ᠱᠣᠭ ᠤᠳ – ᠮ ᠂ ᠴᠠᠳᠠᠨᠳᠣᠷᠵᠢ Шогууд – М ᠂ Цэдэндорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠣᠭ ᠤᠳ – ᠮ ᠂ ᠴᠠᠳᠠᠨᠳᠣᠷᠵᠢ Шогууд – М ᠂ Цэдэндорж

ᠱᠣᠭ ᠤᠳ – ᠮ ᠂ ᠴᠠᠳᠠᠨᠳᠣᠷᠵᠢ Шогууд – М ᠂ Цэдэндорж

ᠠᠩᠭᠢᠯᠠᠯ:ᠬᠣᠱᠣᠩ ᠱᠣᠭ
2024-03-02

383

ᠱᠣᠭ ᠤᠳ


                     ᠮ ᠂ ᠴᠠᠳᠠᠨᠳᠣᠷᠵᠢ 

ᠪᠠᠷᠳᠠᠮ ᠡᠷ᠎ᠡ



       ᠨᠢᠭᠡ ᠰᠦᠷᠡᠬᠡᠢ ᠡᠷ᠎ᠡ ᠨᠠᠭᠠᠳᠤᠮ ᠳ᠋ᠤ᠌ ᠣᠴᠢᠬᠤ ᠪᠠᠷ ᠨᠣᠭᠲᠣ ᠭᠠᠨᠵᠤᠭᠠᠯᠠᠨ ᠶᠠᠪᠤᠬᠤ ᠶ᠋ᠢ ᠬᠠᠷᠠᠭᠰᠠᠨ ᠬᠥᠮᠦᠨ ᠠᠰᠠᠭᠤᠭᠰᠠᠨ ᠨᠢ᠄ 
       — ᠲᠠ ᠢᠯᠡᠭᠦᠦ ᠨᠣᠭᠲᠣ ᠭᠠᠨᠵᠤᠭᠠᠯᠠᠭᠠᠳ ᠶᠠᠭᠠᠬᠢᠬᠤ ᠨᠢ ᠪᠣᠢ ᠭᠡᠬᠦ ᠳ᠋ᠦ᠍ ᠰᠦᠷᠡᠬᠡᠢ ᠡᠷ᠎ᠡ᠄ 
       — ᠪᠢ ᠨᠠᠭᠠᠳᠤᠮ ᠳ᠋ᠤ᠌ ᠪᠠᠷᠢᠯᠳᠤᠨ᠎ᠠ ᠭᠡᠵᠡᠢ᠃ 
       — ᠪᠠᠷᠢᠯᠳᠤᠬᠤ ᠳ᠋ᠤ᠌ ᠨᠣᠭᠲᠤᠨ ᠤ᠋ ᠬᠡᠷᠡᠭ ᠶᠠᠭᠤ ᠪᠢᠯᠡ ᠭᠡᠬᠦ ᠳ᠋ᠦ᠍ 
       — ᠲᠡᠷᠢᠭᠦᠯᠡᠭᠰᠡᠨ ᠬᠥᠮᠦᠨ ᠳ᠋ᠦ᠍ ᠮᠣᠷᠢ ᠥᠭᠬᠦ ᠶᠦᠮ ᠭᠡᠨ᠎ᠡ᠂ ᠲᠡᠭᠡᠭᠡᠳ ᠢᠯᠡᠭᠦᠦ ᠨᠣᠭᠲᠣ ᠲᠠᠢ ᠶᠠᠪᠤᠭ᠎ᠠ ᠶᠤᠮ ᠭᠡᠵᠡᠢ᠃  
       ᠬᠣᠭᠣᠯᠠᠨ ᠤ᠋ ᠴᠢᠨᠠᠷ ᠰᠠᠢᠨ ᠬᠣᠭᠣᠯᠠ ᠲᠠᠢ ᠭᠡᠵᠦ ᠨᠡᠷᠡᠯᠡᠭᠳᠡᠭᠰᠡᠨ ᠭᠤᠸᠠᠩᠵᠢᠨ ᠳ᠋ᠤ᠌ ᠣᠷᠣᠭᠰᠠᠨ ᠨᠢᠭᠡ ᠬᠥᠮᠦᠨ᠄ 
       — ᠲᠠᠨ ᠤ᠋  ᠭᠤᠸᠠᠩᠵᠢᠨ ᠤ᠋ ᠡᠷᠬᠢᠯᠡᠭᠴᠢ ᠪᠠᠢᠨ᠎ᠠ ᠤᠤ ᠭᠡᠵᠦ ᠬᠣᠭᠣᠯᠠ ᠵᠥᠭᠡᠭᠡᠭᠴᠢ ᠡᠴᠡ ᠠᠰᠠᠭᠤᠬᠤ ᠳ᠋ᠤ᠌᠂  ᠪᠠᠢᠬᠤ ᠦᠭᠡᠢ᠂ ᠤᠷᠲᠤ ᠭᠤᠸᠠᠩᠵᠢᠨ ᠳ᠋ᠤ᠌ ᠣᠴᠢᠵᠤ ᠬᠣᠭᠣᠯᠠ ᠢᠳᠡᠬᠦ ᠪᠡᠷ ᠶᠠᠪᠤᠭᠰᠠᠨ ᠭᠡᠪᠡ᠃     

ᠬᠣᠭᠣᠯᠠᠨ ᠤ ᠴᠢᠨᠠᠷ


       ᠰᠠᠢᠨ ᠬᠣᠭᠣᠯᠠ ᠲᠠᠢ ᠭᠡᠵᠦ ᠨᠡᠷᠡᠯᠡᠭᠳᠡᠭᠰᠡᠨ ᠭᠤᠸᠠᠩᠵᠢᠨ ᠳ᠋ᠤ᠌ ᠣᠷᠣᠭᠰᠠᠨ ᠨᠢᠭᠡ ᠬᠥᠮᠦᠨ᠄ 
       — ᠲᠠᠨ ᠤ᠋  ᠭᠤᠸᠠᠩᠵᠢᠨ ᠤ᠋ ᠡᠷᠬᠢᠯᠡᠭᠴᠢ ᠪᠠᠢᠨ᠎ᠠ ᠤᠤ ᠭᠡᠵᠦ ᠬᠣᠭᠣᠯᠠ ᠵᠥᠭᠡᠭᠡᠭᠴᠢ ᠡᠴᠡ ᠠᠰᠠᠭᠤᠬᠤ ᠳ᠋ᠤ᠌᠂  
        ᠪᠠᠢᠬᠤ ᠦᠭᠡᠢ᠂ ᠤᠷᠲᠤ ᠭᠤᠸᠠᠩᠵᠢᠨ ᠳ᠋ᠤ᠌ ᠣᠴᠢᠵᠤ ᠬᠣᠭᠣᠯᠠ ᠢᠳᠡᠬᠦ ᠪᠡᠷ ᠶᠠᠪᠤᠭᠰᠠᠨ ᠭᠡᠪᠡ᠃    

ᠴᠥᠬᠥᠷᠡᠲᠡᠯ᠎ᠡ ᠪᠡᠨ ᠡᠷᠢᠭᠰᠡᠨ ᠨᠢ


       ᠰᠤᠷᠭᠠᠭᠤᠯᠢ ᠲᠠᠷᠬᠠᠬᠤ ᠣᠢᠷᠠᠳᠴᠤ ᠪᠠᠢᠬᠤ ᠳ᠋ᠤ᠌ ᠰᠠᠨᠳᠠᠭ ᠡᠪᠦᠭᠡᠨ ᠬᠦᠦ ᠪᠡᠨ ᠠᠪᠠᠴᠢᠬᠤ ᠪᠠᠷ ᠬᠥᠳᠡᠭᠡᠨ ᠡᠴᠡ ᠢᠷᠡᠵᠡᠢ᠃ 
       — ᠮᠠᠨ ᠤ᠋ ᠳᠣᠷᠵᠢ ᠬᠦᠦ ᠬᠠᠮᠢᠭ᠎ᠠ ᠪᠠᠢᠨ᠎ᠠ ᠭᠡᠵᠦ ᠡᠳᠦᠷ ᠲᠤᠵᠢ ᠴᠥᠬᠥᠷᠡᠩᠭᠡ ᠪᠡᠨ ᠪᠠᠷᠠᠲᠠᠯ᠎ᠠ ᠬᠠᠢᠭᠠᠳ ᠣᠯᠤᠭᠰᠠᠨ ᠦᠭᠡᠢ᠃ ᠲᠡᠭᠡᠭᠡᠳ ᠰᠠᠨᠳᠠᠭ《 ᠮᠢᠨᠦ ᠬᠦᠦ ᠰᠤᠷᠭᠠᠭᠤᠯᠢ ᠲᠠᠷᠬᠠᠴᠢᠬᠠᠬᠤ ᠪᠠᠷ ᠠᠷᠭᠠᠯᠠᠭᠠᠳ ᠭᠡᠷ ᠤᠷᠤᠭᠤ ᠪᠠᠨ ᠶᠠᠪᠤᠴᠢᠬᠠᠭᠰᠠᠨ ᠨᠢ ᠠᠪᠤ ᠲᠠᠢ ᠪᠠᠨ ᠵᠥᠷᠢᠴᠡᠭᠰᠡᠨ ᠶᠦᠮ ᠪᠣᠯᠪᠠ ᠤᠤ》 ᠭᠡᠵᠦ ᠪᠣᠳᠣᠭᠰᠠᠨ ᠢ᠋ᠶ᠋ᠠᠨ《 ᠶᠡᠷᠦ ᠨᠢ ᠠᠩᠭᠢ ᠶ᠋ᠢᠨ ᠬᠢᠨᠢ ᠪᠠᠭᠰᠢ ᠶ᠋ᠢ ᠬᠠᠢᠵᠤ ᠣᠯᠤᠭᠠᠳ ᠤᠴᠢᠷ ᠢ᠋ ᠣᠯᠤᠶ᠎ᠠ》 ᠭᠡᠵᠦ ᠪᠣᠳᠣᠵᠠᠢ᠃  
       ᠬᠣᠶᠠᠳᠤᠭᠠᠷ ᠠᠩᠭᠢ ᠶ᠋ᠢᠨ ᠪᠠᠭᠰᠢ ᠲᠠᠢ ᠠᠭᠤᠯᠵᠠᠵᠤ ᠰᠠᠨᠳᠠᠭ ᠭᠤᠸᠠᠢ《 ᠮᠠᠨ ᠤ᠋ ᠬᠦᠦ ᠳᠣᠷᠵᠢ ᠲᠠᠨ ᠤ᠋ ᠠᠩᠭᠢ ᠳ᠋ᠤ᠌ ᠪᠠᠢᠬᠤ ᠶᠣᠰᠣᠲᠠᠢ᠂ ᠪᠢ ᠵᠥᠷᠢᠴᠡᠭᠰᠡᠨ ᠶᠦᠮ ᠤᠤ ᠣᠯᠤᠭᠰᠠᠨ ᠦᠭᠡᠢ ᠭᠡᠬᠦ ᠳ᠋ᠦ᠍᠂ 
       — ᠮᠠᠨ ᠤ᠋ ᠠᠩᠭᠢ ᠳ᠋ᠤ᠌ ᠲᠡᠢᠮᠦ ᠬᠡᠦᠬᠡᠳ ᠪᠠᠢᠬᠤ ᠦᠭᠡᠢ᠂ ᠬᠠᠷᠢᠨ ᠲᠠᠪᠤᠳᠤᠭᠠᠷ ᠠᠩᠭᠢ ᠳ᠋ᠤ᠌ ᠣᠨᠴᠠ ᠰᠤᠷᠤᠯᠭᠠᠲᠠᠨ ᠳᠣᠷᠵᠢ ᠭᠡᠵᠦ ᠪᠣᠢ᠂ ᠲᠡᠷᠡ ᠪᠢᠰᠢ ᠤᠤ ᠭᠡᠯ᠎ᠡ᠃ 
       — ᠴᠣᠬᠣᠮ ᠶᠠᠮᠠᠷ ᠰᠤᠷᠳᠠᠭ ᠢ᠋ ᠨᠢ ᠴᠦ᠍ ᠮᠡᠳᠡᠬᠦ ᠦᠭᠡᠢ ᠭᠡᠵᠦ ᠰᠠᠨᠳᠠᠭ ᠬᠡᠯᠡᠪᠡ᠃  ᠴᠠᠭᠠᠨ᠎ᠠ ᠠ᠋ᠴᠠ ᠢᠷᠡᠵᠦ ᠶᠠᠪᠤᠭ᠎ᠠ ᠲᠠᠪᠤᠳᠤᠭᠠᠷ ᠠᠩᠭᠢ ᠶ᠋ᠢᠨ ᠪᠠᠭᠰᠢ ᠶ᠋ᠢ ᠳᠠᠭᠤᠳᠠᠵᠤ᠄ 
       — ᠲᠠᠨ ᠤ᠋ ᠠᠩᠭᠢ ᠶ᠋ᠢᠨ ᠳᠣᠷᠵᠢ ᠶ᠋ᠢᠨ ᠣᠪᠣᠭ ᠨᠢ ᠬᠡᠨ ᠰᠠᠨ ᠪᠢᠯᠡ ᠭᠡᠵᠦ ᠨᠥᠭᠦᠭᠡ ᠪᠠᠭᠰᠢ ᠠᠰᠠᠭᠤᠪᠠ᠃ 
       — ᠰᠠᠨᠳᠠᠭ ᠤ᠋ᠨ ᠳᠣᠷᠵᠢ ᠭᠡᠬᠦ ᠳ᠋ᠦ᠍᠂ 
       — ᠠ᠋ ᠮᠢᠨᠦ ᠬᠦᠦ ᠲᠡᠢᠮᠦ ᠳᠡᠭᠡᠭᠦᠷ ᠠᠩᠭᠢ ᠳ᠋ᠤ᠌ ᠪᠠᠢᠳᠠᠭ ᠶᠤᠮ ᠤᠤ ᠭᠡᠵᠦ ᠰᠠᠨᠳᠠᠭ ᠡᠪᠦᠭᠡᠨ ᠳᠠᠭᠤ ᠠᠯᠳᠠᠪᠠ᠃ 

ᠤᠯᠠᠨ ᠬᠡᠴᠡᠭᠦᠦ ᠶᠢᠨ ᠨᠢᠭᠡ ᠬᠡᠴᠡᠭᠦᠦ


       ᠮᠣᠳᠣ ᠪᠠᠷᠢᠭᠰᠠᠨ ᠨᠣᠬᠠᠢ ᠳᠠᠭᠠᠭᠤᠯᠤᠭᠰᠠᠨ ᠨᠢᠭᠡ ᠬᠥᠮᠦᠨ ᠲᠡᠢ ᠲᠠᠭᠠᠷᠠᠯ᠎ᠠ᠃  ᠮᠣᠷᠢᠨ ᠳᠡᠭᠡᠷ᠎ᠡ ᠡᠴᠡ ᠮᠡᠨᠳᠦᠯᠡᠵᠦ ᠬᠡᠳᠦᠨ ᠦᠭᠡ ᠰᠣᠯᠢᠯ᠎ᠠ᠃  ᠮᠣᠨᠳᠢ ᠶ᠋ᠢᠨ ᠨᠣᠬᠠᠢ ᠨᠢ ᠲᠡᠷᠢᠭᠦᠯᠡᠭᠡᠳ ᠶᠠᠪᠤᠴᠢᠬᠠᠯ᠎ᠠ᠃  ᠮᠥᠨᠥᠬᠢ ᠬᠥᠮᠦᠨ ᠨᠠᠳᠠ ᠲᠠᠢ ᠦᠭᠡ ᠰᠣᠯᠢᠵᠤ ᠴᠦ᠍ ᠴᠢᠳᠠᠯ ᠦᠭᠡᠢ ᠨᠣᠬᠠᠢ ᠶ᠋ᠢᠨ ᠢ᠋ᠶ᠋ᠡᠨ ᠬᠣᠢᠨ᠎ᠠ ᠠ᠋ᠴᠠ ᠶᠠᠪᠤᠯ᠎ᠠ᠃  ᠲᠡᠷᠡ ᠬᠥᠮᠦᠨ ᠢ᠋ ᠪᠢ ᠨᠣᠬᠠᠢ ᠳᠠᠭᠠᠭᠤᠯᠵᠤ ᠶᠠᠪᠤᠭ᠎ᠠ ᠶᠤᠮ ᠭᠡᠵᠦ ᠪᠣᠳᠣᠭᠰᠠᠨ ᠴᠢᠨᠢ ᠬᠠᠷᠢᠨ ᠨᠣᠬᠠᠢ ᠪᠠᠨ ᠳᠠᠭᠠᠵᠤ ᠶᠠᠪᠤᠭᠰᠠᠨ ᠶᠤᠮ ᠪᠠᠢᠵᠠᠢ᠃  


ᠵᠠᠭᠤᠨ ᠰᠢᠳᠦᠳᠦ

    
       ᠬᠡᠳᠦᠨ ᠵᠢᠯ ᠦ᠋ᠨ ᠡᠮᠦᠨ᠎ᠡ ᠪᠢ ᠠᠯᠲᠠᠨ ᠭᠡᠳᠡᠭ ᠭᠡᠷᠡᠯ ᠵᠢᠷᠤᠭᠴᠢᠨ ᠲᠠᠢ ᠬᠠᠮᠲᠤ ᠠᠵᠢᠯᠯᠠᠵᠤ ᠪᠠᠢᠯ᠎ᠠ᠃  ᠬᠡᠵᠢᠶ᠎ᠡ ᠴᠦ᠍ ᠬᠤᠳᠠᠯ ᠬᠡᠯᠡᠵᠦ ᠪᠣᠯᠬᠤ ᠦᠭᠡᠢ ᠭᠡᠵᠦ ᠲᠡᠷᠡ ᠴᠠᠭ ᠢᠮᠠᠭᠲᠠ ᠶᠠᠷᠢᠬᠤ ᠳᠤᠷᠠᠲᠠᠢ᠂ ᠭᠣᠣᠯ ᠨᠣᠮᠯᠠᠯ ᠨᠢ ᠶᠡᠷᠦ ᠳ᠋ᠡᠭᠡᠨ ᠯᠡ ᠡᠨᠡ ᠣᠯᠠᠨ ᠵᠢᠯ ᠬᠠᠮᠲᠤ ᠠᠵᠢᠯᠯᠠᠬᠤ ᠳ᠋ᠤ᠌ ᠨᠠᠳᠠ ᠳ᠋ᠤ᠌ ᠲᠡᠷᠡ ᠭᠠᠭᠴᠠ ᠯᠠ ᠤᠳᠠᠭ᠎ᠠ ᠬᠤᠳᠠᠯ ᠬᠡᠯᠡᠭᠰᠡᠨ ᠶᠦᠮ᠃  ᠬᠤᠳᠠᠯ ᠬᠡᠯᠡᠬᠦ ᠴᠦ᠍ ᠭᠡᠵᠦ ᠳᠡ᠂ ᠪᠢᠳᠡ ᠨᠢᠭᠡ ᠤᠳᠠᠭ᠎ᠠ ᠬᠥᠳᠡᠭᠡ ᠴᠣᠭ ᠶᠠᠪᠤᠯ᠎ᠠ᠃  ᠬᠣᠲᠠ ᠣᠴᠢᠭᠠᠳ ᠣᠯᠠᠨ ᠵᠢᠷᠤᠭ ᠤᠬᠢᠶᠠᠵᠤ ᠥᠭᠭᠦᠨ᠎ᠡ ᠭᠡᠳ ᠨᠢᠭᠡ ᠶ᠋ᠢ ᠴᠦ᠍ ᠥᠭᠭᠦᠭᠡ ᠦᠭᠡᠢ ᠯᠡ ᠶᠦᠮ᠃  ᠡᠨᠡ ᠴᠦ᠍ ᠶᠠᠭᠠᠬᠢᠬᠤᠪ᠂ ᠵᠢᠷᠤᠭ ᠨᠢ ᠭᠠᠷᠤᠭ᠎ᠠ ᠦᠭᠡᠢ ᠠᠫᠫᠠᠷᠠᠲ( ᠭᠡᠷᠡᠯ ᠵᠢᠷᠤᠭ ᠤ᠋ᠨ ᠮᠠᠰᠢᠨ) ᠤ᠋ ᠬᠢᠨᠢ ᠰᠣᠭᠣᠭ ᠪᠠᠢᠵᠤ ᠪᠣᠯᠤᠨ᠎ᠠ ᠪᠢᠵᠡ ᠳᠡ᠂  ᠬᠠᠷᠢᠨ ᠬᠥᠭᠡᠷᠦᠬᠦᠢ ᠠᠯᠲᠠᠨ ᠮᠠᠨᠢ ᠰᠢᠲᠦ ᠨᠢ ᠶᠡᠬᠡ ᠡᠪᠡᠳᠳᠡᠭ ᠬᠥᠮᠦᠨ ᠪᠠᠢᠭᠰᠠᠨ ᠶᠤᠮ ᠳᠠ᠃  ᠵᠠᠷᠢᠮ ᠳ᠋ᠠᠭᠠᠨ ᠬᠠᠴᠠᠷ ᠳᠠᠭᠠᠨ ᠰᠢᠳᠦᠨ ᠤ᠋ ᠣ ᠳᠦᠷᠬᠢᠴᠢᠭᠰᠡᠨ ᠢᠷᠡᠨ᠎ᠡ᠃  ᠶᠠᠭᠠᠬᠢᠭᠠᠳ ᠭᠡᠬᠦ ᠳ᠋ᠦ᠍ ᠰᠢᠳᠦ ᠪᠡᠨ ᠵᠢᠭᠠᠵᠤ ᠭᠠᠷ ᠢ᠋ᠶ᠋ᠠᠨ ᠰᠡᠭᠰᠦᠷᠦᠨ᠎ᠡ᠃ ᠢᠣᠳ᠋ ᠲᠦᠷᠬᠢᠴᠢᠭᠰᠡᠨ ᠴᠦ᠍ ᠢᠷᠡᠨ᠎ᠡ᠂  ᠲᠣᠯᠣᠭᠠᠢ ᠪᠠᠨ ᠪᠣᠭᠣᠴᠢᠬᠠᠭᠰᠠᠨ ᠢᠷᠡᠨ᠎ᠡ ᠶᠠᠭᠠᠬᠢᠭᠠᠳ ᠭᠡᠬᠦ ᠳ᠋ᠦ᠍ ᠳᠠᠭᠤ ᠦᠭᠡᠢ ᠳᠠᠭᠤ ᠦᠭᠡᠢ᠁ ᠭᠡᠵᠦ ᠭᠠᠷ ᠢ᠋ᠶ᠋ᠠᠨ ᠰᠡᠭᠰᠦᠷᠦᠨ ᠲᠣᠬᠢᠨ᠎ᠠ᠃  ᠪᠢᠳᠡ ᠴᠦ᠍ ᠳᠠᠭᠤ ᠦᠭᠡᠢ ᠯᠡ ᠪᠣᠯᠤᠨ᠎ᠠ᠃ ᠵᠠᠷᠢᠮ ᠳ᠋ᠠᠭᠠᠨ ᠤᠲᠠᠰᠤᠳᠠᠨ᠎ᠠ᠃ 
       — ᠪᠢ ᠡᠮᠨᠡᠯᠭᠡ ᠳ᠋ᠦ᠍ ᠰᠢᠲᠦ ᠪᠡᠨ ᠠᠪᠤᠭᠤᠯᠬᠤ ᠭᠡᠵᠦ ᠪᠠᠢᠨ᠎ᠠ ᠦᠳᠡ ᠶ᠋ᠢᠨ ᠡᠮᠦᠨ᠎ᠡ ᠠᠵᠢᠯ ᠳ᠋ᠠᠭᠠᠨ ᠣᠴᠢᠵᠤ ᠠᠮᠵᠢᠬᠤ ᠦᠭᠡᠢ ᠭᠡᠨ᠎ᠡ᠃  ᠥᠨᠥᠳᠥᠷ ᠣᠴᠢᠬᠤ ᠦᠭᠡᠢ ᠰᠢᠦ ᠯᠡ ᠭᠡᠨ᠎ᠡ᠃  ᠬᠥᠭᠡᠷᠦᠬᠦᠢ ᠮᠢᠨᠢ ᠮᠥᠨ ᠴᠦ᠍ ᠣᠯᠠᠨ ᠰᠢᠳᠦ ᠠᠪᠤᠭᠤᠯᠤᠭᠰᠠᠨ ᠰᠢᠦ᠂ ᠪᠢᠳᠡ ᠠᠯᠲᠠᠨ ᠢ᠋ ᠦᠷᠦ ᠡᠪᠡᠳᠬᠦ ᠳ᠋ᠡᠭᠡᠨ ᠲᠣᠭᠠᠯᠠᠵᠤ ᠦᠵᠡᠭᠰᠡᠨ ᠴᠢᠨᠢ ᠶᠠᠭ ᠯᠠ ᠵᠠᠭᠤᠨ ᠰᠢᠳᠦ ᠠᠪᠤᠭᠤᠯᠤᠭᠰᠠᠨ ᠪᠠᠢᠭᠰᠠᠨ ᠶᠤᠮ ᠳᠠ᠃  

ᠶᠡᠬᠡ ᠥᠭᠡᠷᠡᠴᠢᠯᠡᠯᠲᠡ


       ᠪᠢ ᠰᠤᠮᠤ ᠶ᠋ᠢᠨ ᠲᠥᠪ ᠲᠤ ᠮᠤᠵᠢᠶᠠᠩ ᠬᠢᠵᠦ ᠪᠠᠢᠯ᠎ᠠ᠃ ᠮᠠᠨ ᠤ᠋ ᠦᠢᠯᠡᠳᠪᠦᠷᠢ ᠶ᠋ᠢᠨ ᠳᠡᠷᠭᠡᠳᠡ ᠨᠢᠭᠡ ᠭᠤᠸᠠᠩᠵᠠ ᠪᠠᠢᠭᠰᠠᠨ ᠶᠤᠮ᠂ ᠭᠡᠲᠡᠯ᠎ᠡ ᠨᠢᠭᠡ ᠤᠳᠠᠭ᠎ᠠ ᠮᠠᠨ ᠤ᠋ ᠬᠢ ᠰᠢᠨ᠎ᠡ ᠳᠠᠷᠤᠭ᠎ᠠ ᠲᠠᠢ ᠪᠣᠯᠤᠯ᠎ᠠ᠃ 
       — ᠡᠨᠡ ᠴᠢᠨᠢ ᠭᠤᠸᠠᠩᠵᠠ ᠪᠠᠢᠵᠤ ᠲᠠᠭᠠᠷᠠᠬᠤ ᠦᠭᠡᠢ ᠪᠠᠢᠰᠢᠩ ᠪᠠᠢᠨ᠎ᠠ ᠭᠡᠳ ᠲᠡᠷᠡ ᠳᠠᠷᠤᠭ᠎ᠠ ᠨᠥᠭᠦᠭᠡ ᠪᠠᠢᠰᠢᠩ ᠳ᠋ᠤ᠌ ᠭᠤᠲᠤᠯ ᠤ᠋ᠨ ᠵᠠᠩ① ᠲᠠᠯᠪᠢᠳᠠᠭ ᠭᠠᠵᠠᠷ ᠪᠠᠢᠭᠤᠯᠪᠠ᠃ ᠲᠡᠷᠡ ᠶᠡᠷᠦ ᠳ᠋ᠡᠭᠡᠨ ᠯᠡ ᠲᠣᠮᠣ ᠵᠢᠵᠢᠭ ᠬᠣᠶᠠᠷ ᠥᠷᠥᠭᠡ ᠲᠡᠢ ᠳᠠᠩ ᠪᠠᠢᠰᠢᠩ ᠶᠤᠮᠰᠠᠨ᠃ ᠬᠣᠢᠲᠤᠨ ᠨᠢ ᠪᠢᠯᠡ ᠤᠤ ᠳᠠ ᠪᠠᠰᠠ ᠯᠠ ᠮᠠᠨ ᠤ᠋ ᠳᠠᠷᠤᠭ᠎ᠠ ᠰᠣᠯᠢᠭᠳᠠᠯ᠎ᠠ᠃  
       ᠡᠨᠡ ᠴᠢᠨᠢ ᠭᠤᠲᠤᠯ ᠤ᠋ᠨ ᠵᠠᠩ ᠲᠠᠯᠪᠢᠳᠠᠭ ᠭᠠᠵᠠᠷ ᠪᠠᠢᠵᠤ ᠲᠠᠭᠠᠷᠠᠬᠤ ᠦᠭᠡᠢ ᠪᠠᠢᠰᠢᠩ ᠪᠠᠢᠨ᠎ᠠ ᠭᠡᠳ ᠲᠡᠷᠡ ᠳᠠᠷᠤᠭ᠎ᠠ ᠨᠥᠭᠦᠭᠡ ᠪᠠᠢᠰᠢᠩ ᠳ᠋ᠤ᠌ ᠮᠤᠬᠤᠯᠠᠭ ᠭᠠᠷᠭᠠᠪᠠ᠃ ᠲᠡᠷᠡ ᠮᠤᠬᠤᠯᠠᠭ ᠲᠤ ᠲᠠᠮᠠᠬᠢ᠂ ᠱᠦᠳᠡᠨᠵᠡ᠂ ᠪᠣᠣᠪᠣ᠂ ᠰᠢᠬᠢᠷ ᠲᠡᠳᠦᠢ ᠶ᠋ᠢ ᠵᠠᠷᠤᠨ᠎ᠠ᠃ ᠲᠠᠮᠠᠬᠢ ᠱᠦᠳᠡᠨᠵᠡ ᠠᠪᠬᠤ ᠪᠠᠷ ᠨᠠᠮ᠎ᠠ ᠶ᠋ᠢ ᠨᠢᠭᠡ ᠣᠴᠢᠲᠠᠯ᠎ᠠ ᠨᠥᠭᠦᠭᠡ ᠪᠠᠢᠰᠢᠩ ᠮᠠᠨᠢ ᠭᠤᠸᠠᠩᠵᠠ ᠪᠣᠯᠵᠤ ᠬᠤᠪᠢᠷᠠᠭᠰᠠᠨ ᠪᠠᠢᠯ᠎ᠠ᠃ ᠮᠠᠨ ᠤ᠋ ᠦᠢᠯᠡᠳᠪᠦᠷᠢ ᠳ᠋ᠦ᠍ ᠰᠢᠨ᠎ᠡ ᠳᠠᠷᠤᠭ᠎ᠠ ᠲᠠᠢ ᠪᠣᠯᠤᠯ᠎ᠠ ᠤᠤ᠂ ᠡᠰᠡᠬᠦᠯ᠎ᠡ ᠲᠦᠷᠦᠭᠦᠴᠢ ᠶ᠋ᠢᠨ ᠳᠠᠷᠤᠭ᠎ᠠ ᠮᠠᠨᠢ ᠡᠷᠭᠢᠵᠦ ᠢᠷᠡᠯ᠎ᠡ ᠤᠤ ᠭᠡᠵᠦ ᠪᠢ ᠤᠴᠢᠷ ᠢ᠋ ᠣᠯᠵᠤ ᠶᠠᠳᠠᠨ ᠭᠠᠢᠬᠠᠯ᠎ᠠ᠃  

– – – –     
① ᠭᠤᠲᠤᠯ ᠤ᠋ᠨ ᠤᠯᠠ ᠪᠡᠬᠢᠯᠡᠬᠦ ᠲᠡᠮᠦᠷ ᠲᠠᠬ᠎ᠠ᠃ 

ᠬᠣᠣᠰ ᠮᠠᠭᠲᠠᠭᠠᠯ


       ᠬᠠᠢᠭᠤᠯᠴᠢᠨ ᠳᠠᠰᠢ ᠬᠡᠳᠦᠨ ᠰᠠᠷ᠎ᠠ ᠬᠥᠳᠡᠭᠡ ᠶᠠᠪᠤᠭᠠᠳ ᠢᠷᠡᠬᠦ ᠳ᠋ᠡᠭᠡᠨ ᠥᠳᠬᠡᠨ ᠬᠤᠤᠵᠠ ᠰᠠᠬᠠᠯ ᠲᠠᠯᠪᠢᠵᠠᠢ᠃ ᠠᠵᠢᠯ ᠤ᠋ᠨ ᠬᠢᠨᠢ ᠭᠠᠵᠠᠷ ᠤ᠋ᠨ ᠵᠢᠵᠢᠭᠦᠷ ᠰᠦᠷᠦᠩ ᠬᠠᠷᠠᠮᠠᠭᠴᠠ ᠪᠠᠨ᠄  
       — ᠫᠧᠢ᠂ ᠮᠥᠨ ᠵᠣᠬᠢᠵᠤ ᠳᠠ! ᠴᠢ ᠴᠢᠨᠢ ᠰᠠᠬᠠᠯ ᠲᠠᠢ ᠯᠠ ᠪᠠᠢᠪᠠᠯ ᠰᠦᠷᠯᠢᠭ ᠰᠠᠢᠬᠠᠨ ᠶᠤᠮ ᠭᠡᠵᠦ ᠮᠠᠭᠲᠠᠪᠠ᠃  
       ᠬᠡᠳᠦ ᠬᠣᠨᠣᠭ ᠤ᠋ᠨ ᠳᠠᠷᠠᠭ᠎ᠠ ᠳᠠᠰᠢ ᠰᠠᠬᠠᠯ ᠢ᠋ᠶ᠋ᠠᠨ ᠬᠤᠰᠤᠴᠢᠬᠠᠭᠰᠠᠨ ᠣᠷᠣᠵᠤ ᠢᠷᠡᠪᠡ᠃ 
       — ᠫᠧᠢ᠂ ᠮᠥᠨ ᠵᠣᠬᠢᠵᠤ ᠳᠠ!  ᠰᠠᠬᠠᠯ ᠦᠭᠡᠢ ᠯᠡ ᠪᠠᠢᠪᠠᠯ ᠰᠠᠢᠬᠠᠨ ᠶᠤᠮ ᠭᠡᠵᠦ ᠵᠢᠵᠢᠭᠦᠷ ᠰᠦᠷᠦᠩ ᠪᠠᠰᠠ ᠮᠠᠭᠲᠠᠵᠠᠢ᠃   

ᠰᠦᠷᠯᠢᠭ ᠡᠷᠡᠰ

 
       ᠲᠦᠯᠬᠢᠭᠦᠷ ᠲᠠᠭᠠᠷᠠᠭᠤᠯᠵᠤ ᠪᠣᠢ ᠪᠣᠯᠤᠯᠲᠠᠢ ᠡᠭᠦᠳᠡᠨ ᠦ᠌ ᠴᠣᠣᠵᠢ ᠲᠣᠷᠴᠢᠭᠢᠨᠠᠭᠤᠯᠬᠤ ᠴᠢᠮᠡᠭᠡ ᠰᠣᠨᠣᠰᠳᠠᠪᠠ᠃ ᠭᠡᠷ ᠲᠤ ᠰᠠᠭᠤᠭᠰᠠᠨ ᠲᠠᠪᠤᠨ ᠪᠦᠳᠦᠭᠦᠨ ᠡᠷ᠎ᠡ ᠲᠠᠭ ᠳᠠᠭᠤ ᠦᠭᠡᠢ ᠪᠣᠯᠵᠤ ᠨᠢᠳᠤᠷᠭ᠎ᠠ ᠵᠠᠩᠭᠢᠳᠴᠠᠢ᠃  
       — ᠨᠠᠮ ᠴᠣᠬᠢᠶ᠎ᠠ ᠭᠡᠵᠦ ᠨᠢᠭᠡ ᠪᠦᠳᠦᠭᠦᠨ ᠡᠷ᠎ᠡ ᠭᠠᠷ ᠢ᠋ᠶ᠋ᠠᠨ ᠵᠠᠩᠭᠠᠨ ᠰᠢᠳᠦ ᠪᠡᠨ ᠵᠠᠭᠤᠪᠠ᠃  
       ᠨᠥᠭᠦᠭᠡ ᠪᠦᠳᠦᠭᠦᠨ ᠡᠷ᠎ᠡ ᠨᠢ ᠦᠭᠡ ᠳᠠᠭᠤ ᠴᠦ᠍ ᠦᠭᠡᠢ ᠰᠡᠮᠡᠬᠡᠨ ᠪᠣᠰᠤᠭᠠᠳ ᠬᠠᠨᠠᠨ ᠳ᠋ᠤ᠌ ᠡᠯᠭᠦᠭᠰᠡᠨ ᠫᠤᠤ ᠶ᠋ᠢ ᠠᠪᠤᠯ᠎ᠠ᠃ ᠳᠠᠷᠠᠭᠠᠬᠢ ᠪᠦᠳᠦᠭᠦᠨ ᠡᠷ᠎ᠡ᠄ 
       — ᠰᠦᠬᠡ᠂ ᠰᠦᠬᠡ ᠬᠠᠮᠢᠭ᠎ᠠ ᠪᠣᠢ ᠭᠡᠵᠦ ᠭᠡᠷ ᠦ᠋ᠨ ᠡᠵᠡᠨ ᠦ᠌ ᠴᠢᠬᠢᠨ ᠳ᠋ᠦ᠍ ᠰᠢᠪᠡᠨᠡᠵᠦ ᠪᠠᠢᠨ᠎ᠠ᠃ ᠳᠥᠷᠪᠡᠳᠡᠬᠢ ᠪᠦᠳᠦᠭᠦᠨ ᠡᠷ᠎ᠡ ᠡᠮᠦᠨ᠎ᠡ ᠪᠡᠨ ᠪᠠᠢᠭᠰᠠᠨ ᠠᠶᠠᠭ᠎ᠠ ᠲᠠᠢ ᠠᠷᠢᠬᠢ ᠶ᠋ᠢ ᠠᠪᠴᠤ ᠭᠠᠭᠴᠠᠬᠠᠨ ᠬᠥᠨᠳᠡᠷᠡᠭᠡᠳ ᠡᠢᠰᠢ ᠲᠠᠢᠰᠢ ᠬᠠᠷᠠᠵᠤ ᠵᠡᠪᠰᠡᠭᠯᠡᠬᠦ ᠶ᠋ᠢ ᠪᠣᠳᠣᠵᠤ ᠪᠠᠢᠭ᠎ᠠ ᠪᠣᠯᠤᠯᠲᠠᠢ᠃ ᠡᠭᠦᠳᠡ ᠶ᠋ᠢ ᠲᠤᠩ ᠤᠳᠠᠭᠠᠨ ᠲᠣᠷᠴᠢᠭᠢᠨᠠᠭᠤᠯᠤᠭᠰᠠᠭᠠᠷ ᠯᠠ ᠪᠠᠢᠨ᠎ᠠ᠂ ᠭᠡᠷ ᠦ᠋ᠨ ᠡᠵᠡᠨ ᠪᠦᠳᠦᠭᠦᠨ ᠡᠷ᠎ᠡ ᠤᠬᠤᠰᠬᠢᠬᠦ ᠳ᠋ᠦ᠍ ᠬᠠᠭᠠᠯᠭ᠎ᠠ ᠠᠨᠳᠠᠭᠤᠷᠠᠭᠰᠠᠨ ᠳᠣᠣᠷᠠᠲᠤ ᠠᠢᠯ ᠤ᠋ᠨ ᠡᠮᠡᠭᠡᠨ ᠬᠣᠭ ᠤ᠋ᠨ ᠬᠤᠪᠢᠩ ᠢ᠋ᠶ᠋ᠠᠨ ᠰᠢᠲᠠᠵᠤ ᠬᠠᠰᠬᠢᠷᠤᠨ ᠮᠠᠭᠤᠵᠢᠷᠠᠪᠠ᠃ ᠡᠮᠡᠭᠡᠨ ᠦ᠌ ᠬᠤᠪᠢᠩ ᠫᠤᠤ ᠲᠠᠢ ᠡᠷ᠎ᠡ ᠶ᠋ᠢᠨ ᠬᠠᠴᠠᠷ ᠢ᠋ ᠰᠢᠷᠬᠠᠳᠤᠭᠤᠯᠤᠭᠰᠨ ᠪᠣᠯᠤᠯᠲᠠᠢ ᠠᠯᠠᠭ᠎ᠠ ᠪᠠᠷ ᠢ᠋ᠶ᠋ᠠᠨ ᠳᠠᠷᠤᠨ ᠦᠵᠡᠵᠦ ᠶᠣᠣᠯᠠᠵᠤ ᠪᠠᠢᠯ᠎ᠠ᠃   
 

ᠭᠤᠤᠯ ᠳ᠋ᠦ᠋ᠩ


       ᠠᠵᠢᠯᠴᠢᠳ ᠤ᠋ᠨ ᠵᠥᠪᠯᠡᠯᠭᠡᠨ ᠪᠣᠯᠵᠤ ᡀᠬᠠᠮ᠎ᠠ ᠶ᠋ᠢᠨ ᠠᠵᠢᠯ ᠮᠠᠭᠤ ᠪᠠᠢᠨ᠎ᠠ ᠭᠡᠵᠦ ᠰᠢᠭᠦᠮᠵᠢᠯᠡᠪᠡ᠃ ᡀᠬᠠᠮ᠎ᠠ ᠶᠠᠭᠠᠷᠠᠨ ᠪᠣᠰᠤᠭᠠᠳ᠄
       — ᠮᠢᠨᠦ ᠠᠵᠢᠯ ᠢ᠋ ᠲᠠ ᠨᠠᠷ ᠪᠤᠷᠤᠭᠤ ᠳ᠋ᠦᠩᠨᠡᠵᠦ ᠪᠠᠢᠨ᠎ᠠ᠃ ᠪᠢ ᠶᠡᠷᠦ ᠡᠴᠡ ᠪᠡᠨ ᠠᠵᠢᠯ ᠲᠠᠰᠤᠯᠵᠤ ᠦᠵᠡᠭᠡ ᠦᠭᠡᠢ᠂ ᠬᠤᠳᠠᠯ ᠭᠡᠪᠡᠯ ᠢᠷᠡᠴᠡ ᠶ᠋ᠢᠨ ᠪᠦᠷᠢᠳᠬᠡᠯ( ᠨᠡᠷ᠎ᠡ ᠮᠡᠳᠡᠭᠦᠯᠦᠭᠰᠡᠨ ᠪᠠᠢᠳᠠᠯ) ᠰᠢᠯᠭᠠᠭᠠᠳ ᠦᠵᠡ᠂ ᠪᠢ ᠨᠢᠭᠡ  ᠴᠦ᠍ ᠮᠢᠨᠦ᠋ᠲ ᠲᠠᠰᠤᠯᠤᠭᠰᠠᠨ ᠦᠭᠡᠢ᠂ ᠲᠡᠷᠡ ᠴᠦ᠍ ᠪᠠᠢᠲᠤᠭᠠᠢ ᠥᠷᠯᠥᠭᠡᠨ ᠦ᠌ ᠬᠥᠮᠦᠵᠢᠯ ᠦ᠋ᠨ ᠠᠵᠢᠯ ᠲᠠᠢ ᠡᠳᠦᠷ ᠭᠣᠣᠯᠳᠠᠭᠤ ᠭᠤᠴᠢᠭᠠᠳ ᠮᠢᠨᠦ᠋ᠲ ᠦ᠋ᠨ ᠡᠮᠦᠨ᠎ᠡ ᠢᠷᠡᠵᠦ ᠪᠢ ᠬᠥᠮᠦᠰ ᠢ᠋ ᠪᠦᠷᠢᠳᠬᠡᠳᠡᠭ᠃ ᠲᠠ ᠨᠠᠷ ᠬᠥᠮᠦᠨ ᠢ᠋ ᠢᠩᠭᠢᠵᠦ ᠭᠦᠳᠬᠡᠵᠦ ᠪᠣᠯᠬᠤ ᠦᠭᠡᠢ᠂ ᠮᠢᠨᠦ ᠠᠵᠢᠯ ᠤ᠋ᠨ ᠭᠣᠣᠯ ᠳ᠋ᠦᠩ ᠢ᠋ ᠪᠦᠷᠢᠳᠬᠡᠯ ᠬᠡᠯᠡᠭᠡᠳ ᠥᠭᠭᠦᠨ᠎ᠡ᠃ ᠴᠠᠭ ᠠᠰᠢᠭᠯᠠᠬᠤ ᠲᠠᠯ᠎ᠠ ᠪᠠᠷ ᠪᠢ ᠬᠡᠨ ᠡᠴᠡ ᠴᠦ᠍ ᠢᠯᠡᠭᠦᠦ ᠭᠡᠵᠦ ᠥᠴᠢᠨᠡᠨ ᠥᠭᠦᠯᠡᠵᠦ ᠤᠬᠢᠯᠠᠩᠨᠠᠪᠠ

ᠰᠡᠲᠦᠪ ᠡᠪᠡᠳᠴᠢᠨ


       ᠰᠤᠮᠤ ᠶᠢᠨ ᠲᠥᠪ ᠲᠦ ᠬᠣᠶᠠᠷ ᠵᠠᠯᠠᠭᠤ ᠠᠭᠤᠯᠵᠠᠪᠠ᠃ ᠲᠡᠷᠡ ᠬᠣᠶᠠᠭᠤᠯᠠ ᠶᠡᠬᠡ ᠰᠤᠷᠭᠠᠭᠤᠯᠢ ᠲᠡᠭᠦᠰᠦᠭᠡᠳ ᠭᠠᠭᠴᠠᠬᠠᠨ ᠵᠢᠯ ᠪᠣᠯᠵᠤ ᠪᠣᠢ ᠠᠵᠢ᠃ ᠨᠢᠭᠡ ᠨᠢ ᠤᠯᠠᠭᠠᠨᠪᠠᠭᠠᠲᠤᠷ ᠲᠤ ᠨᠥᠭᠥᠭᠡ ᠨᠢ ᠲᠣᠰ ᠰᠤᠮᠤᠨ ᠳᠤ ᠰᠠᠭᠤᠳᠠᠭ ᠭᠡᠨ᠎ᠡ᠃
       — ᠳᠠᠶᠠ ᠬᠠᠮᠢᠭ᠎ᠠ ᠰᠠᠭᠤᠵᠤ ᠪᠠᠢᠨ᠎ᠠ? ᠭᠡᠵᠦ ᠬᠥᠳᠡᠭᠡᠨ ᠦ ᠵᠠᠯᠠᠭᠤ ᠠᠰᠠᠭᠤᠬᠤ ᠳᠤ
       — ᠬᠣᠲᠠ ᠳᠤ ᠭᠡᠪᠡ᠃
       — ᠳᠠᠶᠠ ᠲᠡᠭᠡᠭᠡᠳ ᠶᠠᠭᠤ ᠬᠢᠵᠦ ᠪᠠᠢᠨ᠎ᠠ?
       — ᠰᠡᠲᠦᠪ ᠠᠪᠤᠭᠰᠠᠨ ᠪᠠᠢᠬ᠎ᠠ!
       — ᠴᠢ ᠰᠡᠲᠦᠪ ᠠᠪᠤᠭᠰᠠᠨ ᠤᠤ?
       — ᠠᠪᠬᠤ ᠭᠡᠵᠦ ᠪᠠᠢᠭ᠎ᠠ !  
       — ᠶᠠᠮᠠᠷ ᠰᠡᠳᠦᠪ ᠪᠣᠢ ? 
       — ᠨᠠᠢᠵᠠ ᠨᠢ ᠡᠨᠡ ᠵᠤᠨ ᠰᠢᠷᠠᠯᠠᠭᠰᠠᠨ᠃ ᠡᠮᠨᠡᠯᠭᠡ ᠳ᠋ᠦ᠍ ᠶᠡᠬᠡ ᠶᠠᠭᠤᠮ᠎ᠠ ᠪᠣᠳᠣᠯ ᠳ᠋ᠤ᠌ ᠣᠷᠣᠬᠤ ᠶᠤᠮ ᠃ ᠲᠡᠭᠡᠭᠡᠳ ᠰᠢᠷ᠎ᠠ ᠡᠪᠡᠳᠴᠢᠨ ᠦ᠌ ᠰᠡᠳᠦᠪ ᠢ᠋ᠶ᠋ᠡᠷ ᠣᠷᠣᠯᠳᠣᠬᠤ ᠰᠠᠨᠠᠭ᠎ᠠ ᠲᠠᠢ ᠂ ᠬᠠᠷᠢᠨ ᠴᠢ ᠰᠡᠳᠦᠪ ᠠᠪᠤᠭᠰᠠᠨ ᠤᠤ ? 
       — ᠬᠠᠢᠵᠤ ᠪᠠᠢᠭ᠎ᠠ᠂ ᠪᠣᠯᠪᠠᠯ ᠳ᠋ᠣᠺᠲ᠋ᠣᠷ ᠤ᠋ᠨ ᠬᠢ ᠶ᠋ᠢ ᠣᠯᠬᠤ ᠰᠠᠨᠠᠭ᠎ᠠ ᠲᠠᠢ᠃ 
 

ᠬᠣᠨᠵᠢᠶ᠎ᠠ

 
       ᠭᠠᠢᠭᠤᠢ ᠰᠠᠢᠨ ᠮᠣᠷᠢ ᠬᠤᠯᠠᠭᠠᠢᠯᠠᠭᠠᠳ ᠢᠷᠡᠯ᠎ᠡ ᠭᠡᠰᠡᠨ ᠴᠢᠨᠢ ᠵᠢᠯ ᠦ᠋ᠨ ᠳᠠᠷᠠᠭ᠎ᠠ ᠲᠡᠷᠡ ᠮᠣᠷᠢ ᠬᠠᠷᠢᠨ ᠭᠠᠢᠭᠤᠢ ᠰᠠᠢᠨ ᠮᠣᠷᠢ ᠶ᠋ᠢ ᠮᠢᠨᠢ ᠳᠠᠭᠠᠭᠤᠯᠤᠭᠠᠳ ᠭᠦᠶᠦᠳᠡᠭ ᠪᠠᠢᠨ᠎ᠠ ᠰᠢᠦ ᠭᠡᠮᠡᠨ ᠨᠢᠭᠡ ᠬᠤᠯᠠᠭᠠᠢᠴᠢ ᠥᠭᠦᠯᠡᠨ ᠭᠠᠩᠰᠠ ᠪᠠᠨ ᠭᠦᠳ ᠭᠦᠳ ᠦᠯᠢᠶᠡᠵᠦ ᠰᠠᠭᠤᠭᠰᠠᠨ ᠭᠡᠳᠡᠭ᠃ 

ᠴᠢ ᠵᠡᠭᠦᠳᠦᠯᠡᠳᠡᠭ ᠤᠤ

    
       — ᠡᠵᠢ ᠠ᠋ ᠂ ᠪᠢ ᠪᠦᠲᠦᠨ ᠵᠢᠯ ᠣᠭᠲᠣ ᠵᠡᠭᠦᠳᠦᠯᠡᠭᠰᠡᠨ ᠦᠭᠡᠢ ᠃ ᠵᠡᠭᠦᠳᠦᠯᠡᠬᠦ ᠦᠭᠡᠢ ᠪᠣᠯ ᠡᠷᠡᠭᠦᠯ ᠮᠡᠨᠳᠦ ᠶ᠋ᠢᠨ ᠪᠠᠢᠳᠠᠯ ᠮᠠᠭᠤ ᠶ᠋ᠢᠨ ᠰᠢᠨᠵᠢ ᠭᠡᠳᠡᠭ ᠪᠢᠵᠡ ᠳᠡ ᠭᠡᠮᠡᠨ ᠬᠦᠦ ᠠᠰᠠᠭᠤᠬᠤ ᠳ᠋ᠤ᠌ ᠡᠵᠢ ᠨᠢ ᠄  
       — ᠲᠡᠭᠡᠯᠭᠦᠢ ᠶᠠᠭᠠᠬᠢᠬᠤᠪ ! ᠬᠦᠦ ᠮᠢᠨᠢ ᠴᠢ ᠲᠠᠩᠳᠠ ᠰᠣᠭᠲᠣᠭᠤ ᠢᠷᠡᠭᠡᠳ ᠯᠡ ᠤᠨᠲᠠᠴᠢᠬᠠᠬᠤ ᠶᠤᠮ ᠴᠢᠨᠢ᠂ ᠬᠡᠵᠢᠶ᠎ᠡ ᠨᠢ ᠵᠡᠭᠦᠳᠦᠯᠡᠬᠦ ᠪᠢᠯᠡ ᠳᠠ ᠭᠡᠵᠡᠢ᠃   

ᠶᠡᠬᠡ ᠵᠠᠯᠬᠠᠭᠤ ᠪᠠ ᠪᠠᠭ᠎ᠠ ᠵᠠᠯᠬᠠᠭᠤ


       ᠬᠣᠢᠲᠤ ᠭᠣᠣᠯ᠂ ᠤᠷᠲᠤ ᠭᠣᠣᠯ ᠭᠡᠳᠡᠭ ᠭᠠᠵᠠᠷ ᠬᠣᠶᠠᠷ ᠶᠡᠬᠡ ᠵᠠᠯᠬᠠᠭᠤ ᠰᠠᠭᠤᠳᠠᠭ ᠪᠠᠢᠵᠠᠢ᠃ ᠭᠡᠲᠡᠯ᠎ᠡ ᠤᠷᠲᠤ ᠭᠣᠣᠯ ᠤ᠋ᠨ ᠵᠠᠯᠬᠠᠭᠤ ᠨᠢᠭᠡ ᠡᠳᠦᠷ ᠬᠣᠢᠲᠤ ᠭᠣᠣᠯ ᠳ᠋ᠤ᠌ ᠥᠪᠡᠷ ᠡᠴᠡ ᠨᠢ ᠶᠡᠬᠡ ᠵᠠᠯᠬᠠᠭᠤ ᠪᠠᠢᠳᠠᠭ ᠭᠡᠵᠦ ᠰᠣᠨᠣᠰᠴᠠᠢ᠃ ᠲᠡᠭᠡᠭᠡᠳ ᠶᠡᠬᠡ ᠵᠠᠯᠬᠠᠭᠤ ᠲᠠᠢ ᠠᠭᠤᠯᠵᠠᠵᠤ ᠵᠢᠭᠠᠬᠠᠨ ᠴᠤ᠌ ᠪᠣᠯ ᠵᠠᠯᠬᠠᠭᠤ ᠵᠢᠭᠠᠯᠭᠠᠭᠠᠳ ᠠᠪᠬᠤ ᠶᠤᠮ ᠰᠠᠨ ᠭᠡᠭᠰᠡᠭᠡᠷ ᠣᠴᠢᠵᠤ ᠴᠢᠳᠠᠯ ᠦᠭᠡᠢ ᠭᠤᠷᠪᠠᠨ ᠵᠢᠯ ᠪᠣᠯᠤᠭᠰᠠᠨ ᠭᠡᠨ᠎ᠡ᠃ ᠤᠷᠲᠤ ᠭᠣᠣᠯ ᠤ᠋ᠨ ᠪᠠᠭ᠎ᠠ ᠵᠠᠯᠬᠠᠭᠤ ᠨᠢᠭᠡ ᠡᠳᠦᠷ ᠲᠡᠷᠭᠡ ᠲᠡᠮᠡᠭᠡ ᠪᠣᠯᠵᠤ ᠬᠥᠮᠦᠨ ᠠᠮᠢᠲᠠᠨ ᠢ᠋ᠶ᠋ᠠᠷ ᠬᠥᠷᠭᠡᠭᠥᠯᠵᠤ ᠠᠷᠠᠢ ᠭᠡᠵᠦ ᠬᠣᠢᠲᠤ ᠭᠣᠣᠯ ᠤ᠋ᠨ ᠶᠡᠬᠡ ᠵᠠᠯᠬᠠᠭᠤ ᠶ᠋ᠢᠨ ᠳ᠋ᠦ᠍ ᠣᠴᠢᠵᠠᠢ᠃  
       — ᠪᠢ ᠤᠷᠲᠤ ᠭᠣᠣᠯ ᠳ᠋ᠤ᠌ ᠰᠠᠭᠤᠳᠠᠭ ᠪᠠᠭ᠎ᠠ ᠵᠠᠯᠬᠠᠭᠤ ᠭᠡᠳᠡᠭ ᠪᠠᠢᠨ᠎ᠠ ᠃ ᠲᠠᠨ ᠢ᠋ᠶ᠋ᠠᠷ ᠵᠢᠭᠠᠬᠠᠨ ᠴᠤ᠌ ᠪᠣᠯ ᠵᠠᠯᠬᠠᠭᠤ ᠵᠢᠭᠠᠯᠭᠠᠬᠤ ᠪᠠᠷ ᠢᠷᠡᠯ᠎ᠡ ᠭᠡᠰᠡᠨ ᠳ᠋ᠦ᠍ ᠶᠡᠬᠡ ᠵᠠᠯᠬᠠᠭᠤ ᠄ 
       — ᠶᠠᠭᠤ ᠴᠤ᠌ ᠭᠡᠰᠡᠨ ᠬᠣᠶᠠᠭᠤᠯᠠ ᠬᠣᠭᠣᠯᠠ ᠬᠢᠵᠦ ᠢᠳᠡᠶ᠎ᠡ ᠂ ᠪᠢ ᠥᠴᠥᠭᠡᠳᠦᠷ ᠭᠤᠯᠢᠷ ᠵᠢᠭᠤᠷᠠᠵᠤ ᠲᠠᠯᠪᠢᠭᠰᠠᠨ ᠶᠤᠮ᠂ ᠴᠢ ᠭᠠᠷᠤᠭᠠᠳ ᠳᠡᠭᠡᠪᠦᠷ ᠳᠡᠭᠡᠷ᠎ᠡ ᠪᠠᠢᠭ᠎ᠠ ᠭᠤᠯᠢᠷ ᠤ᠋ᠨ ᠮᠣᠳᠣ ᠠᠪᠤᠭᠠᠳ ᠢᠷ᠎ᠡ ᠭᠡᠬᠦ ᠳ᠋ᠦ᠍ ᠪᠠᠭ᠎ᠠ ᠵᠠᠯᠬᠠᠭᠤ ᠄ 
       — ᠶᠠᠭᠠᠬᠢᠭᠰᠠᠨ ᠴᠤ᠌ ᠲᠦᠪᠡᠭ ᠲᠡᠢ ᠶᠦᠮ ᠪᠣᠢ ᠳᠠ᠃ ᠭᠤᠯᠢᠷ ᠤ᠋ᠨ ᠮᠣᠳᠣ ᠪᠠᠷ ᠶᠠᠭᠠᠬᠢᠬᠤ ᠪᠣᠢ ᠂ ᠪᠢ ᠪᠥᠬᠥᠢᠵᠦ ᠪᠠᠢᠶ᠎ᠠ ᠂ ᠮᠢᠨᠦ ᠤᠭᠤᠴᠠᠨ ᠳᠡᠭᠡᠷ᠎ᠡ ᠲᠡᠷᠡ ᠭᠤᠯᠢᠷ ᠢ᠋ᠶ᠋ᠠᠨ ᠡᠯᠳᠡᠴᠢᠬᠡ ᠭᠡᠪᠡ ᠂ ᠲᠡᠭᠡᠬᠦ ᠳ᠋ᠦ᠍ ᠶᠡᠬᠡ ᠵᠠᠯᠬᠠᠭᠤ ᠄ 
       — ᠴᠢ ᠴᠢᠨᠢ ᠨᠠᠳᠠ ᠪᠠᠷ ᠵᠠᠯᠬᠠᠭᠤ ᠵᠢᠭᠠᠯᠭᠠᠯᠲᠠ ᠦᠭᠡᠢ ᠶᠦᠮ ᠪᠠᠢᠨ᠎ᠠ ᠭᠡᠵᠡᠢ᠃


《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄   ᠲᠩᠷᠢ ᠡᠵᠢ ᠂ ᠳᠠᠪᠰᠢᠯᠲᠦ᠂ ᠴᠣᠯᠮᠣᠨᠲᠤᠶᠠᠭ᠎ᠠ 
        ᠬᠢᠨᠠᠭ᠍ᠴᠢ :  ᠴᠣᠯᠮᠣᠨᠲᠤᠶᠠᠭ᠎ᠠ 
               2024᠂ 2᠂ 24  ᠦ᠌ ᠡᠳᠦᠷ