ᠬᠡᠷᠦᠯᠦᠨ ᠭᠣᠣᠯ ᠤᠨ ᠤᠨᠠᠭ᠎ᠠ Хэрлэн голын унага
ᠬᠡᠷᠦᠯᠦᠨ ᠭᠣᠣᠯ ᠤᠨ ᠤᠨᠠᠭ᠎ᠠ
ᠬᠡᠨᠲᠡᠢ ᠠᠢᠮᠠᠭ ᠤ᠋ᠨ ᠤᠨᠠᠭ᠎ᠠ
ᠬᠡᠭᠡᠷ ᠬᠠᠯᠲᠠᠷ ᠮᠣᠷᠢ ᠮᠢᠨᠢ
ᠬᠡᠷᠦᠯᠦᠨ ᠭᠣᠣᠯ ᠤ᠋ᠨ ᠤᠰᠤᠨ ᠳ᠋ᠤ᠌ ᠪᠠᠨ
ᠱᠤᠩᠭᠤᠵᠤ ᠥᠰᠦᠭᠰᠡᠨ ᠠᠳᠤᠭᠤ ᠮᠢᠨᠢ
ᠳᠠᠭ᠎ᠠ ᠡᠴᠡ ᠪᠡᠨ ᠳᠠᠪᠬᠢᠵᠤ
ᠲᠠᠩᠳᠠ ᠲᠦᠷᠦᠭᠦᠯᠡᠨ ᠴᠣᠯᠠᠯᠠᠭᠤᠯᠵᠤ
ᠳᠠᠶᠠᠭᠠᠷ ᠣᠯᠠᠨ ᠳ᠋ᠤ᠌ ᠪᠠᠨ ᠠᠯᠳᠠᠷᠲᠠᠢ
ᠳᠠᠭᠠᠭᠠᠮᠠᠢ ᠬᠤᠷᠳᠤᠨ ᠮᠣᠷᠢ ᠮᠢᠨᠢ
ᠪᠠᠶᠠᠷ ᠨᠠᠭᠠᠳᠤᠮ ᠤ᠋ᠨ ᠴᠢᠮᠡᠭ
ᠪᠠᠢᠭ᠎ᠠ ᠣᠯᠠᠨ ᠤ᠋ ᠭᠠᠢᠬᠠᠮᠰᠢᠭ
ᠪᠠᠶᠠᠯᠢᠭ ᠰᠦᠷᠦᠭ ᠦ᠋ᠨ ᠤᠨᠠᠭᠠᠨ ᠤ᠋ ᠪᠠᠨ
ᠪᠠᠢᠳᠠᠯ ᠲᠥᠯᠥᠪ ᠢ᠋ ᠬᠡᠯᠡᠶ᠎ᠡ᠄
ᠰᠠᠷᠠᠨ ᠰᠢᠭᠦᠷ ᠦ᠋ᠨ ᠠᠳᠠᠯᠢᠬᠠᠨ
ᠪᠥᠬᠥᠢᠵᠦ ᠤᠷᠭᠤᠭᠰᠠᠨ ᠳᠡᠯ ᠲᠡᠢ
ᠰᠠᠩᠵᠠᠢ ᠶ᠋ᠢᠨ ᠠᠯᠲᠠᠨ ᠵᠢᠭᠠᠰᠤ ᠰᠢᠭ᠋
ᠮᠡᠯᠮᠡᠯᠵᠡᠭᠰᠡᠨ ᠨᠢᠳᠦ ᠲᠡᠢ
ᠰᠠᠮᠢᠶ᠎ᠠ ᠪᠠᠳᠮ᠎ᠠ ᠯᠢᠩᠬᠤ᠎ᠠ ᠰᠢᠭ᠋
ᠴᠣᠷᠪᠣᠯᠵᠠᠭᠰᠠᠨ ᠴᠢᠬᠢ ᠲᠡᠢ
ᠰᠠᠷᠠᠭᠤᠯ ᠡᠷᠳᠡᠨᠢ ᠶ᠋ᠢᠨ ᠬᠣᠩᠬᠣ ᠮᠡᠲᠦ
ᠪᠥᠮᠪᠥᠭᠡᠷᠬᠡᠨ ᠮᠠᠩᠨᠠᠢ ᠲᠠᠢ
ᠰᠠᠢᠬᠠᠨ ᠮᠣᠯᠴᠣᠭ ᠤ᠋ᠨ ᠠᠳᠠᠯᠢᠬᠠᠨ
ᠲᠤᠭ ᠰᠠᠢᠬᠠᠨ ᠰᠡᠭᠦᠯ ᠲᠡᠢ
ᠰᠠᠯᠬᠢᠨ ᠤ᠋ ᠬᠤᠷᠳᠤ ᠠᠳᠠᠯᠢᠬᠠᠨ
ᠬᠤᠷᠳᠤᠨ ᠳᠥᠷᠪᠡᠨ ᠲᠤᠭᠤᠷᠠᠢ ᠲᠠᠢ
ᠽᠠᠨᠳᠠᠨ ᠮᠣᠳᠣᠨ ᠤ᠋ ᠨᠠᠪᠴᠢ ᠰᠢᠭ
ᠥᠨᠢᠷ ᠣᠯᠠᠨ ᠢᠵᠢᠯᠢ ᠲᠡᠢ
ᠰᠠᠢᠪᠤᠷ ᠵᠢᠷᠣᠭ᠎ᠠ ᠬᠠᠲᠠᠷᠢ ᠲᠠᠢ
ᠰᠠᠢᠨ ᠮᠣᠷᠢ ᠪᠠᠨ ᠶᠠᠷᠢᠬᠤ ᠳ᠋ᠤ᠌
ᠤᠷᠤᠯᠳᠤᠭᠠᠨ ᠳ᠋ᠤ᠌ ᠲᠠᠯᠪᠢᠳᠠᠭ ᠬᠤᠷᠳᠤᠨ ᠮᠣᠷᠢ
ᠤᠰᠤᠨ ᠲᠡᠯᠮᠡᠨ ᠵᠢᠷᠣᠭ᠎ᠠ ᠮᠣᠷᠢ
ᠠᠭᠤᠳᠠᠮ ᠳᠠᠭᠠᠭᠠᠮᠠᠢ ᠬᠠᠲᠠᠷᠢ ᠲᠠᠢ ᠮᠣᠷᠢ
ᠤᠷᠭ᠎ᠠ ᠶ᠋ᠢᠨ ᠰᠡᠷᠭᠦᠯᠡᠩ ᠴᠣᠪᠣᠭᠣ ᠮᠣᠷᠢ
ᠣᠨᠣᠯᠭ᠎ᠠ ᠡᠳ᠋ᠯᠡᠭᠡ ᠲᠠᠲᠠᠭ ᠮᠣᠷᠢ
ᠤᠳᠤᠮ ᠰᠠᠢᠲᠠᠢ ᠡᠷᠬᠢᠮ ᠮᠣᠷᠢ
ᠤᠰᠤ ᠨᠤᠲᠤᠭ ᠤ᠋ᠨ ᠰᠢᠨᠵᠢ ᠪᠡᠷ
ᠠᠭᠤᠳᠠᠮ ᠮᠣᠩᠭᠣᠯ ᠳ᠋ᠤ᠌ ᠲᠥᠷᠥᠳᠡᠭ ᠪᠠᠢᠨ᠎ᠠ᠃
ᠡᠮᠡᠭᠡᠯ ᠲᠣᠬᠣᠭᠠᠳ ᠤᠶᠠᠴᠢᠬᠠᠬᠤ ᠪᠠᠷ
ᠨᠢᠳᠦᠨ ᠦ᠌ ᠴᠢᠮᠡᠭ ᠮᠣᠷᠢ
ᠡᠳ᠋ᠯᠡᠵᠦ ᠤᠨᠤᠭᠠᠳ ᠶᠠᠪᠤᠬᠤ ᠳ᠋ᠤ᠌
ᠡᠵᠡᠨ ᠪᠡᠶ᠎ᠡ ᠶ᠋ᠢᠨ ᠴᠢᠮᠡᠭ ᠮᠣᠷᠢ
ᠡᠯᠪᠡᠭ ᠰᠦᠷᠦᠭ ᠦ᠋ᠨ ᠤᠨᠠᠭ᠎ᠠ
ᠡᠷᠳᠡᠨᠢ ᠬᠦᠯᠦᠭ ᠮᠣᠷᠢ ᠮᠢᠨᠢ
Хэрлэн голын унага
Хэнтий аймгийн унага
Хээр халтар морь минь
Хэрлэн голын усандаа
Шунгаж өссөн адуу минь
Дааганаасаа давхиж
Дандаа түрүүлэн цоллуулж
Даяар олондоо алдартай
Даамай хурдан морь минь
Баяр наадмын чимэг
Байгаа олны гайхамшиг
Баялаг сүргийн унаганыхаа
Байдал төлөвийг хэлье:
Саран шүхрийн адилхан
Бөхийж ургасан дэлтэй
Санзайн алтан загас шиг
Мэлмэлзсэн нүдтэй
Самъяа бадам лянхуа шиг
Цорволзсон чихтэй
Саруул эрдэнийн хонх мэт
Бөмбөгөрхөн магнайтай
Сайхан молцгийн адилхан
Туг сайхан сүүлтэй
Салхины хурд адилхан
Хурдан дөрвөн туурайтай
Зандан модны навч шиг
Өнөр олон ижилтэй
Сайвар жороо хатиртай
Сайн морио ярихад
Уралдаанд тавьдаг хурдан морь
Усан тэлмэн жороо морь
Уудам даамай хатиртай морь
Уургын сэргэлэн цовоо морь
Уналга эдэлгээ даадаг морь
Удам сайтай эрхэм морь
Ус нутгийн шинжээр
Уудам Монголд төрдөг байна.
Эмээл тохоод уячихаар
Нүдний чимэг морь
Эдэлж унаад явахад
Эзэн биеийн чимэг морь
Элбэг сүргийн унага
Эрдэнэ хүлэг морь минь
