ᠠᠯᠳᠠᠭᠤᠯ ᠲᠡᠮᠡᠭᠡ – ᠫ ᠂ ᠬᠣᠷᠯᠣ Алдуул тэмээ – П ᠂ Хорол ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠳᠠᠭᠤᠯ ᠲᠡᠮᠡᠭᠡ – ᠫ ᠂ ᠬᠣᠷᠯᠣ Алдуул тэмээ – П ᠂ Хорол

ᠠᠯᠳᠠᠭᠤᠯ ᠲᠡᠮᠡᠭᠡ – ᠫ ᠂ ᠬᠣᠷᠯᠣ Алдуул тэмээ – П ᠂ Хорол

ᠠᠩᠭᠢᠯᠠᠯ:ᠬᠣᠱᠣᠩ ᠱᠣᠭ
2024-02-29

344

ᠠᠯᠳᠠᠭᠤᠯ ᠲᠡᠮᠡᠭᠡ


                          ᠫ ᠂ ᠬᠣᠷᠯᠣ  
                                  ( ᠱᠣᠭ ᠥᠭᠦᠯᠡᠯᠭᠡ)    

       ᠴᠠᠮᠪᠠᠯ ᠣᠷᠣᠢ ᠲᠡᠮᠡᠭᠡ ᠪᠡᠨ ᠭᠡᠷ ᠤᠷᠤᠭᠤ ᠪᠠᠨ ᠲᠠᠭᠤᠵᠤ ᠶᠠᠪᠤᠬᠤ ᠳ᠋ᠠᠭᠠᠨ ᠲᠡᠮᠡᠭᠡᠨ ᠳ᠋ᠦ᠍ᠨᠢ ᠢᠷᠡᠵᠦ ᠨᠡᠢᠯᠡᠭᠰᠡᠨ ᠰᠢᠷᠡᠭᠡ ᠪᠦᠬᠦ ᠲᠡᠢ ᠬᠦᠷᠡᠩ ᠳᠡᠢᠯᠦᠭ ᠢ ᠡᠷᠭᠢᠨ ᠲᠣᠭᠣᠷᠢᠨ ᠬᠠᠷᠠᠵᠤ ᠄   
       — ᠣᠪᠣᠭ᠎ᠠ ᠬᠦᠴᠦᠲᠡᠢ ᠣᠷᠣᠭᠰᠠᠨ ᠲᠠᠢᠯᠤᠭ ᠶᠤᠮ ᠂ ᠦᠰᠦ ᠵᠢᠰᠦ ᠰᠠᠢᠲᠠᠢ ᠂ ᠨᠣᠣᠰᠣ ᠶᠡᠬᠡᠲᠡᠢ ᠂ ᠠᠴᠢᠶ᠎ᠠ ᠣᠨᠣᠯᠭ᠎ᠠ ᠳ᠋ᠤ᠌ ᠨᠣᠮᠣᠬᠠᠨ ᠪᠣᠯᠤᠯᠲᠠᠢ ᠪᠤᠢᠯᠠ ᠪᠤᠷᠠᠨᠲᠠᠭ ᠪᠦᠷᠢᠨ ᠶᠦᠮ ᠭᠡᠵᠦ ᠱᠣᠬᠣᠭᠣᠷᠬᠠᠨ ᠶᠠᠪᠤᠭᠰᠠᠨ ᠢ᠋ᠶ᠋ᠠᠨ ᠲᠡᠭᠦᠨ ᠢ ᠰᠡᠭᠦᠯᠳᠡᠵᠦ ᠬᠣᠴᠣᠷᠤᠭᠠᠳ ᠪᠠᠢᠬᠤ ᠪᠠᠷ ᠨᠢ ᠲᠡᠮᠡᠭᠡᠨ ᠳᠤᠮᠳᠠ ᠪᠠᠨ ᠣᠷᠣᠭᠤᠯᠤᠨ ᠲᠠᠭᠤᠭᠰᠠᠭᠠᠷ ᠭᠡᠷ ᠦ᠋ᠨ ᠭᠠᠳᠠᠭ᠎ᠠ ᠠᠪᠴᠢᠷᠠᠪᠠ ᠃  
       ᠮᠢᠳᠤᠭ ᠲᠡᠮᠡᠭᠡ ᠬᠤᠷᠢᠶᠠᠵᠤ ᠶᠠᠪᠤᠭ᠎ᠠ ᠴᠠᠮᠪᠠᠯ ᠤ᠋ᠨ ᠡᠮᠦᠨ᠎ᠡ ᠡᠴᠡ ᠤᠭᠲᠤᠨ ᠭᠠᠷᠴᠤ ᠢᠷᠡᠭᠡᠳ ᠄   
       — ᠡᠨᠡ ᠬᠦᠷᠡᠩ ᠲᠠᠢᠯᠤᠭ ᠴᠢᠨᠢ ᠬᠡᠨ ᠦ᠌ ᠲᠡᠮᠡᠭᠡ ᠪᠣᠢ ᠭᠡᠵᠦ ᠠᠰᠠᠭᠤᠬᠤ ᠳ᠋ᠤ᠌᠂   
       — ᠮᠡᠳᠡᠬᠦ ᠦᠭᠡᠢ ᠭᠡᠵᠦ ᠴᠠᠮᠪᠠᠯ ᠲᠣᠯᠣᠭᠠᠢ ᠰᠡᠭᠰᠦᠷᠦᠭᠡᠳ ᠄   
       — ᠠᠯᠳᠠᠭᠤᠯ ᠲᠡᠮᠡᠭᠡ ᠪᠣᠯᠤᠯᠲᠠᠢ᠂ ᠦᠰᠦ ᠨᠣᠣᠰᠣ ᠨᠢ ᠭᠤᠤᠵᠢᠴᠢᠬᠠᠭᠰᠠᠨ ᠣᠪᠣᠭ᠎ᠠ ᠯᠠ ᠳᠡᠢᠯᠦᠭ ᠪᠠᠢᠨ᠎ᠠ ᠭᠡᠵᠦ ᠨᠡᠮᠡᠵᠦ ᠬᠡᠯᠡᠭᠡᠳ ᠨᠢᠳᠦ ᠪᠡᠨ ᠴᠠᠪᠴᠢᠯᠠᠪᠠ᠃ 
       ᠡᠨᠡ ᠴᠠᠪᠴᠢᠯᠭᠠᠨ ᠨᠢ ᠴᠠᠭᠠᠨ᠎ᠠ ᠪᠠᠨ ᠶᠠᠮᠠᠷ ᠰᠡᠭᠦᠳᠡᠷ ᠪᠦᠷᠦᠯᠵᠡᠵᠦ ᠪᠠᠢᠭ᠎ᠠ ᠶ᠋ᠢ ᠣᠯᠵᠤ ᠬᠠᠷᠠᠭ᠎ᠠ ᠦᠭᠡᠢ ᠮᠢᠳᠤᠭ ᠡᠭᠡᠯ ᠴᠠᠭᠠᠨ ᠰᠡᠳᠬᠢᠯ ᠢ᠋ᠶ᠋ᠡᠷ ᠰᠠᠢᠬᠠᠨ ᠳᠡᠢᠯᠦᠭ ᠪᠠᠢᠨ᠎ᠠ᠂ ᠨᠢᠭᠡᠳᠦᠯ ᠦ᠋ᠨ ᠮᠠᠯ ᠡᠢᠮᠦ ᠯᠡ ᠪᠠᠢᠬᠤ ᠶᠣᠰᠣᠲᠠᠢ᠃ ᠳᠡᠯ ᠦ᠋ᠨ ᠬᠠᠷ᠎ᠠ ᠳ᠋ᠤ᠌ ᠪᠠᠭᠤᠭᠰᠠᠨ ᠣᠲᠣᠷᠴᠢᠨ ᠤ᠋ ᠲᠡᠮᠡᠭᠡ ᠪᠠᠢᠬᠤ᠂ ᠡᠵᠡᠨ ᠨᠢ ᠡᠷᠢᠭᠡᠳ ᠵᠣᠪᠠᠵᠤ ᠶᠠᠪᠤᠭ᠎ᠠ ᠳᠠ᠂ ᠠᠯᠳᠠᠴᠢᠬᠠᠬᠤ ᠦᠭᠡᠢ ᠰᠢᠭ ᠬᠠᠷᠠᠵᠤ ᠪᠠᠢᠭᠠᠳ ᠦᠰᠦ ᠨᠣᠣᠰᠣ ᠶ᠋ᠢ ᠨᠢ ᠤᠨᠠᠭᠠᠴᠢᠭᠠᠯ ᠦᠭᠡᠢ ᠪᠦᠷᠢᠨ ᠪᠦᠲᠦᠨ ᠡᠵᠡᠨ ᠳ᠋ᠦ᠍ᠨᠢ ᠲᠤᠰᠢᠶᠠᠴᠢᠬᠠᠬᠤ ᠶᠤᠮ ᠰᠠᠨ᠃ ᠨᠢᠭᠡᠳᠦᠯ᠂ ᠣᠯᠠᠨ ᠳ᠋ᠠᠭᠠᠨ ᠨᠢᠭᠡ ᠠᠳᠬᠤ ᠨᠣᠣᠰᠣ ᠴᠤ᠌ ᠭᠡᠰᠡᠨ ᠠᠰᠢᠭ ᠪᠣᠯᠤᠨ᠎ᠠ ᠳᠠ ᠭᠡᠵᠦ ᠬᠡᠯᠡᠭᠡᠳ ᠠᠷᠭᠠᠯ ᠬᠣᠷᠮᠣᠢᠯᠠᠵᠤ ᠭᠡᠷ ᠲᠡᠭᠡᠨ ᠣᠷᠣᠪᠠ᠃
       ᠲᠡᠷᠡ ᠣᠷᠣᠢ ᠰᠠᠯᠬᠢ ᠦᠭᠡᠢ ᠲᠤᠩᠭᠠᠯᠠᠭ ᠰᠠᠢᠬᠠᠨ ᠪᠠᠢᠭᠰᠠᠨ ᠢ᠋ᠶ᠋ᠠᠨ ᠤᠨᠲᠠᠬᠤ ᠶ᠋ᠢᠨ ᠦᠶ᠎ᠡ ᠳ᠋ᠦ᠍ ᠲᠡᠭᠷᠢ ᠪᠦᠷᠬᠦᠢᠵᠦ ᠰᠠᠯᠬᠢ ᠰᠡᠷ ᠰᠡᠷ ᠰᠡᠷᠪᠡᠯᠵᠡᠭᠦᠯᠵᠦ ᠪᠠᠢᠯ᠎ᠠ᠃ 
       ᠴᠠᠮᠪᠠᠯ ᠳᠡᠪᠡᠯ ᠢ᠋ᠶ᠋ᠡᠨ ᠨᠥᠮᠥᠷᠦᠨ ᠭᠠᠳᠠᠭ᠎ᠠ ᠭᠠᠷᠴᠤ ᠪᠡᠶ᠎ᠡ ᠵᠠᠰᠠᠬᠤ ᠵᠠᠭᠤᠷ᠎ᠠ ᠠᠯᠳᠠᠭᠤᠯ ᠤ᠋ᠨ ᠬᠦᠷᠡᠩ ᠲᠡᠮᠡᠭᠡ ᠶ᠋ᠢ ᠪᠥᠭᠡᠷ᠎ᠡ ᠪᠥᠭᠡᠷ᠎ᠡ ᠪᠡᠨ ᠨᠡᠢᠯᠡᠭᠦᠯᠦᠨ ᠬᠡᠪᠲᠡᠭᠰᠡᠨ ᠣᠯᠠᠨ ᠲᠡᠮᠡᠭᠡᠨ ᠦ᠌ ᠳᠤᠮᠳᠠ ᠠ᠋ᠴᠠ ᠣᠯᠵᠤ ᠬᠠᠷᠠᠭᠠᠳ ᠰᠡᠳᠬᠢᠯ ᠳ᠋ᠦ᠍ᠨᠢ ᠨᠢᠭᠡ ᠪᠣᠳᠣᠯ ᠣᠷᠣᠵᠤ ᠢᠷᠡᠪᠡ᠃ ᠲᠡᠭᠦᠨ ᠢ ᠪᠡᠨ ᠲᠡᠷᠡ ᠬᠡᠨ ᠳ᠋ᠦ᠍ ᠴᠦ᠍ ᠮᠡᠳᠡᠭᠳᠡᠬᠦ ᠦᠭᠡᠢ ᠰᠠᠨ ᠭᠡᠵᠦ ᠰᠡᠮᠬᠡᠨ ᠠᠯᠬᠤᠭᠰᠠᠭᠠᠷ ᠭᠡᠷ ᠲᠡᠭᠡᠨ ᠣᠷᠣᠵᠤ ᠵᠠᠰᠠᠭᠰᠠᠨ ᠣᠷᠣᠨ ᠳᠡᠭᠡᠷ᠎ᠡ ᠪᠡᠨ ᠬᠡᠪᠲᠡᠪᠡ᠃ 
       ᠦᠶ᠎ᠡ ᠦᠶ᠎ᠡ ᠰᠢᠷᠦᠭᠦᠰᠬᠦ ᠰᠠᠯᠬᠢᠨ ᠤ᠋ ᠠᠶ᠎ᠠ ᠪᠠᠷ ᠡᠷᠦᠬᠡᠨ ᠦ᠌ ᠣᠭᠣᠰᠣᠷ ᠰᠢᠪᠠᠭᠴᠢᠨ ᠳᠡᠭᠡᠪᠦᠷ ᠬᠥᠪᠦᠯᠵᠡᠬᠦ ᠨᠢ ᠴᠠᠮᠪᠠᠯ ᠤ᠋ᠨ ᠠᠨᠢᠯᠳᠤᠬᠤ ᠨᠢᠳᠦ ᠶ᠋ᠢ ᠪᠠᠢᠨ ᠪᠠᠢᠨ ᠴᠠᠪᠴᠢᠭᠤᠯᠵᠤ ᠪᠠᠢᠪᠠ ᠃ ᠲᠡᠷᠡ ᠬᠤᠴᠢᠯᠭ᠎ᠠ ᠳᠣᠲᠣᠷ᠎ᠠ ᠪᠠᠨ ᠡᠷᠭᠢᠯᠳᠦᠨ ᠬᠥᠯᠪᠡᠷᠢᠵᠦ ᠄  
       — ᠨᠢᠭᠡ ᠲᠡᠮᠡᠭᠡᠨ ᠦ᠌ ᠨᠣᠣᠰᠣ ᠰᠤᠯᠠ ᠣᠯᠵᠤ ᠠᠯᠠᠭᠠᠨ ᠳᠡᠭᠡᠷ᠎ᠡ ᠪᠡᠨ ᠲᠠᠯᠪᠢᠨ᠎ᠠ ᠭᠡᠳᠡᠭ ᠴᠦ᠍ ᠣᠪᠣᠭ᠎ᠠ ᠣᠯᠵᠠ ᠰᠢᠦ᠃ ᠨᠢᠳᠤᠨᠤᠨ ᠪᠢ ᠪᠠᠰᠠ ᠯᠠ ᠵᠦᠭᠡᠷ ᠣᠯᠵᠠ ᠂ ᠲᠡᠭᠦᠨ ᠢ ᠮᠢᠳᠤᠭ ᠮᠡᠳᠡᠭᠡ ᠦᠭᠡᠢ᠃ ᠡᠭᠦᠨ ᠢ ᠮᠡᠳᠡᠭᠰᠡᠨ ᠴᠦ᠍ ᠭᠡᠰᠡᠨ ᠨᠢᠭᠡ ᠶᠡᠬᠡ ᠶᠠᠭᠤᠮ᠎ᠠ ᠪᠣᠯᠬᠤ ᠦᠭᠡᠢ ᠪᠠᠢᠬ᠎ᠠ᠃ ᠢᠩᠭᠢᠭᠡᠳ ᠥᠪᠡᠷ ᠢ᠋ᠶ᠋ᠡᠨ ᠬᠦᠷᠦᠭᠡᠳ ᠢᠷᠡᠵᠦ ᠪᠠᠢᠭ᠎ᠠ ᠣᠯᠵᠠ ᠶ᠋ᠢ ᠴᠢᠨᠢ ᠬᠡᠯᠡ ᠪᠡᠷ ᠢ᠋ᠶ᠋ᠡᠨ ᠲᠦᠯᠬᠢᠵᠦ ᠪᠣᠯᠬᠤ ᠦᠭᠡᠢ ᠰᠢᠦ ᠳᠡ ᠭᠡᠵᠦ ᠪᠣᠳᠣᠵᠤ ᠪᠠᠢᠭᠰᠠᠨ ᠢ᠋ᠶ᠋ᠠᠨ ᠰᠡᠮᠡᠬᠡᠨ ᠪᠣᠰᠴᠤ ᠪᠦᠰᠡ ᠪᠡᠨ ᠪᠦᠰᠡᠯᠡᠨ ᠴᠢᠮᠡᠭᠡ ᠦᠭᠡᠢᠬᠡᠨ ᠭᠠᠷᠪᠠ᠃  
       ᠭᠠᠳᠠᠭ᠎ᠠ ᠲᠠᠰᠤ ᠬᠠᠷᠠᠩᠭᠤᠢ ᠪᠦᠷᠬᠦᠭ ᠳᠤᠮᠳᠠ ᠪᠥᠬᠥᠯᠵᠡᠵᠦ᠂ ᠰᠤᠷᠤᠭᠰᠠᠨ ᠪᠦᠳᠡᠭᠢ ᠳᠤᠮᠳᠠ ᠮᠡᠬᠦᠯᠵᠡᠵᠦ ᠳᠠᠳᠤᠭᠰᠠᠨ ᠬᠥᠮᠦᠨ ᠳ᠋ᠦ᠍ ᠪᠦᠷ ᠴᠦ᠍ ᠲᠠᠭᠠᠯᠠᠮᠵᠢᠲᠠᠢ᠃ ᠴᠠᠮᠪᠠᠯ ᠠᠯᠳᠠᠭᠤᠯ ᠲᠡᠮᠡᠭᠡᠨ ᠦ᠌ ᠳᠡᠷᠭᠡᠳᠡ ᠭᠡᠲᠡᠵᠦ ᠣᠴᠢᠭᠠᠳ ᠭᠤᠤᠵᠢᠭᠰᠠᠨ ᠨᠣᠣᠰᠣ ᠶ᠋ᠢ ᠨᠢ ᠬᠣᠶᠠᠷ ᠭᠠᠷᠳᠠᠨ ᠵᠤᠯᠭᠠᠭᠠᠵᠤ ᠪᠥᠰᠡᠨ ᠳ᠋ᠡᠭᠡᠨ ᠬᠠᠪᠴᠢᠭᠤᠯᠤᠭᠰᠠᠨ ᠬᠣᠷᠮᠣᠢ ᠳ᠋ᠠᠭᠠᠨ ᠲᠦᠨᠲᠦᠢᠲᠡᠯ᠎ᠡ ᠴᠢᠬᠢᠪᠡ᠃ ᠬᠣᠷᠮᠣᠢ ᠳ᠋ᠠᠭᠠᠨ ᠪᠠᠭᠲᠠᠬᠤ ᠪᠠᠨ ᠪᠣᠯᠢᠬᠤ ᠪᠠᠷ ᠡᠪᠦᠷ ᠲᠡᠭᠡᠨ ᠴᠢᠬᠢᠪᠡ᠃ ᠡᠪᠦᠷ ᠲᠡᠭᠡᠨ ᠪᠠᠭᠲᠠᠬᠤ ᠪᠠᠨ ᠪᠣᠯᠢᠬᠤ ᠪᠠᠷ ᠦᠮᠦᠳᠦᠨ ᠳ᠋ᠡᠭᠡᠨ ᠴᠢᠬᠢᠪᠡ᠃ ᠠᠷᠠᠢ ᠯᠠ ᠠᠮᠠᠨ ᠳ᠋ᠠᠭᠠᠨ ᠬᠢᠭᠰᠡᠨ ᠦᠭᠡᠢ᠃ ᠬᠠᠮᠢᠭᠠᠰᠢ ᠬᠠᠮᠢᠭᠠᠰᠢ ᠪᠠᠨ ᠳᠥᠷᠪᠡᠯᠵᠢᠨ ᠬᠠᠪᠲᠠᠭᠠᠢ ᠴᠢᠬᠢᠮᠡᠯ ( ᠬᠡᠪ ᠦᠯᠢᠭᠡᠷ ) ᠪᠣᠯᠤᠭᠠᠳ ᠪᠠᠢᠭ᠎ᠠ ᠶ᠋ᠢ ᠨᠢ ᠰᠠᠷᠠ ᠲᠠᠢ ᠰᠥᠨᠢ ᠰᠠᠢᠨ ᠨᠢᠳᠦ ᠲᠡᠢ ᠬᠥᠮᠦᠨ ᠬᠠᠷᠠᠭᠰᠠᠨ ᠪᠣᠯ ᠰᠠᠨᠳᠤᠷᠴᠤ ᠠᠶᠤᠮᠠᠷ ᠮᠠᠨᠤᠤᠬᠠᠢ ᠪᠣᠯᠵᠠᠢ᠃ 
       ᠴᠠᠮᠪᠠᠯ ᠲᠡᠮᠡᠭᠡ ᠨᠦ᠍ᠭᠦᠳ ᠡᠴᠡ ᠴᠦ᠍ ᠢᠴᠢᠭᠰᠡᠨ ᠦᠭᠡᠢ᠂ ᠲᠡᠭᠷᠢ ᠡᠴᠡ ᠴᠦ᠍ ᠪᠤᠯᠲᠠᠭᠰᠠᠨ ᠦᠭᠡᠢ᠂ ᠠᠭᠠᠯᠵᠢ ᠮᠡᠲᠦ ᠠᠷᠪᠠᠯᠵᠠᠨ ᠶᠠᠪᠤᠭᠰᠠᠭᠠᠷ ᠪᠠᠷᠠᠭᠠᠨ ᠤ᠋ ᠪᠠᠨ ᠳᠡᠷᠭᠡᠳᠡ ᠢᠷᠡᠵᠦ ᠨᠣᠣᠰᠣ ᠪᠠᠨ ᠪᠦᠲᠡᠭᠡᠯᠭᠡᠨ ᠳᠣᠣᠭᠤᠷ ᠨᠢ ᠨᠢᠭᠤᠭᠠᠳ ᠭᠡᠷ ᠲᠡᠭᠡᠨ ᠣᠷᠣᠵᠤ ᠠᠭ ᠲᠠᠭ ᠦᠭᠡᠢ ᠤᠨᠲᠠᠵᠠᠢ᠃ 
       ᠥᠷᠯᠥᠭᠡ ᠡᠷᠲᠡ ᠦᠦᠷ ᠢ᠋ᠶ᠋ᠡᠷ ᠮᠣᠷᠢᠨ ᠲᠦᠪᠡᠷᠭᠡᠨ ᠭᠠᠷᠬᠤ ᠳ᠋ᠤ᠌ ᠮᠢᠳᠤᠭ ᠳᠠᠪ ᠬᠢᠨ ᠰᠡᠷᠡᠵᠦ ᠭᠠᠷᠪᠠᠯ ᠮᠣᠷᠢᠲᠠᠢ ᠬᠥᠮᠦᠨ ᠳᠠᠪᠬᠢᠨ ᠢᠷᠡᠵᠦ ᠲᠡᠮᠡᠭᠡᠨ ᠦ᠌ ᠵᠠᠬ᠎ᠠ ᠳ᠋ᠤ᠌ ᠵᠣᠭᠰᠣᠵᠤ ᠪᠠᠢᠭ᠎ᠠ ᠬᠦᠷᠡᠩ ᠳᠡᠢᠯᠦᠭ ᠢ᠋ᠶ᠋ᠡᠨ ᠪᠠᠷᠢᠵᠤ ᠠᠪᠤᠭᠠᠳ ᠄  
       — ᠲᠠ ᠪᠦᠬᠦᠨ ᠳ᠋ᠦ᠍ ᠪᠠᠶᠠᠷᠯᠠᠯ᠎ᠠ᠂ ᠠᠯᠳᠠᠭᠤᠯ ᠲᠡᠮᠡᠭᠡ ᠶ᠋ᠢ ᠮᠢᠨᠢ ᠠᠶᠠᠲᠠᠢ ᠰᠠᠢᠨ ᠬᠠᠷᠠᠭᠠᠯᠵᠠᠵᠤ ᠪᠠᠢᠭᠰᠠᠨ ᠭᠡᠷ ᠦ᠋ᠨ ᠢ᠋ᠶ᠋ᠡᠨ ᠡᠵᠡᠨ ᠲᠡᠮᠡᠭᠡᠴᠢᠨ ᠳ᠋ᠦ᠍ ᠪᠠᠶᠠᠷ ᠬᠦᠷᠭᠡᠭᠡᠷᠡᠢ ᠭᠡᠳ ᠮᠣᠷᠳᠠᠵᠤ ᠲᠡᠮᠡᠭᠡᠨ ᠦ᠌ ᠪᠡᠨ ᠤᠷᠳᠤᠭᠤᠷ ᠭᠠᠷᠬᠤ ᠵᠠᠭᠤᠷ᠎ᠠ ᠄ 
        ᠫᠸ ᠂ ᠲᠠᠮᠢᠨ ! ᠲᠠᠨ ᠤ᠋ ᠡᠨᠡ ᠲᠡᠮᠡᠭᠡ ᠴᠢᠨᠢ ᠶᠠᠭᠠᠬᠢᠴᠢᠬᠠᠪᠠ ᠪᠣᠢ ᠭᠡᠵᠦ ᠬᠠᠰᠬᠢᠷᠬᠤ ᠰᠢᠬᠠᠮ ᠬᠡᠯᠡᠪᠡ᠃ 
       ᠮᠢᠳᠤᠭ ᠣᠢᠷᠠᠲᠤᠨ ᠣᠴᠢᠪᠠᠯ ᠬᠠᠮᠤᠭ ᠦᠰᠦ ᠨᠣᠣᠰᠣ ᠡᠪᠦᠳᠦᠭ ᠵᠣᠭᠳᠣᠷ ᠢ ᠨᠢ ᠵᠤᠮᠠᠯᠤᠨ ᠵᠤᠯᠭᠠᠭᠠᠵᠤ ᠠᠪᠤᠭᠰᠠᠨ ᠲᠡᠮᠡᠭᠡ ᠬᠦᠵᠦᠭᠦᠦ ᠪᠡᠨ ᠰᠤᠩᠭᠠᠨ ᠳᠠᠭᠵᠢᠨ ᠬᠡᠪᠲᠡᠬᠦ ᠨᠢ ᠨᠢᠭᠡ ᠬᠠᠷᠠᠬᠤ ᠳ᠋ᠤ᠌ ᠠᠶᠤᠮᠠᠷ᠂ ᠨᠢᠭᠡ ᠬᠠᠷᠠᠬᠤ ᠳ᠋ᠤ᠌ ᠦᠷᠦ ᠡᠪᠡᠳᠦᠮᠡᠷ ᠠᠵᠢ᠃ 
       — ᠡᠨᠡ ᠴᠢᠨᠢ ᠬᠡᠨ ᠦ᠌ ᠲᠡᠮᠡᠭᠡ ᠪᠣᠢ ᠭᠡᠳ ᠨᠢᠭᠡᠨ ᠨᠢᠳᠦ ᠪᠡᠨ ᠠᠷᠴᠢᠨ ᠰᠠᠢᠨ ᠠᠵᠢᠭᠯᠠᠵᠤ ᠬᠠᠷᠠᠪᠠᠯ ᠴᠠᠮᠪᠠᠯ ᠤ᠋ᠨ ᠦᠷᠭᠦᠯᠵᠢ ᠬᠠᠢᠷᠠᠯᠠᠵᠤ ᠶᠠᠪᠤᠳᠠᠭ ᠠᠮᠢᠨ ᠤ᠋ ᠭᠠᠭᠴᠠ ᠬᠦᠷᠡᠩ ᠠᠭᠲᠠ ᠪᠠᠢᠪᠠ᠃  
       — ᠴᠠᠮᠪᠠᠯ ᠠ᠋ ᠭᠡᠵᠦ ᠮᠢᠳᠤᠭ ᠰᠠᠨᠳᠤᠷᠤᠨ ᠳᠠᠭᠤᠳᠠᠪᠠ᠃  
       ᠴᠠᠮᠪᠠᠯ ᠳᠡᠪᠡᠯ ᠢ᠋ᠶ᠋ᠡᠨ ᠡᠭᠡᠯᠳᠦᠷᠭᠡᠯᠡᠨ ᠭᠠᠷᠴᠤ ᠢᠷᠡᠭᠡᠳ ᠨᠤᠤᠬ᠎ᠠ ᠪᠦᠷᠬᠦᠭᠰᠡᠨ ᠨᠢᠳᠦ ᠪᠡᠨ ᠠᠨᠢᠪᠴᠢᠨ ᠨᠣᠣᠰᠣ ᠶ᠋ᠢ ᠨᠢ ᠵᠤᠯᠭᠠᠭᠠᠭᠰᠠᠨ ᠱᠠᠯᠳᠠᠩ ᠲᠡᠮᠡᠭᠡ ᠡᠴᠡ ᠠᠶᠤᠵᠤ ᠭᠡᠳᠡᠷᠭᠦ ᠪᠡᠨ ᠤᠬᠤᠷᠢᠨ ᠶᠠᠪᠤᠵᠤ ᠪᠠᠢᠭᠰᠠᠨ ᠢ᠋ᠶ᠋ᠠᠨ ᠪᠠᠷᠠᠭᠠᠨ ᠳ᠋ᠤ᠌ ᠲᠡᠭᠡᠭᠯᠡᠨ ᠵᠤᠯᠭᠠᠭᠠᠭᠰᠠᠨ ᠨᠣᠣᠰᠣᠨ ᠳᠡᠭᠡᠷ᠎ᠡ ᠪᠡᠨ ᠬᠠᠯᠲᠤᠷᠢᠵᠤ ᠤᠨᠠᠵᠤ ᠢᠴᠢᠭᠰᠡᠨ ᠨᠢᠬᠤᠷ ᠢ᠋ᠶ᠋ᠠᠨ ᠠᠯᠠᠭ᠎ᠠ ᠪᠠᠷ ᠢ᠋ᠶ᠋ᠠᠨ ᠲᠠᠭᠯᠠᠪᠠ᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄   ᠴᠣᠯᠮᠣᠨᠲᠤᠶᠠᠭ᠎ᠠ 
        ᠬᠢᠨᠠᠭ᠍ᠴᠢ :   ᠰᠠᠷᠠᠨ᠎ᠠ
               2024᠂ 2᠂ 23  ᠦ᠌ ᠡᠳᠦᠷ