ᠪᠢ ᠴᠢᠨᠢ ᠬᠦᠨᠳᠦ ᠰᠤᠷᠲᠠᠯᠲᠠᠨ ᠪᠣᠯᠴᠢᠬᠠᠬᠤ ᠨᠢ ᠶᠤᠮ ᠪᠣᠯ ᠦᠦ – ᠴ ᠂ ᠴᠠᠳᠠᠨᠵᠠᠪ Би чинь хүнд сурталтан болчхох нь юм бол үү – Ч᠂ Цаатанзав ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠴᠢᠨᠢ ᠬᠦᠨᠳᠦ ᠰᠤᠷᠲᠠᠯᠲᠠᠨ ᠪᠣᠯᠴᠢᠬᠠᠬᠤ ᠨᠢ ᠶᠤᠮ ᠪᠣᠯ ᠦᠦ – ᠴ ᠂ ᠴᠠᠳᠠᠨᠵᠠᠪ Би чинь хүнд сурталтан болчхох нь юм бол үү – Ч᠂ Цаатанзав

ᠪᠢ ᠴᠢᠨᠢ ᠬᠦᠨᠳᠦ ᠰᠤᠷᠲᠠᠯᠲᠠᠨ ᠪᠣᠯᠴᠢᠬᠠᠬᠤ ᠨᠢ ᠶᠤᠮ ᠪᠣᠯ ᠦᠦ – ᠴ ᠂ ᠴᠠᠳᠠᠨᠵᠠᠪ Би чинь хүнд сурталтан болчхох нь юм бол үү – Ч᠂ Цаатанзав

ᠠᠩᠭᠢᠯᠠᠯ:ᠬᠣᠱᠣᠩ ᠱᠣᠭ
2024-03-01

264

ᠪᠢ ᠴᠢᠨᠢ ᠬᠦᠨᠳᠦ ᠰᠤᠷᠲᠠᠯᠲᠠᠨ ᠪᠣᠯᠴᠢᠬᠠᠬᠤ ᠨᠢ ᠶᠤᠮ ᠪᠣᠯ ᠦᠦ


                  ᠴ᠊᠂ ᠴᠡᠳᠡᠨᠵᠠᠪ  

 ᠲᠡᠢᠮᠦ ᠴᠦ᠍ ᠶᠦᠮ ᠭᠡᠵᠦ 
    ᠡᠢᠮᠦ ᠴᠦ᠍ ᠶᠤᠮ ᠭᠡᠵᠦ 
 ᠲᠡᠷᠡ ᠨᠢ ᠴᠦ᠍᠂ 
    ᠡᠨᠡ ᠨᠢ ᠴᠦ᠍ 
       ᠪᠣᠯᠬᠤ ᠪᠠᠨ ᠪᠠᠢᠴᠢᠬᠠᠵᠤ 
            ᠭᠡᠵᠦ 
 ᠰᠢᠬᠠᠵᠤ ᠨᠢᠭᠡ 
    ᠦᠵᠡᠵᠦ 
       ᠰᠢᠯᠭᠠᠵᠤ ᠨᠢᠭᠡ 
           ᠦᠵᠡᠵᠦ 
 ᠣᠯᠠᠨ ᠲᠦᠮᠡᠨ ᠦ᠌  
    ᠡᠷᠢᠯᠲᠡ ᠭᠡᠨ᠎ᠡ ᠤᠤ 
       ᠬᠡᠴᠡᠭᠦᠦ ᠨᠢᠭᠡ ᠨᠠᠢᠵᠠ 
 ᠣᠢᠷ᠎ᠠ ᠠ᠋ᠴᠠ ᠨᠠᠮ᠎ᠠ ᠶ᠋ᠢ 
    ᠡᠷᠭᠢᠭᠦᠯᠦᠭᠡᠳ ᠪᠠᠢᠳᠠᠭ 
       ᠪᠣᠯᠴᠢᠬᠠᠯ᠎ᠠ!  
 ᠠᠵᠢᠯ ᠢ᠋ᠶ᠋ᠠᠨ ᠳ᠋ᠦᠩᠨᠡᠳᠡᠭ ᠦᠭᠡᠢ ᠯᠡ 
    ᠭᠡᠬᠦ ᠶᠦᠮ 
 ᠤᠷᠤᠯᠳᠤᠭᠠᠨ ᠢ᠋ᠶ᠋ᠠᠨ ᠰᠢᠯᠭᠠᠳᠠᠭ ᠦᠭᠡᠢ ᠯᠡ 
    ᠭᠡᠬᠦ ᠶᠦᠮ 
 ᠬᠦᠰᠡᠯ ᠭᠣᠮᠣᠳᠠᠯ ᠠ᠋ᠴᠠ 
    ᠪᠢ ᠴᠢᠨᠢ ᠵᠠᠯᠬᠠᠵᠤ ᠪᠠᠢᠨ᠎ᠠ 
 ᠬᠦᠨᠳᠦ ᠰᠤᠷᠲᠠᠯᠲᠠᠨ ᠪᠣᠯᠴᠢᠬᠠᠬᠤ 
    ᠨᠢ  ᠶᠦᠮ 
       ᠪᠣᠯ ᠤᠤ?  
 - ᠠ᠋ ᠳᠠ ᠶᠠᠷᠢᠶ᠎ᠠ 
    ᠶᠠᠭᠤ ᠪᠠᠢᠬᠤ ᠪᠣᠢ? 
 ᠲᠦᠰᠢᠮᠡᠯ ᠰᠤᠷᠲᠠᠬᠤᠨ 
    ᠣᠯᠠᠨ ᠤ᠋ ᠳᠥᠩᠭᠡ ᠭᠡᠵᠦ 
 ᠲᠦᠯᠬᠢᠴᠡᠳᠠᠢ ᠰᠢᠭᠦᠮᠵᠢᠯᠡᠯ 
    ᠠᠵᠢᠯ ᠤ᠋ᠨ ᠬᠥᠰᠢᠭᠦᠷᠭᠡ ᠭᠡᠵᠦ 
 ᠲᠦᠮᠡᠨ ᠦ᠌ ᠦᠢᠯᠡᠰ ᠡᠷᠢᠯᠲᠡ ᠪᠡᠷ ᠢ᠋ᠶ᠋ᠡᠨ 
    ᠶᠠᠷᠢᠵᠤ ᠪᠠᠢᠨ᠎ᠠ᠃ 
 ᠲᠣᠪᠴᠢ ᠴᠦ᠍ ᠭᠡᠰᠡᠨ 
    ᠡᠷᠢᠯᠲᠡ ᠬᠦᠰᠡᠯᠲᠡ ᠳ᠋ᠦ᠍ 
 ᠲᠣᠭᠣᠵᠤ ᠦᠵᠡᠭᠡᠳ 
    ᠬᠠᠷᠢᠭᠤ ᠥᠭᠴᠦ ᠪᠠᠢ!  

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄ ᠰᠡᠷᠭᠦᠯᠡᠩ
        ᠬᠢᠨᠠᠭ᠍ᠴᠢ :    ᠴᠣᠯᠮᠣᠨᠲᠤᠶᠠᠭ᠎ᠠ 
               2024᠂ 2᠂ 23  ᠦ᠌ ᠡᠳᠦᠷ