ᠠᠳᠤᠭᠤᠨ ᠰᠥᠷᠦᠭ Адуун сүрэг
ᠠᠳᠤᠭᠤᠨ ᠰᠥᠷᠦᠭ
ᠬᠤᠯᠠᠨ ᠴᠤᠭᠯᠠᠷᠠᠲᠠᠯᠠ ᠢᠨᠴᠠᠭᠠᠭᠰᠠᠨ
ᠬᠤᠷᠳᠤ ᠬᠦᠴᠦ ᠨᠢ ᠵᠢᠭᠰᠠᠷᠠᠭᠰᠠᠨ
ᠠᠷᠤ ᠥᠪᠥᠷ ᠢ᠋ᠶ᠋ᠡᠨ ᠪᠦᠷᠬᠦᠭᠰᠡᠨ
ᠠᠳᠤᠭᠤᠨ ᠰᠦᠷᠦᠭ ᠨᠢ ᠭᠡᠪᠡᠯ᠄
ᠬᠥᠭᠡᠪᠦᠷᠯᠡᠵᠦ ᠳᠡᠯᠯᠡᠭᠰᠡᠨ ᠠᠳᠤᠭᠤᠨ ᠨᠤᠭᠤᠳ
ᠬᠦᠷᠪᠡ ᠨᠢᠯᠬ᠎ᠠ ᠤᠨᠠᠭᠠᠨ ᠨᠤᠭᠤᠳ
ᠬᠥᠭᠰᠢᠨ ᠵᠠᠯᠠᠭᠤ ᠭᠡᠭᠦᠦ ᠨᠦ᠍ᠭᠦᠳ
ᠬᠥᠭᠡᠷᠦᠬᠦᠨ ᠴᠣᠪᠣᠭᠣ ᠳᠠᠭ᠎ᠠ ᠨᠤᠭᠤᠳ
ᠤᠶᠠᠳᠠᠭ ᠬᠤᠷᠳᠤᠨ ᠬᠥᠯᠥᠭ ᠦ᠋ᠳ
ᠤᠷᠭᠠᠴᠢ ᠰᠠᠢᠨ ᠮᠣᠷᠢᠳ
ᠤᠨᠤᠭᠠᠨ ᠤ᠋ ᠲᠠᠷᠭᠤᠨ ᠠᠭᠲᠠᠨ ᠨᠤᠭᠤᠳ
ᠡᠳᠡ ᠪᠦᠬᠦᠨ ᠨᠡᠢᠯᠡᠵᠦ
ᠡᠷᠳᠡᠨᠢ ᠶ᠋ᠢᠨ ᠰᠦᠷᠦᠭ ᠪᠣᠯᠳᠠᠭ ᠪᠠᠢᠨ᠎ᠠ᠃
ᠰᠡᠷᠭᠦᠯᠡᠩ ᠴᠣᠪᠣᠭᠣ ᠵᠠᠩ ᠲᠠᠢ
ᠰᠡᠳᠬᠢᠯ ᠰᠡᠷᠭᠦᠮ᠎ᠡ ᠠᠯᠬᠤᠭᠰᠠᠨ
ᠰᠡᠭᠰᠦᠷᠴᠦ ᠵᠠᠢᠯᠠᠵᠤ ᠵᠢᠷᠣᠭᠠᠯᠠᠭᠰᠠᠨ
ᠬᠠᠵᠠᠭᠠᠷ ᠳᠠᠷᠤᠨ ᠲᠡᠮᠡᠦᠯᠦᠭᠰᠡᠨ
ᠬᠠᠯᠠᠵᠤ ᠳᠠᠷᠤᠵᠤ ᠳᠤᠭᠲᠤᠷᠤᠭᠰᠠᠨ
ᠬᠠᠢᠪᠠᠵᠤ ᠳᠠᠢᠪᠢᠵᠤ ᠰᠠᠢᠪᠤᠷᠯᠠᠭᠰᠠᠨ
ᠬᠠᠲᠠᠷᠢᠵᠥ ᠡᠷᠭᠦᠵᠦ ᠴᠣᠭᠭᠢᠭᠰᠠᠨ
ᠬᠠᠳᠠ ᠲᠠᠢ ᠭᠠᠵᠠᠷ ᠭᠠᠩᠲᠠᠢ ᠶᠤᠮ ᠰᠢᠭ᠋
ᠬᠠᠷᠠᠩᠭᠤᠢ ᠰᠥᠨᠢ ᠳ᠋ᠧᠩᠯᠦ ᠲᠡᠢ ᠶᠦᠮ ᠰᠢᠭ
ᠬᠠᠵᠠᠭᠠᠷ ᠪᠤᠯᠢᠶᠠᠮ᠎ᠠ ᠠᠭᠰᠠᠨ ᠴᠦ᠍ ᠪᠣᠢ
ᠬᠠᠪᠤᠷ ᠪᠣᠯᠬᠤ ᠳ᠋ᠤ᠌ ᠭᠦᠶᠦᠳᠡᠭ ᠴᠦ᠍ ᠪᠣᠢ
ᠪᠤᠯᠭᠢᠵᠤ ᠴᠠᠮᠨᠠᠳᠠᠭ ᠡᠷᠬᠢᠴᠡᠭᠡ ᠴᠦ᠍ ᠪᠣᠢ
ᠪᠤᠰᠬᠠᠵᠤ ᠬᠠᠷᠠᠢᠳᠠᠭ ᠠᠭᠠᠰᠢ ᠲᠠᠢ ᠴᠦ᠍ ᠪᠣᠢ
ᠪᠤᠷᠤᠭᠤ ᠵᠥᠪ ᠦᠭᠡᠢ ᠨᠣᠮᠣᠬᠠᠨ ᠴᠦ᠍ ᠪᠣᠢ
ᠲᠡᠷᠡ ᠪᠦᠬᠦᠨ ᠨᠡᠢᠯᠡᠭᠡᠳ
ᠲᠩᠷᠢᠯᠢᠭ ᠰᠠᠢᠨ ᠠᠳᠤᠭᠤᠨ ᠰᠦᠷᠦᠭ ᠪᠢᠯᠡ᠃
Адуун сүрэг
Хулан цуглартал янцгаасан
Хурд хүч нь жагсарсан
Ар өврөө бүрхсэн
Адуун сүрэг нь гэвэл:
Хөөвөрлөж дэллэсэн адуунууд
Хөрвө нялх унаганууд
Хөгшин залуу гүүнүүд
Хөөрхөн цовоо дааганууд
Уядаг хурдан хүлгүүд
Уургач сайн морьд
Унааны тарган агтнууд
Эд бүхэн нийлж
Эрдэнийн сүрэг болдог байна.
Сэргэлэн цовоо зантай
Сэтгэл сэргэм алхсан
Сэгсэрч зайлж жороолсон
Хазаар даран тэмүүлсэн
Халж дарж дугтарсан
Хайвж дайвж сайварласан
Хатирч өргөж цогьсон
Хадтай газар гантай юм шиг
Харанхуй шөнө дэнлүүтэй юм шиг
Хазаар булаам агсан ч бий
Хавар болоход гүйдэг ч бий
Булгиж цамнадаг эрэгцээ ч бий
Бусгаж харайдаг ааштай ч бий
Буруу зөвгүй номхон ч бий
Тэр бүхэн нийлээд
Тэнгэрлэг сайн адуун сүрэг билээ.
