ᠮᠥᠩᠭᠥᠨ ᠭᠦᠢᠯᠡᠰᠦМөнгөн гүйлс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠭᠥᠨ ᠭᠦᠢᠯᠡᠰᠦМөнгөн гүйлс

ᠮᠥᠩᠭᠥᠨ ᠭᠦᠢᠯᠡᠰᠦМөнгөн гүйлс

2024-03-03

725

ᠮᠥᠩᠭᠥᠨ ᠭᠦᠢᠯᠡᠰᠦ

               ᠮᠥᠩᠭᠥᠨ ᠭᠦᠢᠯᠡᠰᠦᠨ ᠦ᠌ ᠢᠵᠠᠭᠤᠷ 
   ᠨᠠᠪᠴᠢ ᠵᠤᠯᠭᠠᠷᠠᠬᠤ ᠲᠤᠷᠤᠭ ᠮᠣᠳᠣ᠂30—40m ᠥᠨᠳᠥᠷ᠂ ᠮᠥᠴᠢᠷ ᠨᠢ ᠤᠷᠲᠤ ᠪᠣᠭᠣᠨᠢ ᠬᠣᠶᠠᠷ ᠵᠦᠢᠯ ᠪᠣᠢ᠃ ᠳᠠᠩ ᠨᠠᠪᠴᠢ ᠨᠢ ᠳᠡᠪᠢᠭᠦᠷ ᠬᠡᠯᠪᠡᠷᠢ ᠲᠡᠢ᠂4—8cm ᠤᠷᠲᠤ᠂ ᠤᠷᠲᠤ ᠮᠥᠴᠢᠷ ᠳᠡᠭᠡᠷ᠎ᠡ ᠪᠡᠨ ᠴᠤᠪᠤᠷᠠᠨ ᠤᠷᠭᠤᠵᠤ᠂ ᠪᠣᠭᠣᠨᠢ ᠮᠥᠴᠢᠷ ᠳᠡᠭᠡᠷ᠎ᠡ ᠪᠡᠨ ᠪᠠᠭᠯᠠᠷᠠᠨ ᠤᠷᠭᠤᠨ᠎ᠠ᠂ ᠢᠯᠲᠠᠰᠤ ᠨᠢ ᠦᠵᠦᠭᠦᠷ ᠲᠡᠭᠡᠨ ᠭᠦᠢᠬᠡᠨ ᠣᠨᠢ ᠲᠠᠢ᠂ ᠵᠡᠷᠭᠡᠴᠡᠭᠡ ᠠᠴᠠ ᠰᠢᠭ᠋ ᠰᠤᠳᠠᠯ ᠲᠠᠢ᠂2.5—7cm ᠤᠷᠲᠤ ᠪᠠᠷᠢᠭᠤᠯ ᠲᠠᠢ᠂ ᠴᠡᠴᠡᠭ ᠨᠢ ᠭᠠᠭᠴᠠ ᠪᠡᠯᠭᠡ ᠲᠡᠢ ᠪᠥᠭᠡᠳ ᠣᠨᠳᠣᠣ ᠭᠡᠷ ᠲᠡᠢ᠃ ᠡᠷ᠎ᠡ ᠴᠡᠴᠡᠭ ᠨᠢ ᠣᠬᠣᠷᠬᠠᠨ ᠤᠨᠵᠢᠭᠢᠷ ᠪᠠᠭ ᠴᠡᠴᠡᠭ ᠪᠦᠷᠢᠯᠳᠦᠵᠦ ᠣᠬᠣᠷ ᠮᠥᠴᠢᠷ ᠦ᠋ᠨ ᠨᠠᠪᠴᠢᠨ ᠤ᠋ ᠥᠪᠥᠷ ᠲᠦ᠍ 4—6 ᠪᠠᠷ ᠤᠷᠭᠤᠨ᠎ᠠ᠂ ᠣᠯᠠᠨ ᠡᠷ᠎ᠡ ᠲᠣᠭᠣᠷᠴᠣᠭ ᠲᠠᠢ᠃ ᠡᠮ᠎ᠡ ᠴᠡᠴᠡᠭ ᠨᠢ2—6 ᠪᠠᠷ ᠪᠣᠭᠣᠨᠢ ᠮᠥᠴᠢᠷ ᠳᠡᠭᠡᠷ᠎ᠡ ᠪᠡᠨ ᠴᠣᠮᠬᠠᠷᠠᠨ ᠤᠷᠭᠤᠳᠠᠭ᠂ ᠴᠡᠴᠡᠭ ᠪᠦᠷᠢ ᠨᠢ ᠨᠢᠭᠡ ᠤᠷᠲᠤ ᠪᠠᠷᠢᠭᠤᠯ ᠲᠠᠢ ᠪᠥᠭᠡᠳ ᠪᠠᠷᠢᠭᠤᠯ ᠨᠢ ᠦᠵᠦᠭᠦᠷ ᠲᠡᠭᠡᠨ ᠠᠴᠠ ᠲᠠᠢ᠂ ᠠᠴᠠ ᠨᠢᠭᠡ ᠪᠦᠷᠢ ᠶ᠋ᠢᠨ ᠣᠷᠣᠢ ᠳ᠋ᠤᠨᠢ ᠨᠢᠵᠡᠭᠡᠳ ᠦᠷ᠎ᠡ ᠨᠠᠬᠢᠶ᠎ᠠ ᠶ᠋ᠢᠨ ᠰᠠᠭᠤᠳᠠᠯ ᠤᠷᠭᠤᠪᠠᠴᠤ ᠶᠡᠷᠦ ᠳ᠋ᠡᠭᠡᠨ ᠨᠢᠭᠡ ᠯᠡ ᠦᠷ᠎ᠡ ᠨᠠᠬᠢᠶ᠎ᠠ ᠨᠢ ᠬᠥᠭᠵᠢᠵᠦ ᠪᠣᠯᠪᠠᠰᠤᠷᠠᠳᠠᠭ᠃ ᠦᠷ᠎ᠡ ᠨᠢ ᠶᠠᠰᠤᠲᠤ ᠵᠢᠮᠢᠰ ᠰᠢᠭ᠂ ᠲᠣᠩᠭᠣᠷᠠᠭᠤ ᠥᠨᠳᠡᠭᠡᠯᠵᠢᠨ ᠪᠤᠶᠤ ᠵᠤᠤᠪᠠᠩ᠂ ᠰᠢᠷᠠᠪᠲᠤᠷ᠂ ᠳᠡᠭᠡᠷ᠎ᠡ ᠨᠢ ᠯᠡ ᠰᠢᠭ ᠨᠤᠨᠲᠠᠭ ᠪᠣᠢ ᠪᠣᠯᠤᠨ᠎ᠠ᠃ ᠦᠷ᠎ᠡ ᠶ᠋ᠢᠨ ᠭᠠᠳᠠᠷ ᠬᠠᠯᠢᠰᠤ ᠨᠢ ᠮᠢᠬᠠᠯᠢᠭ᠂ ᠦᠮᠡᠬᠡᠢ᠂ ᠳᠤᠮᠳᠠ ᠬᠠᠯᠢᠰᠤ ᠨᠢ ᠦᠨᠡᠰᠦᠨ ᠥᠩᠭᠡᠲᠡᠢ᠂ ᠶᠠᠰᠤᠯᠢᠭ᠃
ᠮᠠᠨ ᠤ᠋ ᠤᠯᠤᠰ ᠲᠤ᠌ ᠤᠭ ᠭᠠᠷᠤᠯ ᠲᠠᠢ᠂ ᠣᠳᠣ ᠨᠡᠢᠳᠡᠮ ᠵᠠᠢᠯᠠᠵᠤ ᠪᠣᠢ᠃ ᠴᠥᠮ᠎ᠡ ᠶ᠋ᠢ ᠨᠢ ᠢᠳᠡᠵᠦ ᠪᠣᠯᠤᠨ᠎ᠠ᠂ ᠡᠮ ᠳ᠋ᠦ᠍ ᠪᠠᠰᠠ ᠣᠷᠣᠨ᠎ᠠ᠃ ᠮᠣᠳᠣᠨ ᠮᠠᠲ᠋ᠧᠷᠢᠶᠠᠯ ᠤ᠋ᠨ ᠴᠢᠨᠠᠷ ᠨᠢ ᠰᠠᠢᠨ᠃ ᠨᠠᠪᠴᠢ ᠨᠢ ᠡᠮ ᠳ᠋ᠦ᠍ ᠣᠷᠣᠨ᠎ᠠ᠃ ᠵᠠᠮ ᠤ᠋ᠨ ᠬᠠᠵᠠᠭᠤ ᠬᠢᠭᠡᠳ ᠴᠡᠴᠡᠷᠯᠢᠭ ᠲᠦ᠍ ᠵᠠᠢᠯᠠᠵᠤ ᠦᠵᠡᠮᠵᠢ ᠶ᠋ᠢᠨ ᠤᠷᠭᠤᠮᠠᠯ ᠪᠣᠯᠭᠠᠳᠠᠭ᠃ ᠦᠷ᠎ᠡ ᠶ᠋ᠢᠨ ᠭᠠᠳᠠᠷ ᠬᠠᠯᠢᠰᠤ ᠪᠣᠯᠤᠨ ᠨᠠᠪᠴᠢ ᠪᠠᠷ ᠨᠢ ᠲᠠᠷᠢᠶᠠᠨ ᠤ᠋ ᠡᠮ ᠬᠢᠳᠡᠭ᠃

ᠬᠢᠲᠠᠳ ᠨᠠᠷ᠎ᠡ᠄银杏
ᠠᠩᠭ᠌ᠯᠢ ᠨᠡᠷ᠎ᠡ ᠄ Ginkgo

   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
   ᠬᠢᠨᠠᠭᠴᠢ᠄ ᠣᠳᠬᠠᠨᠰᠣ᠎ᠠ