ᠎ᠠ ᠦᠭᠡᠢ ᠲᠠᠷᠴᠢᠯᠠᠭᠠᠳᠠᠭ ᠲᠠᠮᠤ ᠪᠠᠢᠳᠠᠭ ᠭᠡᠳᠡᠭ ᠢ᠋ ᠬᠠᠷ᠎ᠠ ᠪᠠᠭ᠎ᠠ ᠠ᠋ᠴᠠ ᠨᠢ ᠡᠪᠦᠭᠡᠨ ᠪᠤᠭᠤᠷᠤᠯ ᠪᠣᠯᠲᠠᠯ᠎ᠠ ᠨᠢ ᠰᠦᠵᠢᠭᠲᠡᠨ ᠦ᠋ᠳ ᠲᠦ᠍ ᠨᠣᠮᠯᠠᠨ ᠣᠢᠯᠠᠭᠠᠭᠤᠯᠤᠭᠰᠠᠨ ᠤ᠋ ᠬᠦᠴᠦᠨ ᠳ᠋ᠦ᠍ 《ᠪᠤᠷᠬᠠᠳ ᠢ᠋ ᠭᠦᠳᠬᠡᠬᠦ ᠦᠭᠡᠢ᠂ ᠪᠤᠷᠰᠠᠩ ᠬᠤᠸᠠᠷᠠᠭ ᠤᠳ ᠢ᠋ ᠳᠣᠷᠣᠮᠵᠢᠯᠠᠬᠤ ᠦᠭᠡᠢ᠂ ᠰᠦᠮ᠎ᠡ ᠳᠤᠭᠠᠩ ᠡᠪᠳᠡᠬᠦ ᠦᠭᠡᠢ᠂ ᠳᠢᠶᠠᠨᠴᠢ ᠶ᠋ᠢᠨ ᠢᠳᠡᠭᠡ ᠶ᠋ᠢ ᠢᠳᠡᠬᠦ ᠦᠭᠡᠢ》 ᠭᠡᠬᠦᠴᠢᠯᠡᠨ ᠭᠣᠷᠢᠮ ᠳᠢᠭᠯᠢᠮ ᠳ᠋ᠦ᠍ ᠰᠦᠵᠢᠭᠲᠡᠨ ᠨᠥᠬᠥᠳ ᠪᠠᠲᠤ ᠲᠠᠢ ᠪᠠᠷᠢᠭᠳᠠᠵᠤ ᠱᠠᠰᠢᠨ ᠢ᠋ ᠬᠠᠮᠠᠭᠠᠯᠠᠨ ᠬᠦᠨᠳᠦᠳᠬᠡᠳᠡᠭ ᠪᠣᠯᠵᠠᠢ᠃ ᠵᠥᠪᠬᠡᠨ ᠲᠠᠮᠤ ᠶ᠋ᠢᠨ ᠠᠶᠤᠯ ᠠ᠋ᠴᠠ ᠰᠢᠲᠦᠯᠭᠡᠲᠡᠨ ᠢ᠋ ᠠᠶᠤᠯᠭᠠᠭᠠᠳ ᠵᠣᠭᠰᠣᠬᠤ ᠦᠭᠡᠢ ᠪᠤᠷᠬᠠᠳ ᠢ᠋ ᠬᠠᠮᠠᠭᠠᠯᠠᠬᠤ ᠳᠣᠭᠰᠢᠳ ᠤ᠋ᠨ ᠳᠦᠷᠢ ᠶ᠋ᠢ ᠣᠯᠠᠨ ᠢ᠋ᠶ᠋ᠠᠷ ᠪᠣᠳᠣᠵᠤ ᠣᠯᠵᠠᠢ᠃ ᠳᠣᠭᠰᠢᠳ ᠤ᠋ᠨ ᠳᠦᠷᠢ ᠶ᠋ᠢ ᠬᠥᠮᠦᠨ ᠠᠶᠤᠵᠤ᠂ ᠠᠳᠤᠭᠤ ᠰᠦᠷᠳᠡᠮᠡᠷ ᠶᠠᠭᠤᠮ᠎ᠠ ᠪᠣᠯᠭᠠᠨ ᠵᠣᠬᠢᠶᠠᠨ ᠭᠠᠷᠭᠠᠵᠤ ᠨᠡᠢᠲᠡ ᠳ᠋ᠦ᠍ ᠤᠬᠠᠭᠤᠯᠤᠨ ᠲᠦᠭᠡᠭᠡᠵᠡᠢ᠃ ᠲᠡᠢᠨ ᠬᠦ᠌ ᠬᠡᠢ ᠰᠠᠨᠠᠭᠠᠨ ᠠ᠋ᠴᠠ ᠵᠣᠬᠢᠶᠠᠭᠰᠠᠨ ᠬᠠᠭᠤᠷᠮᠠᠴᠢ ᠪᠤᠷᠬᠠᠳ ᠤ᠋ᠨ ᠳᠦᠷᠢ ᠨᠢ ᠰᠦᠮ᠎ᠡ᠂ ᠳᠤᠭᠠᠩ ᠪᠦᠷᠢ ᠶ᠋ᠢᠨ ᠡᠭᠦᠳᠡᠨ ᠡᠴᠡ ᠠᠪᠤᠭᠠᠳ ᠭᠣᠩᠬᠣᠨ ᠳ᠋ᠤ᠌ ᠬᠦᠷᠲᠡᠯ᠎ᠡ ᠥᠴᠢᠨᠡᠨ ᠪᠠᠢᠷᠢ ᠡᠵᠡᠯᠡᠵᠦ ᠣᠷᠬᠢᠨ᠎ᠠ᠃
《ᠬᠠᠳᠠᠨ ᠤ᠋ ᠤᠯᠠᠭᠠᠨ ᠠᠯᠪᠢᠨ ᠰᠣᠷᠣᠭᠵᠢᠩᠮᠠᠷᠠᠪᠠ ᠲᠣᠯᠣᠭᠠᠢ ᠶ᠋ᠢᠨ ᠦᠰᠦ ᠨᠢ ᠤᠯᠠᠪᠢᠷ ᠰᠢᠷ᠎ᠠ᠂ ᠬᠥᠮᠥᠰᠬᠡ ᠨᠢ ᠭᠣᠬ᠎ᠠ ᠤᠯᠠᠢᠯᠭᠠᠭᠰᠠᠨ ᠮᠡᠲᠦ᠂ ᠨᠢᠳᠦᠨ ᠦ᠌ ᠶᠣᠵᠣᠭᠣᠷ ᠤᠯᠠᠭᠠᠨ᠂ ᠲᠣᠷᠭᠠᠨ ᠤᠯᠠᠭᠠᠨ ᠨᠥᠮᠥᠷᠭᠡ ᠡᠮᠦᠰᠦᠭᠰᠡᠨ᠂ ᠪᠠᠷᠠᠭᠤᠨ ᠮᠣᠳᠣᠷ ᠲᠤ᠌ ᠪᠠᠨ ᠠᠯᠪᠢᠨ ᠤ᠋ ᠭᠡᠳᠡᠰᠦᠨ ᠴᠠᠯᠮ᠎ᠠ ᠬᠡᠢᠰᠬᠡᠭᠰᠡᠨ᠂ ᠵᠡᠭᠦᠨ ᠳ᠋ᠦ᠍ ᠪᠡᠨ ᠮᠠᠭᠤ ᠢᠷᠣ᠎ᠠ ᠶ᠋ᠢᠨ ᠰᠢᠷ᠎ᠠ ᠰᠢᠪᠠᠭᠤ ᠪᠠᠷᠢᠭᠰᠠᠨ᠂ ᠮᠢᠩᠭᠠᠨ ᠬᠠᠷ᠎ᠠ ᠮᠣᠭᠠᠢ ᠪᠠᠷ ᠪᠠᠭᠯᠠᠵᠤ ᠴᠢᠮᠡᠭᠰᠡᠨ᠂ ᠪᠣᠭᠣᠨᠢ ᠲᠦᠷᠡᠢᠲᠦ ᠲᠡᠮᠦᠷ ᠭᠤᠲᠤᠯ ᠡᠮᠦᠰᠦᠭᠰᠡᠨ ᠨᠢᠭᠡᠨ ᠵᠡᠰ ᠤᠯᠠᠭᠠᠨ ᠴᠢᠰᠤᠨ ᠥᠨᠳᠡᠭᠡᠨ ᠡᠴᠡ ᠮᠠᠨᠳᠤᠯᠠᠨ ᠲᠥᠷᠥᠪᠡ》 ᠭᠡᠵᠦ ᠰᠤᠳᠤᠷ ᠲᠤ᠌ ᠪᠢᠴᠢᠭᠳᠡᠭᠰᠡᠨ ᠶᠣᠰᠣᠭᠠᠷ ᠲᠡᠢᠮᠦ ᠨᠢᠭᠡᠨ ᠠᠶᠤᠮᠰᠢᠭᠲᠤ ᠵᠢᠷᠤᠭ ᠢ᠋ ᠰᠦᠮ᠎ᠡ ᠪᠣᠯᠭᠠᠨ ᠳ᠋ᠤ᠌ ᠵᠢᠷᠤᠵᠤ ᠰᠦᠵᠢᠭᠲᠡᠨ ᠦ᠌ ᠦᠵᠡᠬᠦ ᠬᠠᠷᠠᠬᠤ ᠭᠠᠵᠠᠷ ᠲᠤ᠌ ᠪᠠᠢᠷᠢᠯᠠᠭᠤᠯᠤᠨ᠎ᠠ᠃ ᠡᠢᠮᠦ ᠳᠣᠭᠰᠢᠨ ᠪᠤᠷᠬᠠᠳ ᠤ᠋ᠨ ᠳᠦᠷᠰᠦ ᠳᠠᠷᠤᠢ ᠲᠠᠪᠢᠨ ᠨᠠᠢ᠍ᠮᠠ ᠠᠭᠠᠳ ᠲᠡᠳᠡ ᠴᠥᠮ ᠯᠡ ᠠᠷᠪᠠᠨ ᠨᠠᠢ᠍ᠮᠠᠨ ᠲᠠᠮᠤ ᠶ᠋ᠢ ᠳᠦᠷᠰᠦᠯᠡᠭᠰᠡᠨ ᠦ᠌ ᠨᠢᠭᠡᠨ ᠠᠳᠠᠯᠢ ᠪᠤᠷᠬᠠᠨ ᠱᠠᠰᠢᠨ ᠳ᠋ᠤ᠌ ᠰᠦᠵᠢᠭᠲᠡᠨ ᠢ᠋ ᠢᠲᠡᠭᠡᠭᠦᠯᠦᠨ ᠳᠠᠭᠠᠭᠤᠯᠬᠤ ᠶ᠋ᠢᠨ ᠡᠭᠦᠳᠡᠨ ᠡᠴᠡ ᠪᠣᠢ ᠪᠣᠯᠤᠭᠰᠠᠨ ᠵᠣᠬᠢᠶᠠᠮᠠᠯ ᠶᠠᠭᠤᠮᠠᠰ ᠠᠵᠢ᠃ ᠬᠠᠳᠠᠨ ᠤ᠋ ᠤᠯᠠᠭᠠᠨ ᠠᠯᠪᠢᠨ ᠰᠣᠷᠣᠭᠵᠢᠩᠮᠠᠷᠠᠪᠠ ᠭᠡᠭᠴᠢ ᠶᠠᠭᠤᠮ᠎ᠠ ᠬᠠᠮᠢᠭ᠎ᠠ ᠴᠤ᠌ ᠪᠠᠢᠬᠤ ᠦᠭᠡᠢ ᠪᠣᠯᠪᠠᠴᠤ ᠪᠠᠢᠳᠠᠭ ᠭᠡᠮᠡᠨ ᠢᠲᠡᠭᠡᠭᠦᠯᠦᠨ ᠨᠣᠮᠯᠠᠭᠰᠠᠭᠠᠷ ᠰᠦᠵᠢᠭᠲᠡᠨ ᠪᠢᠲᠡᠭᠡᠢ ᠬᠡᠯᠡ ᠯᠠᠮᠠ ᠨᠠᠷ ᠴᠤ᠌ ᠥᠪᠡᠷᠰᠡᠳ ᠢ᠋ᠶ᠋ᠡᠨ ᠢᠲᠡᠭᠡᠳᠡᠭ ᠪᠣᠯᠵᠠᠢ᠃ ᠭᠡᠪᠡᠴᠦ ᠰᠠᠨᠵᠢᠳᠠᠯᠪᠢᠴᠣᠢᠵᠠᠮᠰᠤ ᠪᠤᠷᠬᠠᠨ ᠤ᠋ ᠨᠣᠮ ᠢ᠋ ᠲᠡᠭᠦᠰ ᠰᠤᠳᠤᠯᠵᠤ ᡀᠠᠷᠠᠮᠪᠠ ᠪᠣᠯᠬᠤ ᠳ᠋ᠤ᠌ ᠪᠠᠨ ᠨᠣᠮᠯᠠᠯ᠂ ᠰᠤᠷᠭᠠᠯ ᠤ᠋ᠨ ᠢ᠋ᠶ᠋ᠠᠨ ᠮᠥᠨ ᠴᠢᠨᠠᠷ ᠤ᠋ᠨ ᠴᠠᠭᠠᠳᠤᠬᠢ᠂ ᠨᠠᠭᠠᠳᠤᠬᠢ ᠲᠠᠯ᠎ᠠ ᠶ᠋ᠢ ᠨᠢᠭᠡᠨᠲᠡ ᠣᠢᠯᠠᠭᠠᠳᠠᠭ ᠪᠣᠯᠵᠠᠢ᠃
ᠬᠡᠦᠬᠡᠳ ᠢ᠋ ᠡᠯᠳᠡᠪ ᠡᠴᠡ ᠪᠣᠯᠭᠣᠮᠵᠢᠯᠠᠬᠤ ᠳ᠋ᠤ᠌ ᠪᠠᠨ 《ᠪᠢᠲᠡᠭᠡᠢ ᠲᠡᠭᠡ᠂ ᠬᠠᠳᠠᠨ ᠤ᠋ ᠮᠠᠡᠭ᠌ᠭᠣᠭᠠ ᠢᠷᠡᠨ᠎ᠡ!》 ᠭᠡᠵᠦ ᠰᠦᠷᠳᠡᠭᠦᠯᠦᠨ ᠰᠤᠷᠭᠠᠳᠠᠭ ᠤ᠋ᠨ ᠠᠳᠠᠯᠢ ᠪᠠᠷ ᠰᠢᠲᠦᠯᠭᠡᠲᠡᠨ ᠢ᠋ ᠮᠥᠨ ᠯᠡ 《ᠪᠢᠲᠡᠭᠡᠢ ᠲᠡᠭᠡ᠂ ᠨᠢᠭᠦᠯ ᠠᠯᠳᠠᠰ ᠪᠣᠯᠤᠨ᠎ᠠ᠂ ᠲᠠᠮᠤ ᠳ᠋ᠤ᠌ ᠤᠨᠠᠨ᠎ᠠ》 ᠭᠡᠬᠦᠴᠢᠯᠡᠨ ᠨᠣᠮᠯᠠᠵᠤ ᠪᠠᠢᠭ᠎ᠠ ᠬᠡᠷᠡᠭ ᠶᠦ᠍ᠮ᠃《ᠪᠠᠢᠬᠤ ᠦᠭᠡᠢ ᠶᠠᠭᠤᠮ᠎ᠠ ᠶ᠋ᠢ ᠪᠠᠢᠳᠠᠭ ᠭᠡᠵᠦ ᠢᠲᠡᠭᠡᠭᠦᠯᠵᠦ ᠪᠣᠯᠳᠠᠭ ᠪᠣᠯᠬᠣᠷ ᠬᠥᠮᠦᠨ ᠦ᠌ ᠰᠡᠳᠬᠢᠯ ᠰᠠᠨᠠᠭ᠎ᠠ ᠭᠡᠳᠡᠭ ᠴᠦ᠍ ᠬᠠᠴᠢᠨ ᠶᠤᠮ ᠳᠠ》 ᠭᠡᠵᠦ ᠰᠠᠨᠵᠢ ᠶ᠋ᠢ ᠪᠣᠳᠣᠵᠤ ᠰᠠᠭᠤᠬᠤ ᠵᠠᠪᠰᠠᠷ ᠯᠠᠮᠠ ᠨᠠᠷ ᠬᠤᠷᠠᠯ ᠢ᠋ᠶ᠋ᠠᠨ ᠦᠷᠭᠦᠯᠵᠢᠯᠡᠭᠦᠯᠦᠨ ᠬᠤᠷᠠᠭᠰᠠᠭᠠᠷ ᠪᠠᠢᠯ᠎ᠠ᠃ ᠰᠠᠨᠵᠢ ᠶ᠋ᠢᠨ ᠠᠮᠠᠨ ᠠ᠋ᠴᠠ ᠴᠡᠭᠡᠵᠢᠯᠡᠵᠦ ᠤᠩᠰᠢᠵᠤ ᠰᠤᠷᠤᠭᠰᠠᠨ ᠤᠩᠰᠢᠯᠭ᠎ᠠ ᠨᠢ ᠠᠶᠠᠨᠳᠠᠭᠠᠨ ᠤᠷᠤᠰᠤᠨ ᠭᠠᠷᠴᠤ ᠪᠥᠯᠥᠭᠡ᠃
《ᠬᠥᠭᠡᠷᠦᠬᠦᠢ ᠡᠬᠡ ᠶ᠋ᠢᠨ ᠮᠢᠨᠢ ᠬᠣᠢᠨ᠎ᠠ ᠠ᠋ᠴᠠ ᠬᠡᠴᠢᠨᠡᠨ ᠴᠦ᠍ ᠢᠷᠦᠭᠡᠯ ᠤᠩᠰᠢᠭᠠᠳ ᠶᠠᠮᠠᠷ ᠠᠰᠢᠭ ᠪᠠᠢᠬᠤ ᠪᠣᠢ? ᠡᠴᠢᠭᠡ ᠶ᠋ᠢᠨ ᠰᠡᠳᠬᠢᠯ ᠢ᠋ ᠯᠡ ᠬᠠᠭᠤᠷᠬᠤ ᠲᠡᠳᠦᠢ ᠶᠦ᠍ᠮ᠃ ᠬᠠᠷᠢᠨ ᠪᠡᠶ᠎ᠡ ᠲᠡᠢ ᠪᠣᠳᠠᠲᠠᠢ ᠶᠠᠭᠤᠮ᠎ᠠ ᠪᠦᠲᠦᠭᠡᠪᠡᠯ ᠲᠡᠷᠡ ᠬᠡᠷᠡᠭ ᠪᠣᠯᠬᠤ ᠪᠣᠢ? ᠶᠠᠭᠤᠨ ᠪᠦᠲᠦᠭᠡᠬᠦ ᠪᠣᠢ? ᠰᠤᠪᠤᠷᠭ᠎ᠠ? ᠪᠤᠷᠬᠠᠨ ᠤ᠋ ᠬᠥᠷᠥᠭ? ᠨᠣᠮ? ᠠᠯᠢ ᠠᠯᠢ ᠨᠢ ᠪᠣᠯᠤᠮᠵᠢ ᠲᠠᠢ ᠯᠠ ᠵᠦᠢᠯ᠃ ᠰᠤᠪᠤᠷᠭ᠎ᠠ ᠪᠦᠲᠦᠭᠡᠭᠡᠳ ᠣᠯᠠᠨ ᠳ᠋ᠤ᠌ ᠲᠤᠰᠠᠲᠠᠢ ᠶᠠᠭᠤᠮ᠎ᠠ ᠪᠣᠯᠵᠤ ᠴᠢᠳᠠᠬᠤ ᠤᠤ ᠳᠠ? ᠪᠤᠷᠬᠠᠨ ᠤ᠋ ᠬᠥᠷᠥᠭ ᠭᠡᠬᠦ ᠪᠡᠷ ᠪᠠᠰᠠ ᠯᠠ ᠨᠢᠭᠡ ᠰᠦᠮ᠎ᠡ ᠶ᠋ᠢᠨ ᠮᠤᠬᠤᠷ ᠲᠤ᠌ ᠲᠠᠯᠪᠢᠭᠠᠰᠤᠲᠠᠢ ᠥᠩᠭᠡᠷᠡᠨ᠎ᠡ᠃ ᠨᠣᠮ ᠭᠡᠬᠦ ᠪᠡᠷ ᠯᠠᠮᠠ ᠨᠠᠷ ᠤ᠋ᠨ ᠥᠮᠴᠢ ᠲᠡᠳᠦᠢ ᠯᠡ ᠪᠣᠯᠤᠭᠠᠳ ᠪᠠᠢᠬᠤ ᠪᠢᠵᠡ ᠳᠡ?》 ᠭᠡᠵᠦ ᠰᠠᠨᠵᠢᠳᠠᠯᠪᠢᠴᠣᠢᠵᠠᠮᠰᠤ ᠪᠢᠰᠢᠯᠭᠠᠨ ᠪᠣᠳᠣᠭᠰᠠᠭᠠᠷ ᠪᠠᠢᠯ᠎ᠠ᠃ ᠨᠢᠭᠡ ᠰᠠᠨᠠᠯ ᠨᠢ ᠨᠥᠭᠦᠭᠡ ᠪᠡᠨ ᠦᠭᠡᠢᠰᠬᠡᠭᠰᠡᠭᠡᠷ ᠯᠡ ᠪᠠᠢᠯ᠎ᠠ᠃ ᠲᠡᠭᠡᠲᠡᠯ᠎ᠡ ᠬᠠᠮᠤᠭ ᠤ᠋ᠨ ᠰᠡᠭᠦᠯ ᠳ᠋ᠦ᠍《ᠴᠣᠢᠷᠣ᠎ᠠ ᠶ᠋ᠢᠨ ᠳᠤᠭᠠᠩ ᠪᠣᠰᠬᠠᠭᠤᠯᠪᠠᠯ ᠶᠠᠮᠠᠷ? ᠮᠠᠨ ᠤ᠋ ᠡᠨᠡ ᠳ᠋ᠠᠴᠠᠩ ᠶᠡᠬᠡ ᠬᠠᠭᠤᠴᠢᠷᠠᠵᠠᠢ᠃ ᠮᠠᠨ ᠤ᠋ ᠨᠤᠲᠤᠭ ᠲᠤ᠌ ᠴᠤ᠌ ᠰᠦᠮ᠎ᠡ ᠬᠡᠢᠳ ᠪᠠᠷᠢᠭᠤᠯᠴᠢᠬᠠᠬᠤ ᠮᠡᠷᠭᠡᠵᠢᠭᠰᠡᠨ ᠬᠥᠮᠦᠨ ᠣᠢᠷ᠎ᠠ ᠬᠠᠪᠢ ᠳ᠋ᠤ᠌ ᠦᠭᠡᠢ ᠪᠣᠯᠵᠤ᠃ ᠴᠣᠢᠷᠣ᠎ᠠ ᠶ᠋ᠢᠨ ᠳᠤᠭᠠᠩ ᠪᠠᠢᠭᠤᠯᠴᠢᠬᠠᠪᠠᠯ ᠣᠯᠠᠨ ᠤ᠋ ᠣᠷᠣᠵᠤ ᠭᠠᠷᠬᠤ ᠭᠠᠵᠠᠷ ᠪᠣᠯᠵᠤ᠂ ᠡᠬᠡ ᠶ᠋ᠢᠨ ᠳᠤᠷᠠᠰᠬᠠᠯ ᠢ᠋ ᠦᠯᠡᠳᠡᠭᠡᠭᠰᠡᠨ ᠭᠡᠵᠦ ᠰᠡᠳᠬᠢᠯ ᠲᠡᠨᠢᠭᠦᠨ ᠶᠠᠪᠤᠬᠤ ᠪᠢᠰᠢ ᠤᠤ?》 ᠭᠡᠵᠦ ᠰᠠᠨᠵᠢᠳᠠᠯᠪᠢᠴᠣᠢᠵᠠᠮᠰᠤ ᡀᠠᠷᠠᠮᠪᠠ ᠨᠢᠭᠡᠨ ᠦᠵᠦᠭᠦᠷᠲᠦ ᠪᠣᠳᠣᠯ ᠳ᠋ᠤ᠌ ᠪᠦᠷᠢᠨ ᠡᠵᠡᠯᠡᠭᠳᠡᠵᠡᠢ᠃
᠁ ᠲᠡᠷᠡ ᠪᠣᠳᠣᠯ ᠢ᠋ᠶ᠋ᠠᠨ ᠰᠥᠨᠢ ᠳᠦᠯᠢ ᠪᠣᠯᠲᠠᠯ᠎ᠠ ᠪᠢᠰᠢᠯᠭᠠᠵᠤ ᠪᠠᠷᠤᠭ ᠨᠣᠢᠷ ᠦᠭᠡᠢ ᠬᠣᠨᠣᠯ᠎ᠠ᠃ ᠮᠠᠷᠭᠠᠰᠢ ᠨᠢ ᠰᠦᠮ᠎ᠡ ᠶ᠋ᠢᠨ ᠢ᠋ᠶ᠋ᠡᠨ ᠬᠢᠷᠭᠠᠴᠢ ᠨᠤᠭᠤᠳ ᠢ᠋ ᠴᠤᠭᠯᠠᠭᠤᠯᠤᠨ ᠰᠠᠨᠠᠵᠤ ᠪᠣᠳᠣᠭᠰᠠᠨ ᠢ᠋ᠶ᠋ᠠᠨ ᠲᠡᠳᠡᠨ ᠳ᠋ᠦ᠍ ᠶᠠᠷᠢᠪᠠ᠃ ᠲᠡᠳᠡ ᠴᠦ᠍ ᠶᠡᠬᠡ ᠯᠡ ᠰᠣᠨᠢᠭᠤᠴᠢᠯᠠᠨ ᠰᠣᠨᠣᠰᠴᠤ᠂ ᠳᠠᠮ ᠦᠵᠡᠭᠦᠯᠵᠡᠢ᠃
- ᠮᠠᠨ ᠤ᠋ ᠪᠤᠶᠠᠨᠵᠠᠯᠪᠠᠷᠢᠬᠤ ᠬᠡᠢᠳ ᠦ᠋ᠨ ᠭᠣᠣᠯ ᠳᠤᠭᠠᠩ ᠶᠡᠬᠡ ᠬᠠᠭᠤᠴᠢᠷᠠᠵᠠᠢ᠃ ᡀᠠᠰᠠ ᠵᠣᠣ ᠳ᠋ᠤ᠌ ᠨᠣᠮ ᠦᠵᠡᠵᠦ ᠲᠠᠪᠤᠨ ᠤᠬᠠᠭᠠᠨ ᠤ᠋ ᠡᠷᠳᠡᠮ ᠰᠤᠷᠬᠤ ᠳ᠋ᠤ᠌ ᠪᠠᠨ ᠳ᠋ᠠᠭᠠᠨ ᠪᠦᠲᠦᠭᠡᠬᠦᠢ ᠶ᠋ᠢᠨ ᠶᠣᠰᠣ ᠶ᠋ᠢ ᠪᠢ ᠢᠯᠡᠭᠦᠦ ᠰᠣᠨᠢᠷᠬᠠᠵᠤ ᠵᠦᠭᠡᠷ ᠦᠭᠡᠢ ᠮᠡᠳᠡᠯᠭᠡ ᠰᠠᠭᠤᠭᠠᠳ ᠢᠷᠡᠭᠰᠡᠨ᠃ ᠡᠭᠦᠨ ᠢ᠋ ᠪᠡᠨ ᠳᠤᠯᠳᠤᠢᠳᠴᠤ ᠪᠠᠢᠭᠠᠳ ᠴᠣᠶᠢᠷᠣ᠎ᠠ ᠶ᠋ᠢᠨ ᠳᠤᠭᠠᠩ ᠪᠠᠷᠢᠭᠤᠯᠤᠮᠠᠷ ᠰᠠᠨᠠᠭᠳᠠᠯ᠎ᠠ᠃ ᠲᠠ ᠪᠦᠬᠦᠨ ᠡᠭᠦᠨ ᠢ᠋ ᠶᠠᠭᠤ ᠭᠡᠵᠦ ᠪᠣᠯᠭᠣᠭᠠᠬᠤ ᠪᠣᠯ? ᠭᠡᠵᠦ ᠰᠠᠨᠵᠢᠳᠠᠯᠪᠢᠴᠣᠢᠵᠠᠮᠰᠤ ᡀᠠᠷᠠᠮᠪᠠ ᠠᠰᠠᠭᠤᠯ᠎ᠠ᠃ ᠪᠤᠶᠠᠨᠵᠠᠯᠪᠠᠷᠢᠬᠤ ᠬᠡᠢᠳ ᠦ᠋ᠨ ᠲᠣᠮᠣ ᠲᠣᠯᠣᠭᠠᠢ ᠯᠠᠮᠠ ᠨᠠᠷ ᠲᠤ᠌ ᠡᠨᠡ ᠰᠠᠨᠠᠯ ᠲᠠᠭᠠᠯᠠᠭᠳᠠᠵᠠᠢ᠃
- ᠮᠠᠨ ᠤ᠋ ᠬᠡᠢᠳ ᠦ᠋ᠨ ᠭᠣᠣᠯ ᠳᠤᠭᠠᠩ ᠪᠠᠢᠲᠤᠭᠠᠢ ᠶᠡᠬᠡᠩᠬᠢ ᠳᠤᠭᠠᠩ ᠦᠵᠢᠷᠡᠵᠦ ᠮᠠᠭᠤᠳᠠᠭᠠᠳ ᠰᠠᠯᠬᠢ᠂ ᠪᠣᠷᠣᠭᠠᠨ ᠤ᠋ ᠭᠠᠷ ᠳᠠᠭᠠᠭᠠᠬᠤ ᠪᠠᠨ ᠪᠣᠯᠢᠭᠰᠠᠨ ᠨᠢ ᠦᠨᠡᠨ᠃ ᡀᠠᠷᠠᠮᠪᠠ ᠶ᠋ᠢᠨ ᠶᠠᠷᠢᠳᠠᠭ ᠲᠤᠩ ᠠᠷᠭ᠎ᠠ ᠦᠭᠡᠢ ᠶᠦ᠍ᠮ᠃ ᠴᠣᠢᠷᠣ᠎ᠠ ᠶ᠋ᠢᠨ ᠳᠤᠭᠠᠩ ᠪᠠᠷᠢᠭᠤᠯᠤᠭᠤᠰᠢᠲᠠᠢ ᠪᠠᠢᠨ᠎ᠠ᠃ ᠥᠭᠯᠢᠭᠡ ᠶ᠋ᠢᠨ ᠡᠵᠡᠳ ᠦ᠋ᠨ ᠪᠤᠶᠠᠨ ᠢ᠋ᠶ᠋ᠠᠷ ᠮᠠᠨ ᠤ᠋ ᠬᠡᠢᠳ ᠲᠦ᠍ ᠣᠪᠣᠭ᠎ᠠ ᠬᠥᠷᠥᠩᠭᠡ ᠬᠤᠷᠠᠮᠳᠤᠯᠠᠭᠳᠠᠵᠠᠢ᠃ ᠲᠡᠭᠦᠨ ᠢ᠋ ᠬᠡᠷᠡᠭᠯᠡᠬᠦ ᠶᠠᠭᠤᠮ᠎ᠠ ᠣᠳᠣ ᠪᠠᠷ ᠭᠠᠷᠬᠤ ᠦᠭᠡᠢ ᠯᠡ ᠪᠠᠢᠨ᠎ᠠ᠃ ᠲᠡᠭᠡᠬᠦ ᠪᠡᠷ ᠲᠡᠷᠡ ᠬᠥᠷᠥᠩᠭᠡ ᠪᠡᠷ ᠴᠣᠢᠷᠣ᠎ᠠ ᠶ᠋ᠢᠨ ᠳᠤᠭᠠᠩ ᠪᠣᠰᠬᠠᠪᠠᠯ ᠯᠠᠮᠠ ᠬᠤᠸᠠᠷᠠᠭ ᠪᠢᠳᠡᠨ ᠳ᠋ᠦ᠍ ᠪᠡᠨ ᠴᠦ᠍᠂ ᠰᠦᠵᠢᠭᠲᠡᠨ ᠣᠯᠠᠨ ᠲᠦᠮᠡᠨ ᠳ᠋ᠦ᠍ ᠪᠡᠨ ᠴᠦ᠍ ᠠᠯᠢ ᠠᠯᠢᠨ ᠳ᠋ᠤ᠌ ᠨᠢ ᠬᠡᠷᠡᠭ ᠪᠣᠯᠤᠨ᠎ᠠ᠃ ᠪᠤᠶᠠᠨ ᠤ᠋ ᠦᠢᠯᠡᠰ ᠪᠦᠲᠦᠬᠦ ᠨᠢ ᠲᠡᠷᠡ ᠭᠡᠵᠦ ᠰᠢᠷᠡᠭᠡᠲᠦ ᠯᠠᠮᠠ ᠴᠣᠢᠪᠵᠠᠡᠭ ᠶᠠᠷᠢᠯ᠎ᠠ᠃ ᠲᠡᠷᠡ ᠦᠨᠡᠬᠡᠷ ᠡᠢᠮᠦ ᠶᠠᠭᠤᠮ᠎ᠠ ᠪᠣᠳᠣᠭᠰᠠᠨ ᠨᠢ ᠢᠯᠡᠷᠬᠡᠢ᠃
ᠰᠢᠷᠡᠭᠡᠲᠦ ᠯᠠᠮᠠ ᠴᠣᠢᠪᠵᠠᠡᠭ ᠦ᠋ᠨ ᠦᠭᠡᠨ ᠡᠴᠡ ᠭᠠᠵᠢᠬᠤ ᠬᠥᠮᠦᠨ ᠭᠠᠷᠤᠭᠰᠠᠨ ᠦᠭᠡᠢ᠃ ᠴᠥᠮ ᠢ᠋ᠶ᠋ᠡᠷ ᠢ᠋ᠶ᠋ᠡᠨ ᠵᠥᠪᠰᠢᠶᠡᠷᠡᠨ ᠰᠠᠨᠠᠭ᠎ᠠ ᠨᠢᠭᠡᠳᠴᠡᠢ᠃ ᠲᠡᠳᠡ ᠰᠦᠮ᠎ᠡ ᠪᠠᠷᠢᠬᠤ ᠭᠠᠵᠠᠷ ᠢ᠋ᠶ᠋ᠠᠨ ᠰᠣᠩᠭᠣᠵᠤ ᠣᠯᠬᠤ ᠭᠡᠵᠦ ᠪᠦᠲᠦᠨ ᠡᠳᠦᠷ ᠦ᠋ᠨ ᠶᠠᠪᠤᠳᠠᠯ ᠪᠣᠯᠤᠯ᠎ᠠ᠃ ᠰᠣᠩᠭᠣᠵᠤ ᠣᠯᠤᠮᠠᠭᠴᠠ ᠭᠠᠵᠠᠷ ᠤ᠋ᠨ ᠡᠵᠡᠨ ᠡᠴᠡ ᠲᠡᠷᠡ ᠬᠡᠰᠡᠭ ᠢ᠋ ᠭᠤᠶᠤᠬᠤ ᠶᠣᠰᠣᠯᠠᠯ ᠬᠢᠬᠦ ᠶᠣᠰᠣᠲᠠᠢ ᠪᠣᠯᠵᠠᠢ᠃ ᠭᠠᠵᠠᠷ ᠤ᠋ᠨ ᠠᠯᠪᠢᠨ ᠥᠰᠥᠭᠡᠢ ᠴᠠᠭᠠᠨ ᠬᠠᠷ᠎ᠠ ᠬᠠᠢᠨᠤᠭ ᠤᠨᠤᠭᠰᠠᠨ᠂ ᠯᠤᠤᠰ ᠤ᠋ᠨ ᠮᠣᠳᠣᠨ ᠤ᠋ ᠪᠠᠷᠢᠶ᠎ᠠ ᠪᠠᠷᠢᠭᠰᠠᠨ ᠴᠣᠬᠣᠷ ᠯᠠᠨᠳᠠᠡᠭ᠌ᠭᠠᠭᠪᠠ ᠭᠡᠭᠴᠢ ᠶ᠋ᠢ ᠠᠷᠭᠠᠳᠠᠬᠤ ᠤᠩᠰᠢᠯᠭ᠎ᠠ ᠦᠢᠯᠡᠳᠴᠦ᠂ ᠣᠷᠣᠩᠭ᠎ᠠ ᠶ᠋ᠢᠨ ᠡᠪᠡᠷ ᠢ᠋ᠶ᠋ᠡᠷ ᠭᠠᠵᠠᠷ ᠳᠡᠭᠡᠭᠦᠷ ᠵᠢᠷᠤᠵᠤ ᠰᠦᠮ᠎ᠡ ᠪᠠᠷᠢᠬᠤ ᠲᠡᠮᠳᠡᠭ ᠲᠠᠯᠪᠢᠵᠠᠭᠠᠯᠠ᠃ ᠳᠥᠷᠪᠡᠨ ᠥᠨᠴᠥᠭ᠂ ᠲᠥᠪ ᠳᠤᠮᠳᠠ ᠨᠢ ᠨᠦᠬᠡ ᠤᠬᠤᠵᠤ᠂ ᠸᠠᠭᠠᠷᠤᠨ ᠰᠠᠪᠠᠨᠠ ᠪᠣᠳᠣᠭ᠂ ᠮᠥᠩᠭᠥ᠂ ᠵᠣᠭᠣᠰ᠂ ᠴᠠᠢ ᠬᠠᠳᠠᠭ ᠬᠢᠵᠦ ᠪᠤᠯᠠᠭᠠᠳ ᠴᠠᠭᠠᠨ ᠢᠰᠡᠭᠡᠢ ᠳᠡᠪᠢᠰᠪᠡ᠂ ᠳᠤᠭᠠᠩ ᠪᠠᠷᠢᠬᠤ ᠪᠠᠷ ᠲᠠᠲᠠᠭᠰᠠᠨ ᠲᠡᠭ ᠳᠡᠭᠡᠷ᠎ᠡ ᠴᠠᠭᠠᠨ ᠭᠡᠭᠦᠦ᠂ ᠲᠡᠮᠡᠭᠡᠨ ᠦ᠌ ᠰᠦ ᠳᠤᠰᠤᠭᠠᠨ ᠮᠢᠯᠢᠶᠠᠯ᠎ᠠ᠃ ᠯᠠᠮᠠ ᠨᠠᠷ ᠰᠢᠷ᠎ᠠ᠂ ᠤᠯᠠᠭᠠᠨ ᠣᠷᠬᠢᠮᠵᠢ ᠪᠠᠨ ᠰᠠᠪᠰᠠᠭᠤᠯᠤᠨ ᠬᠣᠩᠬᠣ᠂ ᠳᠠᠮᠠᠷᠤ ᠪᠠᠨ ᠳᠤᠤᠤᠭᠠᠷᠭᠠᠨ ᠤᠩᠰᠢᠯᠭ᠎ᠠ ᠤᠩᠰᠢᠵᠤ᠂ ᠰᠦᠷᠲᠡᠢ ᠶᠣᠰᠣᠯᠠᠯ ᠪᠣᠯᠪᠠ᠃
ᠰᠠᠨᠵᠢᠳᠠᠯᠪᠢᠴᠣᠢᠵᠠᠮᠰᠤ ᡀᠠᠷᠠᠮᠪᠠ ᠶ᠋ᠢᠨ ᠵᠢᠭᠠᠪᠤᠷᠢ ᠶᠣᠰᠣᠭᠠᠷ ᠴᠣᠢᠷᠣ᠎ᠠ ᠶ᠋ᠢᠨ ᠳᠤᠭᠠᠩ ᠪᠠᠷᠢᠬᠤ ᠰᠠᠭᠤᠷᠢ ᠲᠠᠯᠪᠢᠬᠤ ᠠᠵᠢᠯ ᠨᠢᠭᠡᠨᠲᠡ ᠡᠬᠢᠯᠡᠭᠰᠡᠨ ᠨᠢ ᠲᠡᠷᠡ ᠬᠠᠪᠢ ᠶ᠋ᠢᠨ ᠯᠠᠮᠠ ᠬᠤᠸᠠᠷᠠᠭ᠂ ᠰᠦᠵᠢᠭᠲᠡᠨ ᠣᠯᠠᠨ ᠳ᠋ᠤ᠌ ᠣᠢᠷ᠎ᠠ ᠬᠠᠪᠢ ᠳ᠋ᠤ᠌ ᠰᠣᠨᠣᠰᠴᠤ᠂ ᠦᠵᠡᠭᠡ ᠦᠭᠡᠢ ᠲᠣᠮᠣ ᠦᠢᠯᠡ ᠶᠠᠪᠤᠳᠠᠯ ᠪᠣᠯᠵᠠᠢ᠃ ᠬᠥᠮᠦᠨ ᠪᠦᠷᠢ ᠯᠡ ᠶᠠᠮᠠᠷ ᠨᠢᠭᠡᠨ ᠬᠤᠪᠢ ᠬᠠᠨᠳᠢᠪ ᠨᠡᠮᠡᠷᠢᠯᠡᠬᠦ ᠪᠡᠷ ᠰᠢᠢᠳᠴᠦ᠂ ᠢᠮᠠᠭ᠎ᠠ ᠬᠣᠨᠢ ᠬᠥᠲᠥᠯᠦᠨ ᠢᠷᠡᠬᠦ᠂ ᠬᠠᠳᠠᠭ ᠶᠠᠨᠳᠠᠷ᠎ᠠ ᠠᠪᠴᠢᠷᠠᠬᠤ ᠠ᠋ᠴᠠ ᠡᠬᠢᠯᠡᠭᠡᠳ ᠡᠳᠦᠷ ᠪᠦᠷᠢ ᠡᠷᠭᠦᠯ ᠪᠠᠷᠢᠴᠠ ᠨᠡᠮᠡᠭᠳᠡᠭᠰᠡᠭᠡᠷ ᠪᠠᠢᠯ᠎ᠠ᠃ ᠰᠠᠨᠵᠢᠳᠠᠯᠪᠢᠴᠣᠢᠵᠠᠮᠰᠤ ᠬᠠᠮᠪᠣᠲᠠᠨ ᠥᠪᠡᠷ ᠦ᠋ᠨ ᠭᠠᠷ ᠢ᠋ᠶ᠋ᠠᠷ ᠰᠦᠮ᠎ᠡ ᠶ᠋ᠢᠨ ᠵᠢᠷᠤᠭ ᠢ᠋ ᠰᠠᠭᠤᠷᠢᠨ ᠠ᠋ᠴᠠ ᠨᠢ ᠡᠬᠢᠯᠡᠨ ᠵᠢᠷᠤᠵᠤ᠂ ᠵᠢᠭᠠᠪᠤᠷᠢᠯᠠᠵᠤ ᠪᠠᠢᠪᠠ᠃ ᠭᠡᠪᠡᠴᠦ ᠣᠷᠣᠨ ᠪᠠᠢᠰᠢᠩ ᠲᠡᠷᠯᠡᠭᠦᠯᠬᠦ ᠳᠠᠳᠤᠯᠭ᠎ᠠ ᠲᠠᠢ ᠬᠥᠮᠦᠨ ᠪᠠᠢᠬᠤ ᠦᠭᠡᠢ ᠶ᠋ᠢᠨ ᠬᠠᠷᠠᠭ᠎ᠠ ᠪᠠᠷ ᠠᠵᠢᠯ ᠲᠡᠳᠦᠢ ᠯᠡ ᠬᠤᠷᠳᠤᠨ ᠶᠠᠪᠤᠬᠤ ᠦᠭᠡᠢ ᠤᠳᠠᠭᠠᠰᠢᠷᠠᠯ ᠲᠠᠢ ᠳ᠋ᠤ᠌ ᠬᠠᠮᠪᠤ ᠯᠠᠮᠠ ᠶᠡᠬᠡ ᠯᠡ ᠬᠠᠯᠠᠭᠯᠠᠨᠠ᠃ ᠪᠣᠯᠳᠠᠭ ᠰᠠᠨ ᠪᠣᠯ ᠬᠤᠷᠠᠯ ᠨᠣᠮ ᠢ᠋ᠶ᠋ᠠᠨ ᠵᠣᠭᠰᠣᠭᠠᠵᠤ ᠬᠠᠮᠤᠭ ᠯᠠᠮᠠ ᠪᠠᠨ ᠬᠥᠭᠡᠭᠡᠵᠦ ᠭᠠᠷᠭᠠᠵᠤ ᠪᠠᠢᠭᠠᠳ ᠯᠠ ᠲᠡᠷᠡ ᠰᠦᠮ᠎ᠡ ᠶ᠋ᠢ ᠪᠣᠰᠬᠠᠮᠠᠷ ᠰᠠᠨᠠᠭᠳᠠᠨ᠎ᠠ᠃ ᠳᠤᠭᠠᠩ ᠪᠣᠰᠬᠠᠬᠤ ᠵᠢᠷᠤᠮ ᠶᠣᠰᠣ ᠶᠡᠬᠡ ᠨᠠᠷᠢᠨ ᠲᠤᠯᠠ ᠲᠡᠭᠦᠨ ᠢ᠋ ᠪᠠᠷᠢᠮᠲᠠᠯᠠᠬᠤ ᠤᠴᠢᠷᠲᠠᠢ᠃ ᠣᠢᠷ᠎ᠠ ᠬᠠᠪᠢ ᠶ᠋ᠢᠨ ᠭᠠᠵᠠᠷ ᠣᠷᠣᠨ ᠠ᠋ᠴᠠ ᠰᠦᠮ᠎ᠡ ᠳ᠋ᠦ᠍ ᠬᠡᠷᠡᠭᠯᠡᠬᠦ ᠪᠣᠳᠣᠭ᠂ ᠰᠢᠪᠡᠷ᠂ ᠴᠢᠯᠠᠭᠤ᠂ ᠮᠣᠳᠣ ᠵᠥᠭᠡᠭᠡᠬᠦ ᠳ᠋ᠦ᠍ ᠶᠡᠬᠡ ᠴᠠᠭ ᠣᠷᠣᠵᠤ ᠪᠠᠢᠯ᠎ᠠ᠃ ᠠᠰᠢᠭᠦᠢ ᠬᠣᠨᠳᠣ᠂ ᠰᠢᠩᠬᠤ᠂ ᠵᠣᠰᠣᠨ ᠤ᠋ ᠲᠥᠷᠥᠯ ᠦ᠋ᠨ ᠶᠠᠭᠤᠮ᠎ᠠ᠂ ᠬᠠᠷ᠎ᠠ ᠮᠣᠳᠣ᠂ ᠢᠷᠭᠠᠢ᠂ ᠴᠢᠷᠭᠠᠢ ᠶ᠋ᠢᠨ ᠵᠦᠢᠯ ᠨᠤᠲᠤᠭ ᠠ᠋ᠴᠠ ᠣᠯᠳᠠᠬᠤ ᠲᠥᠯᠥᠪ ᠲᠡᠢ ᠪᠠᠢᠯ᠎ᠠ᠃ ᠬᠠᠷᠢᠨ ᠲᠡᠭᠦᠨ ᠢ᠋ ᠡᠳ᠋ᠯᠡᠵᠦ ᠶᠠᠭᠤᠮ᠎ᠠ ᠪᠦᠲᠦᠭᠡᠬᠦ ᠬᠥᠮᠦᠨ ᠢ᠋ᠶ᠋ᠡᠷ ᠳᠤᠲᠠᠮᠠᠭ ᠪᠠᠢᠵᠤ ᠲᠠᠭᠠᠷᠬᠤ ᠰᠢᠨᠵᠢᠲᠡᠢ ᠪᠣᠯᠵᠠᠢ᠃ ᠭᠡᠪᠡᠴᠦ ᠰᠠᠨᠵᠢᠳᠠᠯᠪᠢᠴᠣᠢᠵᠠᠮᠰᠤ ᠬᠠᠮᠪᠣᠲᠠᠨ ᠨᠢᠭᠡᠨᠲᠡ ᠰᠢᠢᠳᠴᠦ ᠵᠣᠷᠢᠭᠰᠠᠨ ᠶᠠᠭᠤᠮᠠᠨ ᠤ᠋ ᠪᠠᠨ ᠲᠥᠯᠥᠭᠡ ᠬᠠᠮᠤᠭ ᠤᠬᠠᠭᠠᠨ ᠴᠢᠳᠠᠯ ᠢ᠋ᠶ᠋ᠠᠨ ᠰᠢᠪᠬᠠᠨ ᠵᠣᠷᠢᠭᠤᠯᠬᠤ ᠪᠠᠷ ᠴᠢᠷᠮᠠᠢᠵᠤ᠂ ᠡᠳᠦᠷ ᠰᠥᠨᠢ ᠶ᠋ᠢ ᠢᠯᠭᠠᠬᠤ ᠦᠭᠡᠢ ᠪᠡᠷ ᠤᠷᠤᠯᠳᠤᠨ ᠬᠢᠬᠦ ᠪᠣᠯᠤᠯ᠎ᠠ᠃ ᠲᠡᠷᠡ ᠨᠢ ᠰᠦᠵᠢᠭᠲᠡᠨ ᠨᠥᠬᠥᠳ ᠢ᠋ ᠪᠠᠢᠲᠤᠭᠠᠢ ᠯᠠᠮᠠ ᠨᠠᠷ ᠢ᠋ ᠴᠦ᠍ ᠬᠣᠮᠣᠷᠭᠠᠨ ᠳ᠋ᠤ᠌ ᠪᠠᠨ ᠬᠤᠮᠢᠨ ᠲᠠᠲᠠᠵᠠᠢ᠃ ᠲᠡᠢᠨ ᠬᠦ᠌ ᠪᠥᠭᠡᠮ ᠠᠵᠢᠯ ᠳᠡᠭᠳᠡᠯ᠎ᠡ᠃
