ᠲᠠᠪᠤᠨ ᠬᠣᠰᠢᠭᠤ ᠮᠠᠯ ᠤᠨ ᠮᠠᠭᠲᠠᠭᠠᠯ – 2 Таван хошуу малын магтаал – 2
ᠲᠠᠪᠤᠨ ᠬᠣᠰᠢᠭᠤ ᠮᠠᠯ ᠤᠨ ᠮᠠᠭᠲᠠᠭᠠᠯ – 2
ᠪᠠᠷᠠᠭᠤᠨ ᠬᠥᠨᠳᠡᠢ ᠪᠡᠷ
ᠪᠠᠷᠠᠭᠠᠨᠲᠤᠨ ᠪᠠᠢᠳᠠᠭ
ᠬᠤᠯᠠᠨ ᠬᠣᠶᠠᠷ ᠴᠢᠬᠢ ᠲᠡᠢ
ᠬᠤᠮᠪᠠᠩ ᠳᠥᠷᠪᠡᠨ ᠲᠤᠭᠤᠷᠠᠢ ᠲᠠᠢ
ᠬᠥᠭᠡᠭᠡᠬᠦ ᠳ᠋ᠦ᠍ ᠣᠷᠣᠭ᠎ᠠ
ᠬᠥᠲᠥᠯᠬᠦ ᠳ᠋ᠦ᠍ ᠰᠠᠢᠪᠦᠷ
ᠤᠨᠤᠬᠤ ᠳ᠋ᠤ᠌ ᠨᠣᠮᠣᠬᠠᠨ
ᠣᠷᠣᠯᠳᠣᠬᠤ ᠳ᠋ᠤ᠌ ᠬᠤᠷᠳᠤᠨ
ᠳᠥᠷᠪᠡᠯᠵᠢᠨ ᠲᠡᠰᠢᠶ᠎ᠡ ᠶ᠋ᠢ ᠪᠡᠨ
ᠳᠦᠭᠦᠷᠡᠩ ᠵᠢᠷᠤᠭᠠᠯᠳᠠᠭ
ᠳᠥᠷᠪᠡᠨ ᠲᠣᠭᠣᠷ ᠨᠢ ᠢᠷᠠᠯᠵᠠᠨ ᠬᠠᠷᠠᠭᠳᠠᠳᠠᠭ
ᠳᠥᠮᠥᠩ ᠰᠠᠢᠨ ᠠᠳᠤᠭᠤᠨ ᠤ᠋ ᠴᠢᠨᠢ
ᠪᠤᠶᠠᠨ ᠬᠡᠰᠢᠭ ᠳᠡᠯᠭᠡᠷᠡᠲᠦᠭᠡᠢ
ᠬᠠᠲᠠᠷᠢᠵᠣ ᠬᠦᠷᠬᠦ ᠦᠭᠡᠢ ᠪᠡᠯᠴᠢᠭᠡᠷ ᠲᠡᠢ
ᠬᠠᠷᠪᠤᠵᠤ ᠬᠦᠷᠬᠦ ᠦᠭᠡᠢ ᠵᠠᠯᠠᠨ ᠳ᠋ᠤ᠌ ᠪᠠᠨ
ᠵᠠᠭᠤᠨ ᠤᠨᠠᠭᠠᠨ ᠤ᠋
ᠵᠤᠤᠵᠠᠢ ᠨᠡᠢᠯᠡᠭᠦᠯᠵᠦ
ᠮᠢᠲᠠᠷᠠᠰᠢ ᠦᠭᠡᠢ
ᠮᠢᠩᠭ᠎ᠠ ᠬᠦᠷᠬᠦ ᠪᠣᠯᠲᠤᠭᠠᠢ
ᠬᠣᠢᠳᠤ ᠬᠥᠨᠳᠡᠢ ᠪᠡᠷ ᠳᠦᠭᠦᠷᠡᠩ
ᠬᠣᠩᠭᠣᠷᠲᠤᠨ ᠪᠠᠢᠳᠠᠭ
ᠬᠣᠨᠢᠨ ᠰᠢᠷ᠎ᠠ ᠨᠢᠳᠦ ᠲᠡᠢ
ᠬᠣᠨᠳᠣᠨ ᠤᠬᠠᠭ᠎ᠠ ᠵᠢᠰᠦ ᠲᠡᠢ
ᠰᠢᠷᠡᠭᠡ ᠪᠥᠬᠡ ᠲᠡᠢ᠂
ᠰᠢᠷᠠᠮᠤ ᠲᠠᠪᠠᠭ ᠲᠠᠢ
ᠥᠨᠳᠥᠷ ᠪᠥᠬᠡ ᠲᠡᠢ᠂
ᠥᠷᠭᠡᠨ ᠲᠠᠪᠠᠭ ᠲᠠᠢ
ᠳᠠᠭᠠᠭᠠᠵᠤ ᠪᠣᠰᠬᠤ ᠨᠢ ᠲᠠᠭᠠᠲᠠᠢ
ᠳᠠᠯᠳᠠ ᠠ᠋ᠴᠠ ᠬᠠᠷᠠᠬᠤ ᠨᠢ ᠰᠦᠷ ᠲᠡᠢ
ᠭᠤᠸ᠎ᠠ ᠰᠠᠢᠬᠠᠨ ᠪᠡᠶ᠎ᠡ ᠲᠡᠢ
ᠭᠤᠴᠢᠨ ᠬᠤᠷᠤᠤ ᠵᠣᠭᠳᠣᠷ ᠲᠠᠢ
ᠰᠢᠯᠢᠳᠡᠭ ᠠᠳᠠ᠂ ᠰᠢᠷᠪᠢᠳᠡᠭ ᠲᠠᠢᠯᠤᠭ
ᠰᠢᠭᠰᠢᠷᠡᠭ ᠢᠩᠭᠡ
ᠰᠢᠯᠪᠢ ᠪᠠᠭ᠎ᠠ ᠲᠣᠷᠮᠣᠨ ᠤ᠋ ᠴᠢᠨᠢ
ᠪᠤᠶᠠᠨ ᠬᠡᠰᠢᠭ ᠳᠡᠯᠭᠡᠷᠡᠲᠦᠭᠡᠢ᠃
ᠲᠡᠷᠲᠡᠭᠡ ᠭᠣᠪᠢ ᠶ᠋ᠢ
ᠲᠡᠮᠡᠭᠡ ᠪᠡᠷ ᠢ᠋ᠶ᠋ᠡᠨ ᠳᠦᠭᠦᠷᠭᠡᠵᠦ
ᠲᠡᠯᠡᠵᠦ ᠰᠢᠭᠠᠭᠰᠠᠨ ᠵᠡᠯ᠎ᠡ ᠶ᠋ᠢ
ᠪᠣᠲᠣᠭᠣ ᠪᠠᠷ ᠢ᠋ᠶ᠋ᠠᠨ ᠳᠦᠭᠦᠷᠭᠡᠵᠦ
ᠳᠠᠳᠤᠯ ᠦᠭᠡᠢ
ᠲᠦᠮᠡ ᠬᠦᠷᠬᠦ ᠪᠣᠯᠲᠤᠭᠠᠢ
ᠤᠷᠢᠳᠤ ᠬᠥᠨᠳᠡᠢ ᠪᠡᠷ
ᠤᠯᠠᠭᠠᠷᠠᠨ ᠪᠠᠢᠳᠠᠭ
ᠡᠷᠢᠭᠡᠳ ᠪᠠᠷᠠᠭᠳᠠᠳᠠᠭ ᠦᠭᠡᠢ
ᠡᠪᠯᠡᠭᠡᠳ ᠬᠦᠴᠦᠷᠡᠭᠳᠡᠳᠡᠭ ᠦᠭᠡᠢ
ᠴᠤᠪᠤᠭᠠᠳ ᠪᠠᠷᠠᠭᠳᠠᠳᠠᠭ ᠦᠭᠡᠢ
ᠴᠤᠭᠯᠠᠭᠤᠯᠤᠭᠠᠳ ᠬᠦᠴᠦᠷᠡᠭᠳᠡᠳᠡᠭ ᠦᠭᠡᠢ
ᠤᠷᠲᠤ ᠪᠣᠭᠣᠨᠢ ᠡᠪᠡᠷ ᠲᠡᠢ
ᠤᠶᠠᠩᠭ᠎ᠠ ᠰᠠᠢᠬᠠᠨ ᠳᠠᠭᠤᠤ ᠲᠠᠢ
ᠬᠤᠸᠠ ᠬᠣᠨᠳᠣᠨ ᠦᠬᠡᠷ ᠦ᠋ᠨ ᠴᠢᠨᠢ
ᠬᠠᠩᠭᠠᠢ ᠴᠡᠷᠮᠡᠨ ᠳ᠋ᠦ᠍ ᠨᠤᠲᠤᠭ ᠲᠠᠢ
ᠬᠠᠨᠳᠠᠭᠠᠢ ᠪᠤᠭᠤ ᠶ᠋ᠢᠨ ᠭᠦᠶᠦᠳᠡᠯ ᠲᠡᠢ
ᠰᠡᠭᠦᠯ ᠰᠡᠪᠡᠭ ᠰᠠᠢᠲᠠᠢ
ᠰᠦᠨ ᠰᠢᠮ᠎ᠡ ᠶᠡᠬᠡ ᠲᠡᠢ
ᠵᠢᠳᠠᠨ ᠣᠷᠣᠩᠭᠠᠨ ᠡᠪᠡᠷ ᠲᠡᠢ
ᠵᠢᠷᠲᠠᠭᠠᠢ ᠳᠠᠢᠰᠦᠨ ᠳ᠋ᠤ᠌ ᠠᠮᠠ ᠲᠠᠢ
ᠬᠠᠷ᠎ᠠ ᠲᠠᠷᠯᠠᠨ
ᠬᠠᠢᠨᠤᠭ ᠰᠠᠷᠯᠤᠭ ᠤ᠋ᠨ ᠴᠢᠨᠢ
ᠪᠤᠶᠠᠨ ᠬᠡᠰᠢᠭ ᠳᠡᠯᠭᠡᠷᠡᠲᠦᠭᠡᠢ
ᠰᠠᠢᠬᠠᠨ ᠬᠠᠩᠭᠠᠢ ᠶ᠋ᠢᠨ ᠠᠭᠤᠯᠠ ᠶ᠋ᠢ
ᠰᠠᠷᠠᠯᠢᠭ ᠢ᠋ᠶ᠋ᠠᠷ ᠢ᠋ᠶ᠋ᠠᠨ ᠳᠦᠭᠦᠷᠭᠡᠵᠦ
ᠦᠶᠡᠯᠡᠵᠦ ᠤᠷᠭᠤᠭᠰᠠᠨ ᠳᠠᠷᠠᠰᠤ ᠶ᠋ᠢ
ᠦᠬᠡᠷ ᠢ᠋ᠶ᠋ᠡᠷ ᠢ᠋ᠶ᠋ᠡᠨ ᠳᠦᠭᠦᠷᠭᠡᠵᠦ
ᠦᠶᠡᠯᠡᠭᠦᠯᠵᠦ ᠰᠢᠭᠠᠭᠰᠠᠨ ᠵᠡᠯ᠎ᠡ ᠶ᠋ᠢ
ᠲᠤᠭᠤᠯ ᠢ᠋ᠶ᠋ᠠᠷ ᠢ᠋ᠶ᠋ᠠᠨ ᠳᠦᠭᠦᠷᠭᠡᠵᠦ
ᠪᠠᠭᠤᠷᠠᠯᠲᠠ ᠦᠭᠡᠢ
ᠪᠤᠮᠠ ᠬᠦᠷᠬᠦ ᠪᠣᠯᠲᠤᠭᠠᠢ
ᠵᠡᠭᠦᠨ ᠬᠥᠨᠳᠡᠢ ᠪᠡᠷ ᠵᠦᠰᠡᠷᠡᠨ ᠪᠠᠢᠳᠠᠭ
ᠲᠥᠭᠡ ᠡᠪᠡᠷ ᠲᠡᠢ ᠲᠥᠭᠥᠷᠢᠭ ᠰᠡᠭᠦᠯ ᠲᠡᠢ
ᠳᠠᠷᠠᠭᠠᠢ ᠡᠪᠡᠷ ᠲᠡᠢ ᠳᠠᠯᠪᠠᠩ ᠴᠢᠬᠢ ᠲᠡᠢ
ᠬᠠᠯᠢᠪ ᠰᠡᠭᠦᠯ ᠲᠡᠢ ᠬᠠᠪᠲᠠᠭᠠᠢ ᠤᠭᠤᠴᠠ ᠲᠠᠢ
ᠬᠣᠩ ᠤ᠋ᠨ ᠳᠠᠭᠤᠤ ᠲᠠᠢ ᠲᠤᠩ ᠤ᠋ᠨ ᠵᠢᠰᠦ ᠲᠡᠢ
ᠪᠠᠶᠠᠨ ᠰᠦᠷᠦᠭ ᠬᠣᠨᠢᠨ ᠤ᠋ ᠴᠢᠨᠢ
ᠪᠤᠶᠠᠨ ᠬᠡᠰᠢᠭ ᠳᠡᠯᠭᠡᠷᠡᠲᠦᠭᠡᠢ
ᠬᠣᠩᠬᠣᠷ ᠬᠣᠲᠣᠭᠣᠷ ᠢ᠋
ᠬᠣᠨᠢ ᠪᠠᠷ ᠢ᠋ᠶ᠋ᠠᠨ ᠳᠦᠭᠦᠷᠭᠡᠵᠦ
ᠬᠣᠶᠠᠷ ᠭᠤᠷᠪᠠᠨ ᠭᠡᠷ ᠢ᠋
ᠬᠤᠷᠠᠭ᠎ᠠ ᠪᠠᠷ ᠢ᠋ᠶ᠋ᠠᠨ ᠳᠦᠭᠦᠷᠭᠡᠵᠦ
ᠰᠠᠭᠠᠷᠠᠯᠲᠠ ᠦᠭᠡᠢ
ᠰᠠᠶ᠎ᠠ ᠬᠦᠷᠬᠦ ᠪᠣᠯᠲᠤᠭᠠᠢ
ᠬᠠᠩᠭᠠᠢ ᠭᠣᠪᠢ ᠳ᠋ᠤ᠌ ᠬᠣᠣᠰᠯᠠᠮᠠᠯ ᠨᠤᠲᠤᠭ ᠲᠠᠢ
ᠬᠣᠨᠢᠨ ᠰᠦᠷᠦᠭ ᠦ᠋ᠨ ᠬᠠᠮᠲᠤ
ᠬᠣᠯᠠ ᠶ᠋ᠢᠨ ᠬᠣᠯᠠ ᠳ᠋ᠤ᠌ ᠪᠡᠯᠴᠢᠭᠡᠷ ᠲᠡᠢ
ᠢᠮᠠᠭᠲᠠ ᠬᠣᠰᠢᠭᠤᠴᠢᠯᠠᠬᠤ ᠠᠭᠠᠰᠢ ᠲᠠᠢ
ᠶᠠᠩᠭᠢᠷ ᠰᠠᠢᠬᠠᠨ ᠳᠠᠭᠤᠤ ᠲᠠᠢ
ᠬᠠᠳᠠ ᠪᠠᠷ ᠶᠠᠪᠤᠬᠤ ᠳ᠋ᠤ᠌ ᠴᠣᠴᠣᠬᠤ ᠦᠭᠡᠢ
ᠬᠠᠯᠲᠤᠷᠢᠵᠤ ᠤᠨᠠᠬᠤ ᠶ᠋ᠢ ᠮᠡᠳᠡᠬᠦ ᠦᠭᠡᠢ
ᠰᠡᠷᠭᠦᠬᠦ ᠲᠤᠷᠭᠢᠬᠤ ᠴᠢᠮᠡᠭᠡ ᠲᠡᠢ
ᠰᠡᠯᠡᠮᠡᠨ ᠳᠡᠷᠡᠯᠡᠬᠡᠷ ᠡᠪᠡᠷ ᠲᠡᠢ
ᠴᠡᠴᠡᠭᠡᠨ ᠴᠣᠬᠣᠷ ᠵᠢᠰᠦᠲᠡᠢ
ᠴᠡᠪᠡᠷ ᠨᠠᠷᠢᠨ ᠨᠣᠣᠯᠣᠷ ᠲᠠᠢ
ᠦᠨᠡᠲᠦ ᠪᠦᠭᠦᠳᠡ ᠶ᠋ᠢ ᠠᠭᠤᠯᠠᠭᠰᠠᠨ
ᠦᠷᠡᠵᠢᠯ ᠰᠠᠢᠲᠠᠢ ᠢᠮᠠᠭᠠᠨ ᠤ᠋ ᠴᠢᠨᠢ
ᠪᠤᠶᠠᠨ ᠬᠡᠰᠢᠭ ᠳᠡᠯᠭᠡᠷᠡᠲᠦᠭᠡᠢ
ᠢᠷᠭᠤᠢ ᠲᠠᠢ ᠭᠠᠵᠠᠷ ᠢ᠋
ᠢᠮᠠᠭ᠎ᠠ ᠪᠠᠷ ᠢ᠋ᠶ᠋ᠠᠨ ᠳᠦᠭᠦᠷᠭᠡᠵᠦ
ᠡᠩᠨᠡᠭᠦᠯᠦᠭᠰᠡᠨ ᠬᠥᠭᠡᠨ᠎ᠡ ᠶ᠋ᠢ
ᠢᠰᠢᠭᠡ ᠪᠡᠷ ᠢ᠋ᠶ᠋ᠡᠨ ᠳᠦᠭᠦᠷᠭᠡᠵᠦ
ᠵᠠᠯᠬᠠᠯᠲᠠ ᠦᠭᠡᠢ ᠵᠢᠸ᠎ᠠ ᠬᠦᠷᠬᠦ ᠪᠣᠯᠲᠤᠭᠠᠢ᠃
Таван хошуу малын магтаал – 2
Баруун хөндийгөөр
Бараантан байдаг
Хулан хоёр чихтэй
Хумбан дөрвөн туурайтай
Хөөхөд ороо
Хөтлөхөд сайвар
Унахад номхон
Уралдахад хурдан
Дөрвөлжин ташаагаа
Дүүрэн жороолдог
Дөрвөн туур нь
Яралзан харагддаг
Дөмөн сайн адууны чинь
Буян хишиг дэлгэртүгэй
Хатирч хүрэхгүй бэлчээртэй
Харваж хүрэхгүй зэлэндээ
Зуун унаганы
Зуузай нийлүүлж
Мятаршгүй мянга хүрэх болтугай
Хойд хөндийгөөр дүүрэн
Хонгортон байдаг
Хонин шар нүдтэй
Хондон ухаа зүстэй
Ширээ бөхтэй, ширэм тавагтай
Өндөр бөхтэй, өргөн тавагтай
Дааж босох нь таатай
Далдаас харах нь сүртэй
Гоо сайхан биетэй
Гучин хуруу зогдортой
Шилдэг ат, ширэвдэг тайлаг
Шигшрэг ингэ
Шилбэ бага торомны чинь
Буян хишиг дэлгэртүгэй
Тэртээ говийг тэмээгээрээ дүүргэж
Тэлж шаасан зэлийг ботгоороо дүүргэж
Төдөлгүй түм хүрэх болтугай
Урд хөндийгөөр улааран байдаг
Эрээд барагддаггүй
Эвлэгээд хүчрэгддэггүй
Цуваад барагддаггүй
Цуглуулаад хүчрэгддэггүй
Урт богино эвэртэй
Уянга сайхан дуутай
Ухаа хондон үхрийн чинь
Хангай царманд нутагтай
Хандгай бугын гүйдэлтэй
Сүүл саваг сайтай
Сүү шим ихтэй
Жадан оронгон эвэртэй
Жартгай дайсанд амтай
Хар тарлан хайнаг сарлагийн чинь
Буян хишиг дэлгэртүгэй
Сайхан хангайн уулыг
Сарлагаараа дүүргэж
Үелж ургасан дэрсийг
Үхрээрээ дүүргэж
Үелүүлж шаасан зэлийг
Тугалаараа дүүргэж
Бууралтгүй бум хүрэх болтугай
Зүүн хөндийгөөр
Зүсрэн байдаг
Төө эвэртэй
Төгрөг сүүлтэй
Даргай эвэртэй
Далбан чихтэй
Халив сүүлтэй
Хавтгай ууцтай
Хунгийн дуутай
Дунгийн зүстэй
Баян сүрэг хонины чинь
Буян хишиг дэлгэртүгэй
Хонхор хотгорыг хониороо дүүргэж
Хоёр гурван гэрийг хургаараа дүүргэж
Сааралтгүй
Сая хүрэх болтугай
Хангай говьд
Хосолмол нутагтай
Хонин сүргийн хамт
Холын холд бэлчээртэй
Ямагт хошуучлах ааштай
Янгир сайхан дуутай
Хадаар явахад цуцахгүй
Халтирч унахыг мэдэхгүй
Сэргэх тургих чимээтэй
Сэлмэн дэрлэгэр эвэртэй
Цэцгэн цоохор зүстэй
Цэвэр нарийн ноолууртай
Үнэт бүгдийг агуулсан
Үржил сайтай ямааны чинь
Буян хишиг дэлгэртүгэй
Яргуйтай газрыг
Ямаагаараа дүүргэж
Эгнүүлсэн хөгнийг
Ишгээрээ дүүргэж
Залхалтгүй
Живаа хүрэх болтугай.
