ᠬᠣᠨᠢᠨ ᠰᠥᠷᠦᠭ Хонин сүрэг
ᠬᠣᠨᠢᠨ ᠰᠥᠷᠦᠭ
ᠬᠣᠨᠢᠨ ᠰᠥᠷᠦᠭ
ᠬᠣᠷᠣᠭ᠎ᠠ ᠬᠣᠲᠠ ᠪᠠᠨ ᠴᠢᠮᠡᠭᠯᠡᠭᠰᠡᠨ
ᠬᠣᠩᠬᠣᠷ ᠳᠦᠭᠦᠷᠡᠩ ᠪᠢᠯᠬᠠᠭᠰᠠᠨ
ᠬᠣᠩᠭᠣᠷ ᠰᠦ ᠨᠢ ᠮᠡᠯᠲᠡᠯᠵᠡᠭᠰᠡᠨ
ᠬᠣᠭᠣᠷᠮᠠᠭ ᠲᠠᠷᠠᠭ ᠨᠢ ᠳᠡᠯᠭᠡᠷᠡᠭᠰᠡᠨ
ᠬᠣᠲᠠᠯᠠᠵᠤ ᠢᠷᠡᠳᠡᠭ ᠬᠤᠷᠠᠵᠤ ᠵᠣᠭᠰᠣᠳᠠᠭ
ᠬᠤᠨ ᠴᠠᠭᠠᠨ ᠵᠢᠰᠦ ᠲᠡᠢ
ᠬᠣᠨᠢᠨ ᠣᠯᠠᠨ ᠰᠦᠷᠦᠭ
ᠬᠤᠷᠠᠭᠠᠯᠠᠵᠤ ᠲᠥᠯᠯᠡᠬᠦ ᠦᠶ᠎ᠡ ᠳ᠋ᠦ᠍ ᠨᠢ
ᠬᠠᠭᠤᠷᠠᠢ ᠪᠠᠭᠤᠴᠠ ᠪᠠᠵᠠᠭᠠᠭᠰᠠᠨ
ᠬᠤᠵᠢᠷ ᠱᠡᠦ ᠵᠡᠬᠡᠭᠰᠡᠨ
ᠬᠠᠰᠢᠶ᠎ᠠ ᠬᠣᠷᠣᠭ᠎ᠠ ᠵᠠᠰᠠᠭᠰᠠᠨ
ᠬᠠᠳᠤᠯᠠᠩ ᠪᠣᠷᠳᠣᠭ᠎ᠠ ᠪᠡᠯᠡᠳᠦᠭᠰᠡᠨ
ᠬᠠᠯᠠᠭᠤᠴᠠᠮᠠ ᠳᠤᠯᠠᠭᠠᠨ ᠬᠡᠪᠲᠡᠷᠢ
ᠬᠦᠷᠪᠡ ᠨᠢᠯᠬ᠎ᠠ ᠶ᠋ᠢᠨ ᠲᠠᠰᠤᠯᠭ᠎ᠠ
ᠤᠭᠤᠲᠠ᠂ ᠤᠭᠵᠢ ᠬᠦᠷᠲᠡᠯ᠎ᠡ ᠪᠡᠯᠡᠨ
ᠤᠰᠤ ᠨᠢ ᠬᠥᠯᠳᠡᠬᠦ ᠦᠭᠡᠢ ᠬᠤᠳᠳᠤᠭ ᠲᠠᠢ
ᠠᠷᠢᠭᠤᠨ ᠴᠡᠪᠡᠷ ᠦ᠋ᠨ ᠬᠡᠷᠡᠭᠯᠡᠯ ᠲᠡᠢ
ᠠᠨᠠᠭᠠᠬᠤ ᠡᠮ ᠢ᠋ᠶ᠋ᠡᠷ ᠬᠠᠩᠭᠠᠯᠲᠠ ᠲᠠᠢ
ᠠᠷᠠᠴᠢᠯᠠᠬᠤ ᠡᠮᠴᠢ ᠵᠢᠵᠢᠭᠦᠷ ᠲᠡᠢ
ᠬᠥᠪᠦᠩ ᠵᠥᠭᠡᠯᠡᠨ ᠨᠣᠣᠰᠣ ᠪᠠᠷ ᠢ᠋ᠶ᠋ᠠᠨ
ᠬᠥᠷᠥᠰᠥᠯᠢᠭ ᠳᠤᠯᠠᠭᠠᠨ ᠠᠷᠠᠰᠤ ᠪᠠᠷ ᠢ᠋ᠶ᠋ᠠᠨ
ᠬᠥᠯᠳᠡᠭᠦᠦ ᠲᠦᠭᠦᠬᠡᠢ ᠡᠳ᠋ ᠢ᠋ᠶ᠋ᠡᠷ ᠢ᠋ᠶ᠋ᠡᠨ
ᠪᠡᠯᠡᠳᠬᠡᠯ ᠦ᠋ᠨ ᠲᠥᠯᠥᠪᠯᠡᠭᠡ ᠬᠠᠩᠭᠠᠵᠤ
ᠪᠡᠯᠡᠨ ᠰᠠᠢᠬᠠᠨ ᠡᠳ᠋ ᠪᠣᠯᠵᠤ
ᠪᠢᠳᠡ ᠪᠦᠬᠦᠨ ᠢ᠋ᠶ᠋ᠡᠨ ᠬᠠᠩᠭᠠᠳᠠᠭ
ᠬᠠᠪᠲᠠᠭᠠᠢ ᠳᠥᠷᠪᠡᠯᠵᠢᠨ ᠤᠭᠤᠴᠠ ᠲᠠᠢ᠂
ᠬᠠᠯᠪᠠᠭᠠᠷ ᠲᠣᠭᠣᠷᠢᠭ ᠰᠡᠭᠦᠯ ᠲᠡᠢ
ᠬᠠᠯᠠᠭᠤᠨ ᠳᠤᠯᠠᠭᠠᠨ ᠢᠯᠴᠢ ᠲᠡᠢ
ᠬᠠᠮᠤᠭ ᠤ᠋ᠨ ᠴᠢᠬᠤᠯᠠ ᠠᠰᠢᠭᠲᠠᠢ
ᠬᠠᠰᠢᠷ ᠮᠠᠯᠴᠢᠨ ᠡᠵᠡᠨ ᠲᠡᠢ
ᠣᠯᠠᠨ ᠵᠤᠤᠭᠠ ᠪᠠᠷ ᠰᠠᠭᠤᠷᠢᠯᠠᠭᠰᠠᠨ
ᠣᠪᠣᠭ᠎ᠠ ᠲᠤᠯᠤᠭᠠᠳ ᠪᠦᠷᠬᠦᠭᠰᠡᠨ
ᠣᠢᠷ᠎ᠠ ᠬᠣᠯᠠ ᠶ᠋ᠢᠨ ᠬᠠᠷᠢᠭᠤᠯᠭ᠎ᠠ ᠲᠠᠢ
ᠣᠯᠠᠨ ᠵᠠᠮ ᠤ᠋ᠨ ᠪᠡᠯᠴᠢᠭᠡᠷ ᠲᠡᠢ
ᠳᠠᠭᠠᠨ᠎ᠠ ᠨᠣᠭᠣᠭ᠎ᠠ ᠬᠠᠩᠬᠤᠯᠤᠭᠰᠠᠨ
ᠳᠡᠪᠡᠷ ᠲᠣᠪᠣᠷ ᠬᠡᠪᠢᠰᠦᠨ
ᠲᠠᠷᠠᠢᠵᠤ ᠲᠡᠷᠡᠢᠵᠦ ᠢᠷᠠᠭᠯᠠᠭᠰᠠᠨ
ᠲᠠᠷᠭᠤ ᠬᠦᠴᠦ ᠨᠢ ᠭᠦᠢᠴᠡᠭᠰᠡᠨ
ᠲᠠᠷᠢᠶ᠎ᠠ ᠪᠤᠳᠠᠭ᠎ᠠ ᠰᠢᠭ᠋ ᠦᠷᠡᠵᠢᠭᠰᠡᠨ
ᠲᠠᠩᠰᠤᠭ ᠪᠠᠶᠠᠨ ᠰᠦᠷᠦᠭ ᠶᠤᠮ ᠡ᠃
Хонин сүрэг
Хороо хотоо чимэглэсэн
Хонхор дүүрэн бялхсан
Хонгор сүү нь мэлтэлзсэн
Хоормог тараг нь дэлгэрсэн
Хотолж ирдэг хурж зогсдог
Хун цагаан зүстэй
Хонин олон сүрэг
Хургалж төллөх үед нь
Хуурай бууц базаасан
Хужир шүү зэхсэн
Хашаа хороо зассан
Хадлан бордоо бэлдсэн
Халууцам дулаан хэвтэр
Хөрвө нялхын тасалгаа
Уут, угж хүртэл бэлэн
Ус нь хөлдөхгүй худагтай
Ариун цэврийн хэрэглэлтэй
Анагаах эмээр хангалттай
Арчлах эмч жижүүртэй
Хөвөн зөөлөн ноосоороо
Хөрслөг дулаан арьсаараа
Хөлдүү түүхий эдээрээ
Бэлтгэлийн төлөвлөгөө хангаж
Бэлэн сайхан эд болж
Бид бүхнээ хангадаг
Хавтгай дөрвөлжин ууцтай,
Халбагар дугариг сүүлтэй
Халуун дулаан илчтэй
Хамгийн чухал ашигтай
Хашир малчин эзэнтэй
Олон зуугаар суурилсан
Овоо толгод бүрхсэн
Ойр холын хариулгатай
Олон замын бэлчээртэй
Таана ногоо ханхалсан
Тавар товор хивсэн
Тарайж тэрийж ярагласан
Тарга хүч нь гүйцсэн
Тариа будаа шиг үржсэн
Тансаг баян сүрэг юмаа.
