ᠨᠢᠳᠦ ᠲᠠᠢ ᠭᠤᠲᠤᠯ – ᠱᠠᠭᠲᠠᠢ ᠶᠢᠨ ᠴᠠᠨᠳᠠ - ᠠᠶᠤᠰᠢ Нүдтэй гутал – Шагтайн цэнд - Аюуши
ᠨᠢᠳᠦ ᠲᠠᠢ ᠭᠤᠲᠤᠯ
ᠱᠠᠭᠲᠠᠢ ᠶ᠋ᠢᠨ ᠴᠠᠨᠲᠠ - ᠠᠶᠤᠰᠢ
ᠡᠬᠡᠨᠡᠷ ᠠᠪᠬᠤ ᠠ᠋ᠴᠠ ᠡᠮᠦᠨ᠎ᠡ ᠪᠢ ᠠᠬᠠᠷ ᠱᠠᠬᠠᠷ ᠵᠣᠪᠠᠯᠠᠩ ᠮᠡᠳᠡᠳᠡᠭ ᠦᠭᠡᠢ ᠪᠠᠢᠵᠠᠢ᠃ ᠭᠡᠲᠡᠯ᠎ᠡ ᠪᠢ ᠨᠢᠭᠡ ᠬᠡᠦᠬᠡᠨ ᠳ᠋ᠦ᠍ ᠰᠡᠳᠬᠢᠯ ᠲᠡᠢ ᠪᠣᠯᠤᠯ᠎ᠠ᠃
ᠨᠢᠭᠡ ᠤᠳᠠᠭ᠎ᠠ ᠪᠢᠳᠡ ᠬᠣᠶᠠᠷ ᠶᠡᠬᠡ ᠯᠡ ᠠᠮᠢᠨᠴᠢᠯᠠᠨ ᠶᠠᠷᠢᠯᠴᠠᠯ᠎ᠠ᠃
— ᠴᠢ ᠨᠠᠳᠠ ᠳ᠋ᠤ᠌ ᠬᠠᠢᠷᠠᠲᠠᠢ ᠤᠤ ᠭᠡᠵᠦ ᠮᠢᠨᠦ ᠬᠣᠩᠭᠣᠷ ᠠᠰᠠᠭᠤᠵᠤ ᠪᠠᠢᠨ᠎ᠠ᠃
— ᠪᠢ ᠴᠢᠨᠦᠬᠢ ᠪᠡᠨ ᠲᠥᠯᠥᠭᠡ ᠬᠣᠶᠠᠷ ᠵᠡᠭᠡᠷᠳᠡ ᠪᠡᠷ ᠳᠡᠯᠡᠬᠡᠢ ᠲᠣᠭᠣᠷᠢᠭᠰᠠᠨ ᠴᠤ᠌ ᠪᠡᠯᠡᠨ ᠭᠡᠪᠡ᠃
— ᠲᠡᠢᠮᠦ ᠯᠡ ᠪᠣᠯ ᠭᠦᠢᠴᠡᠬᠦ ᠨᠢ ᠲᠡᠷᠡ ᠭᠡᠵᠦ ᠲᠡᠷᠡ ᠮᠢᠨᠢ ᠬᠡᠯᠡᠯ᠎ᠡ᠃
ᠤᠳᠠᠯ ᠦᠭᠡᠢ ᠪᠢᠳᠡ ᠬᠣᠶᠠᠷ ᠭᠡᠷᠯᠡᠪᠡ᠃ ᠨᠢᠭᠡ ᠥᠷᠥᠭᠡ ᠠᠶᠠᠲᠠᠢᠬᠠᠨ ᠪᠠᠢᠷᠢᠨ ᠳ᠋ᠤ᠌ ᠣᠷᠣᠯ᠎ᠠ᠃ ᠥᠷᠭᠡᠨ ᠣᠷᠣ ᠲᠠᠢ᠂ ᠵᠢᠷᠤᠭᠲᠤ ᠷᠠᠳᠢᠣ᠋ ᠲᠠᠢ ᠣᠶᠤᠲᠠᠨ ᠪᠢᠳᠡᠨ ᠳ᠋ᠡᠭᠡᠨ ᠲᠣᠪ ᠬᠢᠭᠰᠡᠨ ᠠᠢᠯ ᠪᠣᠯᠪᠠ᠃ ᠨᠠᠳᠠ ᠳ᠋ᠤ᠌ ᠡᠪᠯᠢᠭᠬᠡᠨ ᠠᠭᠠᠰᠢ ᠲᠠᠢ ᠴᠡᠪᠡᠷᠴᠢ ᠨᠢᠮᠪᠠᠢ ᠭᠡᠷᠭᠡᠢ ᠵᠠᠶᠠᠭᠠᠵᠠᠢ᠃ ᠪᠦᠬᠦ ᠶᠠᠭᠤᠮ᠎ᠠ ᠰᠠᠢᠨ ᠰᠠᠢᠬᠠᠨ ᠪᠠᠢᠯ᠎ᠠ᠃ ᠭᠡᠲᠡᠯ᠎ᠡ ᠨᠢᠭᠡ ᠤᠳᠠᠭ᠎ᠠ ᠲᠡᠷᠡ ᠮᠢᠨᠢ᠄
— ᠮᠠᠨ ᠤ᠋ ᠠᠩᠭᠢ ᠶ᠋ᠢᠨ ᠪᠦᠬᠦ ᠥᠬᠢᠳ ᠦ᠋ᠳ ᠴᠠᠬᠢᠯᠭᠠᠨ ᠲᠣᠪᠴᠢ ᠲᠠᠢ ᠭᠤᠲᠤᠯ ᠡᠮᠦᠰᠳᠡᠭ ᠪᠣᠯᠵᠠᠢ᠂ ᠪᠢ ᠯᠡ ᠭᠠᠭᠴᠠᠭᠠᠷ ᠢ᠋ᠶ᠋ᠠᠨ ᠵᠠᠬ᠎ᠠ ᠶ᠋ᠢᠨ ᠭᠠᠭᠴᠠ ᠤᠯᠢᠶᠠᠰᠤ ᠰᠢᠭ᠋ ᠰᠣᠨᠳᠣᠭᠣᠢ ᠶᠠᠪᠤᠬᠤ ᠪᠣᠯᠤᠯ᠎ᠠ ᠭᠡᠵᠦ ᠭᠣᠮᠣᠳᠠᠯᠠ᠃ ᠪᠡᠶ᠎ᠡ ᠪᠡᠶ᠎ᠡ ᠪᠡᠨ ᠠᠯᠪᠠ ᠰᠢᠭ᠋ ᠳᠠᠭᠤᠷᠢᠶᠠᠳᠠᠭ ᠨᠢ ᠬᠡᠦᠬᠡᠨ ᠨᠣᠭᠥᠳ ᠦ᠋ᠨ ᠵᠠᠩ ᠬᠣᠢᠨ᠎ᠠ ᠳᠠ᠃ ᠪᠢ ᠰᠠᠷ᠎ᠠ ᠶ᠋ᠢᠨ ᠢ᠋ᠶ᠋ᠡᠨ ᠰᠲ᠋ᠢᠫᠧᠨᠳ᠋ ( ᠰᠤᠷᠤᠯᠭ᠎ᠠ ᠶ᠋ᠢᠨ ᠲᠡᠳᠬᠦᠮᠵᠢ) ᠶ᠋ᠢ ᠡᠪᠦᠷᠲᠦᠯᠡᠵᠦ ᠭᠤᠲᠤᠯ ᠤ᠋ᠨ ᠡᠷᠢᠯ ᠳ᠋ᠦ᠍ ᠭᠠᠷᠪᠠ᠃ ᠳᠡᠯᠭᠡᠭᠦᠷ ᠡᠴᠡ ᠡᠰᠡ ᠣᠯᠤᠭᠠᠳ ᠵᠠᠬ᠎ᠠ ᠳᠡᠭᠡᠷ᠎ᠡ ᠣᠴᠢᠪᠠᠯ ᠭᠤᠲᠤᠯ ᠪᠠᠷᠢᠭᠰᠠᠨ ᠲᠠᠷᠴᠢᠬᠡᠷ ᠬᠥᠬᠡ ᠬᠠᠷᠠᠬᠦᠦ400 ᠭᠡᠳ ᠵᠣᠭᠰᠣᠵᠤ ᠪᠠᠢᠪᠠ᠃ ᠡᠩᠭᠡᠷ ᠢ᠋ᠶ᠋ᠡᠨ ᠲᠡᠮᠲᠡᠷᠢᠵᠦ ᠰᠠᠨᠠᠭ᠎ᠠ ᠠᠯᠲᠠᠨ ᠪᠠᠢᠲᠠᠯ᠎ᠠ ᠲᠠᠨᠢᠳᠠᠭ ᠬᠥᠮᠦᠨ ᠲᠠᠭᠠᠷᠠᠯᠳᠤᠵᠤ ᠭᠣᠣᠯ ᠳ᠋ᠤ᠌ ᠣᠷᠣᠪᠠ᠃
ᠭᠡᠷᠭᠡᠢ ᠮᠢᠨᠢ ᠦᠶᠡᠷᠬᠡᠳᠡᠭ ᠬᠡᠦᠬᠡᠨ ᠨᠦ᠍ᠭᠦᠳ ᠲᠡᠢ ᠪᠡᠨ ᠭᠤᠲᠤᠯ ᠢ᠋ᠶ᠋ᠠᠷ ᠢ᠋ᠶ᠋ᠠᠨ ᠤᠰᠤᠨ ᠤ᠋ ᠬᠣᠶᠠᠷ ᠳᠤᠰᠤᠯ ᠰᠢᠭ᠋ ᠢᠵᠢᠯᠢ ᠪᠣᠯᠤᠯ᠎ᠠ᠃
ᠬᠡᠳᠦ ᠬᠣᠨᠣᠭ ᠥᠩᠭᠡᠷᠡᠪᠡ᠃ ᠲᠡᠭᠡᠭᠰᠡᠨ ᠬᠠᠢᠷᠠᠲᠤ ᠮᠢᠨᠢ ᠨᠢᠭᠡ ᠡᠳᠦᠷ ᠪᠠᠰᠠ ᠯᠠ᠄
— ᠨᠠᠢᠵᠠ ᠨᠢ ᠬᠢᠴᠢᠶᠡᠯ ᠳ᠋ᠡᠭᠡᠨ ᠶᠠᠪᠤᠬᠤ ᠠ᠋ᠴᠠ ᠢᠴᠢᠭᠡᠳ ᠪᠠᠢᠨ᠎ᠠ᠃ ᠨᠣᠷᠵᠢᠨ᠂ ᠬᠠᠨᠳᠠ᠂ ᠲᠤᠯᠭᠠᠷ ᠪᠦᠭᠦᠳᠡ ᠯᠡ ᠤᠭᠠᠯᠵᠠ ᠲᠠᠢ ᠭᠤᠲᠤᠯ ᠡᠮᠦᠰᠳᠡᠭ ᠪᠣᠯᠵᠤ ᠪᠢ ᠶᠠᠭᠠᠬᠢᠵᠤ ᠡᠢᠮᠦ ᠭᠤᠲᠤᠯ ᠲᠠᠢ ᠣᠴᠢᠬᠤ ᠪᠣᠢ ᠭᠡᠳᠡᠭ ᠪᠠᠢᠨ᠎ᠠ᠃
ᠪᠢᠳᠡ ᠬᠣᠶᠠᠷ ᠶᠠᠷᠢᠯᠴᠠᠭᠠᠳ ᠲᠧᠯᠸᠢᠰ ᠢ᠋ᠶ᠋ᠡᠷ ᠵᠠᠷᠯᠠᠯ᠎ᠠ᠃ ᠭᠡᠷᠭᠡᠢ ᠮᠠᠨᠢ ᠴᠣ ᠬᠢᠴᠢᠶᠡᠯ ᠳ᠋ᠦ᠍ ᠰᠡᠳᠬᠢᠯ ᠠᠮᠠᠷ ᠶᠠᠪᠤᠬᠤ ᠪᠣᠯᠪᠠ᠃ ᠭᠡᠪᠡᠴᠦ ᠡᠭᠦᠨ ᠦ᠌ ᠳᠠᠷᠠᠭ᠎ᠠ ᠮᠠᠨ ᠤ᠋ ᠬᠢ ᠥᠷᠭᠡᠨ ᠣᠷᠣ ᠪᠠᠨ ᠭᠤᠲᠤᠯ ᠢ᠋ᠶ᠋ᠠᠷ ᠥᠭᠭᠦᠯ᠎ᠡ᠃ ᠮᠠᠨ ᠤ᠋ ᠭᠡᠷᠭᠡᠢ ᠮᠠᠶᠢᠭ ᠤ᠋ᠨ ᠭᠤᠲᠤᠯ ᠢ᠋ᠶ᠋ᠠᠷ ᠭᠤᠶᠤᠵᠤ ᠶᠠᠪᠤᠳᠠᠭ ᠢ᠋ ᠬᠥᠮᠦᠰ ᠠᠨᠳᠠᠬᠤ ᠦᠭᠡᠢ ᠪᠣᠯᠪᠠᠴᠤ ᠪᠢᠳᠡ ᠬᠣᠶᠠᠷ ᠤ᠋ᠨ ᠬᠡᠪᠲᠡᠬᠦ ᠣᠷᠣ ᠦᠭᠡᠢ ᠶ᠋ᠢ ᠲᠡᠳᠡ ᠦᠯᠦ ᠮᠡᠳᠡᠨ᠎ᠡ᠃
ᠨᠢᠭᠡ ᠡᠳᠦᠷ ᠪᠢ ᠳᠠᠪᠲᠠᠯᠭ᠎ᠠ ᠳ᠋ᠤ᠌ ᠰᠠᠭᠤᠴᠢᠬᠠᠭᠠᠳ ᠬᠦᠷᠴᠦ ᠢᠷᠡᠲᠡᠯ᠎ᠡ ᠬᠠᠢᠷᠠᠲᠤ ᠮᠢᠨᠢ ᠤᠬᠢᠯᠠᠵᠤ ᠰᠠᠭᠤᠪᠠ᠃ ᠥᠰᠥᠭᠡᠢ ᠦᠭᠡᠢ ᠭᠤᠲᠤᠯ ᠤ᠋ᠨ ᠣᠷᠣᠨ ᠳ᠋ᠤ᠌ ᠬᠡᠦᠬᠡᠨ ᠨᠣᠭᠥᠳ ᠦᠳᠡᠭᠡᠰᠦᠲᠡᠢ ᠭᠤᠲᠤᠯ ᠡᠮᠦᠰᠳᠡᠭ ᠪᠣᠯᠤᠭᠰᠠᠨ ᠭᠡᠨ᠎ᠡ᠃
— ᠵᠠ ᠪᠢᠲᠡᠭᠡᠢ ᠤᠬᠢᠯᠠ ᠳᠠ ᠬᠣᠩᠭᠣᠷ ᠮᠢᠨᠢ᠃ ᠮᠥᠩᠭᠥ ᠯᠡ ᠵᠢᠭᠡᠯᠡᠬᠦ ᠬᠥᠮᠦᠨ ᠣᠯᠬᠤ ᠠ᠋ᠴᠠ ᠭᠡᠵᠦ ᠠᠷᠭᠠᠲᠠᠯᠠ᠃
— ᠬᠠᠨᠳᠠ ᠪᠠᠢᠷᠢ ᠪᠠᠨ ᠭᠤᠲᠤᠯ ᠢ᠋ᠶ᠋ᠠᠷ ᠰᠣᠯᠢᠭᠰᠠᠨ ᠭᠡᠨ᠎ᠡ ᠭᠡᠵᠦ ᠭᠡᠷᠭᠡᠢ ᠮᠠᠨᠢ ᠬᠢᠩᠭᠢᠨᠡᠪᠡ᠃ ᠪᠢ ᠡᠨᠡ ᠦᠭᠡ ᠶ᠋ᠢ ᠰᠣᠨᠣᠰᠤᠭᠠᠳ ᠴᠢᠷᠠᠢ ᠪᠠᠨ ᠪᠠᠷᠤᠢᠯᠭᠠᠭᠰᠠᠨ ᠪᠣᠯᠪᠠᠴᠤ《 ᠬᠣᠶᠠᠷ ᠵᠡᠭᠡᠷᠳᠡ ᠪᠡᠷ ᠢ᠋ᠶ᠋ᠡᠨ ᠳᠡᠯᠡᠬᠡᠢ ᠲᠣᠭᠣᠷᠢᠨ᠎ᠠ》 ᠭᠡᠰᠡᠨ ᠢ᠋ᠶ᠋ᠡᠨ ᠰᠠᠨᠠᠵᠤ ᠬᠡᠯᠡ ᠪᠡᠨ ᠬᠠᠵᠠᠯᠠ᠃
ᠬᠣᠶᠠᠭᠤᠯᠠ ᠨᠢᠭᠡ ᠠᠢᠯ ᠤ᠋ᠨ ᠢᠯᠡᠭᠦᠦ ᠥᠷᠥᠭᠡᠨ ᠳ᠋ᠦ᠍ ᠬᠣᠷᠭᠣᠳᠠᠬᠤ ᠪᠣᠯᠪᠠ᠃ ᠲᠡᠭᠡᠭᠡᠳ ᠲᠡᠷᠡ ᠨᠢᠭᠡ ᠡᠳᠦᠷ ᠪᠢᠳᠡ ᠬᠣᠶᠠᠷ ᠭᠤᠳᠤᠮᠵᠢᠨ ᠳ᠋ᠤ᠌ ᠰᠤᠭᠤᠳᠠᠯᠴᠠᠩᠬᠠᠨ ᠠᠯᠬᠤᠵᠤ ᠶᠠᠪᠤᠲᠠᠯ᠎ᠠ ᠳᠡᠷᠭᠡᠳᠡᠭᠦᠷ ᠨᠢᠭᠡ ᠵᠣᠯᠢᠭ ᠤ᠋ᠨ ᠬᠡᠦᠬᠡᠨ ᠥᠩᠭᠡᠷᠡᠯ᠎ᠡ᠃ ᠡᠬᠡᠨᠡᠷ ᠮᠠᠨᠢ ᠲᠡᠭᠦᠨ ᠦ᠌ ᠭᠤᠲᠤᠯ ᠢ᠋ ᠬᠠᠷᠠᠭᠠᠳ᠄
— ᠶᠡᠷᠦ ᠳ᠋ᠡᠭᠡᠨ ᠠᠮᠢᠳᠤ ᠶᠠᠪᠤᠭᠰᠠᠨ ᠤ᠋ ᠬᠡᠷᠡᠭ ᠠᠯᠠᠭ᠎ᠠ ᠭᠡᠵᠦ ᠰᠡᠭᠦᠷᠡᠰᠦ ᠠᠯᠳᠠᠯ᠎ᠠ᠃
— ᠶᠠᠭᠠᠬᠢᠪᠠ? ᠭᠡᠪᠡᠯ᠂
— ᠬᠠᠷᠠᠭᠠᠴᠢ! ᠴᠣᠬᠣᠷ ᠭᠤᠲᠤᠯ ᠭᠠᠷᠴᠢᠬᠠᠵᠠᠢ᠃ ᠪᠤᠰᠢᠭᠤᠬᠠᠨ ᠬᠠᠷᠢᠶ᠎ᠠ᠂ ᠡᠢᠮᠦ《 ᠬᠣᠴᠣᠷᠤᠭᠳᠠᠭᠰᠠᠨ》 ᠭᠤᠲᠤᠯ ᠲᠠᠢ ᠶᠠᠪᠤᠭ᠎ᠠ ᠶ᠋ᠢ ᠮᠢᠨᠢ ᠬᠡᠦᠬᠡᠨ ᠨᠦ᠍ᠭᠦᠳ ᠬᠠᠷᠠᠴᠢᠬᠠᠪᠠᠯ ᠱᠣᠣᠯᠠᠨ᠎ᠠ ᠭᠡᠳᠡᠭ ᠪᠠᠢᠨ᠎ᠠ᠃
ᠰᠢᠪᠠᠷ ᠦᠰᠦᠷᠦᠭᠡᠳ ᠴᠣᠬᠣᠷᠳᠠᠭᠤᠯᠴᠢᠬᠠᠭᠰᠠᠨ ᠭᠤᠲᠤᠯ ᠦᠵᠡᠭᠡᠳ ᠭᠡᠨᠡᠳᠡᠵᠦ ᠪᠠᠢᠭ᠎ᠠ ᠭᠡᠷᠭᠡᠢ ᠪᠡᠨ ᠬᠠᠷᠠᠭᠠᠳ ᠦᠷᠦ ᠡᠪᠡᠳᠦᠮᠡᠷ ᠴᠦ᠍ ᠶᠦᠮ ᠰᠢᠭ ᠪᠣᠯᠵᠤ ᠵᠢᠭᠠᠬᠠᠨ ᠳᠠᠭᠠᠵᠢᠩᠨᠠᠮᠠᠷ ᠰᠠᠨᠠᠭᠳᠠᠪᠠ᠃
— ᠬᠡᠩ᠁ ᠲᠡᠢᠮᠦ ᠪᠠᠢᠨ᠎ᠠ᠃ ᠭᠡᠪᠡᠴᠦ ᠡᠨᠡ ᠮᠠᠶᠢᠭ ᠴᠢᠨᠢ ᠬᠠᠭᠤᠴᠢᠷᠠᠭᠰᠠᠨ ᠪᠠᠢᠬ᠎ᠠ᠂ ᠬᠠᠷᠢᠨ ᠨᠢᠳᠦ ᠲᠡᠢ ᠭᠤᠲᠤᠯ ᠵᠠᠬᠢᠶᠠᠯᠠᠭ᠎ᠠ ᠪᠠᠷ ᠬᠢᠵᠦ ᠪᠠᠢᠭ᠎ᠠ ᠭᠡᠨ᠎ᠡ ᠯᠡ ᠭᠡᠪᠡ᠃
— ᠶᠠᠭᠤ?᠁ ᠨᠢᠳᠦ ᠲᠡᠢ ᠭᠤᠲᠤᠯ ᠠ᠋?
— ᠲᠡᠢᠮᠦ ᠠ᠋᠂ ᠬᠣᠩᠰᠢᠶᠠᠷ ᠳᠡᠭᠡᠷ᠎ᠡ ᠪᠡᠨ ᠲᠣᠮᠣ ᠨᠢᠳᠦ ᠲᠡᠢ ᠭᠤᠲᠤᠯ ᠭᠡᠵᠦ ᠪᠢ ᠬᠡᠨᠡᠭ ᠦᠭᠡᠢ ᠵᠠᠯᠠᠯ᠎ᠠ᠃
— ᠫᠧᠢ ᠁ ᠲᠡᠭᠡᠪᠡᠯ ᠵᠠᠬᠢᠶᠠᠯᠠᠬᠤ ᠶᠤᠮᠰᠠᠨ᠃
— ᠭᠡᠪᠡᠴᠦ ᠲᠡᠭᠦᠨ ᠢ᠋ ᠬᠢᠬᠦ ᠳ᠋ᠦ᠍ ᠬᠥᠮᠦᠨ ᠦ᠌ ᠨᠢᠳᠦ ᠣᠷᠣᠳᠠᠭ ᠶᠤᠮ ᠭᠡᠨ᠎ᠡ᠃
— ᠠᠷᠠᠢ ᠬᠤᠳᠠᠯ ᠪᠠᠢᠯᠭᠦᠢ ᠭᠡᠳ ᠮᠢᠨᠦ ᠬᠣᠩᠭᠣᠷ ᠪᠣᠳᠣᠯ ᠳ᠋ᠤ᠌ ᠣᠷᠣᠯ᠎ᠠ᠃《 ᠣᠳᠣ ᠯᠠ ᠨᠢᠭᠡ》 ᠭᠡᠵᠦ ᠪᠢ ᠪᠤᠳᠤᠲᠠᠯ᠎ᠠ ᠭᠡᠷᠭᠡᠢ ᠮᠢᠨᠢ ᠴᠥᠬᠥᠷᠡᠭᠰᠡᠨ ᠳᠠᠭᠤ ᠪᠠᠷ᠄
— ᠠᠯᠢ ᠵᠡᠷᠭᠡ ᠡᠪᠡᠳᠬᠦ ᠪᠣᠯ᠁ ᠬᠣᠶᠠᠭᠤᠯᠠ ᠪᠠᠨ ᠣᠴᠢᠭᠠᠳ ᠦᠵᠡᠬᠦ ᠤᠤ? ᠭᠡᠳᠡᠭ ᠪᠠᠢᠨ᠎ᠠ ᠰᠢᠦ ᠲᠠ ᠮᠢᠨᠢ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠣᠷᠵᠢᠭᠢᠨ ᠪᠠᠭᠠᠲᠤᠷ
ᠬᠢᠨᠠᠭ᠍ᠴᠢ : ᠴᠣᠯᠮᠣᠨᠲᠤᠶᠠᠭ᠎ᠠ
2024᠂ 2᠂ 27 ᠦ᠌ ᠡᠳᠦᠷ
