ᠣᠬᠢᠯᠠᠭᠰᠠᠨ ᠤ ᠤᠴᠢᠷ – ᠱᠠᠭᠲᠠᠢ ᠶᠢᠨ ᠴᠠᠨᠳᠠ - ᠠᠶᠤᠰᠢ Охилсны очир – Шагтайн цэнд - Аюуши
ᠣᠬᠢᠯᠠᠭᠰᠠᠨ ᠤ ᠤᠴᠢᠷ
ᠱᠠᠭᠲᠠᠢ ᠶᠢᠨ ᠴᠠᠨᠳᠠ - ᠠᠶᠤᠰᠢ
ᠪᠢ ᠨᠢᠭᠡ ᠤᠳᠠᠭ᠎ᠠ ᠮᠥᠷ ᠢ᠋ᠶ᠋ᠡᠷ ᠢ᠋ᠶ᠋ᠡᠨ ᠶᠠᠪᠤᠵᠤ ᠪᠠᠢᠭᠠᠳ ᠬᠡᠷᠡᠭ ᠲᠤ ᠣᠷᠣᠬᠤ ᠰᠢᠬᠠᠵᠤ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠭᠰᠠᠨ ᠶᠤᠮ᠃
ᠡᠨᠡ ᠲᠤᠬᠠᠢ ᠥᠭᠦᠯᠡᠪᠡᠯ᠄ ᠲᠡᠷᠡ ᠨᠢᠭᠡ ᠡᠳᠦᠷ ᠲᠠᠨᠢᠯ ᠤ᠋ᠨ ᠳ᠋ᠠᠭᠠᠨ ᠣᠴᠢᠬᠤ ᠪᠠᠷ ᠠᠦ᠋ᠲ᠋ᠣᠪᠦ᠋ᠰ ᠲᠤ ᠦᠵᠡᠵᠦ ᠠᠯᠳᠠᠵᠤ᠂ ᠦᠰᠦᠷᠵᠦ ᠨᠠᠭᠠᠯᠳᠤᠵᠤ ᠪᠠᠢᠭᠠᠳ ᠣᠷᠣᠴᠢᠬᠠᠯ᠎ᠠ᠃ ᠲᠡᠭᠡᠭᠡᠳ ᠬᠣᠢᠲᠤ ᠪᠦᠯᠦᠭ ᠲᠦ᠋ᠨᠢ ᠲᠠᠤᠯᠠᠢ ᠰᠢᠭ᠋ ᠬᠢᠷᠤᠵᠤ ᠪᠠᠢᠲᠠᠯ᠎ᠠ ᠺᠣᠨᠳᠤᠢᠺᠲ᠋ᠣᠷ ᠠᠪᠠᠭᠠᠢ ᠬᠥᠮᠦᠰ ᠲᠤ ᠠᠭᠠᠰᠢᠯᠠᠭᠤᠯᠵᠤ ᠵᠠᠩᠨᠠᠭᠤᠯᠵᠤ ᠮᠠᠭᠤ ᠬᠡᠯᠡᠭᠳᠡᠬᠦ ᠪᠣᠯᠪᠠᠴᠤ ᠦᠯᠦ ᠲᠣᠭᠣᠨ ᠲᠠᠪᠢᠨ ᠮᠥᠩᠭᠥ ᠬᠣᠷᠢᠶᠠᠨ ᠠᠪᠤᠭᠰᠠᠭᠠᠷ ᠮᠢᠨᠦ ᠳᠡᠷᠭᠡᠳᠡ ᠲᠤᠯᠤᠭᠠᠳ ᠢᠷᠡᠯ᠎ᠡ᠃ ᠤᠷᠢᠳᠤ ᠶᠠᠪᠤᠬᠤ ᠳ᠋ᠤᠨᠢ《 ᠰᠠᠭᠤᠳᠠᠯ ᠣᠯᠵᠤ ᠥᠭᠭᠦᠭᠡᠳ ᠮᠥᠩᠭᠥ ᠪᠡᠨ ᠠᠪ》 ᠭᠡᠵᠦ ᠬᠡᠯᠡᠶ᠎ᠡ ᠭᠡᠮᠡᠨ ᠪᠣᠳᠣᠵᠤ ᠪᠠᠢᠭᠰᠠᠨ ᠪᠣᠯᠪᠠᠴᠤ ᠬᠠᠯᠵᠠ ᠲᠤᠯᠭᠠᠷᠠᠮᠠᠭᠴᠠ ᠣᠯᠠᠨ ᠤ᠋ ᠳᠤᠮᠳᠠ ᠡᠯᠳᠡᠪ ᠢ᠋ᠶ᠋ᠡᠷ ᠳᠠᠭᠤᠳᠠᠵᠤ ᠪᠠᠯᠠᠯᠠᠬᠤ ᠪᠠᠢᠬᠤ ᠭᠡᠬᠦ ᠡᠴᠡ ᠶᠠᠰᠤ ᠬᠠᠪᠲᠠᠯᠵᠠᠵᠤ ᠨᠠᠳᠠ ᠳ᠋ᠤ᠌ ᠰᠠᠭᠤᠳᠠᠯ ᠲᠠᠯᠪᠢᠵᠤ ᠥᠭᠭᠦᠭᠰᠡᠨ ᠬᠥᠮᠦᠨ ᠳ᠋ᠦ᠍ ᠬᠠᠯᠲᠤ ᠲᠠᠯᠠᠷᠬᠠᠯ ᠢ᠋ᠶ᠋ᠠᠨ ᠢᠯᠡᠷᠬᠡᠢᠯᠡᠭᠡᠳ ᠪᠤᠰᠢᠭᠤᠬᠠᠨ ᠯᠠ ᠲᠠᠪᠢᠨ ᠮᠥᠩᠭᠥ ᠰᠠᠷᠪᠠᠢᠪᠠ᠃ ᠲᠡᠭᠡᠲᠡᠯ᠎ᠡ ᠥᠨᠥ ᠺᠣᠨᠳᠤᠢᠺᠲ᠋ᠣᠷ ᠴᠢᠨᠢ ᠤᠴᠢᠷ ᠵᠦᠭ ᠦᠭᠡᠢ ᠤᠬᠢᠯᠠᠵᠤ ᠡᠬᠢᠯᠡᠳᠡᠭ ᠪᠠᠢᠭ᠎ᠠ᠃ ᠠᠦ᠋ᠲ᠋ᠣᠪᠦ᠋ᠰ ᠳᠣᠲᠣᠷ᠎ᠠ ᠰᠢᠪᠢᠷ ᠢᠪᠢᠷ ᠬᠢᠭᠰᠡᠨ ᠶᠠᠷᠢᠶ᠎ᠠ ᠥᠷᠨᠢᠵᠦ᠄
— ᠶᠠᠭᠠᠬᠢᠪᠠ ᠠ᠋᠂ ᠲᠠ ᠶᠠᠭᠤᠨ ᠳ᠋ᠤ᠌ ᠤᠬᠢᠯᠠᠪᠠ ᠭᠡᠵᠦ ᠺᠣᠨᠳᠤᠢᠺᠲ᠋ᠣᠷ ᠢ᠋ ᠰᠢᠯᠭᠠᠪᠠᠯ ᠲᠡᠷᠡ ᠨᠠᠳᠠ ᠤᠷᠤᠭᠤ ᠬᠤᠷᠤᠭᠤ ᠪᠠᠷ ᠢ᠋ᠶ᠋ᠠᠨ ᠵᠢᠭᠠᠭᠠᠳ ᠦᠭᠡ ᠬᠡᠯᠡᠵᠦ ᠴᠢᠳᠠᠬᠤ ᠦᠭᠡᠢ ᠤᠬᠢᠯᠠᠭᠠᠳ ᠪᠠᠢᠯ᠎ᠠ᠃ ᠢᠩᠭᠢᠭᠡᠳ ᠶᠠᠮᠠᠷ ᠴᠦ᠍ ᠭᠡᠮ ᠦᠭᠡᠢ ᠪᠠᠢᠵᠤ ᠪᠠᠢᠭᠠᠳ ᠬᠡᠷᠡᠭ ᠲᠤ ᠬᠣᠯᠪᠣᠭᠳᠠᠬᠤ ᠨᠢ ᠲᠡᠷᠡ᠃
ᠪᠢ ᠶᠠᠭᠠᠬᠢᠭ᠎ᠠ ᠴᠦ᠍ ᠦᠭᠡᠢ ᠭᠡᠵᠦ ᠦᠨᠡᠨ ᠢ᠋ᠶ᠋ᠡᠨ ᠬᠡᠯᠡᠪᠡᠯ ᠬᠥᠮᠦᠨ ᠦ᠌ ᠮᠠᠭᠤ ᠳ᠋ᠤ᠌ ᠳᠤᠷᠠᠲᠠᠢ ᠪᠠᠢᠷᠢ ᠶ᠋ᠢᠨ ᠰᠡᠭᠰᠡᠭᠡᠷ ᠦᠰᠦ ᠲᠡᠢ ᠡᠷ᠎ᠡ ᠄
— ᠡᠨᠡ ᠺᠣᠨᠳᠤᠢᠺᠲ᠋ᠣᠷ ᠶᠠᠭᠠᠬᠢᠪᠠᠴᠤ ᠵᠦᠭᠡᠷ ᠪᠠᠢᠵᠤ ᠪᠠᠢᠭᠠᠳ ᠥᠪᠡᠷ ᠢ᠋ᠶ᠋ᠡᠨ ᠤᠬᠢᠯᠠᠬᠤ ᠶᠣᠰᠣ ᠦᠭᠡᠢ᠂ ᠨᠠᠭᠠᠳᠤ ᠨᠥᠬᠥᠷ ᠴᠢᠨᠢ ᠮᠥᠩᠭᠥ ᠥᠭ ᠭᠡᠬᠦ ᠪᠡᠷ ᠨᠢ ᠵᠡᠭᠦᠦ ᠬᠠᠳᠬᠤᠭᠰᠠᠨ ᠪᠠᠢᠬ᠎ᠠ ᠭᠡᠵᠦ ᠬᠠᠰᠬᠢᠷᠬᠤ ᠳ᠋ᠤ᠌ ᠪᠠᠰᠠ ᠨᠢᠭᠡ ᠵᠠᠯᠠᠭᠤ ᠲᠡᠭᠦᠨ ᠢ᠋ ᠳᠠᠮᠵᠢᠨ᠄
— ᠺᠣᠨᠳᠤᠢᠺᠲ᠋ᠣᠷ ᠤ᠋ᠳ ᠵᠡᠭᠦᠦ ᠪᠡᠷ ᠬᠠᠳᠬᠤᠭᠰᠠᠨ ᠲᠡᠳᠦᠢ ᠳ᠋ᠦ᠍ ᠠᠮᠠᠷᠬᠠᠨ ᠤᠬᠢᠯᠠᠬᠤ ᠦᠭᠡᠢ᠂ ᠡᠳᠡ ᠴᠢᠨᠢ ᠵᠡᠭᠦᠦ ᠣᠷᠣᠬᠤ ᠵᠠᠢ ᠦᠭᠡᠢ ᠰᠢᠬᠠᠯᠴᠠᠯᠳᠤᠭᠰᠠᠨ ᠬᠥᠮᠦᠰ ᠳᠤᠮᠳᠠᠭᠤᠷ ᠵᠢᠳᠬᠦᠭᠰᠡᠭᠡᠷ ᠪᠠᠢᠭᠠᠳ ᠪᠡᠬᠢ ᠪᠡᠷ ᠬᠠᠵᠠᠭᠤᠯᠤᠭᠰᠠᠨ ᠴᠦ᠍ ᠠᠵᠢᠷᠠᠬᠤ ᠪᠠᠷ ᠦᠭᠡᠢ ᠪᠣᠯᠤᠭᠰᠠᠨ ᠶᠤᠮ᠃ ᠡᠨᠡ ᠵᠠᠯᠠᠭᠤ ᠨᠢᠭᠡ ᠯᠡ ᠬᠣᠣᠷᠯᠠᠩᠲᠠᠢ ᠵᠦᠢᠯ ᠬᠢᠯ᠎ᠡ ᠭᠡᠵᠦ ᠨᠤᠲᠠᠯᠠᠯ᠎ᠠ᠃ ᠺᠣᠨᠳᠤᠢᠺᠲ᠋ᠣᠷ ᠭᠢᠩᠭᠢᠨᠡᠲᠡᠯᠡ ᠤᠬᠢᠯᠠᠨ᠂ ᠡᠭᠦᠨ ᠦ᠌ ᠤᠴᠢᠷ ᠢ᠋ ᠣᠯᠬᠤ ᠭᠡᠵᠦ ᠬᠥᠮᠦᠰ ᠮᠠᠷᠭᠤᠯᠳᠤᠨ ᠪᠢ ᠬᠠᠪᠬᠠᠨ ᠳ᠋ᠤ᠌ ᠣᠷᠣᠭᠰᠠᠨ ᠵᠡᠭᠡᠷ᠎ᠡ ᠰᠢᠭ ᠪᠤᠷᠳᠦᠯᠵᠢᠨᠡ᠃
— ᠡᠨᠡ ᠵᠠᠯᠠᠭᠤ ᠺᠣᠨᠳᠤᠢᠺᠲ᠋ᠣᠷ ᠢ᠋ ᠴᠦᠩᠬᠦ ᠪᠠᠷᠢᠭᠰᠠᠨ ᠭᠤᠶᠤᠯᠭᠠᠴᠢᠨ ᠭᠡᠵᠦ ᠳᠣᠷᠣᠮᠵᠢᠯᠠᠭᠰᠠᠨ ᠪᠠᠢᠯᠭᠦᠢ ᠭᠡᠵᠦ ᠬᠡᠦᠬᠡᠨ ᠦ᠌ ᠬᠡᠯᠡᠬᠦ ᠳ᠋ᠦ᠍ ᠪᠢ ᠥᠪᠡᠷ ᠢ᠋ ᠪᠡᠨ ᠴᠠᠭᠠᠳᠬᠠᠨ ᠠᠮᠠ ᠴᠦ᠍ ᠠᠩᠭᠠᠢᠭᠠ ᠦᠭᠡᠢ ᠭᠡᠳᠡᠭ ᠢ᠋ᠶ᠋ᠡᠨ ᠠᠨᠳᠠᠭᠠᠢᠯᠠᠬᠤ ᠭᠡᠲᠡᠯ᠎ᠡ ᠨᠢᠭᠡᠨ ᠡᠷ᠎ᠡ ᠨᠠᠳᠠ ᠠ᠋ᠴᠠ ᠤᠷᠢᠲᠠᠵᠤ᠄
— ᠦ ᠺᠣᠨᠳᠤᠢᠺᠲ᠋ᠣᠷ ᠤ᠋ᠳ ᠶᠠᠩᠵᠤ ᠪᠦᠷᠢ ᠶ᠋ᠢᠨ ᠦᠭᠡ ᠳᠣᠭᠣᠯᠤᠭᠰᠠᠭᠠᠷ ᠪᠠᠢᠭᠠᠳ ᠪᠦᠷ ᠳᠥᠵᠢᠷᠡᠴᠢᠬᠡᠭᠰᠡᠨ ᠶᠦᠮ᠂ ᠠᠦ᠋ᠲ᠋ᠣᠪᠦ᠋ᠰ ᠬᠦᠯᠢᠶᠡᠭᠰᠡᠨ ᠦ᠌ ᠪᠡᠨ ᠰᠢᠷ᠎ᠠ ᠶ᠋ᠢ ᠭᠠᠷᠭᠠᠬᠤ ᠭᠡᠰᠡᠨ ᠬᠥᠮᠦᠰ ᠡᠯᠳᠡᠪ ᠶᠠᠩᠵᠤ ᠪᠠᠷ ᠬᠡᠯᠡᠬᠦ ᠶ᠋ᠢ ᠰᠣᠨᠣᠰᠤᠭᠰᠠᠭᠠᠷ ᠬᠢᠷᠢ ᠪᠠᠷᠤᠭ ᠤ᠋ᠨ ᠵᠦᠢᠯ ᠢ᠋ ᠲᠣᠭᠣᠬᠤ ᠪᠠᠨ ᠪᠠᠢᠭᠰᠠᠨ ᠬᠥᠮᠦᠰ᠂ ᠺᠣᠨᠳᠤᠢᠺᠲ᠋ᠣᠷ ᠤᠬᠢᠯᠠᠵᠤ ᠪᠠᠢᠬᠤ ᠶ᠋ᠢ ᠪᠣᠳᠣᠬᠤ ᠳ᠋ᠤ᠌ ᠨᠠᠭᠠᠳᠤ ᠨᠥᠬᠥᠷ ᠴᠢᠨᠢ ᠬᠥᠮᠦᠨ ᠦ᠌ ᠰᠠᠨᠠᠭᠠᠨ ᠳ᠋ᠤ᠌ ᠣᠷᠣᠮ᠎ᠠ ᠦᠭᠡᠢ ᠨᠣᠴᠢᠲᠠᠢ ᠵᠦᠢᠯ ᠬᠢᠭᠰᠡᠨ ᠪᠠᠢᠬ᠎ᠠ᠃ ᠡᠨᠡ ᠡᠲᠡᠭᠡᠳ ᠢ᠋ ᠰᠡᠷᠭᠡᠢᠯᠡᠬᠦ ᠳ᠋ᠦ᠍ ᠠᠪᠠᠴᠢᠪᠠᠯ ᠲᠠᠭᠠᠷᠠᠨ᠎ᠠ ᠭᠡᠵᠦ ᠬᠡᠯᠡ ᠠᠮᠠ ᠪᠠᠨ ᠪᠢᠯᠢᠬᠦᠳᠡᠵᠠᠢ᠃
ᠠᠦ᠋ᠲ᠋ᠣᠪᠦ᠋ᠰ ᠲᠤ ᠶᠠᠪᠤᠭ᠎ᠠ ᠬᠥᠮᠦᠨ ᠪᠦᠷᠢ ᠺᠣᠨᠳᠤᠢᠺᠲ᠋ᠣᠷ ᠤᠬᠢᠯᠠᠬᠤ ᠭᠡᠳᠡᠭ ᠲᠡᠮᠡᠭᠡ ᠮᠥᠷᠭᠥᠯᠳᠦᠬᠦ ᠡᠴᠡ ᠬᠣᠪᠣᠷ ᠶᠡᠷᠦ ᠪᠠᠢᠵᠤ ᠪᠣᠯᠤᠮ᠎ᠠ ᠦᠭᠡᠢ ᠵᠦᠢᠯ ᠭᠡᠳᠡᠭ ᠢ᠋ ᠪᠠᠲᠤᠯᠠᠬᠤ ᠲᠣᠰᠤᠮ ᠮᠢᠨᠦ ᠬᠡᠷᠡᠭ ᠬᠦᠨᠳᠦᠷᠡᠵᠦ ᠪᠠᠢᠯ᠎ᠠ᠃ ᠲᠡᠭᠡᠲᠡᠯ᠎ᠡ ᠨᠢᠭᠡ ᠰᠠᠬᠠᠯ ᠲᠠᠢ ᠬᠠᠷ᠎ᠠ ᠬᠥᠮᠦᠨ ᠨᠠᠳᠠ ᠳ᠋ᠤ᠌ ᠲᠤᠰᠠ ᠪᠣᠯᠪᠠ᠃ ᠲᠡᠷᠡ ᠬᠠᠴᠠᠷ ᠢ᠋ᠶ᠋ᠠᠨ ᠢᠯᠢᠵᠦ᠄
— ᠲᠠ ᠮᠢᠨᠢ ᠨᠠᠭᠠᠳᠤ ᠵᠠᠯᠠᠭᠤ ᠪᠠᠨ ᠪᠢᠲᠡᠭᠡᠢ ᠵᠢᠮᠡᠯᠡ᠂ ᠴᠠᠭᠠᠳᠤ ᠺᠣᠨᠳᠤᠢᠺᠲ᠋ᠣᠷ ᠴᠢᠨᠢ ᠥᠪᠡᠷ ᠢ᠋ᠶ᠋ᠡᠨ ᠪᠤᠷᠤᠭᠤ ᠲᠠᠢ ᠪᠠᠢᠵᠤ ᠮᠠᠭᠠᠳ ᠦᠭᠡᠢ ᠭᠡᠬᠦ ᠳ᠋ᠦ᠍᠂
— ᠶᠠᠭᠠᠬᠢᠭᠠᠳ ᠲᠡᠷᠡ ᠪᠢᠯᠡ ᠭᠡᠵᠦ ᠴᠦᠩᠬᠦ ᠪᠠᠷᠢᠭᠰᠠᠨ ᠰᠢᠷ᠎ᠠ ᠠᠪᠠᠭᠠᠢ ᠥᠨᠥ ᠬᠥᠮᠦᠨ ᠤᠷᠤᠭᠤ ᠣᠮᠣᠭᠳᠠᠪᠠ᠃ ᠰᠠᠬᠠᠯᠲᠤ ᠡᠷ᠎ᠡ ᠠᠪᠠᠭᠠᠢ ᠤᠷᠤᠭᠤ ᠬᠢᠯᠠᠮ ᠬᠢᠭᠡᠳ᠄
— ᠶᠠᠭᠠᠬᠢᠭᠠᠳ ᠠ᠋? ᠶᠠᠭᠠᠬᠢᠭᠠᠳ ᠭᠡᠪᠡᠯ ᠤᠯᠤᠰ ᠤ᠋ᠨ ᠠᠦ᠋ᠲ᠋ᠣᠪᠦ᠋ᠰ ᠲᠤ ᠰᠠᠭᠤᠭᠰᠠᠨ ᠤ᠋ ᠲᠥᠯᠥᠭᠡ ᠥᠪᠡᠷ ᠲᠡᠭᠡᠨ ᠠᠪᠬᠤ ᠭᠡᠵᠦ ᠪᠠᠢᠭ᠎ᠠ ᠶᠤᠮ ᠰᠢᠭ᠋ ᠲᠠᠪᠢᠨ ᠮᠥᠩᠭᠥ ᠰᠠᠯᠤᠯ ᠦᠭᠡᠢ ᠨᠡᠬᠡᠭᠡᠳ ᠴᠠᠭᠠᠨ᠎ᠠ ᠪᠠᠨ ᠯᠠ ᠨᠦᠮᠵᠢᠭ ᠦᠭᠡᠢ ᠰᠢᠦ᠃ ᠪᠠᠰᠠ ᠲᠡᠭᠡᠭᠡᠳ ᠬᠣᠲᠠ ᠶ᠋ᠢᠨ ᠭᠤᠷᠪᠠᠨ ᠵᠠᠭᠤ ᠭᠠᠷᠤᠢᠬᠠᠨ ᠮᠢᠩᠭᠠᠨ ᠬᠥᠮᠦᠨ ᠢ᠋ ᠨᠡᠷ᠎ᠡ ᠲᠡᠢ ᠤᠰᠤ ᠲᠠᠢ ᠨᠢ ᠲᠣᠭᠲᠠᠭᠠᠴᠢᠬᠠᠬᠤ ᠶ᠋ᠢᠨ ᠣᠷᠣᠨ ᠳ᠋ᠤ᠌ ᠮᠠᠯ ᠰᠢᠭ᠋ ᠵᠢᠰᠦᠯᠡᠬᠦ ᠶ᠋ᠢ ᠶᠠᠭᠠᠬᠢᠨ᠎ᠠ ᠭᠡᠵᠦ ᠬᠣᠰᠢᠭᠤ ᠨᠡᠮᠡᠷᠢᠯᠡᠯ᠎ᠡ᠃ ᠨᠠᠮ᠎ᠠ ᠶ᠋ᠢ ᠥᠮᠥᠭᠡᠷᠡᠬᠦ ᠬᠥᠮᠦᠨ ᠭᠠᠷᠬᠤ ᠪᠠᠷ ᠪᠢ ᠵᠢᠭᠠᠬᠠᠨ ᠲᠠᠢᠪᠤᠰᠢᠷᠠᠪᠠ᠃ ᠭᠡᠪᠡᠴᠦ ᠪᠢᠳᠡᠨ ᠦ᠌ ᠬᠡᠷᠡᠭᠦᠯ ᠵᠢᠯᠣᠭᠣᠴᠢ ᠶ᠋ᠢᠨ ᠴᠢᠬᠢᠨ ᠳ᠋ᠦ᠍ ᠬᠦᠷᠴᠢᠬᠡᠵᠡᠢ ᠃ ᠠᠦ᠋ᠲ᠋ᠣᠪᠦ᠋ᠰ ᠶᠠᠭ ᠬᠢᠲᠡᠯ᠎ᠡ ᠲᠤᠷᠮᠤᠰᠤᠯᠠᠭᠠᠳ ᠵᠢᠯᠣᠭᠣᠴᠢ ᠭᠦᠶᠦᠵᠦ ᠢᠷᠡᠨ ᠨᠠᠮ᠎ᠠ ᠶ᠋ᠢ ᠵᠠᠭᠠᠮᠠᠳᠠᠭᠠᠳ ᠄
— ᠴᠢ ᠶᠠᠭᠠᠬᠢᠭᠠᠳ ᠮᠠᠨ ᠤ᠋ ᠺᠣᠨᠳᠤᠢᠺᠲ᠋ᠣᠷ ᠢ᠋ ᠵᠣᠳᠣᠳᠠᠭ ᠪᠢᠯᠡ? ᠴᠢᠮ᠎ᠠ ᠶ᠋ᠢ ᠰᠡᠷᠭᠡᠢᠯᠡᠬᠦ ᠳ᠋ᠦ᠍ ᠠᠪᠠᠴᠢᠨ᠎ᠠ ᠭᠡᠵᠦ ᠴᠢᠷᠪᠡ᠃ ᠪᠢᠳᠠᠷᠠᠭᠤᠨ ᠵᠢᠯᠣᠭᠣᠴᠢ ᠶ᠋ᠢᠨ ᠴᠢᠭᠢᠷᠠᠭ ᠭᠠᠷ ᠲᠤ ᠴᠢᠭᠢᠭ ᠦ᠋ᠨ ᠤᠯᠠᠭᠠᠨ ᠥᠳᠥ ᠰᠢᠭ ᠰᠡᠷᠪᠡᠯᠵᠡᠵᠦ ᠪᠠᠢᠲᠠᠯ᠎ᠠ ᠤᠬᠢᠯᠠᠵᠤ ᠤᠬᠢᠯᠠᠵᠤ ᠲᠠᠢᠪᠤᠰᠢᠷᠠᠭᠰᠠᠨ ᠴᠦ᠍ ᠶᠤᠮ ᠤᠤ ᠪᠤᠤ ᠮᠡᠳᠡ ᠥᠨᠥ ᠭᠠᠢ ᠲᠠᠢ ᠺᠣᠨᠳᠤᠢᠺᠲ᠋ᠣᠷ ᠨᠢᠯᠪᠤᠰᠤ ᠪᠠᠨ ᠠᠷᠴᠢᠨ ᠪᠠᠢᠵᠤ᠄
— ᠨᠠᠭᠠᠳᠤ ᠬᠥᠮᠦᠨ ᠴᠢᠨᠢ ᠭᠡᠮ ᠦᠭᠡᠢ᠃ ᠨᠠᠳᠠ ᠳ᠋ᠤ᠌ ᠪᠠᠶᠠᠷᠯᠠᠯ᠎ᠠ ᠭᠡᠵᠦ ᠬᠡᠯᠡᠬᠦ ᠪᠡᠷ ᠨᠢ ᠪᠢ ᠥᠪᠡᠷ ᠦ᠋ᠨ ᠡᠷᠬᠡ ᠦᠭᠡᠢ ᠤᠶᠠᠷᠠᠭᠠᠳ ᠤᠬᠢᠯᠠᠴᠢᠬᠠᠯᠠ᠃ ᠣᠯᠠᠨ ᠲᠦᠮᠡᠨ ᠳ᠋ᠦ᠍ ᠬᠢᠷᠢ ᠴᠢᠳᠠᠯ ᠢ᠋ᠶ᠋ᠠᠷ ᠢ᠋ᠶ᠋ᠠᠨ ᠦᠢᠯᠡᠴᠢᠯᠡᠵᠦ ᠡᠭᠦᠷᠭᠡ ᠪᠡᠨ ᠪᠡᠶᠡᠯᠡᠭᠦᠯᠵᠦ ᠶᠠᠪᠤᠬᠤ ᠳ᠋ᠤ᠌ ᠮᠢᠨᠢ ᠵᠣᠷᠴᠢᠭᠴᠢᠳ ᠶᠤᠮ ᠯᠠ ᠪᠣᠯ ᠠᠭᠠᠰᠢᠯᠠᠵᠤ ᠵᠠᠩᠨᠠᠳᠠᠭ ᠪᠣᠯ ᠡᠨᠡ ᠬᠥᠮᠦᠨ ᠮᠢᠨᠦ ᠬᠥᠳᠡᠯᠮᠦᠷᠢ ᠶ᠋ᠢ ᠬᠦᠨᠳᠦᠯᠡᠨ ᠲᠠᠯᠠᠷᠬᠠᠵᠤ ᠪᠠᠢᠬᠤ ᠳ᠋ᠤ᠌ ᠪᠢ ᠪᠠᠶᠠᠷᠯᠠᠬᠤ ᠦᠭᠡᠢ ᠶᠠᠭᠠᠬᠢᠬᠤ ᠪᠣᠢ ᠳᠠ ᠭᠡᠳᠡᠭ ᠪᠠᠢᠭ᠎ᠠ᠃ ᠳᠡᠷᠭᠡᠳᠡ ᠪᠠᠢᠭᠰᠠᠨ ᠬᠥᠮᠦᠰ ᠮᠠᠯ ᠭᠠᠢᠬᠠᠵᠤ ᠴᠡᠯ ᠬᠥᠬᠥᠷᠡᠪᠡ᠃ ᠬᠠᠷᠢᠨ ᠪᠢ ᠰᠠᠭᠤᠳᠠᠯ ᠲᠠᠯᠪᠢᠵᠤ ᠥᠭᠭᠦᠭᠰᠡᠨ ᠬᠡᠦᠬᠡᠳ ᠲᠤ ᠪᠠᠶᠠᠷᠯᠠᠯ᠎ᠠ ᠭᠡᠰᠡᠨ ᠢ᠋ ᠡᠨᠡ ᠺᠣᠨᠳᠤᠢᠺᠲ᠋ᠣᠷ ᠥᠪᠡᠷ ᠲᠤᠨᠢ ᠬᠡᠯᠡᠵᠦ ᠭᠡᠵᠦ ᠣᠢᠯᠠᠭᠠᠭᠰᠠᠨ ᠢ᠋ ᠮᠡᠳᠡᠪᠡ᠃ ᠲᠡᠭᠡᠭᠡᠳ《 ᠶᠠᠭᠤᠨ ᠮᠠᠶᠢᠭᠲᠠᠢ ᠶᠤᠮ ᠪᠣᠢ》 ᠭᠡᠵᠦ ᠵᠢᠪᠡᠭᠦᠦ ᠬᠦᠷᠦᠭᠡᠳ ᠤᠯᠠᠮ ᠤᠬᠢᠯᠠᠭ ᠭᠡᠵᠦ ᠪᠣᠳᠣᠨ᠄
— ᠠᠭᠤᠴᠢᠯᠠᠭᠠᠷᠠᠢ᠂ ᠪᠢ ᠲᠠᠨ ᠳ᠋ᠤ᠌ ᠪᠠᠶᠠᠷᠯᠠᠯ᠎ᠠ ᠭᠡᠵᠦ ᠬᠡᠯᠡᠭᠡ ᠦᠭᠡᠢ᠂ ᠨᠠᠳᠠ ᠳ᠋ᠤ᠌ ᠰᠠᠭᠤᠳᠠᠯ ᠲᠠᠯᠪᠢᠵᠤ ᠥᠭᠭᠦᠭᠰᠡᠨ ᠬᠡᠦᠬᠡᠳ ᠲᠤ ᠬᠡᠯᠡᠭᠰᠡᠨ ᠶᠦᠮ ᠭᠡᠪᠡᠯ ᠺᠣᠨᠳᠤᠢᠺᠲ᠋ᠣᠷ᠄
— ᠵᠠ ᠲᠡᠭᠡᠭᠰᠡᠨ ᠪᠠᠢᠯᠭᠦᠢ ᠳᠡ᠂ ᠪᠠᠶᠠᠷᠯᠠᠯ᠎ᠠ ᠭᠡᠳᠡᠭ ᠬᠥᠮᠦᠨ ᠲᠠᠭᠠᠷᠠᠯᠳᠤᠳᠠᠭ ᠦᠭᠡᠢ ᠪᠣᠯᠬᠣᠷ ᠪᠢ ᠪᠦᠷ ᠭᠠᠢᠬᠠᠭᠠᠳ ᠪᠠᠢᠭᠰᠠᠨ ᠶᠤᠮ ᠭᠡᠵᠦ ᠢᠨᠢᠶᠡᠵᠦ ᠭᠠᠷᠪᠠ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠩᠷᠢ ᠡᠵᠢ
ᠬᠢᠨᠠᠭ᠍ᠴᠢ : ᠴᠣᠯᠮᠣᠨᠲᠤᠶᠠᠭ᠎ᠠ
2024᠂ 2᠂ 28 ᠦ᠌ ᠡᠳᠦᠷ
