ᠮᠥᠩᠭᠥᠨ ᠦ᠌ ᠲᠤᠬᠠᠢ ᠤᠴᠢᠷᠯᠠᠬᠤᠢ - ᠵᠣᠬᠢᠶᠠᠭᠴᠢ᠄ ᠸ ᠂ ᠠᠭᠤᠯᠠ ᠂ ᠤᠶᠠᠩᠭᠠᠯᠠᠭᠴᠢ᠄ ᠰᠠᠷᠠᠨᠲᠤᠶᠠᠭ᠎ᠠ Мөнгөний тухай учирлахуй - Зохиогч: В᠂ Уул ᠂ Уянгалагч: Сарантуяа
ᠮᠥᠩᠭᠥᠨ ᠦ᠌ ᠲᠤᠬᠠᠢ ᠤᠴᠢᠷᠯᠠᠬᠤᠢ
ᠵᠣᠬᠢᠶᠠᠭᠴᠢ᠄ ᠸ ᠂ ᠠᠭᠤᠯᠠ
ᠤᠶᠠᠩᠭᠠᠯᠠᠭᠴᠢ᠄ ᠰᠠᠷᠠᠨᠲᠤᠶᠠᠭ᠎ᠠ
ᠶᠡᠷᠦ ᠶ᠋ᠢᠨ ᠦᠭᠡᠨ ᠳ᠋ᠦ᠍《 ᠵᠣᠭᠣᠰ ᠦᠭᠡᠢ ᠪᠣᠯ ᠵᠣᠭᠰᠣᠭ᠎ᠠ ᠶᠢᠷᠲᠢᠨᠴᠦ᠂ ᠵᠣᠭᠣᠰ ᠲᠠᠢ ᠶᠤᠮ ᠪᠣᠯ ᠵᠢᠷᠣᠭ᠎ᠠ ᠶᠢᠷᠲᠢᠨᠴᠦ 》 ᠭᠡᠳᠡᠭ᠃ ᠦᠨᠡᠬᠡᠷ ᠲᠡᠢᠮᠦ ᠪᠠᠢᠬ᠎ᠠ᠂ ᠡᠨᠡ ᠨᠢ ᠶᠣᠰᠣᠲᠠᠢ ᠯᠠ ᠭᠠᠷ ᠲᠠᠲᠠᠭᠤ ᠶᠤᠮ ᠪᠣᠯ ᠠᠮᠢᠳᠤᠷᠠᠯ ᠶᠠᠳᠠᠭᠤ᠂ ᠭᠠᠨᠵᠤᠭ᠎ᠠ ᠳᠦᠭᠦᠷᠡᠩ ᠶᠦᠮ ᠪᠣᠯ ᠪᠠᠶᠠᠨ ᠠᠮᠢᠳᠤᠷᠠᠯ ᠭᠡᠵᠦ ᠬᠡᠯᠡᠵᠦ ᠪᠣᠯᠤᠨ᠎ᠠ᠃ ᠮᠠᠷᠺᠰ ᠠ᠋ᠴᠠ 《 ᠬᠥᠷᠥᠩᠭᠡ ᠶᠢᠷᠲᠢᠨᠴᠦ ᠳᠡᠭᠡᠷ᠎ᠡ ᠪᠣᠢ ᠪᠣᠯᠠᠠᠣ ᠲᠠᠢ ᠵᠡᠷᠭᠡ ᠲᠡᠷᠡ ᠨᠢ ᠬᠥᠮᠦᠰ ᠦ᠋ᠨ ᠰᠢᠷ᠎ᠠ ᠦᠰᠦᠨ ᠦ᠌ ᠰᠦᠪᠡ ᠨᠢᠭᠡᠪᠦᠷᠢ ᠡᠴᠡ ᠨᠢ ᠴᠥᠮ ᠪᠣᠯᠠᠢ ᠰᠢᠭᠦᠰᠦ ᠳᠤᠰᠤᠯᠠᠵᠤ ᠪᠠᠢᠳᠠᠭ 》 ᠭᠡᠬᠦ ᠨᠢ ᠮᠥᠩᠭᠥᠨ ᠦ᠌ ᠲᠤᠬᠠᠢ ᠲᠤᠢᠯ ᠤ᠋ᠨ ᠰᠣᠳᠣ ᠮᠡᠷᠭᠡᠨ ᠣᠨᠣᠭᠠᠵᠤ ᠬᠡᠯᠡᠭᠰᠡᠨ ᠨᠤᠲᠠᠯᠠᠯᠲᠠ ᠠᠵᠢ᠃ ᠮᠥᠩᠭᠥᠨ ᠦ᠌ ᠲᠤᠬᠠᠢ ᠨᠢᠭᠡᠨ ᠪᠠᠭ᠎ᠠ ᠬᠡᠦᠬᠡᠳ ᠦ᠋ᠨ ᠦᠯᠢᠭᠡᠷ ᠶᠠᠷᠢᠪᠠᠯ᠂ ᠨᠢᠭᠡᠨ ᠬᠡᠦᠬᠡᠳ ᠭᠤᠷᠪᠠᠨ ᠨᠠᠰᠤᠨ ᠡᠴᠡ ᠪᠡᠨ ᠵᠢᠯ ᠴᠠᠭᠠᠨ ᠰᠠᠷ᠎ᠠ ᠪᠦᠷᠢ ᠶ᠋ᠢᠨ ᠶᠡᠬᠡᠴᠦᠦᠯ ᠡᠴᠡ ᠲᠡᠭᠦᠨ ᠳ᠋ᠦ᠍ ᠥᠭᠭᠦᠭᠰᠡᠨ ᠨᠠᠰᠤ ᠨᠡᠮᠡᠭᠳᠡᠭᠰᠡᠨ ᠮᠥᠩᠭᠥ ᠪᠡᠨ ᠬᠤᠷᠠᠮᠳᠤᠭᠤᠯᠤᠨ ᠴᠤᠭᠯᠠᠭᠤᠯᠵᠠᠢ᠃ ᠣᠯᠤᠭᠰᠠᠨ ᠡᠳᠡᠭᠡᠷ ᠮᠥᠩᠭᠥ ᠪᠡᠨ ᠥᠪᠡᠷ ᠦ᠋ᠨ ᠠᠷᠰᠠᠷ ᠬᠡᠷᠡᠭᠯᠡᠬᠦᠨ ᠳ᠋ᠦ᠍ ᠪᠡᠨ ᠵᠠᠷᠤᠭᠰᠠᠨ ᠦᠭᠡᠢ ᠪᠥᠭᠡᠳ ᠡᠳᠡᠭᠡᠷ ᠮᠥᠩᠭᠥ ᠪᠡᠨ ᠬᠠᠷᠢᠨ ᠡᠪᠦᠭᠡ ᠡᠮᠡᠭᠡ ᠶ᠋ᠢᠨ ᠢ᠋ᠶ᠋ᠡᠨ ᠵᠢᠯ ᠪᠦᠷᠢ ᠶ᠋ᠢᠨ ᠥᠨᠳᠥᠷ ᠨᠠᠰᠤᠨ ᠤ᠋ ᠣᠢ ᠶ᠋ᠢᠨ ᠡᠳᠦᠷ ᠲᠦ᠍ ᠦᠳᠡᠯᠦᠭᠡ ᠬᠥᠮᠦᠰ ᠦ᠋ᠨ ᠠᠵᠤ ᠠᠮᠢᠳᠤᠷᠠᠯ ᠤ᠋ᠨ ᠬᠡᠷᠡᠭᠴᠡᠭᠡ ᠪᠦᠬᠦᠢ ᠳᠤᠷᠠᠰᠬᠠᠯ ᠤ᠋ᠨ ᠪᠣᠳᠠᠰ ᠠᠪᠴᠤ ᠡᠪᠦᠭᠡ ᠡᠮᠡᠭᠡ ᠪᠡᠨ ᠪᠠᠶᠠᠷᠯᠠᠭᠤᠯᠳᠠᠭ᠂ ᠡᠨᠡ ᠦᠨᠡᠬᠡᠷ ᠶᠣᠰᠣᠲᠠᠢ 《 ᠬᠥᠮᠦᠨ ᠪᠣᠯᠠᠠᠣ ᠪᠠᠭ᠎ᠠ ᠠ᠋ᠴᠠ᠂ ᠬᠦᠯᠦᠭ ᠪᠣᠯᠠᠠᠣ ᠤᠨᠠᠭᠠᠨ ᠠ᠋ᠴᠠ 》 ᠭᠡᠳᠡᠭᠴᠢᠯᠡᠨ ᠡᠨᠡ ᠬᠦ ᠪᠠᠭ᠎ᠠ ᠬᠡᠦᠬᠡᠳ ᠦ᠋ᠨ ᠮᠥᠩᠭᠥ ᠶ᠋ᠢᠨ ᠲᠤᠬᠠᠢ ᠦᠵᠡᠯᠲᠡ ᠨᠢ ᠶᠣᠰᠣᠲᠠᠢ ᠲᠤᠯᠠ ᠮᠠᠭᠲᠠᠭᠤᠰᠢᠲᠠᠢ ᠪᠠᠢᠨ᠎ᠠ᠂ ᠮᠥᠩᠭᠥ ᠵᠣᠭᠣᠰ ᠨᠢ ᠬᠡᠳᠦᠢᠪᠡᠷ ᠠᠮᠢ ᠦᠭᠡᠢ ᠪᠣᠳᠠᠰ ᠪᠣᠯᠪᠠᠴᠤ᠂ ᠠᠮᠢᠲᠠᠨ ᠵᠢᠷᠭᠤᠭᠠᠨ ᠵᠦᠢᠯ ᠡᠴᠡ ᠴᠦ᠍ ᠬᠤᠷᠴᠠ ᠰᠡᠷᠭᠡᠭ᠂ ᠨᠢᠳᠦ ᠬᠠᠮᠠᠷ ᠦᠭᠡᠢ ᠪᠣᠯᠪᠠᠴᠤ ᠨᠡᠢᠭᠡᠮ ᠳᠠᠶᠠᠭᠠᠷ ᠲᠤ᠌ ᠠᠩᠠᠠᠠᠷᠣᠯ ᠢ᠋ᠶ᠋ᠠᠨ ᠬᠠᠨᠳᠤᠭᠤᠯᠵᠤ᠂ ᠲᠤᠢᠯ ᠤ᠋ᠨ ᠰᠣᠷᠭᠣᠭ ᠭᠢᠷᠠᠬᠠᠢ ᠪᠠᠢᠳᠠᠭ ᠢ᠋ᠶ᠋ᠠᠷ ᠢ᠋ᠶ᠋ᠠᠨ᠂ ᠲᠡᠷᠡ ᠨᠢ ᠠᠷᠠᠳ ᠢᠷᠭᠡᠳ ᠢ᠋ ᠨᠡᠪᠲᠡᠯᠦᠨ ᠬᠠᠶᠠᠳᠠᠭ ᠲᠤᠢᠯ ᠤ᠋ᠨ ᠰᠣᠷᠭᠣᠭ ᠠᠶᠤᠮᠰᠢᠭᠲᠤ ᠰᠦᠷᠡᠬᠡᠢ ᠬᠠᠴᠢᠨ ᠠᠮᠢᠲᠠᠨ ᠶᠤᠮ ᠰᠢᠭ᠋ ᠳᠡ !
《 ᠵᠥᠪᠬᠡᠨ ᠵᠣᠭᠣᠰ ᠯᠠ ᠭᠡᠳ ᠪᠠᠢᠪᠠᠯ ᠵᠣᠪᠠᠯᠠᠩ ᠳ᠋ᠤ᠌ ᠤᠨᠠᠬᠤ ᠨᠢ ᠲᠡᠷᠡ 》 ᠭᠡᠳᠡᠭ᠃ ᠬᠡᠯᠡᠯᠭᠡᠨ ᠦᠭᠡᠢ᠂ ᠪᠣᠳᠠᠲᠤ ᠠᠮᠢᠳᠤᠷᠠᠯ ᠤ᠋ᠨ ᠶᠠᠪᠤᠴᠠ ᠳ᠋ᠤ᠌ ᠮᠥᠩᠭᠥ ᠦᠭᠡᠢ ᠶᠦ᠍ᠮ ᠪᠣᠯ ᠪᠠᠰᠠ ᠴᠤ᠌ ᠳᠣᠷᠣᠢ ᠬᠠᠷᠠᠴᠠ᠂ ᠬᠣᠶᠠᠷ ᠮᠥᠷᠥ ᠶ᠋ᠢᠨ ᠬᠦᠴᠦᠨ ᠳ᠋ᠦ᠍ ᠪᠡᠨ ᠲᠦᠰᠢᠭᠯᠡᠵᠦ ᠣᠯᠤᠭᠰᠠᠨ ᠮᠥᠩᠭᠥ ᠲᠡᠢ ᠶᠦ᠍ᠮ ᠪᠣᠯ ᠪᠠᠰᠠ ᠴᠤ᠌ ᠪᠠᠶᠠᠨ ᠲᠠᠩᠰᠤᠭ ᠨᠢᠷᠤᠭᠤ ᠭᠡᠲᠡᠬᠡᠷ ᠶᠦ᠍ᠮ ᠪᠠᠢᠨ᠎ᠠ᠃ ᠡᠨᠡ ᠨᠢ ᠴᠦ᠍ ᠲᠦᠮᠡᠨ ᠵᠥᠪ ᠶᠦ᠍ᠮ ᠪᠠᠢᠨ᠎ᠠ ᠳᠠ᠃ ᠦᠨᠡᠨ ᠳ᠋ᠦ᠍ ᠪᠡᠨ ᠵᠣᠭᠣᠰ ᠮᠥᠩᠭᠥ ᠶ᠋ᠢ ᠣᠯᠠᠠᠣ ᠳ᠋ᠤ᠌ ᠬᠢᠯᠪᠠᠷ ᠪᠤᠰᠤ ᠪᠣᠯᠪᠠᠴᠤ᠂ ᠲᠡᠭᠦᠨ ᠢ᠋ ᠪᠦᠷᠢᠯᠭᠡᠬᠦ ᠳ᠋ᠦ᠍ ᠬᠠᠷᠢᠨ ᠬᠣᠷᠣᠮᠬᠠᠨ ᠵᠠᠭᠤᠷ᠎ᠠ ᠶ᠋ᠢᠨ ᠤᠴᠢᠷ ᠶᠤᠮ ᠳᠠ᠃ ᠣᠳᠣᠬᠠᠨ᠎ᠠ᠂ ᠮᠠᠨ ᠤ᠋ ᠤᠯᠤᠰ ᠠᠷᠠᠳ ᠤ᠋ᠨ ᠠᠵᠤ ᠠᠠᠠᠣᠢ ᠨᠢᠰᠬᠦ ᠮᠡᠲᠦ ᠪᠡᠷ ᠬᠥᠭᠵᠢᠵᠦ᠂ ᠬᠥᠮᠦᠨ ᠪᠦᠷᠢ ᠶ᠋ᠢᠨ ᠲᠡᠭᠰᠢᠳᠬᠡᠭᠰᠡᠨ ᠣᠷᠣᠯᠭ᠎ᠠ ᠴᠤ᠌ ᠮᠠᠳ᠋ᠩᠳ᠋ᠠᠬᠥ᠍ᠢ᠍ᠢᠴᠠ ᠨᠠᠮᠩᠳ᠋ᠠᠵᠣ ᠪᠠᠢᠭ᠎ᠠ ᠶᠡᠬᠡ ᠰᠠᠢᠨ ᠪᠠᠢᠳᠠᠯ ᠳᠣᠣᠷ᠎ᠠ ᠂ ᠴᠢᠮᠡᠭᠡ ᠵᠠᠩᠭᠢ ᠶ᠋ᠢᠨ ᠲᠦᠷᠭᠡᠨ ᠬᠥᠭᠵᠢᠯᠲᠡ ᠳᠣᠣᠷ᠎ᠠ ᠬᠥᠮᠦᠰ ᠦ᠋ᠨ ᠮᠥᠩᠭᠥ ᠶ᠋ᠢᠨ ᠲᠤᠬᠠᠢ ᠣᠢᠯᠠᠭᠠᠭᠳᠠᠬᠤᠨ ᠴᠤ᠌ ᠬᠡᠳᠦᠢᠪᠡᠷ ᠠᠳᠠᠯᠢ ᠦᠭᠡᠢ ᠪᠣᠯᠪᠠᠴᠤ᠂ ᠨᠥᠭᠦᠭᠡ ᠲᠠᠯ᠎ᠠ ᠪᠠᠷ ᠨᠡᠢᠭᠡᠮ ᠵᠢᠷᠤᠮᠲᠤ ᠨᠡᠢᠭᠡᠮ ᠦ᠋ᠨ ᠬᠤᠪᠢᠶᠠᠷᠢᠯᠠᠬᠤ ᠵᠠᠷᠴᠢᠮ ᠨᠢ ᠴᠦ᠍ 《 ᠬᠡᠳᠦᠢ ᠬᠥᠳᠡᠯᠮᠦᠷᠢᠯᠡᠪᠡᠯ ᠲᠡᠳᠦᠢ ᠣᠯᠠᠠᠣ ᠬᠥᠳᠡᠯᠮᠦᠷᠢᠯᠡᠭᠰᠡᠨ ᠦ᠌ ᠬᠢᠨᠢ ᠬᠢᠷᠢ ᠪᠡᠷ ᠬᠤᠪᠢᠶᠠᠷᠢᠯᠠᠬᠤ 》 ᠵᠠᠷᠴᠢᠮ ᠪᠠᠢᠳᠠᠭ᠂ ᠶᠠᠭ ᠡᠢᠮᠦ ᠡᠴᠡ ᠮᠥᠩᠭᠥ ᠨᠢ ᠲᠡᠷᠡ ᠴᠢᠭ ᠢ᠋ᠶ᠋ᠡᠷ ᠢ᠋ᠶ᠋ᠡᠨ ᠬᠥᠮᠦᠰ ᠦ᠋ᠨ ᠪᠣᠷᠪᠢ ᠨᠤᠭᠤᠷᠠᠯ ᠦᠭᠡᠢ ᠠᠵᠢᠯᠯᠠᠵᠤ ᠣᠯᠤᠭᠰᠠᠨ ᠪᠣᠯᠠᠢ ᠰᠢᠭᠦᠰᠦ ᠶ᠋ᠢᠨ ᠳᠤᠰᠤᠯ ᠤ᠋ᠨ ᠬᠣᠷᠠᠮᠳ᠋ᠠᠯ ᠪᠣᠯᠠᠠᠣ ᠶᠤᠮ᠃ ᠮᠢᠨᠦ ᠨᠢᠭᠡᠨ ᠨᠠᠢᠵᠠ ᠶ᠋ᠢᠨ ᠶᠠᠷᠢᠭᠰᠠᠨ ᠢ᠋ᠶ᠋ᠠᠷ ᠲᠡᠭᠦᠨ ᠲᠡᠢ ᠬᠠᠮᠲᠤ ᠪᠠᠷ ᠭᠠᠳᠠᠭᠰᠢ ᠬᠤᠷᠠᠯ ᠳ᠋ᠤ᠌ ᠣᠷᠣᠯᠴᠠᠭᠠᠳ ᠨᠢᠭᠡᠨ ᠨᠥᠬᠥᠷ ᠲᠡᠢ ᠬᠣᠶᠠᠭᠤᠯᠠ ᠪᠠᠨ ᠨᠢᠭᠡᠨ ᠪᠠᠭᠤᠳᠠᠯ ᠤ᠋ᠨ ᠥᠷᠥᠭᠡᠨ ᠳ᠋ᠦ᠍ ᠬᠠᠮᠲᠤ ᠪᠠᠭᠤᠳᠠᠯᠯᠠᠭᠠᠳ᠂ ᠲᠡᠷᠡ ᠨᠥᠬᠥᠷ ᠨᠢ ᠪᠦᠬᠦᠢᠯᠡ ᠰᠥᠨᠢ ᠲᠤᠷᠰᠢ ᠤᠨᠲᠠᠵᠤ ᠳᠡᠢᠯᠬᠦ ᠦᠭᠡᠢ᠂ ᠪᠠᠢᠨ ᠳᠠᠬᠢᠨ ᠤᠨᠲᠠᠭᠰᠠᠨ ᠣᠷᠣᠨ ᠡᠴᠡ ᠪᠡᠨ ᠥᠨᠳᠡᠢᠨ ᠪᠣᠰᠴᠤ᠂ ᠰᠠᠨᠠᠭ᠎ᠠ ᠰᠡᠭᠦᠷᠡᠰᠦ ᠠᠯᠳᠠᠵᠤ ᠪᠠᠢᠬᠤ ᠶ᠋ᠢ ᠨᠢ ᠦᠵᠡᠭᠡᠳ ᠮᠢᠨᠦ ᠨᠠᠢᠵᠠ ᠲᠡᠰᠬᠡᠯ ᠦᠭᠡᠢ 《 ᠴᠢ ᠴᠣᠠᠠᠣᠮ ᠶᠠᠭᠠᠬᠢᠭᠰᠠᠨ ᠪᠣᠢ ? 》 ᠭᠡᠪᠡᠯ᠂ ᠨᠥᠭᠦᠭᠡ ᠬᠠᠨᠢ ᠨᠢ ᠬᠠᠷᠢᠨ 《 ᠮᠢᠨᠦ ᠠᠯᠢᠪᠠ ᠪᠦᠬᠦᠨ ᠴᠥᠮ ᠣᠳᠣ ᠤᠳᠠᠯ ᠦᠭᠡᠢ ᠲᠠᠭᠣᠰᠠᠠᠣ ᠪᠣᠯᠤᠨ᠎ᠠ᠂ ᠤᠴᠢᠷ ᠨᠢ ᠪᠢ ᠳᠠᠷᠤᠭ᠎ᠠ ᠳ᠋ᠤ᠌ ᠪᠠᠨ ᠨᠡᠯᠢᠶᠡᠳ ᠬᠡᠳᠦᠨ ᠲᠦᠮᠡᠨ ᠲᠥᠭᠥᠷᠢᠭ ᠮᠥᠩᠭᠥ ᠥᠭᠭᠦᠭᠡᠳ ᠥᠨᠥ ᠪᠢ ᠬᠡᠳᠦᠢᠪᠡᠷ ᠰᠠᠨᠠᠭᠠᠨ ᠳ᠋ᠤ᠌ ᠪᠠᠨ ᠬᠦᠷᠴᠦ ᠵᠡᠷᠭᠡ ᠳᠡᠪᠰᠢᠭᠰᠡᠨ ᠪᠣᠯᠪᠠᠴᠤ᠂ ᠬᠡᠳᠦᠨ ᠡᠳᠦᠷ ᠦ᠋ᠨ ᠡᠮᠦᠨ᠎ᠡ᠂ ᠮᠢᠨᠦ ᠳᠠᠷᠤᠭ᠎ᠠ ᠨᠢᠭᠡᠨᠲᠡ ᠬᠠᠤᠯᠢ ᠶᠣᠰᠣ ᠪᠠᠷ ᠪᠠᠢᠴᠠᠭᠠᠭᠳᠠᠭᠰᠠᠨ ᠲᠤᠯᠠ ᠣᠳᠣ ᠪᠢ ᠴᠦ᠍ ᠳᠡᠮᠡᠢ ᠤᠳᠠᠯ ᠦᠭᠡᠢ ᠪᠠᠢᠴᠠᠭᠠᠭᠳᠠᠬᠤ ᠨᠢ ᠲᠡᠷᠡ ᠠ᠋ 》 ᠭᠡᠮᠡᠨ ᠨᠢᠳᠦᠨ ᠡᠴᠡ ᠪᠡᠨ ᠨᠢᠯᠪᠤᠰᠤ ᠲᠠᠢ ᠪᠠᠷ 《 ᠪᠥᠵᠥᠩ ᠡᠪᠦᠷᠯᠡᠭᠰᠡᠨ ᠰᠢᠭ 》 ᠭᠡᠮᠰᠢᠨ ᠬᠠᠷᠠᠮᠰᠠᠵᠤ ᠪᠠᠢᠨ᠎ᠠ᠂ ᠡᠨᠡ ᠪᠣᠯ ᠳᠠᠷᠤᠢ ᠮᠥᠩᠭᠥ ᠶ᠋ᠢ ᠪᠤᠷᠤᠭᠤ ᠭᠠᠵᠠᠷ ᠲᠤ᠌ ᠬᠡᠷᠡᠭᠯᠡᠭᠡᠳ ᠭᠡᠮᠰᠢᠵᠦ ᠪᠠᠢᠭ᠎ᠠ ᠪᠣᠳᠠᠲᠤ ᠦᠯᠢᠭᠡᠷ ᠶᠦ᠍ᠮ ᠰᠠᠨ᠃ ᠡᠢᠨ ᠬᠦ ᠮᠥᠩᠭᠥ ᠶ᠋ᠢᠨ ᠬᠦᠴᠦ ᠴᠢᠳᠠᠯ ᠨᠢ ᠬᠥᠮᠦᠰ ᠢ᠋ ᠭᠡᠮᠰᠢᠯ ᠦ᠋ᠨ ᠵᠠᠮ ᠳ᠋ᠤ᠌ ᠴᠤ᠌ ᠣᠷᠣᠭᠣᠯᠠᠠᠣ ᠶᠤᠮ ᠪᠠᠢᠨ᠎ᠠ᠂ ᠭᠡᠶ᠎ᠡ ᠮᠥᠩᠭᠥ ᠶ᠋ᠢ ᠵᠥᠪ ᠭᠠᠵᠠᠷ ᠲᠤ᠌ ᠨᠢ ᠬᠡᠷᠡᠭᠯᠡᠪᠡᠯ᠂ ᠲᠡᠷᠡ ᠨᠢ ᠬᠢᠵᠠᠭᠠᠷᠯᠠᠰᠢ ᠦᠭᠡᠢ ᠢᠳᠡᠪᠬᠢ ᠡᠷᠴᠢ ᠪᠡᠷ ᠪᠤᠲᠠᠷᠠᠭᠰᠠᠨ ᠺᠣᠮᠫᠠᠨᠢ ᠶ᠋ᠢ ᠳᠠᠬᠢᠨ ᠰᠡᠷᠭᠦᠭᠡᠬᠦ ᠬᠥᠳᠡᠯᠭᠡᠬᠦ ᠬᠦᠴᠦᠨ ᠲᠡᠢ ᠪᠥᠭᠡᠳ ᠪᠤᠶᠠᠨᠰᠠᠭ ᠦᠢᠯᠡ ᠠᠵᠢᠯᠯᠠᠭ᠎ᠠ ᠶ᠋ᠢᠨ ᠠᠯᠲᠠᠨ ᠲᠦᠯᠬᠢᠭᠦᠷ ᠪᠣᠯᠠᠠᠣ ᠶᠤᠮ᠃ ᠲᠡᠷᠡ ᠨᠢ ᠪᠠᠰᠠ ᠴᠤ᠌ ᠶᠢᠷᠲᠢᠨᠴᠦ ᠶ᠋ᠢ ᠲᠦᠷᠭᠡᠳᠬᠡᠨ ᠤᠷᠤᠭᠰᠢᠯᠠᠭᠤᠯᠬᠤ ᠬᠥᠰᠢᠭᠦᠷᠬᠡ ᠪᠣᠯᠠᠠᠣ ᠪᠥᠭᠡᠳ ᠵᠠᠩᠭᠢᠯᠠᠭ᠎ᠠ ᠶ᠋ᠢᠨ ᠦᠶᠡᠰ ᠲᠦ᠍ ᠶᠠᠪᠤᠳᠠᠯ ᠪᠦᠬᠦᠨ ᠢ᠋ ᠪᠡᠶᠡᠯᠡᠭᠦᠯᠬᠦ ᠪᠤᠷᠬᠠᠨ ᠤᠪᠠᠳᠢᠰᠲᠤ ᠠᠪᠤᠷᠠᠭᠴᠢ ᠪᠣᠯᠠᠠᠣ ᠨᠢ ᠭᠠᠷᠴᠠᠭ᠎ᠠ ᠦᠭᠡᠢ !
《 ᠮᠥᠩᠭᠥ ᠠᠷᠪᠢᠨ ᠴᠤ᠌ ᠬᠥᠳᠡᠯᠮᠦᠷᠢ ᠪᠡᠷ᠂ ᠬᠦᠨᠳᠦ ᠠᠷᠪᠢᠨ ᠴᠤ᠌ ᠢᠲᠡᠭᠡᠯ ᠢ᠋ᠶ᠋ᠡᠷ 》 《 ᠠᠯᠲᠠ ᠶ᠋ᠢ ᠬᠥᠭᠡᠭᠡᠴᠡᠯᠳᠦᠵᠦ ᠦᠬᠦᠳᠡᠭ᠂ ᠠᠵᠢᠯ ᠢ ᠬᠢᠵᠦ ᠪᠠᠶᠠᠵᠢᠳᠠᠭ 》 ᠨᠢ ᠠᠵᠢᠯᠴᠢ ᠬᠥᠳᠡᠯᠮᠦᠷᠢᠴᠢ ᠠᠷᠢᠭᠤᠨ ᠰᠤᠷᠲᠠᠯ ᠬᠢᠭᠡᠳ ᠬᠠᠤᠯᠢ ᠪᠤᠰᠤ ᠶ᠋ᠢᠨ ᠠᠵᠢᠯᠯᠠᠭ᠎ᠠ ᠪᠦᠬᠦᠢ ᠦᠵᠡᠭᠳᠡᠯ ᠢ᠋ ᠣᠨᠣᠭᠠᠵᠤ ᠬᠡᠯᠡᠭᠰᠡᠨ ᠦᠭᠡ ᠪᠠᠢᠨ᠎ᠠ᠂ ᠶᠡᠷᠦ ᠳ᠋ᠦ᠍ ᠪᠡᠨ ᠠᠠᠠᠣᠢ ᠶᠢᠷᠲᠢᠨᠴᠦ ᠳᠤᠮᠳᠠ ᠬᠥᠮᠦᠰ ᠮᠥᠩᠭᠥ ᠦᠭᠡᠢ ᠶᠦ᠍ᠮ ᠪᠣᠯ ᠠᠮᠢᠳᠤᠷᠠᠯ ᠬᠣᠴᠣᠷᠤᠩᠭᠤᠢ ᠴᠢᠳᠠᠯ ᠮᠡᠬᠦᠰ ᠪᠠᠢᠵᠤ᠂ ᠠᠵᠢᠯᠴᠢ ᠬᠣᠶᠠᠷ ᠭᠠᠷ ᠢ᠋ᠶ᠋ᠠᠨ ᠲᠦᠰᠢᠭᠯᠡᠨ ᠣᠯᠤᠭᠰᠠᠨ ᠮᠥᠩᠭᠥ ᠲᠡᠢ ᠶᠦᠮ ᠪᠣᠯ ᠵᠣᠷᠢᠭ ᠰᠦᠯᠳᠡ ᠪᠠᠳᠠᠷᠠᠩᠭᠤᠢ ᠪᠠᠢᠳᠠᠭ᠂ ᠵᠠᠷᠢᠮ ᠬᠥᠮᠦᠰ ᠮᠥᠩᠭᠥ ᠴᠤᠭᠯᠠᠭᠤᠯᠤᠭᠠᠳ᠂ ᠵᠢᠷᠭᠠᠨ ᠴᠡᠩᠭᠡᠵᠦ᠂ ᠪᠦᠷᠢᠯᠭᠡᠨ ᠰᠦᠢᠳᠬᠡᠵᠦ ᠪᠠᠢᠬᠤ ᠳ᠋ᠤ᠌᠂ ᠵᠠᠷᠢᠮ ᠬᠥᠮᠦᠨ ᠴᠤᠭᠯᠠᠭᠤᠯᠤᠭᠰᠠᠨ ᠮᠥᠩᠭᠥ ᠪᠡᠷ ᠢ᠋ᠶ᠋ᠡᠨ ᠨᠣᠮ ᠪᠢᠴᠢᠭ ᠬᠡᠪᠯᠡᠭᠦᠯᠦᠨ ᠲᠠᠷᠠᠠᠠᠭᠠᠵᠣ᠂ ᠢᠷᠡᠭᠡᠳᠦᠢ ᠳ᠋ᠦ᠍ ᠨᠡᠩ ᠣᠯᠠᠨ ᠠᠷᠠᠳ ᠢᠷᠭᠡᠳ ᠲᠦ᠍ ᠲᠤᠰᠠᠲᠠᠢ ᠳᠤᠷᠠᠰᠬᠠᠯ ᠤ᠋ᠨ ᠴᠢᠨᠠᠷᠲᠠᠢ ᠦᠢᠯᠡ ᠠᠵᠢᠯᠯᠠᠭ᠎ᠠ ᠶ᠋ᠢ ᠦᠢᠯᠡᠳᠴᠦ ᠪᠠᠢᠳᠠᠭ᠃ ᠥᠪᠡᠷ ᠦ᠋ᠨ ᠣᠶᠤᠨ ᠤᠬᠠᠭᠠᠨ ᠬᠢᠭᠡᠳ ᠬᠦᠴᠦ ᠬᠥᠳᠡᠯᠮᠦᠷᠢ ᠪᠡᠷ ᠢ᠋ᠶ᠋ᠡᠨ ᠣᠯᠤᠭᠰᠠᠨ ᠮᠥᠩᠭᠥ ᠶ᠋ᠢᠨ ᠢᠳᠡᠪᠬᠢ ᠴᠢᠨᠠᠷ ᠨᠢ ᠦᠯᠡᠮᠵᠢ ᠶᠡᠬᠡ ᠪᠥᠭᠡᠳ ᠲᠡᠷᠡ ᠨᠢ ᠠᠭᠤᠯᠠ ᠶ᠋ᠢ ᠨᠡᠭᠦᠯᠭᠡᠬᠦ ᠴᠢᠳᠠᠯ ᠲᠠᠢ ᠪᠠᠢᠳᠠᠭ᠂ ᠮᠥᠩᠭᠥ ᠶ᠋ᠢ ᠡᠪᠯᠡᠭᠦᠯᠦᠨ ᠴᠢᠬᠤᠯᠠ ᠲᠠᠢ ᠭᠠᠵᠠᠷ ᠲᠤ᠌ ᠨᠢ ᠬᠡᠷᠡᠭᠯᠡᠪᠡᠯ᠂ ᠥᠪᠡᠷ ᠦ᠋ᠨ ᠥᠷᠲᠡᠭ ᠦ᠋ᠨ ᠬᠢᠨᠢ ᠳᠠᠯᠳᠠ ᠬᠦᠴᠦ ᠪᠡᠷ ᠢ᠋ᠶ᠋ᠡᠨ ᠳᠠᠯᠠᠢ ᠶ᠋ᠢ ᠶᠡᠭᠦᠯᠡᠬᠦ ᠤᠪᠠᠳᠢᠰ ᠲᠠᠢ ᠪᠠᠢᠳᠠᠭ ᠢ᠋ᠶ᠋ᠠᠷ ᠢ᠋ᠶ᠋ᠠᠨ ᠲᠡᠷᠡ ᠨᠢ ᠶᠠᠮᠠᠷᠪᠠ ᠬᠡᠷᠡᠭ ᠪᠣᠳᠠᠰ ᠤ᠋ᠨ ᠥᠩᠭᠡ ᠵᠢᠰᠦ ᠵᠢᠴᠢ ᠮᠥᠨ ᠴᠢᠨᠠᠷ ᠢ᠋ ᠨᠢ ᠬᠤᠪᠢᠷᠠᠭᠤᠯᠵᠤ᠂ ᠶᠠᠳᠠᠭᠤ ᠪᠠᠭᠤᠷᠠᠢ ᠶ᠋ᠢ ᠪᠠᠶᠠᠨ ᠬᠦᠴᠦᠷᠬᠡᠭᠵᠢᠭᠦᠯᠬᠦ ᠠᠪᠤᠷᠭᠤ ᠶᠡᠬᠡ ᠨᠢᠭᠤᠭᠳᠠᠮᠠᠯ ᠰᠢᠳ᠋ ᠲᠤᠷᠪᠢ ᠲᠠᠢ ᠶᠤᠮ ᠰᠠᠨ !
《 ᠪᠠᠶᠠᠵᠢᠬᠤ ᠶ᠋ᠢ ᠠᠵᠢᠯ ᠢ᠋ᠶ᠋ᠠᠷ᠂ ᠪᠠᠳᠠᠷᠠᠬᠤ ᠶ᠋ᠢ ᠴᠢᠷᠮᠠᠢᠯᠭ᠎ᠠ ᠪᠠᠷ 》 ᠂ 《 ᠬᠦᠯᠦᠭ ᠦ᠋ᠨ ᠰᠠᠢᠨ ᠢ᠋ᠶ᠋ᠠᠷ ᠵᠠᠮ ᠳᠥᠭᠥᠬᠦ᠂ ᠬᠥᠳᠡᠯᠮᠦᠷᠢ ᠶ᠋ᠢᠨ ᠰᠠᠢᠨ ᠢ᠋ᠶ᠋ᠠᠷ ᠵᠢᠷᠭᠠᠯ ᠣᠢᠷᠠᠳᠬᠤ 》 ᠭᠡᠳᠡᠭ ᠨᠢ ᠲᠤᠢᠯ ᠤ᠋ᠨ ᠶᠣᠰᠣᠲᠠᠢ ᠦᠭᠡ ᠶᠦ᠍ᠮ ᠪᠠᠢᠨ᠎ᠠ᠂ ᠬᠥᠳᠡᠯᠮᠦᠷᠢᠯᠡᠬᠦ ᠦᠭᠡᠢ ᠶᠦ᠍ᠮ ᠪᠣᠯ ᠭᠠᠷ ᠬᠣᠭᠣᠰᠣᠨ᠂ ᠭᠠᠷ ᠬᠣᠭᠣᠰᠣᠨ ᠶᠤᠮ ᠪᠣᠯ ᠣᠢᠷ᠎ᠠ ᠰᠠᠳᠤᠨ ᠬᠣᠯᠠ᠂ ᠬᠥᠳᠡᠯᠮᠦᠷᠢᠯᠡᠬᠦ ᠨᠢ ᠥᠩᠭᠡ ᠭᠡᠷᠡᠯᠲᠡᠢ ᠂ ᠬᠥᠳᠡᠯᠮᠦᠷᠢᠯᠡᠵᠦ ᠣᠯᠤᠭᠰᠠᠨ ᠮᠥᠩᠭᠥ ᠨᠢ ᠦᠨ᠎ᠡ ᠥᠷᠲᠡᠭ ᠢ᠋ᠶ᠋ᠡᠨ ᠭᠠᠷᠭᠠᠠᠠᠣ ᠶ᠋ᠢ ᠳᠠᠭᠠᠯᠳᠤᠨ᠂ ᠬᠥᠳᠡᠯᠮᠦᠷᠢᠴᠢ ᠬᠥᠮᠦᠨ ᠳ᠋ᠦ᠍ ᠦᠨᠡᠨᠴᠢ ᠰᠢᠳᠤᠷᠭᠤ ᠨᠠᠢᠵᠠ ᠣᠯᠠᠨ ᠣᠯᠠᠰᠢᠷᠠᠵᠤ ᠪᠠᠢᠳᠠᠭ᠃ ᠬᠣᠶᠠᠷ ᠭᠠᠷ ᠢ᠋ᠶ᠋ᠠᠨ ᠲᠦᠰᠢᠭᠯᠡᠨ᠂ ᠥᠪᠡᠷ ᠦ᠋ᠨ ᠬᠦᠴᠦ ᠪᠡᠷ ᠣᠯᠤᠭᠰᠠᠨ ᠮᠥᠩᠭᠥ ᠨᠢ ᠦᠨᠡᠨ ᠬᠤᠳᠠᠯ ᠢ᠋ ᠢᠯᠭᠠᠷᠠᠭᠤᠯᠵᠤ᠂ ᠴᠠᠭ ᠦᠶ᠎ᠡ ᠶ᠋ᠢᠨ ᠬᠤᠪᠢᠷᠠᠯᠲᠠ ᠶ᠋ᠢ ᠳᠠᠬᠢᠨ ᠤᠯᠠᠭᠠᠨ ᠲᠣᠭᠣᠰᠣᠲᠤ ᠶᠢᠷᠲᠢᠨᠴᠦ ᠶ᠋ᠢᠨ ᠣᠯᠠᠨ ᠶᠠᠪᠤᠳᠠᠯ ᠢ᠋ ᠥᠭᠡᠳᠡ ᠲᠠᠲᠠᠵᠤ᠂ ᠤᠷᠤᠭᠰᠢ ᠠᠬᠢᠭᠤᠯᠤᠨ ᠬᠤᠪᠢᠷᠠᠭᠤᠯᠳᠠᠭ ᠰᠠᠨ᠂ ᠬᠡᠯᠡᠯᠭᠡᠨ ᠦᠭᠡᠢ ᠲᠣᠭᠣᠰᠣᠲᠤ ᠶᠢᠷᠲᠢᠨᠴᠦ ᠶ᠋ᠢᠨ ᠳᠤᠮᠳᠠ ᠠᠵᠤ ᠠᠮᠢᠳᠤᠷᠠᠬᠤ ᠳ᠋ᠤ᠌᠂ ᠬᠥᠮᠦᠰ ᠲᠦ᠍ ᠮᠥᠩᠭᠥ ᠦᠭᠡᠢ ᠪᠣᠯ ᠪᠣᠯᠠᠠᠣ ᠦᠭᠡᠢ᠂ ᠭᠡᠲᠡᠯ᠎ᠡ ᠡᠷᠲᠡ ᠡᠳᠦᠭᠡ ᠡᠴᠡ ᠠᠪᠤᠭᠠᠳ ᠬᠠᠤᠯᠢ ᠪᠤᠰᠤ ᠪᠠᠷ ᠮᠥᠩᠭᠥ ᠴᠣᠠᠠᠯᠠᠭᠣᠯᠣᠠᠠᠰᠠᠣᠨ 《 ᠭᠡᠮ ᠨᠢ ᠡᠮᠦᠨ᠎ᠡ ᠪᠡᠨ᠂ ᠭᠡᠮᠰᠢᠯ ᠨᠢ ᠬᠣᠢᠨ᠎ᠠ ᠪᠠᠨ》 ᠪᠠᠢᠳᠠᠭ᠂ ᠮᠥᠩᠭᠥ ᠨᠢ ᠠᠯᠢᠪᠠ ᠡᠳ᠋ ᠪᠣᠳᠠᠰ ᠤ᠋ᠨ ᠦᠨ᠎ᠡ ᠥᠷᠲᠡᠭ ᠢ᠋ ᠬᠡᠮᠵᠢᠬᠦ ᠦᠷ᠎ᠡ ᠶ᠋ᠢᠨ ᠭᠠᠭᠴᠠ ᠪᠠᠷᠢᠮᠵᠢᠶ᠎ᠠ ᠪᠣᠯᠤᠭᠰᠠᠨ ᠤ᠋ ᠬᠤᠪᠢ ᠳ᠋ᠤ᠌ ᠲᠡᠭᠦᠨ ᠢ᠋ ᠠᠷᠪᠢᠴᠢ ᠭᠠᠮᠲᠠᠢ ᠪᠠᠷ ᠵᠦᠢᠲᠡᠢ ᠭᠠᠵᠠᠷ ᠲᠤ᠌ ᠨᠢ ᠬᠡᠷᠡᠭᠯᠡᠬᠦᠶᠡ᠂ ᠪᠦᠷᠢᠨ ᠪᠤᠰᠤ ᠬᠡᠷᠡᠭ ᠶᠠᠪᠤᠳᠠᠯ ᠪᠦᠲᠦᠨ ᠪᠣᠯᠵᠤ᠂ᠵᠢᠩᠬᠢᠨᠢ ᠮᠥᠩᠭᠥ ᠶ᠋ᠢᠨ ᠦᠨ᠎ᠡ ᠥᠷᠲᠡᠭ ᠨᠢ ᠴᠢᠨᠠᠷᠯᠢᠭ ᠰᠠᠢᠨ ᠦᠢᠯᠡᠳᠪᠦᠷᠢᠯᠡᠯ ᠦ᠋ᠨ ᠬᠦᠴᠦᠨ ᠪᠦᠬᠦᠢ ᠲᠦᠷᠭᠡᠳᠬᠡᠭᠦᠷ ᠪᠣᠯᠠᠠᠣ ᠪᠥᠭᠡᠳ ᠪᠠᠰᠠ ᠴᠤ᠌ ᠣᠯᠠᠩᠬᠢ ᠶᠠᠪᠤᠳᠠᠯ ᠤᠴᠢᠷ ᠢ᠋ ᠤᠷᠤᠭᠰᠢ ᠠᠬᠢᠭᠤᠯᠵᠤ᠂ ᠦᠨᠡᠨᠬᠦ ᠤᠷᠤᠭᠰᠢᠲᠠᠢ ᠪᠣᠯᠭᠠᠳᠠᠭ ᠶᠤᠮ ᠰᠠᠨ !
《 ᠭᠠᠨᠵᠤᠭ᠎ᠠ ᠭᠥᠯᠢᠮ ᠡᠮᠡᠭᠡᠯ ᠦ᠋ᠨ ᠴᠢᠮᠡᠭ ᠂ ᠭᠠᠷᠮᠠᠭᠠᠢ ᠬᠥᠳᠡᠯᠮᠦᠷᠢ ᠪᠡᠶ᠎ᠡ ᠶ᠋ᠢᠨ ᠴᠢᠮᠡᠭ 》 ᠂ 《 ᠠᠵᠢᠯ ᠢ᠋ᠶ᠋ᠠᠷ ᠪᠠᠶᠠᠵᠢᠳᠠᠭ᠂ ᠠᠷᠢᠬᠢ ᠪᠠᠷ ᠤᠷᠤᠭᠤᠳᠠᠳᠠᠭ 》 ᠭᠡᠵᠦ ᠠᠵᠢᠯᠴᠢ ᠪᠣᠷᠣᠭᠵᠢᠭᠤᠨ ᠬᠢᠭᠡᠳ ᠠᠯᠵᠠᠭᠤ ᠬᠣᠢᠷᠭᠣ ᠶ᠋ᠢ ᠬᠠᠷᠢᠴᠠᠭᠤᠯᠤᠨ ᠶᠠᠷᠢᠭᠰᠠᠨ ᠮᠡᠷᠭᠡᠨ ᠦᠭᠡ ᠪᠠᠢᠨ᠎ᠠ᠃ ᠥᠪᠡᠷ ᠦ᠋ᠨ ᠣᠶᠤᠨ ᠪᠢᠯᠢᠭ ᠬᠢᠭᠡᠳ ᠴᠢᠳᠠᠪᠤᠷᠢ ᠪᠠᠷ ᠢ᠋ᠶ᠋ᠠᠨ ᠠᠵᠢᠯᠯᠠᠵᠤ ᠣᠯᠤᠭᠰᠠᠨ ᠦᠷ᠎ᠡ ᠪᠦᠲᠦᠭᠡᠯ ᠲᠠᠢ ᠯᠠ ᠶᠤᠮ ᠪᠣᠯ ᠬᠠᠯᠠᠭᠤᠨ ᠵᠤᠨ ᠳᠠᠭᠵᠢᠨ ᠪᠡᠭᠡᠷᠡᠵᠦ᠂ ᠬᠠᠬᠢᠷ ᠬᠦᠢᠲᠡᠨ ᠳ᠋ᠦ᠍ ᠬᠠᠷᠢᠨ ᠭᠡᠷ ᠪᠦᠯᠢ ᠪᠠ ᠥᠪᠴᠢ ᠪᠡᠶ᠎ᠡ ᠨᠢ ᠬᠠᠯᠠᠭᠤᠨ ᠳᠤᠯᠠᠭᠠᠨ ᠪᠠᠢᠳᠠᠭ ᠰᠠᠨ᠂ ᠭᠡᠶ᠎ᠡ ᠬᠠᠶᠠ ᠨᠢᠭᠡ ᠬᠥᠮᠦᠨ ᠬᠠᠷᠢᠨ ᠰᠠᠨᠠᠭ᠎ᠠ ᠳᠡᠭᠡᠷᠡᠳᠡᠵᠦ ᠮᠥᠩᠭᠥ ᠲᠡᠢ ᠪᠣᠯᠤᠭᠠᠳ ᠣᠮᠣᠷᠬᠠᠭ ᠰᠠᠭᠰᠠᠭᠤ ᠪᠠᠷᠳᠠᠮ ᠠᠭᠠᠰᠢᠯᠠᠵᠤ᠂ ᠣᠯᠤᠭᠰᠠᠨ ᠮᠥᠩᠭᠥ ᠪᠡᠨ ᠲᠥᠯᠥᠪᠯᠡᠭᠡ ᠦᠭᠡᠢ ᠪᠡᠷ ᠪᠦᠷᠢᠯᠭᠡᠨ ᠬᠡᠷᠡᠭᠯᠡᠪᠡᠯ᠂ ᠲᠡᠭᠦᠨ ᠦ᠌ ᠦᠷ᠎ᠡ ᠳ᠋ᠦᠩ ᠳ᠋ᠦ᠍ ᠬᠠᠷᠢᠨ ᠪᠣᠴᠠᠠᠠᠣ ᠵᠠᠮ ᠦᠭᠡᠢ ᠵᠣᠪᠠᠯᠠᠩ ᠤ᠋ᠨ ᠦᠨᠳᠦᠰᠦ ᠶ᠋ᠢ ᠲᠠᠷᠢᠳᠠᠭ ᠠᠵᠠᠢ᠃ ᠠᠪᠤ ᠡᠵᠢ ᠪᠡᠨ ᠠᠯᠳᠠᠭᠰᠠᠨ ᠠᠷᠪᠠᠬᠠᠨ ᠨᠠᠰᠤᠲᠠᠢ ᠨᠢᠭᠡᠨ ᠪᠢᠴᠢᠬᠠᠨ ᠬᠦᠦ 《 ᠪᠢ ᠡᠮᠡᠭᠡ ᠡᠵᠢ ᠡᠴᠡ ᠪᠡᠨ ᠰᠠᠯᠠᠠᠣ ᠦᠭᠡᠢ ! ᠪᠢ ᠡᠮᠡᠭᠡ ᠡᠵᠢ ᠲᠡᠢ ᠪᠡᠨ ᠠᠮᠢ ᠭᠣᠣᠯ ᠢ᠋ᠶ᠋ᠠᠨ ᠬᠣᠯᠪᠣᠵᠤ ᠬᠠᠮᠲᠤ ᠠᠮᠢᠳᠤᠷᠠᠨ᠎ᠠ ! 》 ᠭᠡᠵᠦ ᠰᠠᠭᠤᠭᠠᠯᠢ ᠠᠷᠠᠳ ᠤ᠋ᠨ ᠲᠣᠭᠣᠷᠢᠭ ᠤ᠋ᠨ ᠵᠠᠰᠠᠭ ᠤ᠋ᠨ ᠣᠷᠳᠣᠨ ᠤ᠋ ᠬᠠᠢᠷ᠎ᠠ ᠬᠠᠯᠠᠮᠵᠢ ᠪᠠᠷ ᠡᠨᠡ ᠬᠦ ᠥᠨᠥᠴᠢᠨ ᠬᠦᠦ ᠶ᠋ᠢ ᠨᠡᠢᠲᠡ ᠶ᠋ᠢᠨ ᠠᠰᠠᠷᠠᠮᠵᠢ ᠶ᠋ᠢᠨ ᠭᠠᠵᠠᠷ ᠠᠪᠠᠴᠢᠵᠤ ᠤᠯᠤᠰ ᠭᠡᠷ ᠡᠴᠡ ᠲᠡᠳᠬᠦᠬᠦ ᠭᠡᠬᠦ ᠳ᠋ᠦ᠍᠂ ᠡᠨᠡ ᠪᠢᠴᠢᠬᠠᠨ ᠬᠦᠦ ᠬᠠᠷᠢᠨ ᠢᠩᠭᠢᠵᠦ ᠡᠷᠡᠰ ᠰᠢᠭᠤᠷᠬᠠᠢ ᠪᠠᠷ ᠤᠬᠢᠯᠠᠨ ᠬᠡᠯᠡᠵᠦ ᠪᠠᠢᠵᠠᠢ᠃ ᠰᠡᠭᠦᠯ ᠳ᠋ᠦ᠍ᠨᠢ ᠡᠨᠡ ᠪᠢᠴᠢᠬᠠᠨ ᠬᠦᠦ ᠡᠮᠡᠭᠡ ᠲᠡᠢ ᠪᠡᠨ ᠥᠪᠡᠷ ᠦ᠋ᠨ ᠠᠮᠢ ᠭᠣᠣᠯ ᠢ᠋ᠶ᠋ᠠᠨ ᠬᠣᠯᠪᠣᠵᠤ᠂ ᠡᠳᠦᠷ ᠪᠦᠷᠢ ᠰᠤᠷᠭᠠᠭᠤᠯᠢ ᠳ᠋ᠤ᠌ ᠪᠠᠨ ᠬᠦᠷᠴᠦ᠂ ᠥᠪᠡᠷ ᠦ᠋ᠨ ᠰᠤᠷᠤᠯᠭ᠎ᠠ ᠪᠠᠨ ᠥᠴᠦᠬᠡᠨ ᠴᠦ᠍ ᠬᠠᠷᠰᠢᠯᠠᠭᠰᠠᠨ ᠦᠭᠡᠢ ᠪᠥᠭᠡᠳ ᠦᠳᠡᠰᠢ ᠪᠦᠷᠢ ᠰᠤᠷᠭᠠᠭᠤᠯᠢ ᠲᠠᠷᠬᠠᠪᠠᠯ᠂ ᠣᠢᠷᠠᠯᠴᠠᠭ᠎ᠠ ᠪᠠᠢᠬᠤ ᠬᠣᠭᠣᠯᠠᠨ ᠭᠡᠷ ᠲᠦ᠍ ᠠᠵᠢᠯᠯᠠᠭᠠᠳ ᠣᠯᠤᠭᠰᠠᠨ ᠨᠢᠮᠭᠡᠨ ᠮᠥᠩᠭᠥ ᠪᠡᠷ ᠢ᠋ᠶ᠋ᠡᠨ ᠡᠮᠡᠭᠡ ᠪᠡᠨ ᠲᠡᠵᠢᠭᠡᠨ᠂ ᠬᠣᠵᠢᠮ ᠨᠢ ᠡᠮᠡᠭᠡ ᠪᠡᠨ ᠨᠠᠰᠤ ᠪᠠᠷᠠᠲᠠᠯ᠎ᠠ ᠪᠠᠨ ᠬᠠᠮᠲᠤ ᠠᠮᠢᠳᠤᠷᠠᠭᠰᠠᠨ ᠪᠠᠢᠨ᠎ᠠ᠂ ᠡᠨᠡ ᠪᠣᠯ ᠳᠠᠷᠤᠢ ᠡᠨᠡ ᠬᠦ ᠪᠢᠴᠢᠬᠠᠨ ᠬᠦᠦ ᠶ᠋ᠢᠨ ᠥᠪᠡᠷ ᠦ᠋ᠨ ᠭᠠᠷ ᠢ᠋ᠶ᠋ᠠᠷ ᠢ᠋ᠶ᠋ᠠᠨ ᠣᠯᠤᠭᠰᠠᠨ ᠨᠢᠮᠭᠡᠨ ᠮᠥᠩᠭᠥ ᠶ᠋ᠢᠨ ᠢ᠋ᠶ᠋ᠡᠨ ᠵᠢᠩᠬᠢᠨᠢ ᠦᠨ᠎ᠡ ᠥᠷᠲᠡᠭ ᠢ᠋ ᠢᠯᠡᠷᠡᠭᠦᠯᠦᠭᠰᠡᠨ ᠠᠮᠢᠳᠤ ᠬᠡᠷᠡᠭ ᠦ᠋ᠨ ᠵᠢᠰᠢᠶ᠎ᠠ ᠪᠣᠯᠠᠠᠣ ᠶᠤᠮ᠃ ᠡᠨᠡ ᠮᠡᠲᠦ ᠪᠡᠷ ᠠᠵᠢᠯᠴᠢ ᠪᠣᠷᠣᠭᠵᠢᠭᠤᠨ ᠪᠣᠯᠪᠠᠰᠤᠨ ᠰᠤᠷᠲᠠᠯ ᠢ᠋ᠶ᠋ᠠᠷ ᠠᠷᠪᠢᠯᠠᠨ ᠭᠠᠮᠨᠠᠵᠤ ᠣᠯᠤᠭᠰᠠᠨ ᠮᠥᠩᠭᠥ ᠶ᠋ᠢᠨ ᠢ᠋ᠶ᠋ᠡᠨ ᠵᠢᠩᠬᠢᠨᠢ ᠦᠨ᠎ᠡ ᠥᠷᠲᠡᠭ ᠢ᠋ ᠨᠢ ᠭᠠᠷᠭᠠᠠᠠᠣ ᠳ᠋ᠤ᠌᠂ ᠬᠢᠵᠠᠭᠠᠯᠠᠰᠢ ᠦᠭᠡᠢ ᠵᠣᠯ ᠵᠢᠷᠭᠠᠯ ᠲᠠᠢ ᠪᠠᠢᠵᠤ᠂ ᠠᠵᠤ ᠠᠮᠢᠳᠤᠷᠠᠯ ᠤ᠋ᠨ ᠠᠯᠢᠪᠠ ᠰᠠᠢᠨ ᠰᠠᠢᠬᠠᠨ ᠪᠡᠯᠭᠡ ᠳᠡᠮᠪᠡᠷᠢᠯ ᠦ᠋ᠨ ᠦᠨᠳᠦᠰᠦ ᠶ᠋ᠢ ᠣᠯᠭᠣᠳᠠᠭ ᠂ ᠡᠭᠦᠨ ᠦ᠌ ᠤᠯᠠᠮ ᠠ᠋ᠴᠠ ᠮᠥᠩᠭᠥ ᠪᠡᠨ ᠦᠷᠭᠦᠯᠵᠢᠯᠡᠨ ᠭᠠᠮᠲᠠᠢ ᠠᠷᠪᠢᠲᠠᠢ ᠬᠡᠷᠡᠭᠯᠡᠬᠦ ᠳ᠋ᠦ᠍᠂ ᠲᠡᠭᠦᠨ ᠦ᠌ ᠪᠦᠬᠦ ᠭᠡᠷ ᠪᠦᠯᠢ ᠶ᠋ᠢᠨ ᠠᠵᠤ ᠠᠮᠢᠳᠤᠷᠠᠯ ᠨᠢ ᠳᠡᠭᠡᠭᠰᠢᠯᠡᠵᠦ᠂ ᠤᠷᠤᠭᠰᠢᠯᠠᠬᠤ ᠵᠠᠮ ᠨᠢ ᠳᠠᠷᠳᠠᠩ ᠪᠥᠭᠡᠳ ᠠᠯᠤᠰ ᠢᠷᠡᠭᠡᠳᠦᠢ ᠨᠢ ᠴᠦ᠍ ᠤᠯᠠᠮ ᠰᠠᠷᠠᠭᠤᠯ ᠲᠤᠩᠭᠠᠯᠠᠭ ᠪᠠᠢᠳᠠᠭ ᠰᠠᠨ !
《 ᠮᠥᠩᠭᠥ ᠵᠣᠭᠣᠰ ᠥᠷᠯᠥᠭᠡ ᠶ᠋ᠢᠨ ᠰᠢᠭᠦᠳᠡᠷᠢ᠂ ᠦᠨᠡᠨᠴᠢ ᠨᠥᠬᠥᠷᠯᠡᠯ ᠨᠢ ᠡᠭᠦᠷᠢᠳᠡ ᠶ᠋ᠢᠨ ᠬᠠᠨᠢ 》 《 ᠡᠳ᠋ ᠢ᠋ ᠠᠵᠢᠯ ᠢ᠋ᠶ᠋ᠠᠷ᠂ ᠡᠷ᠎ᠡ ᠶ᠋ᠢ ᠰᠤᠷᠭᠠᠯ ᠢ᠋ᠶ᠋ᠠᠷ 》 ᠭᠡᠳᠡᠭ ᠨᠢ ᠪᠠᠰᠠ ᠴᠤ᠌ ᠠᠷᠠᠳ ᠤ᠋ᠨ ᠳᠤᠮᠳᠠᠬᠢ ᠮᠥᠩᠭᠥ ᠵᠣᠭᠣᠰ ᠬᠢᠭᠡᠳ ᠣᠶᠤᠨ ᠤᠬᠠᠭᠠᠨ ᠤ᠋ ᠷᠢᠳᠢ ᠰᠢᠳ᠋ ᠢ᠋ ᠲᠣᠰᠠᠠᠠᠠᠠᠰᠠᠨ ᠰᠡᠴᠡᠨ ᠦᠭᠡ ᠪᠠᠢᠨ᠎ᠠ᠃ ᠪᠢᠳᠡᠨ ᠪᠦᠬᠦᠨ ᠦ᠌ ᠮᠡᠳᠡᠭᠡᠵᠢ ᠪᠡᠷ ᠶᠠᠳᠠᠭᠤ ᠠᠮᠢᠳᠤᠷᠠᠯ ᠳ᠋ᠤ᠌ ᠡᠳ᠋ ᠬᠣᠮᠰᠠᠳᠠᠵᠤ᠂ ᠪᠠᠶᠠᠨ ᠠᠮᠢᠳᠤᠷᠠᠯ ᠳ᠋ᠤ᠌ ᠡᠷᠬᠡ ᠠᠰᠢᠭ ᠣᠯᠠᠰᠢᠷᠠᠬᠤ ᠨᠢ ᠡᠩ ᠦ᠋ᠨ ᠤᠴᠢᠷ ᠶᠤᠮ᠃ ᠴᠢᠷᠮᠠᠢᠯᠲᠠ ᠶ᠋ᠢᠨ ᠬᠠᠷᠢᠭᠤ ᠳ᠋ᠤ᠌ ᠣᠯᠤᠭᠰᠠᠨ ᠮᠥᠩᠭᠥ ᠨᠢ᠂ ᠬᠠᠷᠢᠨ ᠳᠠᠭᠤ ᠭᠠᠷᠠᠠᠣ ᠦᠭᠡᠢ ᠪᠠᠢᠭᠰᠠᠨ ᠴᠤ᠌ ᠳᠠᠭᠤᠷᠢᠶᠠᠯ ᠤ᠋ᠨ ᠬᠦᠴᠦᠨ ᠶᠠᠨᠳᠠᠰᠢ ᠦᠭᠡᠢ ᠪᠠᠢᠳᠠᠭ᠃ ᠶᠠᠮᠠᠷ ᠨᠢᠭᠡᠨ ᠰᠣᠨᠢᠨ ᠳᠡᠭᠡᠷ᠎ᠡ ᠡᠴᠡ ᠪᠢᠯᠡ ? ᠥᠩᠭᠡᠷᠡᠭᠰᠡᠨ ᠳ᠋ᠦ᠍ ᠪᠢ ᠨᠢᠭᠡᠨ ᠮᠥᠩᠭᠥ ᠶ᠋ᠢᠨ ᠲᠤᠬᠠᠢ ᠦᠯᠢᠭᠡᠷ ᠤᠩᠰᠢᠪᠠ᠂ ᠭᠠᠳᠠᠭᠠᠳᠤ ᠶ᠋ᠢᠨ ᠨᠢᠭᠡᠨ ᠪᠠᠶᠠᠨ ᠢᠵᠠᠭᠤᠷᠲᠠᠨ ᠨᠠᠰᠤᠨ ᠲᠤᠷᠰᠢᠲᠠ ᠮᠠᠰᠢ ᠣᠯᠠᠨ ᠮᠥᠩᠭᠥ ᠴᠤᠭᠯᠠᠭᠤᠯᠤᠭᠠᠳ᠂ ᠦᠳᠡᠯᠦᠭᠡ ᠨᠠᠰᠤᠨ ᠳ᠋ᠤ᠌ ᠲᠦᠷᠢᠨ ᠣᠷᠣᠠᠠᠣ ᠳ᠋ᠤ᠌ ᠬᠦᠨᠳᠦ ᠡᠪᠡᠳᠴᠢᠨ ᠳ᠋ᠦ᠍ ᠨᠡᠷᠪᠡᠭᠳᠡᠭᠡᠳ ᠡᠮᠴᠢ ᠶ᠋ᠢᠨ ᠣᠨᠣᠰᠢᠯᠠᠭᠰᠠᠨ ᠢ᠋ᠶ᠋ᠠᠷ ᠲᠡᠷᠡ ᠣᠳᠣ ᠤᠳᠠᠯ ᠦᠭᠡᠢ ᠳᠡᠯᠡᠬᠡᠢ ᠶᠢᠷᠲᠢᠨᠴᠦ ᠡᠴᠡ ᠠᠩᠭᠢᠵᠢᠷᠠᠬᠤ ᠪᠣᠯᠤᠭᠰᠠᠨ ᠲᠤᠯᠠ ᠲᠡᠷᠡ ᠠᠷᠭ᠎ᠠ ᠪᠤᠰᠤ ᠨᠢᠭᠡᠨᠲᠡ ᠴᠤᠭᠯᠠᠭᠤᠯᠤᠭᠰᠠᠨ ᠮᠥᠩᠭᠥ ᠪᠡᠨ ᠪᠠᠩᠬᠢ ᠠ᠋ᠴᠠ ᠠᠪᠴᠢᠷᠠᠨ ᠡᠳᠦᠷ ᠪᠦᠷᠢ ᠲᠡᠭᠦᠨ ᠢ᠋ᠶ᠋ᠡᠨ ᠢᠳᠡᠵᠦ ᠰᠠᠭᠤᠯ᠎ᠠ ᠭᠡᠳᠡᠭ᠂ ᠡᠭᠦᠨ ᠡᠴᠡ ᠦᠵᠡᠬᠦᠯ᠎ᠡ᠂ ᠮᠥᠩᠭᠥ ᠶ᠋ᠢ ᠬᠡᠲᠦᠷᠬᠡᠢ ᠴᠤᠭᠯᠠᠭᠤᠯᠤᠭᠰᠠᠨ ᠤ᠋ ᠬᠡᠷᠡᠭ ᠦᠭᠡᠢ᠂ ᠳᠠᠷᠤᠢ ᠠᠮᠢᠳᠤᠷᠠᠯ ᠤ᠋ᠨ ᠬᠡᠷᠡᠭᠴᠡᠭᠡᠨ ᠳ᠋ᠦ᠍ ᠪᠡᠨ ᠬᠡᠷᠡᠭᠯᠡᠵᠦ ᠬᠥ᠍ᠢᠴᠠᠪᠠᠯ ᠪᠣᠯᠴᠢᠬᠠᠨ᠎ᠠ᠃ ᠮᠥᠩᠭᠥ ᠶ᠋ᠢᠨ ᠬᠡᠷᠡᠭᠯᠡᠬᠦᠨ ᠦ᠌ ᠬᠠᠷᠢᠭᠤ ᠲᠤᠰᠬᠠᠯ ᠳ᠋ᠤ᠌᠂ ᠶᠡᠷᠦ ᠨᠢ ᠬᠤᠷ᠎ᠠ ᠴᠢᠳᠬᠤᠯᠠᠨ ᠪᠠᠭᠣᠠᠠᠣ ᠦᠭᠡᠢ ᠪᠠᠢᠭᠰᠠᠨ ᠴᠤ᠌ ᠬᠠᠷᠢᠨ ᠠᠶᠤᠩᠭ᠎ᠠ ᠨᠢᠵᠢᠭᠢᠨᠡᠨ ᠳᠤᠤᠭᠠᠷᠴᠤ᠂ ᠬᠠᠶᠠ ᠳ᠋ᠤ᠌ ᠪᠠᠨ ᠪᠠᠰᠠ ᠬᠣᠷᠣᠮᠬᠠᠨ ᠵᠠᠭᠤᠷ᠎ᠠ ᠳᠣᠭᠰᠢᠨ ᠮᠥᠨᠳᠥᠷ ᠵᠣᠭᠰᠣᠰᠢ ᠦᠭᠡᠢ ᠴᠣᠬᠢᠯᠠᠳᠠᠭ ᠶᠤᠮ ᠪᠠᠢᠨ᠎ᠠ ᠳᠠ᠂ ᠮᠥᠩᠭᠥ ᠨᠢ ᠭᠠᠯᠪᠠ ᠳᠡᠯᠡᠬᠡᠢ ᠳ᠋ᠦ᠍ ᠰᠦᠭ ᠰᠦᠨᠡᠰᠦ ᠦᠭᠡᠢ ᠠᠲᠠᠯ᠎ᠠ᠂ ᠬᠠᠷᠢᠨ ᠵᠠᠷᠢᠮ ᠦᠶᠡᠰ ᠬᠥᠮᠦᠰ ᠲᠦ᠍ ᠭᠠᠢ ᠵᠣᠪᠠᠯᠠᠩ᠂ ᠭᠠᠰᠠᠯᠠᠩ ᠤ᠋ᠨ ᠦᠨᠳᠦᠰᠦ ᠵᠣᠭᠰᠣᠰᠢ ᠦᠭᠡᠢ ᠲᠠᠷᠢᠳᠠᠭ ᠢ᠋ ᠶᠠᠭᠠᠬᠢᠶ᠎ᠠ ᠳᠠ !
《 ᠠᠵᠢᠯ ᠤ᠋ᠨ ᠰᠠᠢᠨ ᠢ᠋ᠶ᠋ᠠᠷ ᠬᠥᠮᠦᠨ ᠪᠠᠶᠠᠵᠢᠳᠠᠭ ᠂ ᠪᠡᠯᠴᠢᠭᠡᠷ ᠦ᠋ᠨ ᠰᠠᠢᠨ ᠢ᠋ᠶ᠋ᠠᠷ ᠮᠠᠯ ᠲᠠᠷᠭᠤᠯᠠᠳᠠᠭ 》᠂ 《 ᠥᠷᠢ ᠦᠭᠡᠢ ᠶᠦ᠍ᠮ ᠪᠣᠯ ᠪᠠᠶᠠᠨ᠂ ᠡᠪᠡᠳᠴᠢᠨ ᠦᠭᠡᠢ ᠶᠦ᠍ᠮ ᠪᠣᠯ ᠵᠢᠷᠭᠠᠯ 》 ᠭᠡᠬᠦ ᠨᠢ ᠮᠥᠩᠭᠥ ᠶ᠋ᠢᠨ ᠬᠡᠷᠡᠭᠴᠡᠭᠡ ᠬᠢᠭᠡᠳ ᠠᠷᠠᠳ ᠤ᠋ᠨ ᠠᠵᠤ ᠠᠮᠢᠳᠤᠷᠠᠯ ᠤ᠋ᠨ ᠵᠢᠮ᠎ᠡ ᠶᠣᠰᠣ ᠶ᠋ᠢ ᠳᠡᠭᠡᠳᠦ ᠬᠡᠮᠵᠢᠶ᠎ᠡ ᠪᠡᠷ ᠬᠤᠷᠢᠶᠠᠩᠭᠤᠢᠯᠠᠭᠰᠠᠨ ᠰᠡᠴᠡᠨ ᠦᠭᠡ ᠶᠦ᠍ᠮ᠂ ᠠᠯᠵᠠᠭᠤ ᠬᠣᠢᠷᠭᠣ ᠪᠣᠯ ᠠᠮᠢᠳᠤᠷᠠᠯ ᠨᠢᠮᠭᠡᠨ᠂ ᠠᠮᠢᠳᠤᠷᠠᠯ ᠨᠢᠮᠭᠡᠨ ᠪᠣᠯ ᠡᠳᠦᠷ ᠤᠷᠲᠤ ᠰᠥᠨᠢ ᠵᠡᠭᠦᠳᠦ ᠣᠯᠠᠨ᠂ ᠠᠵᠢᠯᠴᠢ ᠪᠣᠷᠣᠭᠵᠢᠭᠤᠨ ᠬᠥᠳᠡᠯᠮᠦᠷᠢ ᠪᠡᠷ ᠣᠯᠤᠭᠰᠠᠨ ᠮᠥᠩᠭᠥ ᠲᠡᠢ ᠶᠦᠮ ᠪᠣᠯ ᠣᠨ ᠵᠢᠯ ᠣᠠᠠᠣᠷ ᠰᠠᠨᠠᠭᠳᠠᠵᠤ᠂ ᠠᠵᠢᠯ ᠤ᠋ᠨ ᠦᠷ᠎ᠡ ᠪᠦᠲᠦᠭᠡᠯ ᠤᠯᠠᠮ ᠰᠢᠯᠢᠳᠡᠭ ᠪᠣᠯᠠᠠᠣ ᠶ᠋ᠢᠨ ᠬᠠᠮᠲᠤ ᠠᠵᠠ ᠵᠢᠷᠭᠠᠯ ᠤ᠋ᠨ ᠠᠮᠲᠠᠲᠤ ᠵᠢᠮᠢᠰ ᠬᠠᠷᠢᠨ ᠶᠡᠷᠦ ᠨᠢ ᠴᠢᠨᠦ ᠥᠭᠡᠳᠡ ᠤᠯᠠᠪᠠᠯᠵᠠᠨ ᠮᠦᠰᠢᠶᠡᠳᠡᠭ ᠰᠠᠨ᠂ ᠮᠥᠩᠭᠥ ᠶ᠋ᠢᠨ ᠪᠣᠳᠠᠭᠠᠯᠢ ᠪᠡᠶ᠎ᠡ ᠨᠢ ᠨᠢᠭᠡᠨ ᠡᠪ ᠡᠩ ᠦ᠋ᠨ ᠴᠠᠭᠠᠰᠤᠨ ᠭᠡᠷᠡᠴᠢ ᠲᠡᠳᠦᠢ ᠪᠥᠭᠡᠳ ᠲᠡᠷᠡ ᠨᠢ ᠲᠤᠢᠯ ᠤ᠋ᠨ ᠥᠴᠦᠬᠡᠨ ᠪᠠᠢᠲᠠᠯ᠎ᠠ ᠪᠠᠨ ᠬᠠᠷᠢᠨ ᠲᠡᠭᠦᠨ ᠦ᠌ ᠪᠢᠷ᠎ᠠ ᠴᠢᠳᠠᠯ ᠨᠢ ᠪᠠᠷᠰ ᠤ᠋ᠨ ᠶᠡᠬᠡ ᠬᠦᠴᠦ ᠲᠤᠷᠪᠢ ᠲᠠᠢ ᠶᠤᠮ ᠳᠠ᠃ ᠥᠩᠭᠡᠷᠡᠭᠰᠡᠨ ᠳ᠋ᠦ᠍ ᠶᠠᠳᠠᠭᠤ ᠬᠣᠴᠣᠷᠤᠩᠭᠤᠢ ᠠᠭᠤᠯᠠᠨ ᠲᠣᠰᠠᠠᠣᠨ ᠤ᠋ ᠨᠢᠭᠡᠨ ᠪᠠᠭ᠎ᠠ ᠰᠤᠷᠭᠠᠭᠤᠯᠢ ᠶ᠋ᠢᠨ ᠳᠥᠷᠪᠡᠳᠦᠭᠡᠷ ᠣᠨ ᠳ᠋ᠤ᠌ ᠪᠠᠲᠤ ᠭᠡᠬᠦ ᠨᠢᠭᠡᠨ ᠰᠢᠯᠢᠳᠡᠭ ᠰᠤᠷᠤᠭᠴᠢ ᠪᠠᠢᠳᠠᠭ ᠰᠠᠨ᠂ ᠲᠤᠰ ᠰᠤᠷᠤᠭᠴᠢ ᠤᠳᠠᠭ᠎ᠠ ᠪᠦᠷᠢ ᠶ᠋ᠢᠨ ᠰᠢᠯᠭᠠᠯᠲᠠ ᠳ᠋ᠤ᠌ ᠲᠡᠷᠢᠭᠦᠯᠡᠵᠦ ᠪᠠᠢᠭᠰᠠᠨ ᠪᠣᠯᠪᠠᠴᠤ᠂ ᠥᠨᠥ ᠬᠠᠷᠢᠨ ᠬᠤᠭᠤᠴᠠᠭᠠᠨ ᠳᠤᠮᠳᠠᠬᠢ ᠰᠢᠯᠭᠠᠯᠲᠠ ᠪᠣᠯᠠᠠᠣ ᠰᠢᠬᠠᠬᠤ ᠳ᠋ᠤ᠌ ᠡᠳᠦᠷ ᠪᠦᠷᠢ ᠨᠢᠭᠡᠳᠦᠭᠡᠷ ᠬᠢᠴᠢᠶᠡᠯ ᠡᠴᠡ ᠬᠣᠵᠢᠮᠳᠠᠵᠤ ᠪᠠᠢᠭᠰᠠᠨ ᠢ᠋ᠶ᠋ᠠᠨ ᠬᠣᠶᠠᠷ ᠡᠳᠦᠷ ᠰᠤᠷᠭᠠᠭᠤᠯᠢ ᠳ᠋ᠤ᠌ ᠪᠠᠨ ᠢᠷᠡᠭᠰᠡᠨ ᠦᠭᠡᠢ ᠲᠤᠯᠠ ᠠᠩᠭᠢ ᠶ᠋ᠢᠨ ᠪᠠᠭᠰᠢ ᠴᠢᠮᠡᠭ ᠬᠠᠷᠢᠨ ᠲᠤᠢᠯ ᠢ᠋ᠶ᠋ᠠᠷ ᠰᠠᠨᠳᠤᠷᠴᠤ᠂ ᠭᠠᠷᠠᠭ ᠤ᠋ᠨ ᠰᠡᠭᠦᠯᠴᠢ ᠶ᠋ᠢ ᠠᠰᠢᠭᠯᠠᠨ ᠲᠡᠭᠦᠨ ᠦ᠌ ᠭᠡᠷ ᠲᠦ᠍ ᠨᠢ ᠣᠷᠣᠭᠠᠳ ᠣᠴᠢᠬᠤ ᠳ᠋ᠤ᠌ ᠠᠪᠤ ᠨᠢ ᠣᠷᠣ ᠳᠡᠭᠡᠷ᠎ᠡ ᠪᠡᠨ ᠬᠡᠪᠲᠡᠵᠦ ᠬᠦᠨᠳᠦ ᠡᠪᠡᠳᠴᠢᠨ ᠲᠡᠢ ᠪᠥᠭᠡᠳ ᠡᠵᠢ ᠨᠢ ᠴᠦ᠍ ᠰᠣᠯᠢᠶ᠎ᠠ ᠡᠪᠡᠳᠴᠢᠨ ᠲᠡᠢ ᠪᠠᠢᠵᠠᠢ᠂ ᠪᠠᠲᠤ ᠬᠠᠷᠢᠨ ᠡᠳᠦᠷ ᠪᠦᠷᠢ ᠭᠡᠷ ᠪᠦᠯᠢ ᠶ᠋ᠢᠨ ᠠᠵᠢᠯ ᠠᠮᠢᠳᠤᠷᠠᠯ ᠢ᠋ᠶ᠋ᠠᠨ ᠠᠷᠭᠠᠴᠠᠭᠠᠵᠤ᠂ ᠭᠡᠷ ᠦ᠋ᠨ ᠳᠣᠲᠣᠨ᠎ᠠ ᠭᠠᠳᠠᠨᠠᠬᠢ ᠠᠵᠢᠯ ᠢ ᠬᠢᠵᠦ ᠪᠠᠢᠳᠠᠭ᠂ ᠥᠨᠥ ᠬᠠᠷᠢᠨ ᠴᠢᠮᠡᠭ ᠪᠠᠭᠰᠢ ᠨᠢ ᠭᠡᠷ ᠲᠦ᠍ ᠨᠢ ᠣᠷᠣᠭᠠᠳ ᠬᠠᠭᠠᠰ ᠴᠠᠭ ᠤ᠋ᠨ ᠳᠠᠷᠠᠭ᠎ᠠ᠂ ᠪᠠᠲᠤ ᠭᠠᠳᠠᠨ᠎ᠠ ᠠ᠋ᠴᠠ ᠬᠡᠭᠡᠷ᠎ᠡ ᠶ᠋ᠢᠨ ᠨᠣᠭᠣᠭ᠎ᠠ ᠲᠡᠭᠦᠨ ᠠᠪᠴᠢᠷᠠᠵᠤ᠂ ᠲᠡᠭᠦᠨ ᠦ᠌ ᠥᠪᠴᠢ ᠪᠡᠶ᠎ᠡ ᠨᠢ ᠬᠥᠯᠥᠰᠥ ᠠᠰᠬᠠᠷᠠᠨ ᠭᠡᠷ ᠲᠦ᠍ ᠪᠡᠨ ᠣᠷᠣᠵᠤ ᠢᠷᠡᠯ᠎ᠡ᠂ ᠲᠡᠭᠡᠭᠡᠳ ᠴᠢᠮᠡᠭ ᠪᠠᠭᠰᠢ ᠰᠤᠷᠤᠭᠴᠢ ᠪᠠᠲᠤ ᠶ᠋ᠢᠨ ᠵᠦᠭ 《 ᠬᠤᠭᠤᠴᠠᠭᠠᠨ ᠳᠤᠮᠳᠠᠬᠢ ᠰᠢᠯᠭᠠᠯᠲᠠ ᠤᠳᠠᠯ ᠦᠭᠡᠢ ᠪᠣᠯᠠᠠᠣ ᠭᠡᠵᠦ ᠪᠠᠢᠬᠤ ᠳ᠋ᠤ᠌ ᠴᠢ ᠶᠠᠭᠠᠬᠢᠭᠠᠳ ᠰᠤᠷᠭᠠᠭᠤᠯᠢ ᠳ᠋ᠤ᠌ ᠪᠠᠨ ᠣᠴᠢᠬᠤ ᠦᠭᠡᠢ ᠪᠣᠢ ?》 ᠭᠡᠬᠦ ᠳ᠋ᠦ᠍ ᠰᠤᠷᠤᠭᠴᠢ ᠪᠠᠲᠤ ᠡᠭ ᠮᠩ ᠭᠡᠵᠦ 《 ᠣᠢᠷ᠎ᠠ ᠳ᠋ᠤ᠌ ᠭᠡᠷ ᠪᠦᠯᠢ ᠶ᠋ᠢᠨ ᠬᠦᠴᠢᠷᠳᠡᠯᠭᠡ ᠡᠴᠡ ᠪᠣᠯᠵᠤ᠂ ᠡᠮᠦᠰᠬᠦ ᠬᠤᠪᠴᠠᠰᠤ ᠪᠠ ᠱᠠᠬᠠᠢ ᠴᠤ᠌ ᠴᠣᠭᠣᠷᠣᠭᠰᠠᠨ ᠠ᠋ᠴᠠ ᠪᠣᠯᠵᠤ᠂ ᠪᠤᠰᠤᠳ ᠠ᠋ᠴᠠ ᠢᠴᠢᠬᠦ ᠳ᠋ᠦ᠍ ᠪᠡᠨ ᠰᠤᠷᠭᠠᠭᠤᠯᠢ ᠳ᠋ᠤ᠌ ᠬᠦᠷᠴᠦ ᠳᠡᠢᠯᠬᠦ ᠦᠭᠡᠢ ᠪᠣᠯᠵᠠᠢ 》 ᠭᠡᠪᠡ᠃ ᠴᠢᠮᠡᠭ ᠪᠠᠭᠰᠢ ᠨᠢ ᠭᠡᠷ ᠪᠦᠯᠢ ᠶ᠋ᠢᠨ ᠪᠣᠳᠠᠲᠤ ᠪᠠᠢᠳᠠᠯ ᠢ ᠣᠢᠯᠭᠠᠭᠰᠠᠨ ᠤ᠋ ᠳᠠᠷᠠᠭ᠎ᠠ᠂ ᠪᠠᠲᠤ ᠶ᠋ᠢ ᠳᠠᠭᠠᠭᠤᠯᠤᠨ ᠳᠡᠯᠭᠡᠭᠦᠷ ᠲᠦ᠍ ᠬᠦᠷᠴᠦ᠂ ᠥᠪᠡᠷ ᠦ᠋ᠨ ᠰᠠᠷ᠎ᠠ ᠶ᠋ᠢᠨ ᠴᠠᠯᠢᠩ ᠡᠴᠡ ᠪᠡᠨ ᠭᠤᠷᠪᠠᠨ ᠵᠠᠭᠤ ᠲᠥᠭᠥᠷᠢᠭ ᠰᠢᠬᠠᠮ ᠵᠠᠷᠤᠴᠠᠭᠤᠯᠵᠤ ᠪᠠᠢᠭᠠᠳ ᠨᠢᠭᠡ ᠢᠵᠢ ᠬᠤᠪᠴᠠᠰᠤ ᠪᠠ ᠱᠠᠬᠠᠢ ᠬᠤᠳᠠᠯᠳᠤᠨ ᠠᠪᠴᠤ ᠥᠭᠭᠦᠭᠡᠳ 《 ᠮᠠᠷᠭᠠᠰᠢ ᠳᠠᠷᠤᠢ ᠰᠤᠷᠭᠠᠭᠤᠯᠢ ᠳ᠋ᠤ᠌ ᠪᠠᠨ ᠬᠦᠷᠴᠦ ᠰᠣᠷᠣᠯᠴᠠᠠᠠᠣ ᠬᠡᠷᠡᠭᠲᠡᠢ᠂ ᠴᠢ ᠴᠢᠷᠮᠠᠢᠪᠠᠯ ᠯᠠᠪᠲᠠᠢ ᠭᠡᠷ ᠪᠦᠯᠢ ᠶ᠋ᠢᠨ ᠢ᠋ᠶ᠋ᠡᠨ ᠶᠠᠳᠠᠭᠤ ᠬᠣᠴᠣᠷᠤᠩᠭᠤᠢ ᠶ᠋ᠢ ᠥᠭᠡᠷᠡᠴᠢᠯᠡᠵᠦ᠂ ᠢᠷᠡᠭᠡᠳᠦᠢ ᠳ᠋ᠦ᠍ ᠵᠣᠯ ᠵᠢᠷᠭᠠᠯ ᠢ᠋ ᠠᠪᠴᠢᠷᠠᠵᠤ ᠳᠡᠢᠯᠦᠨ᠎ᠡ 》 ᠭᠡᠪᠡ᠂ ᠡᠭᠦᠨ ᠢ᠋ ᠰᠣᠨᠣᠰᠤᠭᠰᠠᠨ ᠰᠤᠷᠤᠭᠴᠢ ᠪᠠᠲᠤ ᠲᠡᠷᠡ ᠡᠳᠦᠷ ᠡᠴᠡ ᠡᠬᠢᠯᠡᠨ ᠠᠯᠢᠪᠠ ᠬᠦᠴᠢᠷ ᠢ᠋ ᠲᠡᠰᠪᠦᠷᠢᠯᠡᠨ ᠪᠠᠢᠵᠤ᠂ ᠦᠨᠡᠨ ᠰᠡᠳᠬᠢᠯ ᠡᠴᠡ ᠪᠡᠨ ᠴᠢᠷᠮᠠᠢᠨ ᠰᠤᠷᠤᠯᠴᠠᠵᠤ᠂ ᠰᠡᠭᠦᠯ ᠳ᠋ᠦ᠍ᠨᠢ ᠬᠣᠲᠠ ᠶ᠋ᠢᠨ ᠭᠣᠣᠯᠳᠠᠯᠭᠠᠲᠤ ᠠᠩᠬ᠎ᠠ ᠳᠤᠮᠳᠠᠳᠤ ᠪᠣᠯᠤᠨ ᠳᠡᠭᠡᠳᠦ ᠳᠤᠮᠳᠠᠳᠤ ᠪᠠᠨ ᠲᠡᠭᠦᠰᠬᠡᠵᠦ᠂ ᠰᠢᠯᠢᠳᠡᠭ ᠬᠢᠷᠢ ᠪᠦᠲᠦᠮᠵᠢ ᠪᠡᠷ ᠴᠢᠩᠬᠤᠸᠠ ᠶᠡᠬᠡ ᠰᠤᠷᠭᠠᠭᠤᠯᠢ ᠳ᠋ᠤ᠌ ᠰᠢᠯᠭᠠᠨ ᠣᠷᠣᠵᠤ᠂ ᠬᠣᠵᠢᠮ ᠨᠢ ᠨᠢᠭᠡᠨ ᠭᠠᠳᠠᠭᠠᠳᠤ ᠠᠷᠠᠯᠵᠢᠶᠠᠨ ᠤ᠋ ᠺᠣᠮᠫᠠᠨᠢ ᠳ᠋ᠤ᠌ ᠤᠷᠢᠭᠳᠠᠨ ᠠᠵᠢᠯᠯᠠᠭᠠᠳ ᠬᠡᠳᠦᠬᠡᠨ ᠵᠢᠯ ᠦ᠋ᠨ ᠳᠠᠷᠠᠭ᠎ᠠ ᠲᠤᠰ ᠺᠣᠮᠫᠠᠨᠢ ᠶ᠋ᠢᠨ ᠲᠣᠰᠠᠠᠠᠢ ᠠᠵᠢᠯ ᠤ᠋ᠨ ᠳᠠᠭᠠᠭᠠᠮᠠᠯ ᠪᠣᠯᠵᠤ᠂ ᠵᠠᠭᠤᠭᠠᠳ ᠲᠦᠮᠡᠨ ᠲᠥᠭᠥᠷᠢᠭ ᠦ᠋ᠨ ᠬᠠᠳᠠᠭᠠᠯᠠᠮᠵᠢ ᠲᠠᠢ ᠪᠥᠭᠡᠳ ᠡᠭᠦᠳᠡ ᠡᠷᠦᠬᠡ ᠪᠣᠰᠠᠠᠠᠵᠠᠢ᠂ ᠲᠡᠷᠡ ᠨᠢᠭᠡᠨ ᠡᠳᠦᠷ ᠡᠬᠡᠨᠡᠷ ᠲᠡᠢ ᠪᠡᠨ ᠵᠥᠪᠳᠡᠯᠴᠡᠵᠦ ᠪᠠᠢᠭᠠᠳ ᠲᠡᠭᠦᠨ ᠦ᠌ ᠰᠠᠭᠤᠭ᠎ᠠ ᠬᠣᠲᠠ ᠠ᠋ᠴᠠ ᠨᠢᠭᠡᠨ ᠠᠰᠠᠷ ᠬᠤᠳᠠᠯᠳᠤᠨ ᠠᠪᠴᠤ᠂ ᠪᠠᠭ᠎ᠠ ᠰᠤᠷᠭᠠᠭᠤᠯᠢ ᠶ᠋ᠢᠨ ᠱᠠᠲᠤᠨ ᠳ᠋ᠤ᠌ ᠲᠡᠭᠦᠨ ᠢ᠋ ᠵᠢᠭᠠᠨ ᠵᠢᠯᠣᠭᠣᠳᠴᠤ ᠰᠡᠩᠬᠡᠷᠡᠭᠦᠯᠦᠨ ᠬᠤᠪᠴᠠᠰᠤ ᠱᠠᠬᠠᠢ ᠬᠦᠷᠲᠡᠯ᠎ᠡ ᠠᠪᠴᠤ ᠬᠠᠷᠠᠭᠠᠯᠵᠠᠭᠰᠠᠨ ᠴᠢᠮᠡᠭ ᠪᠠᠭᠰᠢ ᠶ᠋ᠢᠨ ᠢ᠋ᠶ᠋ᠡᠨ ᠵᠢᠷᠠᠨ ᠨᠢᠭᠡᠨ ᠨᠠᠰᠤᠨ ᠤ᠋ ᠪᠠᠶᠠᠷ ᠲᠤ᠌ ᠲᠣᠰᠠᠠᠠᠢ ᠲᠡᠷᠭᠡ ᠪᠡᠷ ᠬᠦᠷᠴᠦ᠂ ᠡᠨᠡ ᠬᠦ ᠠᠰᠠᠷ ᠤ᠋ᠨ ᠢ᠋ᠶ᠋ᠠᠨ ᠲᠦᠯᠬᠢᠭᠦᠷ ᠢ᠋ ᠪᠠᠭᠰᠢ ᠳ᠋ᠤ᠌ ᠪᠠᠨ ᠥᠭᠴᠦ 《 ᠡᠷᠬᠢᠮ ᠬᠦᠨᠳᠦᠲᠦ ᠪᠠᠭᠰᠢ ᠮᠢᠨᠢ ᠠ᠋᠂ ᠲᠠ ᠬᠡᠷᠪᠡ ᠪᠠᠭ᠎ᠠ ᠰᠤᠷᠭᠠᠭᠤᠯᠢ ᠶ᠋ᠢᠨ ᠳᠡᠭᠡᠳᠦ ᠣᠨ ᠤ᠋ ᠦᠶ᠎ᠡ ᠳ᠋ᠦ᠍ ᠨᠠᠳᠠ ᠶ᠋ᠢ ᠠᠵᠤ ᠠᠮᠢᠳᠤᠷᠠᠯ ᠤ᠋ᠨ ᠲᠠᠯ᠎ᠠ ᠪᠠᠷ ᠲᠡᠳᠬᠦᠬᠦ ᠶ᠋ᠢᠨ ᠬᠠᠮᠲᠤ᠂ ᠣᠶᠤᠨ ᠰᠠᠨᠠᠭᠠᠨ ᠤ᠋ ᠲᠠᠯ᠎ᠠ ᠪᠠᠷ ᠰᠡᠩᠬᠡᠷᠡᠭᠦᠯᠦᠭᠰᠡᠨ ᠦᠭᠡᠢ ᠶᠦ᠍ᠮ ᠪᠣᠯ ᠨᠠᠳᠠ ᠳ᠋ᠤ᠌ ᠥᠨᠥᠳᠥᠷ ᠪᠠᠢᠬᠤ ᠦᠭᠡᠢ ᠰᠢᠦ ! 》 ᠭᠡᠳ ᠪᠠᠭᠰᠢ ᠶ᠋ᠢᠨ ᠢ᠋ᠶ᠋ᠡᠨ ᠨᠠᠰᠤᠨ ᠪᠠᠶᠠᠷ ᠲᠤ᠌ ᠨᠢᠭᠡᠨ ᠠᠰᠠᠷ ᠥᠭᠴᠦ ᠵᠢᠯ ᠦ᠋ᠨ ᠪᠠᠶᠠᠷ ᠢ ᠨᠢ ᠪᠡᠯᠡᠭᠯᠡᠭᠰᠡᠨ ᠪᠠᠢᠨ᠎ᠠ᠃ ᠡᠨᠡ ᠪᠣᠯ ᠳᠠᠷᠤᠢ ᠪᠠᠭᠰᠢ ᠶ᠋ᠢᠨ ᠢ᠋ᠶ᠋ᠡᠨ ᠠᠴᠢ ᠡᠨᠡᠷᠢᠯ ᠢ᠋ ᠨᠠᠰᠤᠨ ᠲᠤᠷᠰᠢᠳᠠ ᠮᠠᠷᠲᠠᠭᠰᠠᠨ ᠦᠭᠡᠢ᠂ ᠲᠤᠬᠠᠢ ᠶ᠋ᠢᠨ ᠦᠶ᠎ᠡ ᠶ᠋ᠢᠨ ᠭᠤᠷᠪᠠᠨ ᠵᠠᠭᠤᠨ ᠲᠥᠭᠥᠷᠢᠭ ᠮᠥᠩᠭᠥ ᠶ᠋ᠢᠨ ᠵᠢᠩᠬᠢᠨᠢ ᠦᠨ᠎ᠡ ᠥᠷᠲᠡᠭ ᠲᠡᠢ ᠬᠤᠪᠴᠠᠰᠤ ᠨᠢ ᠬᠠᠷᠢᠨ ᠥᠨᠥᠳᠥᠷ ᠪᠣᠯᠠᠠᠣ ᠳ᠋ᠤ᠌᠂ ᠴᠢᠩ ᠦᠨᠡᠨᠴᠢ ᠰᠤᠷᠤᠭᠴᠢ ᠨᠢ ᠬᠡᠳᠦᠨ ᠠᠷᠪᠠᠨ ᠲᠦᠮᠡᠨ ᠲᠥᠭᠥᠷᠢᠭ ᠦ᠋ᠨ ᠦᠨ᠎ᠡ ᠥᠷᠲᠡᠭ ᠪᠣᠯᠭᠠᠨ ᠬᠠᠷᠢᠭᠤᠯᠵᠤ᠂ ᠮᠥᠩᠭᠥᠨ ᠦ᠌ ᠵᠢᠩᠬᠢᠨᠢ ᠥᠷᠲᠡᠭ ᠢ᠋ ᠪᠠᠳᠠᠷᠠᠭᠤᠯᠤᠭᠰᠠᠨ ᠬᠡᠷᠡᠭ ᠦ᠋ᠨ ᠵᠢᠰᠢᠶ᠎ᠠ ᠪᠢᠯᠡ᠃ ᠮᠥᠩᠭᠥ ᠭᠡᠳᠡᠭ ᠶᠠᠭᠤᠮ᠎ᠠ᠂ ᠲᠡᠭᠦᠨ ᠦ᠌ ᠬᠠᠵᠠᠭᠤ ᠳ᠋ᠤ᠌ ᠪᠤᠷᠬᠠᠨ ᠦᠭᠡᠢ ᠪᠠᠢᠲᠠᠯ᠎ᠠ ᠪᠠᠨ ᠵᠠᠷᠢᠮ ᠦᠶᠡᠰ ᠲᠦ᠍ ᠬᠥᠮᠦᠨ ᠢ᠋ ᠵᠣᠯ ᠵᠢᠷᠭᠠᠯ ᠢ᠋ ᠡᠳ᠋ᠯᠡᠭᠦᠯᠬᠦ ᠨᠢ ᠦᠨᠡᠬᠡᠷ ᠭᠠᠢᠬᠠᠮᠰᠢᠭ ᠠᠵᠠᠢ᠃ ᠭᠡᠶ᠎ᠡ ᠬᠡᠲᠦᠷᠬᠡᠢ ᠮᠥᠩᠭᠥᠨ ᠳ᠋ᠦ᠍ ᠬᠠᠤᠯᠢ ᠪᠤᠰᠤ ᠪᠠᠷ ᠰᠢᠨᠤᠪᠠᠯ᠂ ᠲᠡᠷᠡ ᠨᠢ ᠭᠡᠳᠡᠷᠭᠦ ᠪᠡᠨ ᠳᠣᠷᠣᠢᠲᠠᠭᠤᠯᠬᠤ ᠪᠤᠶᠤ ᠴᠢᠨᠠᠭᠰᠢᠯᠠᠪᠠᠯ ᠴᠢᠮ᠎ᠠ ᠶ᠋ᠢ ᠠᠵᠤ ᠠᠮᠢᠳᠤᠷᠠᠯ ᠢ᠋ ᠴᠢᠨᠢ ᠪᠤᠰᠠᠨᠢᠭᠤᠯᠤᠭᠠᠳ ᠱᠣᠷᠣᠩ ᠳ᠋ᠤ᠌ ᠠᠪᠴᠢᠬᠤ ᠠᠶᠤᠯ ᠲᠠᠢ ᠶᠤᠮ ᠰᠠᠨ᠃ ᠪᠢᠳᠡ ᠪᠦᠬᠦᠨ ᠦ᠌ ᠮᠡᠳᠡᠭᠡᠵᠢ ᠪᠡᠷ ᠡᠳᠦᠷ ᠳᠣᠳᠣᠮ ᠤ᠋ᠨ ᠠᠮᠢᠳᠤᠷᠠᠯ ᠤ᠋ᠨ ᠶᠠᠪᠤᠴᠠ ᠨᠢᠭᠡᠪᠦᠷᠢ ᠳ᠋ᠦ᠍ ᠬᠠᠶᠠ ᠳ᠋ᠤ᠌ ᠪᠠᠨ ᠮᠥᠩᠭᠥ ᠨᠢ ᠳᠠᠭᠤᠨ ᠭᠠᠷᠠᠠᠣ ᠪᠣᠯᠪᠠᠴᠤ᠂ ᠲᠡᠭᠦᠨ ᠦ᠌ ᠤᠷᠰᠢᠭ ᠠ᠋ᠴᠠ ᠪᠣᠯᠤᠭᠠᠳ ᠵᠠᠷᠢᠮ ᠳ᠋ᠤ᠌ ᠪᠠᠨ ᠣᠷᠴᠢᠨ ᠲᠣᠭᠣᠷᠢᠨ ᠢ᠋ ᠳᠣᠯᠭᠢᠰᠤᠭᠤᠯᠵᠤ᠂ ᠠᠨᠳᠠ ᠨᠠᠢᠵᠠ ᠨᠠᠷ ᠢ᠋ ᠵᠠᠢᠯᠠᠭᠤᠯᠵᠤ᠂ ᠳᠠᠷᠢ ᠶ᠋ᠢᠨ ᠤᠲᠤᠭᠠᠨ ᠤ᠋ ᠮᠡᠲᠦ ᠠᠪᠤᠷᠭᠤ ᠳᠡᠯᠪᠡᠷᠡᠯᠲᠡ ᠶ᠋ᠢᠨ ᠳᠠᠭᠤᠨ ᠠ᠋ᠴᠠ ᠴᠤ᠌ ᠠᠢᠬᠤᠪᠲᠤᠷ ᠶᠡᠬᠡ ᠭᠠᠰᠠᠯᠠᠩ ᠤ᠋ᠨ ᠴᠤᠤᠷᠢᠶ᠎ᠠ ᠭᠠᠷᠴᠤ ᠪᠠᠢᠳᠠᠭ ᠰᠠᠨ !
《 ᠮᠥᠩᠭᠥ ᠶ᠋ᠢ ᠬᠡᠷᠡᠭᠯᠡᠭᠡᠳ ᠴᠢᠳᠠᠪᠠᠯ ᠵᠢᠷᠭᠠᠯ᠂ ᠬᠡᠷᠡᠭᠯᠡᠵᠦ ᠴᠢᠳᠠᠬᠤ ᠦᠭᠡᠢ ᠶᠦ᠍ᠮ ᠪᠣᠯ ᠭᠠᠢ ᠪᠠᠷᠴᠢᠳ 》᠂ 《 ᠠᠵᠢᠯᠯᠠᠪᠠᠯ ᠨᠢᠭᠡ ᠶ᠋ᠢ ᠪᠦᠲᠦᠭᠡᠳᠡᠭ᠂ ᠠᠩᠬᠠᠷᠪᠠᠯ ᠨᠢᠭᠡ ᠶ᠋ᠢ ᠰᠤᠷᠳᠠᠭ 》᠂《 ᠬᠡᠷᠡᠭᠯᠡᠵᠦ ᠴᠢᠳᠠᠪᠠᠯ ᠲᠠᠰᠤᠷᠬᠠᠢ ᠵᠡᠭᠦᠦ ᠠᠯᠲᠠ᠂ ᠬᠡᠷᠡᠭᠯᠡᠵᠦ ᠴᠢᠳᠠᠬᠤ ᠦᠭᠡᠢ ᠪᠣᠯ ᠣᠪᠣᠭ᠎ᠠ ᠠᠯᠲᠠ ᠦᠨᠡᠰᠦ 》 ᠭᠡᠬᠦ ᠠᠵᠢᠯᠴᠢ ᠬᠥᠳᠡᠯᠮᠦᠷᠢᠴᠢ ᠬᠢᠭᠡᠳ ᠠᠯᠵᠠᠭᠤ ᠵᠠᠯᠠᠠᠠᠭᠣ ᠶ᠋ᠢ ᠲᠣᠰᠠᠠᠠᠠᠠᠰᠠᠨ ᠰᠡᠴᠡᠨ ᠦᠭᠡ ᠪᠠᠢᠳᠠᠭ᠂ ᠬᠣᠢᠷᠭᠣ ᠬᠥᠮᠦᠨ ᠳ᠋ᠦ᠍ ᠮᠥᠩᠭᠥ ᠬᠣᠯᠠ ᠲᠤᠯᠠ ᠲᠡᠭᠦᠨ ᠳ᠋ᠦ᠍ ᠵᠤᠳ ᠲᠠᠢ ᠨᠠᠷᠠ ᠰᠢᠭ᠋ ᠬᠠᠷᠠᠩᠭᠤᠢ᠂ ᠬᠥᠳᠡᠯᠮᠦᠷᠢᠴᠢ ᠬᠥᠮᠦᠨ ᠳ᠋ᠦ᠍ ᠠᠮᠵᠢᠯᠲᠠ ᠣᠯᠠᠨ ᠲᠤᠯᠠ ᠲᠡᠭᠦᠨ ᠦ᠌ ᠥᠭᠡᠳᠡ ᠦᠷᠭᠦᠯᠵᠢ ᠵᠣᠯ ᠲᠠᠢ ᠵᠤᠤᠬ᠎ᠠ ᠰᠢᠭ᠋ ᠭᠡᠷᠡᠯ ᠭᠡᠭᠡ ᠲᠡᠢ ᠶᠦ᠍ᠮ ᠰᠠᠨ᠃ ᠵᠠᠷᠢᠮ ᠬᠥᠮᠦᠨ ᠭᠠᠷ ᠲᠤ᠌ ᠣᠷᠣᠵᠤ ᠢᠷᠡᠭᠡ ᠦᠭᠡᠢ ᠮᠥᠩᠭᠥ ᠶ᠋ᠢ ᠴᠢᠨᠡᠭᠡ ᠮᠡᠳᠡᠨ ᠵᠢᠭᠡᠯᠡᠯᠭᠡ ᠪᠤᠶᠤ ᠥᠨᠳᠥᠷ ᠬᠦᠦ ᠲᠡᠢ ᠵᠢᠭᠡᠯᠡᠨ ᠰᠠᠨᠠᠭ᠎ᠠ ᠪᠠᠷ ᠢ᠋ᠶ᠋ᠠᠨ ᠰᠠᠪᠠᠵᠤ ᠪᠦᠷᠢᠯᠭᠡᠬᠦᠶᠡ᠂ ᠲᠡᠭᠦᠨ ᠳ᠋ᠦ᠍ ᠳᠡᠮᠡᠢ ᠤᠳᠠᠯ ᠦᠭᠡᠢ ᠠᠮᠢᠳᠤᠷᠠᠯ ᠨᠢ ᠳᠣᠷᠣᠭᠰᠢᠯᠠᠬᠤ ᠶ᠋ᠢᠨ ᠬᠠᠮᠲᠤ᠂ ᠭᠠᠢ ᠵᠣᠪᠠᠯᠠᠩ ᠤ᠋ᠨ ᠦᠨᠳᠦᠰᠦ ᠭᠠᠷᠴᠠᠭ᠎ᠠ ᠦᠭᠡᠢ ᠢᠷᠡᠬᠦ ᠶᠦ᠍ᠮ ᠰᠠᠨ᠃ ᠠᠮᠢᠳᠤᠷᠠᠯ ᠤ᠋ᠨ ᠬᠤᠪᠢ ᠵᠠᠶᠠᠭ᠎ᠠ ᠪᠠᠨ ᠬᠣᠯᠪᠣᠨ ᠶᠠᠪᠣᠠᠠᠣ ᠪᠠᠷ ᠬᠡᠳᠦᠨ ᠵᠢᠯ ᠬᠠᠷᠢᠯᠴᠠᠨ ᠢᠨᠠᠭᠯᠠᠭᠰᠠᠨ ᠬᠣᠶᠠᠷ ᠵᠠᠯᠠᠭᠤ ᠤᠷᠤᠭᠯᠠᠭᠠᠳ ᠳᠡᠮᠡᠢ ᠤᠳᠠᠭᠰᠠᠨ ᠦᠭᠡᠢ ᠪᠡᠷ ᠡᠷᠩᠳ᠋ᠠᠢ ᠨᠢ ᠮᠥᠩᠭᠥᠨ ᠦ᠌ ᠮᠥᠷᠥᠢᠴᠡᠭᠡᠨ ᠲᠡᠢ ᠨᠠᠭᠠᠳᠤᠮ ᠳ᠋ᠤ᠌ ᠰᠢᠨᠤᠭᠠᠳ ᠳᠡᠮᠡᠢ ᠤᠳᠠᠭᠰᠠᠨ ᠦᠭᠡᠢ ᠠᠷᠪᠠ ᠭᠠᠷᠤᠢ ᠲᠦᠮᠡᠨ ᠲᠥᠭᠥᠷᠢᠭ ᠦ᠋ᠨ ᠮᠥᠩᠭᠥᠨ ᠦ᠌ ᠨᠦᠬᠡᠨ ᠳ᠋ᠦ᠍ ᠤᠨᠠᠵᠠᠢ᠂ ᠲᠡᠷᠡ ᠡᠬᠡᠨᠡᠷ ᠦ᠋ᠨ ᠢ᠋ᠶ᠋ᠡᠨ ᠣᠯᠠᠨ ᠤᠳᠠᠭᠠᠨ ᠤ᠋ ᠢᠳᠬᠠᠯ ᠢ ᠰᠣᠨᠣᠰᠤᠭᠰᠠᠨ ᠦᠭᠡᠢ ᠲᠤᠯᠠ ᠠᠵᠤ ᠠᠮᠢᠳᠤᠷᠠᠯ ᠠᠵᠢᠯ ᠦᠢᠯᠡᠰ ᠭᠡᠮᠡᠨ ᠮᠣᠩᠭᠢᠨᠠᠵᠤ ᠪᠠᠢᠭᠰᠠᠨ ᠡᠬᠡᠨᠡᠷ ᠨᠢ ᠠᠷᠭ᠎ᠠ ᠪᠤᠰᠤ ᠤᠷᠤᠭ ᠰᠠᠯᠵᠤ᠂ ᠰᠠᠶᠢ ᠶ᠋ᠢᠨ ᠪᠠᠢᠭᠤᠯᠤᠭᠰᠠᠨ ᠭᠡᠷ ᠪᠦᠯᠢ ᠨᠢ ᠨᠢᠭᠡᠨᠲᠡ ᠮᠥᠩᠭᠥᠨ ᠦ᠌ ᠤᠷᠤᠭᠤᠳᠠᠯ ᠠ᠋ᠴᠠ ᠪᠣᠯᠵᠤ ᠪᠤᠲᠠᠷᠠᠨ ᠰᠠᠷᠨᠢᠵᠠᠢ᠃ ᠡᠨᠡ ᠪᠣᠯ ᠳᠠᠷᠤᠢ ᠮᠥᠩᠭᠥ ᠶ᠋ᠢ ᠨᠠᠭᠠᠳᠤᠮ ᠢ᠋ᠶ᠋ᠠᠷ ᠦᠵᠡᠵᠦ᠂ ᠠᠮᠢᠳᠤᠷᠠᠯ ᠳ᠋ᠤ᠌ ᠪᠠᠨ ᠡᠭᠴᠡ ᠪᠡᠷ ᠬᠠᠨᠳᠤᠭᠰᠠᠨ ᠦᠭᠡᠢ᠂ ᠪᠤᠷᠤᠭᠤ ᠭᠠᠵᠠᠷ ᠲᠤ᠌ ᠮᠥᠩᠭᠥ ᠪᠡᠨ ᠴᠢᠳᠬᠤᠭᠰᠠᠨ ᠤ᠋ ᠪᠣᠳᠠᠲᠤ ᠬᠡᠷᠡᠭ ᠦ᠋ᠨ ᠦᠯᠢᠭᠡᠷ ᠵᠢᠰᠢᠶ᠎ᠠ ᠪᠣᠯᠠᠠᠣ ᠶᠤᠮ᠂ ᠭᠡᠶ᠎ᠡ ᠥᠪᠡᠷ ᠦ᠋ᠨ ᠴᠢᠷᠮᠠᠢᠯᠭ᠎ᠠ ᠪᠠᠷ ᠭᠠᠷᠳᠠᠨ ᠣᠯᠤᠭᠰᠠᠨ ᠠᠵᠢᠯ ᠤ᠋ᠨ ᠦᠷ᠎ᠡ ᠪᠦᠲᠦᠮᠵᠢ ᠪᠦᠬᠦᠢ ᠪᠡᠯᠡᠨ ᠮᠥᠩᠭᠥ ᠪᠡᠨ ᠭᠠᠮ ᠲᠠᠢ ᠰᠠᠢᠬᠠᠨ ᠵᠣᠬᠢᠴᠠᠭᠤᠯᠤᠨ ᠴᠢᠳᠠᠪᠠᠯ᠂ ᠭᠠᠩᠭᠠᠩ ᠠᠮᠢᠳᠤᠷᠠᠯ ᠬᠠᠷᠰᠢ ᠰᠠᠭᠠᠳ ᠦᠭᠡᠢ ᠪᠥᠭᠡᠳ ᠦᠨ᠎ᠡ ᠥᠷᠲᠡᠭ ᠢ᠋ ᠨᠢ ᠨᠠᠷᠢᠨ ᠨᠢᠭᠲᠠ ᠪᠠᠳᠠᠷᠠᠭᠤᠯᠪᠠᠯ᠂ ᠴᠢᠨᠦ ᠥᠭᠡᠳᠡᠯᠡᠬᠦ ᠵᠠᠮ ᠴᠢᠨᠢ ᠠᠶᠠᠨᠳᠠᠭᠠᠨ ᠰᠠᠷᠠᠭᠤᠯ ᠳᠠᠷᠳᠠᠩ ᠪᠣᠯᠠᠠᠣ ᠨᠢ ᠵᠠᠢᠯᠠᠰᠢ ᠦᠭᠡᠢ !
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠮᠥᠴᠢᠷ ᠂ ᠭᠠᠷᠮ᠎ᠠ
