ᠪᠠᠶᠠᠨ ᠰᠦᠩ ᠦᠨ ᠢᠷᠥᠭᠡᠯ – ᠬᠣᠱᠣᠳ ᠴᠡᠩᠬᠡᠯ ᠡᠮᠬᠢᠯᠡᠪᠡ Баян сөнгийн ерөөл – Хошууд Цэнгэл эмхлэв
ᠪᠠᠶᠠᠨ ᠰᠦᠩ ᠦᠨ ᠢᠷᠥᠭᠡᠯ
ᠬᠣᠱᠤᠳ ᠴᠡᠩᠭᠡᠯ ᠡᠮᠬᠢᠯᠡᠪᠡ
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠪᠠᠶᠠᠨ ᠡᠷᠬᠢᠮ ᠬᠥᠬᠡ ᠨᠠᠭᠤᠷ ᠤ᠋ᠨ ᠲᠢᠪ ᠲᠦ᠍
ᠪᠠᠲᠤ ᠶᠡᠬᠡ ᠲᠥᠷᠥ ᠶ᠋ᠢᠨ ᠡᠮᠦᠨ᠎ᠡ
ᠪᠠᠳᠠᠷᠠᠭᠰᠠᠨ ᠶᠡᠬᠡ ᠱᠠᠵᠢᠨ ᠤ᠋ ᠳᠤᠮᠳᠠ
ᠪᠠᠳᠠᠷᠠᠨ ᠭᠠᠷᠤᠭᠴᠢ ᠨᠠᠷᠠᠨ ᠤ᠋ ᠭᠡᠷᠡᠯ ᠡᠴᠡ
ᠪᠠᠭᠯᠠᠷᠠᠨ ᠴᠤᠭᠯᠠᠭᠴᠢ ᠲᠥᠷᠥ ᠶ᠋ᠢᠨ ᠶᠣᠰᠣ ᠪᠢᠯᠡ
ᠪᠠᠳ ᠪᠦᠷᠢᠨ ᠪᠤᠶᠠᠨᠲᠠᠨ
ᠪᠠᠲᠤ ᠮᠥᠩᠬᠡ ᠲᠣᠭᠲᠠᠬᠤ ᠶ᠋ᠢᠨ ᠲᠤᠯᠠᠳᠠ
ᠪᠠᠢᠭᠤᠯᠤᠨ ᠰᠡᠷᠭᠦᠭᠡᠭᠰᠡᠨ ᠴᠠᠭᠠᠨ ᠥᠷᠭᠥᠭᠡ ᠶ᠋ᠢᠨ ᠲᠠᠨᠢ ᠳᠤᠮᠳᠠ
ᠥᠨᠳᠥᠷ ᠶᠡᠬᠡ ᠰᠢᠷᠡᠭᠡᠨ ᠳᠡᠭᠡᠷ᠎ᠡ
ᠥᠷᠭᠡᠨ ᠶᠡᠬᠡ ᠰᠢᠭᠦᠰᠦᠨ ᠳᠡᠭᠡᠷ᠎ᠡ
ᠥᠨᠳᠥᠷ ᠴᠠᠭᠠᠨ ᠰᠥᠩ ᠦ᠋ᠨ ᠲᠠᠨᠢ ᠳᠡᠭᠡᠵᠢ ᠶ᠋ᠢ
ᠳᠡᠯᠭᠡᠷᠡᠭᠦᠯᠦᠨ ᠠᠢᠯᠠᠳᠬᠠᠬᠤ ᠶ᠋ᠢᠨ ᠤᠴᠢᠷ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠬᠠᠨ ᠪᠣᠯᠣᠳ ᠡᠴᠢᠭᠡ ᠲᠡᠢ
ᠬᠠᠲᠤᠨ ᠪᠤᠯᠠᠭ ᠡᠬᠡ ᠲᠡᠢ
ᠠᠭᠤᠯᠠ ᠶᠡᠪᠲᠡ ᠤᠲᠤᠭᠠᠲᠠᠢ
ᠬᠠᠳᠠ ᠶᠡᠪᠲᠡ ᠭᠡᠷᠡᠯᠲᠡᠢ
ᠬᠠᠲᠠᠭᠤ ᠶ᠋ᠢ ᠬᠠᠢᠯᠠᠭᠠᠭᠴᠢ
ᠬᠠᠷᠠᠩᠭᠤᠢ ᠶ᠋ᠢ ᠴᠦᠯᠡᠷᠡᠭᠦᠯᠦᠭᠴᠢ
ᠪᠠᠤᠠᠮᠠᠷ᠎ᠠ ᠶ᠋ᠢᠨ ᠥᠩᠭᠡᠲᠡᠢ
ᠪᠠᠳᠠᠷᠩᠭᠤᠢ ᠴᠠᠭᠠᠨ ᠭᠡᠷᠡᠯᠲᠡᠢ
ᠳᠥᠷᠪᠡᠨ ᠡᠭᠦᠲᠡᠲᠦ ᠺᠣᠷᠯᠤᠤ ᠶ᠋ᠢᠨ ᠳᠤᠮᠳᠠ ᠠ᠋ᠴᠠ
ᠨᠠᠢ᠍ᠮᠠᠨ ᠲᠠᠬᠢᠯᠲᠤ ᠪᠯᠠᠮ᠎ᠠ ᠶ᠋ᠢᠨ ᠳᠤᠮᠳᠠ ᠠ᠋ᠴᠠ
ᠠᠯᠲᠠᠨ ᠶᠡᠬᠡ ᠮᠣᠷᠢᠰ ᠪᠠᠳᠠᠷᠠᠭᠰᠠᠨ
ᠠᠭᠤᠤ ᠶᠡᠬᠡ ᠴᠠᠭᠠᠨ ᠭᠠᠯ ᠤ᠋ᠨ ᠲᠠᠨᠢ
ᠵᠠᠯᠢ ᠪᠤᠷᠬᠠᠨ ᠰᠣᠶᠣᠷᠬᠠᠨ ᠥᠷᠥᠰᠢᠶᠡᠵᠦ
ᠣᠨ ᠤ᠋ ᠳᠤᠮᠳᠠᠬᠢ ᠥᠯᠵᠡᠢᠲᠦ ᠡᠳᠦᠷ
ᠣᠯᠠᠨ ᠡᠯᠢᠭᠡᠨ ᠲᠥᠷᠥᠯ ᠲᠠᠨᠢ ᠴᠤᠭᠯᠠᠷᠠᠭᠰᠠᠨ ᠡᠳᠦᠷ
ᠵᠢᠯ ᠦ᠋ᠨ ᠳᠤᠮᠳᠠᠬᠢ ᠵᠢᠪᠬᠤᠯᠠᠩᠲᠠᠢ ᠡᠳᠦᠷ
ᠵᠢᠷᠭᠠᠯᠠᠩᠲᠠᠢ ᠠᠬ᠎ᠠ ᠳᠡᠭᠦᠦ ᠴᠤᠭᠯᠠᠷᠠᠭᠰᠠᠨ ᠡᠳᠦᠷ
ᠥᠨᠳᠥᠷ ᠴᠠᠭᠠᠨ ᠰᠥᠩ ᠦ᠋ᠨ ᠲᠠᠨᠢ ᠳᠡᠭᠡᠵᠢ ᠶ᠋ᠢ
ᠳᠡᠯᠭᠡᠷᠡᠭᠦᠯᠦᠨ ᠠᠢᠯᠠᠳᠬᠠᠪᠠ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠭᠠᠰᠢᠷ ᠤ᠋ᠨ ᠣᠷᠭᠢᠯ ᠠ᠋ᠴᠠ ᠡᠭᠦᠰᠴᠦ ᠭᠠᠷᠤᠭᠰᠠᠨ
ᠭᠠᠷᠤᠭᠴᠢ ᠨᠠᠷᠠᠨ ᠠ᠋ᠴᠠ ᠮᠠᠨᠳᠤᠵᠤ ᠭᠠᠷᠤᠭᠰᠠᠨ
ᠴᠠᠭᠯᠠᠭᠰᠢᠶᠠᠨ ᠦᠭᠡᠢ ᠪᠯᠠᠮ᠎ᠠ ᠶ᠋ᠢᠨ ᠴᠠᠭᠠᠨ ᠪᠤᠶᠠᠨ
ᠭᠠᠷ ᠮᠣᠳᠣᠷ ᠠ᠋ᠴᠠ ᠲᠠᠨᠢ ᠭᠠᠷᠤᠭᠴᠢ
ᠠᠷᠪᠢᠨ ᠴᠠᠭᠠᠨ ᠪᠤᠶᠠᠨ ᠭᠠᠵᠠᠭ᠎ᠠ ᠠ᠋ᠴᠠ ᠢᠷᠡᠭᠴᠢ
ᠠᠷᠢᠭᠤᠨ ᠴᠠᠭᠠᠨ ᠪᠤᠶᠠᠨ
ᠰᠣᠳᠣ ᠪᠣᠭᠳᠠ ᠡᠵᠡᠨ ᠴᠢᠩᠭᠢᠰ ᠬᠠᠭᠠᠨ ᠡᠬᠢᠯᠡᠨ
ᠬᠠᠰᠠᠷ ᠪᠠᠭᠠᠲᠤᠷ ᠤ᠋ᠨ ᠦᠷᠡᠨ ᠳᠡᠯᠭᠡᠷᠡᠭᠡᠳ
ᠮᠣᠳᠣᠷ ᠠ᠋ᠴᠠ ᠲᠠᠨᠢ ᠬᠣᠢᠭᠤᠯ ᠦᠭᠡᠢ
ᠡᠭᠡᠴᠢ ᠳᠠᠭᠢᠨᠢ ᠬᠠᠲᠤᠨ ᠠ᠋ᠴᠠ ᠭᠡᠢᠵᠦ ᠲᠣᠳᠣᠷᠠᠭᠠᠳ
ᠠᠷᠪᠠᠨ ᠨᠠᠢ᠍ᠮᠠᠨ ᠮᠣᠵᠢ ᠲᠠᠢᠵᠢ
ᠬᠣᠷᠢᠨ ᠨᠢᠭᠡᠨ ᠦᠶ᠎ᠡ ᠪᠣᠯᠵᠤ ᠬᠤᠪᠢᠯᠤᠭᠠᠳ
ᠬᠠᠨᠠᠢ ᠨᠣᠶᠠᠨ ᠬᠣᠩᠭᠣᠷ ᠤ᠋ᠨ ᠲᠠᠢᠵᠢ ᠨᠤᠭᠤᠳ
ᠬᠠᠮᠤᠭ ᠣᠢᠷᠠᠳ ᠤ᠋ᠨ ᠵᠢᠯᠣᠭᠣ ᠪᠠᠷᠢᠭᠴᠢ
ᠬᠠᠨ ᠡᠵᠡᠨ ᠪᠠᠢᠪᠠᠭᠠᠰ ᠨᠣᠶᠠᠨ ᠲᠡᠷᠢᠭᠦᠯᠡᠨ
ᠬᠣᠶᠠᠳᠤᠭᠠᠷ ᠶᠡᠬᠡ ᠬᠥᠨᠳᠡᠯᠡᠨ ᠲᠦᠷᠭᠦᠭᠡᠴᠢ ᠨᠣᠶᠠᠨ
ᠭᠤᠷᠪᠠᠳᠤᠭᠠᠷ ᠲᠥᠷᠦᠪᠠᠢᠬᠤ ᠭᠡᠭᠡᠨ ᠭᠦᠦᠰᠢ ᠬᠠᠭᠠᠨ
ᠳᠥᠷᠪᠡᠳᠦᠭᠡᠷ ᠨᠣᠶᠠᠨ ᠴᠡᠷᠡᠩ ᠬᠠᠳᠠᠨ ᠪᠠᠭᠠᠲᠤᠷ
ᠲᠠᠪᠤᠳᠤᠭᠠᠷ ᠪᠤᠶᠠᠨ ᠣᠳᠬᠣᠨ ᠡᠨᠡ ᠲᠠᠪᠤᠨ ᠲᠣᠭᠰᠢᠨ ᠪᠠᠷᠰ
ᠬᠠᠢᠨᠤᠭ ᠲᠦᠰᠢᠶᠡᠲᠦ ᠂ ᠬᠠᠮᠤᠬᠠᠢ ᠪᠢᠩᠲᠦ ᠠᠬ᠎ᠠ ᠳᠡᠭᠦᠦ ᠡᠴᠡ
ᠦᠷᠡᠯ ᠳᠠᠭ᠎ᠠ ᠤᠰᠤᠨ ᠮᠣᠷᠢᠨ ᠵᠢᠯ
ᠸᠴᠢᠷᠪᠠᠨᠢ ᠪᠣᠯᠵᠤ ᠬᠤᠪᠢᠯᠤᠭᠠᠳ
ᠣᠷᠴᠢᠯᠠᠩ ᠤ᠋ᠨ ᠳᠤᠮᠳᠠ ᠴᠡᠴᠡᠭ ᠡᠴᠡ
ᠬᠥᠮᠦᠨ ᠦ᠌ ᠳᠦᠷᠢ ᠶ᠋ᠢ ᠪᠠᠷᠢᠨ ᠬᠤᠪᠢᠯᠤᠭᠠᠳ
ᠲᠥᠷᠥ ᠶ᠋ᠢ ᠪᠠᠷᠢᠭᠴᠢ ᠭᠡᠭᠡᠨ ᠭᠦᠦᠰᠢ ᠬᠠᠭᠠᠨ
ᠱᠠᠵᠢ ᠶ᠋ᠢ ᠪᠠᠷᠢᠭᠴᠢ ᠨᠣᠮ ᠤ᠋ᠨ ᠬᠠᠭᠠᠨ
ᠠᠮᠲᠤᠤ ᠵᠦᠭ ᠦ᠋ᠨ ᠠᠷᠪᠠᠨ ᠭᠤᠷᠪᠠᠨ ᠬᠡᠢᠳ
ᠠᠭᠤᠤ ᠶᠡᠬᠡ ᠭᠦᠮᠪᠦᠮ ᠱᠠᠮᠪᠠᠯᠢᠩ ᠢ᠋ ᠲᠡᠳᠬᠦᠵᠦ
ᠠᠯᠳᠠᠷ ᠶᠡᠬᠡᠲᠦ ᠠᠯᠲᠠᠨ ᠬᠡᠢᠳ ᠢ᠋ ᠪᠠᠢᠭᠤᠯᠤᠭᠠᠳ
ᠠᠯᠲᠠᠨ ᠽᠤᠩᠺᠠᠤᠠ ᠶ᠋ᠢᠨ ᠰᠢᠷ᠎ᠠ ᠶ᠋ᠢᠨ ᠱᠠᠵᠢᠨ ᠢ᠋
ᠯᠢᠩᠬᠤ᠎ᠠ ᠴᠡᠴᠡᠭ ᠮᠡᠲᠦ ᠳᠡᠯᠭᠡᠷᠡᠭᠦᠯᠦᠭᠡᠳ
ᠲᠦᠭᠡᠮᠡᠯ ᠨᠠᠷᠠᠨ ᠭᠠᠯᠢ ᠵᠠᠯᠢ ᠮᠡᠲᠦ ᠮᠠᠰᠢ ᠲᠣᠳᠣᠷᠬᠠᠢ
ᠬᠠᠨ ᠡᠵᠡᠨ ᠦ᠌ ᠮᠠᠨᠢ ᠥᠯᠮᠡᠢ ᠪᠠᠲᠤᠵᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠥᠨᠳᠥᠷ ᠬᠥᠬᠡ ᠣᠭᠲᠠᠷᠭᠤᠢ ᠠ᠋ᠴᠠ ᠲᠠᠲᠠᠭᠴᠢ
ᠲᠠᠪᠤᠨ ᠥᠩᠭᠡ ᠶ᠋ᠢᠨ ᠰᠣᠯᠣᠩᠭ᠎ᠠ ᠮᠡᠲᠦ
ᠭᠤᠸ᠎ᠠ ᠰᠠᠢᠬᠠᠨ ᠦᠵᠡᠰᠬᠦᠯᠡᠩᠲᠡᠢ
ᠨᠠᠢ᠍ᠮᠠᠨ ᠭᠡᠰᠢᠭᠦᠦ ᠲᠡᠭᠦᠰᠦᠭᠴᠢ
ᠭᠠᠩᠭ᠎ᠠ ᠮᠥᠷᠡᠳ ᠦ᠋ᠨ ᠤᠰᠤᠨ ᠦᠷᠭᠦᠯᠵᠢᠯᠡᠭᠰᠡᠨ ᠶᠡᠬᠡ ᠪᠤᠶᠠᠨᠲᠠᠢ
ᠨᠠᠷᠠ ᠰᠠᠷᠠᠳ ᠤ᠋ᠨ ᠭᠡᠷᠡᠯ ᠮᠡᠲᠦ ᠰᠠᠷᠠᠭᠤᠯ ᠰᠠᠢᠬᠠᠨ ᠤᠬᠠᠭᠠᠲᠠᠢ
ᠲᠡᠭᠦᠰ ᠵᠢᠪᠬᠤᠯᠠᠩᠲᠤ ᠳᠥᠷᠪᠡᠨ ᠣᠢᠷᠠᠳ ᠤ᠋ᠨ ᠠᠮᠢᠲᠠᠨ ᠢ᠋
ᠡᠭᠦᠯᠡᠨ ᠮᠡᠲᠦ ᠴᠤᠭᠯᠠᠭᠤᠯᠵᠤ
ᠦᠷᠭᠦᠯᠵᠢᠳᠡ ᠪᠡᠨ ᠬᠠᠮᠲᠤ ᠠᠷᠢᠬᠢ ᠴᠢᠬᠡ ᠬᠣᠶᠠᠷ ᠢ᠋ᠶ᠋ᠠᠷ ᠢ᠋ᠶ᠋ᠠᠨ
ᠨᠠᠢᠷᠯᠠᠬᠤ ᠶ᠋ᠢᠨ ᠲᠠᠨᠢ ᠪᠡᠯᠭᠡ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠪᠤᠷᠬᠠᠨ ᠰᠢᠭᠡᠮᠦᠨᠢ ᠶ᠋ᠢᠨ ᠭᠡᠭᠡᠨ
ᠣᠷᠴᠢᠯᠠᠩ ᠽᠠᠮᠪᠤᠯᠢᠩ ᠤ᠋ᠨ ᠳᠤᠮᠳᠠ
ᠵᠠᠭᠠᠷ ᠳᠣᠷᠵᠢ ᠲᠠᠩᠳᠠ ᠥᠭᠡᠳᠡ ᠪᠣᠯᠵᠤ ᠪᠠᠢᠬᠤ ᠴᠠᠭ ᠲᠤ᠌
ᠬᠦᠴᠦᠨ ᠦ᠌ ᠬᠦᠷᠳᠦ ᠶ᠋ᠢ ᠣᠷᠴᠢᠭᠤᠯᠵᠤ
ᠨᠣᠮ ᠤ᠋ᠨ ᠬᠦᠷᠳᠦ ᠶ᠋ᠢ ᠡᠷᠭᠢᠭᠦᠯᠵᠦ ᠪᠠᠢᠬᠤ ᠴᠠᠭ ᠲᠤ᠌
ᠨᠠᠷᠠᠨ ᠲᠦᠷᠡᠰᠦ ᠪᠠ ᠶ᠋ᠢ ᠬᠥᠯᠭᠡᠯᠡᠵᠦ
ᠰᠠᠨᠰᠠᠷ ᠮᠥᠯᠲᠢᠪ ᠦ᠋ᠨ ᠣᠷᠣᠨ ᠠ᠋ᠴᠠ
ᠨᠠᠢ᠍ᠮᠠᠨ ᠲᠦᠮᠡᠨ ᠠᠮᠢᠲᠠᠨ ᠤ᠋ ᠬᠡᠷᠡᠭ ᠬᠢᠯᠢᠨᠴᠡᠭ ᠢ᠋ ᠠᠷᠢᠯᠭᠠᠵᠤ
ᠵᠡᠭᠦᠨ ᠡᠮᠦᠨᠡᠲᠦ ᠵᠦᠭ ᠡᠴᠡ ᠬᠣᠯᠠ ᠬᠣᠩᠭᠣᠷ ᠯᠠᠭᠤᠰᠠ ᠲᠠᠢ
ᠬᠤᠷᠴᠠ ᠰᠠᠢᠬᠠᠨ ᠭᠡᠭᠡᠲᠡᠢ
ᠬᠤᠷᠳᠤᠨ ᠰᠠᠢᠬᠠᠨ ᠵᠠᠷᠯᠢᠬᠲᠠᠶ
ᠮᠡᠯᠮᠡᠯᠵᠡᠭᠰᠡᠨ ᠭᠡᠭᠡᠲᠡᠢ ᠮᠢᠰᠢᠯᠵᠡᠭᠰᠡᠨ ᠳᠦᠷᠢᠲᠡᠢ
ᠤᠬᠠᠭ᠎ᠠ ᠪᠢᠯᠢᠭ ᠢ᠋ ᠬᠠᠢᠷᠠᠯᠠᠭᠴᠢ ᠢᠲᠡᠭᠡᠯ ᠮᠠᠨᠵᠤᠰᠢᠷᠢ
ᠣᠨᠴᠠ ᠶᠡᠬᠡ ᠰᠠᠬᠢᠯ ᠢ᠋ ᠬᠦᠷᠲᠡᠭᠡᠭᠴᠢ ᠳ᠋ᠸᠨᠴᠢᠨᠵᠢᠮᠪᠢ
ᠦᠢᠯᠡ ᠶ᠋ᠢᠨ ᠡᠷᠯᠢᠭ ᠳᠠᠮᠳᠢᠨ ᠴᠣᠢᠵᠢ
ᠬᠦᠰᠡᠯᠡᠩ ᠦ᠋ᠨ ᠡᠵᠡᠨ ᠡᠷᠬᠡ ᠰᠦᠷᠲᠦ
ᠪᠠᠯᠳᠠᠨ ᡀᠠᠮᠣ ᠪᠤᠷᠬᠠᠨ ᠲᠡᠷᠢᠭᠦᠯᠡᠭᠡᠳ
ᠡᠷᠳᠡᠨᠢ ᠶ᠋ᠢᠨ ᠴᠣᠭᠲᠤ ᠡᠵᠡᠳ ᠦ᠋ᠳ ᠢ᠋ᠶ᠋ᠡᠨ ᠵᠠᠯᠠᠵᠤ
ᠡᠨᠡᠰᠭᠡᠯ ᠦ᠋ᠨ ᠳᠡᠭᠡᠳᠦ ᠪᠣᠭᠲᠠᠴᠤᠳ ᠢ᠋ᠶ᠋ᠠᠨ ᠵᠠᠯᠠᠵᠤ
ᠠᠯᠲᠠᠨ ᠰᠣᠨᠣᠷ ᠤ᠋ᠨ ᠭᠡᠭᠡᠨ ᠳ᠋ᠦ᠍ ᠠᠢᠯᠠᠳᠬᠠᠵᠤ
ᠠᠭᠢ ᠲᠦᠰᠢᠮᠡᠳ ᠦ᠋ᠨ ᠳᠡᠷᠭᠡᠳᠡ ᠮᠡᠳᠡᠭᠦᠯᠵᠦ
ᠲᠤᠯᠤᠮᠲᠤ ᠴᠠᠭᠠᠨ ᠰᠥᠩ ᠦ᠋ᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠲᠡᠭᠷᠢ ᠶ᠋ᠢᠨ ᠬᠥᠪᠡᠭᠦᠨ ᠭᠬᠢᠷᠢ ᠦᠭᠡᠢ ᠰᠠᠷᠠᠨ ᠮᠠᠰᠢ ᠲᠣᠳᠣᠷᠬᠠᠢ
ᠨᠠᠷᠠᠨ ᠬᠢᠭᠡᠳ ᠣᠭᠲᠠᠷᠭᠤᠢ ᠠ᠋ᠴᠠ ᠪᠠᠭᠤᠭᠰᠠᠨ
ᠣᠯᠠᠨ ᠲᠦᠮᠡᠨ ᠦ᠌ ᠲᠤᠰᠠ ᠶ᠋ᠢᠨ ᠲᠤᠯᠠᠳᠠ
ᠬᠥᠮᠦᠨ ᠡᠴᠡ ᠦᠯᠡᠮᠵᠢ ᠳᠡᠭᠡᠳᠦ ᠢᠵᠠᠭᠤᠷ ᠲᠠᠢ
ᠨᠢᠭᠡᠨ ᠰᠠᠢᠬᠠᠨ ᠤᠬᠠᠭᠠᠲᠠᠢ ᠬᠥᠮᠦᠨ ᠭᠡᠢᠵᠦ ᠲᠣᠳᠣᠷᠠᠭᠰᠠᠨ ᠢ᠋
ᠨᠢᠭᠡᠨ ᠮᠠᠭᠤ ᠰᠠᠨᠠᠭᠠᠲᠠᠢ ᠬᠥᠮᠦᠨ ᠭᠠᠷᠴᠤ ᠢᠷᠡᠭᠡᠳ
ᠵᠡᠰ ᠬᠠᠢᠷᠴᠠᠭ ᠲᠤ᠌ ᠲᠦᠷᠢᠵᠦ
ᠭᠠᠩᠭ᠎ᠠ ᠮᠥᠷᠡᠨ ᠳ᠋ᠦ᠍ ᠣᠷᠬᠢᠭᠰᠠᠨ ᠢ᠋
ᠬᠤᠲᠤᠭᠲᠤ ᠬᠤᠨᠴᠢᠨ ᠪᠣᠳᠢ ᠰᠠᠲᠤᠠ ᠡᠨᠡᠷᠢᠩᠭᠦᠢ ᠪᠡᠷ
ᠪᠠᠯᠪᠤ ᠲᠥᠪᠡᠳ ᠬᠣᠶᠠᠷ ᠤ᠋ᠨ ᠵᠠᠪᠰᠠᠷ ᠬᠦᠷᠴᠦ ᠢᠷᠡᠭᠡᠳ
ᠮᠠᠯᠴᠢᠨ ᠨᠢᠭᠡᠨ ᠬᠥᠮᠦᠨ ᠣᠯᠵᠤ ᠠᠪᠤᠭᠠᠳ
ᠴᠢ ᠬᠠᠨ᠎ᠠ ( ᠬᠠᠮᠢᠭ᠎ᠠ ) ᠠ᠋ᠴᠠ ᠢᠷᠡᠪᠡ ᠭᠡᠵᠦ ᠠᠰᠠᠭᠤᠪᠠ
ᠲᠡᠭᠷᠢ ᠬᠠᠷᠠᠵᠤ ᠳᠠᠭᠤ ᠭᠠᠷᠪᠠ
ᠡᠨᠡ ᠴᠦ᠍ ᠲᠩᠷᠢ ᠡᠴᠡ ᠢᠷᠡᠭᠰᠡᠨ ᠮᠠᠭᠠᠳ ᠮᠥᠨ ᠪᠥᠯᠥᠭᠡ ᠪᠡᠷ ᠰᠠᠨᠠᠵᠤ
ᠬᠦᠵᠦᠭᠦᠨ ᠳᠡᠭᠡᠷ᠎ᠡ ᠪᠡᠨ ᠡᠷᠭᠦᠵᠦ ᠢᠷᠡᠪᠡ
ᠲᠡᠭᠦᠨ ᠦ᠌ ᠬᠣᠢᠨ᠎ᠠ
ᠬᠦᠵᠦᠭᠦᠨ ᠰᠢᠷᠡᠭᠡᠲᠦ ᠬᠠᠭᠠᠨ ᠭᠡᠮᠡᠨ ᠠᠯᠳᠠᠷᠰᠢᠵᠤ
ᠬᠦᠨᠳᠦ ᠶᠡᠬᠡ ᠬᠡᠰᠢᠭ ᠪᠤᠶᠠᠨ ᠨᠡᠷ᠎ᠡ ᠶ᠋ᠢ ᠨᠢ ᠳᠤᠷᠠᠳᠴᠤ
ᠵᠠᠯᠪᠤ ᠰᠦᠷᠦᠩᠵᠢᠩ ᠲᠠᠢᠵᠢ ᠪᠣᠯᠵᠤ ᠮᠣᠷᠢᠯᠠᠭᠠᠳ
ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ
ᠵᠢᠪᠬᠤᠯᠠᠩᠲᠠᠢ ᠰᠠᠢᠬᠠᠨ ᠵᠢᠷᠭᠠᠵᠤ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠶᠡᠷᠡᠨ ᠶᠢᠰᠦᠨ ᠬᠠᠨ ᠬᠤᠷᠮᠤᠰᠲᠠᠨ ᠲᠡᠭᠷᠢ ᠶ᠋ᠢᠨ ᠣᠷᠣᠨ ᠠ᠋ᠴᠠ ᠡᠭᠦᠰᠦᠭᠰᠡᠨ
ᠶᠢᠰᠦᠭᠡᠢ ᠪᠠᠭᠠᠲᠤᠷ ᠤ᠋ᠨ ᠤᠭ ᠠ᠋ᠴᠠ ᠰᠠᠯᠵᠤ ᠭᠡᠢᠵᠦ ᠭᠠᠷᠤᠭᠰᠠᠨ
ᠴᠢᠩᠭᠢᠰ ᠪᠣᠭᠳᠠ ᠡᠵᠡᠨ ᠬᠠᠭᠠᠨ
ᠡᠨᠡᠳᠬᠡᠭ ᠲᠥᠪᠡᠳ ᠦ᠋ᠨ ᠬᠥᠮᠦᠨ ᠠᠮᠢᠲᠠᠨ ᠢ᠋
ᠡᠮᠦᠨ᠎ᠡ ᠪᠡᠨ ᠴᠤᠭᠯᠠᠭᠤᠯᠵᠤ ᠬᠤᠷᠢᠶᠠᠭᠠᠳ
ᠨᠠᠭᠤᠷ ᠳᠠᠯᠠᠢ ᠮᠡᠲᠦ ᠶᠡᠬᠡ ᠬᠤᠷᠢᠮ ᠢ᠋ ᠲᠥᠬᠥᠭᠡᠷᠡᠵᠦ ᠲᠠᠯᠪᠢᠭᠠᠳ
ᠨᠠᠢᠷ ᠪᠢᠯᠢᠭ ᠬᠣᠶᠠᠷ ᠢ᠋ ᠤᠳᠤᠷᠢᠳᠤᠭᠠᠳ
ᠵᠤᠨ ᠤ᠋ ᠲᠡᠷᠢᠭᠦᠨ ᠰᠠᠷ᠎ᠠ ᠶ᠋ᠢᠨ
ᠰᠢᠨ᠎ᠡ ᠶ᠋ᠢᠨ ᠳᠦᠭᠦᠷᠡᠩ
ᠠᠷᠪᠠᠨ ᠨᠢᠭᠡᠨ ᠭᠡᠭᠰᠡᠨ ᠡᠳᠦᠷ
ᠵᠤᠯᠠ ᠬᠦᠵᠢ ᠶ᠋ᠢ ᠪᠡᠨ ᠪᠠᠷᠢᠭᠠᠳ
ᠲᠡᠭᠷᠢ ᠡᠴᠢᠭᠡ ᠶ᠋ᠢ ᠪᠡᠨ ᠳᠠᠬᠢᠭᠠᠳ
ᠣᠯᠠᠨ ᠮᠥᠷᠡᠳ ᠴᠢᠤᠠᠬᠤᠯᠠᠩᠲᠤ
ᠭᠦᠨ ᠮᠥᠷᠡᠳ ᠵᠢᠪᠬᠤᠯᠠᠩᠲᠤ
ᠠᠪᠢᠷ ᠳᠠᠯᠠᠢ ᠭᠡᠭᠴᠢ ᠶ᠋ᠢᠨ ᠣᠷᠣᠨ ᠠ᠋ᠴᠠ ᠡᠭᠦᠰᠦᠭᠰᠡᠨ
ᠨᠢᠭᠡᠨ ᠡᠪᠦᠭᠡ ᠶ᠋ᠢᠨ ᠶᠠᠰᠤᠲᠠᠢ
ᠭᠠᠯᠭᠢᠶᠠᠰ ᠮᠣᠩᠭᠣᠯ ᠤ᠋ᠨ
ᠳᠥᠷᠪᠡᠨ ᠣᠢᠷᠠᠳ ᠳᠥᠴᠢᠨ ᠮᠣᠩᠭᠣᠯ
ᠲᠤᠯᠤᠭᠠᠳ ᠤ᠋ᠨ ᠬᠤᠰᠢᠭᠤᠨ
ᠨᠠᠢ᠍ᠮᠠᠳ ᠤ᠋ᠨ ᠠᠢᠮᠠᠭ ᠴᠤᠭᠯᠠᠷᠠᠭᠰᠠᠨ ᠤ᠋ ᠳᠤᠮᠳᠠ
ᠳᠣᠪᠲᠤᠯᠭᠠᠨᠲᠤ ᠬᠥᠬᠡ ᠯᠤᠤ ᠶ᠋ᠢᠨ ᠳᠠᠭᠤᠨ ᠮᠡᠲᠦ ᠬᠦᠴᠦ ᠶᠡᠬᠡᠲᠡᠢ
ᠳᠣᠷᠭᠢᠯᠭᠠᠲᠤ ᠰᠦᠮᠪᠦᠷ ᠠᠭᠤᠯᠠ ᠮᠡᠲᠦ ᠪᠠᠲᠤ
ᠰᠠᠢᠬᠠᠨ ᠵᠢᠪᠬᠤᠯᠠᠩᠲᠠᠢ ᠰᠠᠢᠬᠠᠨ ᠵᠢᠷᠭᠠᠵᠤ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠬᠠᠪᠤᠷ ᠤ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠨᠢᠭᠡᠨ
ᠠᠷᠪᠠᠨ ᠳᠦᠭᠦᠷᠡᠩ ᠭᠡᠭᠰᠡᠨ ᠡᠳᠦᠷ
ᠴᠢᠩᠭᠢᠰ ᠪᠣᠭᠳᠠ ᠬᠠᠭᠠᠨ
ᠬᠠᠭᠠᠨ ᠰᠢᠷᠡᠭᠡ ᠳ᠋ᠦ᠍
ᠥᠭᠡᠳᠡ ᠪᠣᠯᠵᠤ ᠰᠠᠭᠤᠵᠤ ᠪᠠᠢᠬᠤ ᠴᠠᠭ ᠲᠤ᠌
ᠤᠷᠢᠳᠤ ᠦᠵᠡᠭᠰᠡᠨ ᠦᠭᠡᠢ ᠨᠢᠭᠡᠨ ᠰᠠᠢᠬᠠᠨ ᠰᠢᠪᠠᠭᠤᠨ
ᠬᠥᠷ ᠴᠢᠯᠠᠭᠤᠨ ᠳᠡᠭᠡᠷ᠎ᠡ ᠪᠠᠭᠤᠵᠤ
ᠵᠢᠩᠭᠢᠷ ᠵᠢᠩᠭᠢᠷ ᠭᠡᠮᠡᠨ ᠢᠷᠠᠭᠤᠨ ᠰᠠᠢᠬᠠᠨ ᠳᠠᠭᠤ ᠭᠠᠷᠴᠤ
ᠲᠦᠰᠢᠮᠡᠳ ᠦ᠋ᠳ ᠶᠡᠬᠡ ᠥᠯᠵᠡᠢᠲᠡᠢ ᠪᠣᠯᠪᠠ ᠭᠡᠵᠦ
ᠵᠢᠩᠭᠢᠷ ᠵᠠᠯᠪᠤ ᠭᠡᠵᠦ ᠴᠠᠮ ᠪᠠᠷᠢᠭᠠᠳ
ᠲᠡᠭᠦᠨ ᠦ᠌ ᠬᠣᠢᠨ᠎ᠠ ᠴᠢᠩᠭᠢᠰ ᠦ᠋ᠨ ᠳᠥᠷᠪᠡᠳᠦᠭᠡᠷ ᠦᠶ᠎ᠡ ᠳ᠋ᠦ᠍
ᠤᠬᠠᠭ᠎ᠠ ᠲᠡᠭᠦᠯᠳᠡᠷ ᠥᠯᠵᠡᠢᠲᠦ ᠬᠠᠭᠠᠨ ᠤ᠋ ᠴᠠᠭ ᠲᠤ᠌
ᠤᠷᠢᠳᠤ ᠰᠢᠪᠠᠭᠤᠨ ᠪᠠᠭᠤᠵᠤ ᠪᠠᠢᠭᠰᠠᠨ ᠶᠡᠬᠡ ᠬᠥᠷ ᠴᠢᠯᠠᠭᠤ ᠶ᠋ᠢ
ᠭᠠᠢᠬᠠᠬᠤ ᠶ᠋ᠢᠨ ᠭᠠᠢᠬᠠᠮᠰᠢᠭ ᠪᠣᠯᠪᠠ ᠭᠡᠵᠦ ᠪᠠᠯᠪᠠ ᠶᠠᠰᠠᠵᠤ
ᠰᠢᠢᠮᠤᠩ ᠶᠤᠩᠲᠡᠨ ᠴᠢᠰᠭᠦ ᠶᠤᠩᠲᠡᠨ
ᠨᠠᠢ᠍ᠮᠠᠨ ᠦᠵᠦᠭ ᠲᠡᠭᠦᠯᠳᠡᠷ ᠪᠣᠯᠵᠤ
ᠬᠠᠰ ᠶᠤᠩᠲᠡᠨ ᠡᠷᠳᠡᠨᠢ ᠲᠠᠮᠠᠭ᠎ᠠ ᠭᠠᠷᠴᠤ
ᠲᠡᠷᠡ ᠨᠠᠢ᠍ᠮᠠᠨ ᠦᠵᠦᠭ ᠦ᠋ᠨ
ᠤᠴᠢᠷ ᠤᠳᠬ᠎ᠠ ᠶᠠᠭᠤᠨ ᠪᠠᠢᠨ᠎ᠠ ᠬᠡᠮᠡᠪᠡᠰᠦ᠄
ᠲᠡᠭᠷᠢ ᠶ᠋ᠢᠨ ᠪᠣᠱᠣᠭ ᠢ᠋ᠶ᠋ᠠᠷ ᠲᠥᠷᠥ ᠲᠣᠭᠲᠠᠵᠤ
ᠳᠡᠩᠰᠡᠯ ᠦᠭᠡᠢ ᠦᠷᠭᠦᠯᠵᠢᠳᠡ ᠪᠠᠳᠠᠷᠠᠬᠤ ᠭᠡᠰᠡᠨ ᠭᠡᠵᠦ
ᠪᠠᠷ᠎ᠠ ᠲᠡᠷᠢᠭᠦᠨ ᠲᠠᠮᠠᠭ᠎ᠠ ᠪᠠᠨ
ᠪᠠᠷᠠᠭᠤᠨ ᠮᠣᠳᠣᠷ ᠲᠠᠭᠠᠨ ᠵᠠᠯᠠᠵᠤ
ᠪᠠᠤᠠᠮᠠᠷ᠎ᠠ ᠶ᠋ᠢ ᠵᠢᠩᠰᠡ ᠶ᠋ᠢᠨ ᠢ᠋ᠶ᠋ᠡᠨ
ᠣᠷᠣᠢ ᠶ᠋ᠢᠨ ᠳᠡᠭᠡᠷ᠎ᠡ ᠪᠡᠨ ᠵᠠᠯᠠᠵᠤ
ᠣᠷᠣᠢ ᠶ᠋ᠢᠨ ᠴᠢᠮᠡᠭ ᠣᠷᠴᠢᠯᠠᠩ ᠤ᠋ᠨ ᠨᠠᠷᠠᠨ ᠮᠡᠲᠦ
ᠡᠵᠡᠨ ᠦ᠌ ᠮᠠᠨᠢ ᠮᠥᠩᠬᠡ ᠴᠠᠭᠠᠨ ᠲᠥᠷᠥ
ᠲᠦᠮᠡ ᠲᠦᠮᠡᠨ ᠵᠢᠯ ᠢ᠋ᠶ᠋ᠡᠷ ᠳᠡᠯᠭᠡᠷᠡᠬᠦ ᠶ᠋ᠢᠨ ᠲᠤᠯᠠᠳᠠ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠵᠡᠭᠦᠨ ᠵᠦᠭ ᠦ᠋ᠨ ᠬᠤᠷ ᠬᠡᠮᠡᠭᠴᠢ ᠶᠡᠬᠡ ᠮᠣᠩᠭᠣᠯ ᠣᠷᠣᠨ ᠳ᠋ᠤ᠌
ᠵᠢᠪᠬᠤᠯᠠᠩᠲᠠᠢ ᠲᠥᠷᠥᠭᠰᠡᠨ ᠲᠦᠮᠡᠳ ᠦ᠋ᠨ ᠠᠯᠲᠠᠨ ᠬᠠᠭᠠᠨ
ᠬᠠᠮᠤᠭ ᠢ᠋ ᠮᠡᠳᠡᠭᠴᠢ ᠰᠣᠤᠠᠨᠠᠮᠵᠠᠮᠼᠤ ᠶ᠋ᠢ ᠤᠷᠢᠭᠠᠳ
ᠬᠠᠲᠤᠨ ᠲᠡᠷᠢᠭᠦᠯᠡᠨ ᠨᠣᠶᠠᠨ ᠲᠠᠢᠵᠢ ᠪᠠᠶᠠᠰᠤᠭᠠᠳ
ᠳᠠᠯᠠᠢ ᠪᠣᠭᠳᠠ ᠠᠯᠳᠠᠷ ᠢ᠋ ᠲᠡᠨᠳᠡ ᠡᠬᠢᠯᠡᠵᠦ ᠡᠷᠭᠦᠭᠡᠳ
ᠬᠦᠴᠦᠨ ᠦ᠌ ᠬᠦᠷᠳᠦ ᠣᠷᠴᠢᠭᠤᠯᠤᠭᠴᠢ ᠬᠠᠭᠠᠨ ᠴᠣᠯᠠ ᠬᠦᠷᠲᠡᠭᠡᠳ
ᠨᠣᠮ ᠰᠠᠨᠰᠠᠷ ᠤ᠋ᠨ ᠠᠪᠬᠤ ᠢᠪᠡᠭᠡᠬᠦ ᠬᠣᠶᠠᠷ ᠤ᠋ᠨ ᠢᠯᠭᠠᠯ ᠢ᠋
ᠥᠪᠡᠷ ᠦ᠋ᠨ ᠣᠶᠤᠨ ᠳ᠋ᠤᠷ ᠢᠯᠭᠠᠵᠤ ᠮᠡᠳᠡᠭᠡᠳ
ᠠᠯᠲᠠᠨ ᠲᠣᠭᠠᠲᠤ ᠶ᠋ᠢᠨ ᠥᠭᠦᠯᠡᠭᠰᠡᠨ ᠦᠭᠡ ᠮᠡᠲᠦ ᠪᠡᠷ
ᠣᠷᠴᠢᠭᠤᠯᠵᠤ ᠢᠷᠥᠭᠡᠭᠰᠡᠨ ᠬᠦᠴᠦᠨ ᠢ᠋ᠶ᠋ᠡᠷ
ᠳᠡᠭᠡᠳᠦ ᠲᠡᠭᠷᠢ ᠥᠷᠯᠥᠭ ᠨᠣᠶᠠᠲᠤᠰ ᠤ᠋ᠨ ᠮᠠᠨᠢ
ᠳᠡᠷᠭᠡᠳᠡ ᠪᠠᠢᠭᠰᠠᠨ ᠬᠠᠲᠤᠨ ᠲᠠᠢᠵᠢ
ᠠᠭᠢ ᠲᠦᠰᠢᠮᠡᠳ ᠠᠯᠪᠠᠲᠤ ᠬᠤᠰᠢᠭᠤᠨ ᠪᠦᠭᠦᠳᠡᠭᠡᠷ
ᠨᠠᠮᠰᠠᠷᠠᠢ ᠪᠤᠷᠬᠠᠨ ᠲᠠᠢᠵᠢ ᠯᠤᠭ᠎ᠠ ᠲᠡᠩᠴᠡᠭᠡᠳ
ᠬᠡᠯᠪᠡᠷᠢᠯ ᠦᠭᠡᠢ ᠶᠡᠬᠡ ᠲᠣᠯᠪᠣᠲᠠᠢ
ᠲᠥᠷᠥ ᠳ᠋ᠦ᠍ ᠦᠭᠡᠢ ᠶᠡᠬᠡ ᠴᠣᠯᠠ ᠲᠠᠢ
ᠲᠦᠭᠡᠮᠡᠯ ᠶᠡᠬᠡ ᠪᠤᠶᠠᠨᠲᠠᠢ
ᠲᠥᠪ ᠰᠠᠢᠬᠠᠨ ᠵᠢᠷᠭᠠᠯᠠᠩᠲᠠᠢ
ᠳᠡᠯᠪᠢᠭᠦᠦ ᠮᠡᠲᠦ ᠳᠡᠯᠭᠡᠷᠡᠭᠰᠡᠨ
ᠨᠠᠪᠴᠢ ᠴᠡᠴᠡᠭ ᠢ᠋ᠶ᠋ᠡᠷ ᠳᠦᠭᠦᠷᠦᠭᠰᠡᠨ
ᠨᠠᠭᠤᠷ ᠤ᠋ᠨ ᠮᠡᠯᠮᠡᠭᠡᠷ ᠨᠣᠭᠣᠭᠠᠬᠠᠨ ᠠ᠋ᠴᠠ ᠦᠯᠡᠮᠵᠢ ᠭᠦᠨ ᠲᠤᠩᠭᠠᠯᠠᠭ
ᠵᠢᠪᠬᠤᠯᠠᠩᠲᠠᠢ ᠰᠠᠢᠬᠠᠨ ᠵᠢᠷᠭᠠᠵᠤ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠬᠠᠯᠬ᠎ᠠ ᠮᠣᠩᠭᠣᠯ ᠤ᠋ᠨ ᠤᠨᠤᠨ ᠲᠤᠤᠯᠠ ᠶ᠋ᠢᠨ ᠬᠥᠪᠡᠭᠡᠨ ᠳ᠋ᠦ᠍
ᠴᠣᠭᠲᠤ ᠴᠦᠭᠦᠷ ᠬᠠᠭᠠᠨ ᠭᠡᠮᠡᠨ ᠨᠢᠭᠡᠨ ᠠᠯᠳᠠᠷᠰᠢᠭᠰᠠᠨ
ᠲᠡᠭᠦᠨ ᠦ᠌ ᠬᠣᠢᠨ᠎ᠠ ᠬᠠᠯᠬ᠎ᠠ ᠳᠣᠲᠣᠷ᠎ᠠ ᠶᠡᠬᠡ ᠡᠪᠳᠡᠷᠡᠯ ᠪᠣᠯᠵᠤ
ᠥᠪᠡᠷ ᠦ᠋ᠨ ᠣᠷᠣᠨ ᠠ᠋ᠴᠠ ᠲᠡᠷᠡ ᠪᠡᠷ ᠰᠠᠯᠵᠤ ᠭᠠᠷᠤᠭᠠᠳ
ᠬᠥᠬᠡ ᠨᠠᠭᠤᠷ ᠲᠥᠪᠡᠳ ᠦ᠋ᠨ ᠳᠤᠮᠳᠠ ᠢᠷᠡᠭᠰᠡᠨ ᠢ᠋
ᠪᠤᠷᠬᠠᠨ ᠱᠠᠭᠵᠠᠮᠤᠨᠢ ᠶ᠋ᠢᠨ ᠵᠠᠷᠯᠢᠭ ᠢ᠋ᠶ᠋ᠠᠷ
ᠬᠦᠴᠦᠨ ᠦ᠌ ᠬᠦᠷᠳᠦ ᠶ᠋ᠢ ᠣᠷᠴᠢᠭᠤᠯᠵᠤ
ᠮᠢᠩᠭᠠᠨ ᠪᠤᠷᠬᠠᠨ ᠤ᠋ ᠳᠦᠷᠢ ᠶ᠋ᠢ ᠬᠤᠷᠢᠶᠠᠭᠰᠠᠨ
ᠲᠦᠮᠡᠨ ᠬᠥᠮᠦᠨ ᠦ᠌ ᠳᠦᠷᠢ ᠶ᠋ᠢ ᠪᠠᠷᠢᠭᠰᠠᠨ
ᠭᠤᠴᠢᠨ ᠲᠠᠪᠤᠨ ᠡᠷᠳᠡᠮ ᠢ᠋ ᠪᠦᠷᠢᠨ ᠲᠡᠭᠦᠰᠬᠡᠭᠰᠡᠨ
ᠭᠤᠷᠪᠠᠳᠤᠭᠠᠷ ᠪᠠᠷᠰ ᠲᠥᠷᠥᠪᠠᠢᠬᠤ ᠭᠡᠭᠡᠨ ᠭᠦᠦᠰᠢ ᠬᠠᠭᠠᠨ
ᠥᠪᠡᠷ ᠦ᠋ᠨ ᠣᠷᠣᠨ ᠳ᠋ᠤᠷ ᠲᠡᠭᠦᠨ ᠢ᠋ ᠰᠣᠨᠣᠰᠤᠭᠠᠳ
ᠣᠯᠠᠨ ᠶᠡᠬᠡ ᠴᠡᠷᠢᠭ ᠳᠠᠭᠠᠭᠤᠯᠵᠤ ᠮᠣᠷᠢᠯᠠᠭᠠᠳ
ᠭᠠᠯ ᠦᠬᠡᠷ ᠵᠢᠯ ᠦ᠋ᠨ ᠠᠩᠬᠠᠨ ᠤ᠋ ᠰᠠᠷ᠎ᠠ ᠳ᠋ᠤ᠌
ᠬᠥᠬᠡ ᠨᠠᠭᠤᠷ ᠤ᠋ᠨ ᠬᠥᠪᠡᠭᠡᠨ ᠳ᠋ᠦ᠍ ᠮᠣᠷᠢᠯᠠᠭᠠᠳ
ᠬᠠᠯᠬ᠎ᠠ ᠴᠣᠭᠲᠤ ᠶ᠋ᠢ ᠬᠢᠯᠪᠠᠷ ᠠᠶ᠎ᠠ ᠪᠠᠷ ᠳᠠᠷᠤᠭᠠᠳ
ᠲᠡᠷᠡ ᠵᠢᠯ ᠳ᠋ᠦ᠍ᠷ ᠪᠠᠷᠠᠭᠤᠨ ᠶᠡᠬᠡ ᠵᠣᠣ ᠳ᠋ᠤ᠌ ᠪᠠᠭᠤᠵᠤ
ᠲᠡᠷᠢᠭᠦᠨ ᠳ᠋ᠦ᠍ᠷ ᠱᠠᠵᠢᠨ ᠢ᠋ ᠪᠠᠷᠢᠭᠴᠢ ᠴᠣᠯᠠ ᠡᠷᠭᠦᠮᠵᠢᠯᠡᠭᠡᠳ
ᠰᠢᠷᠣᠢ ᠲᠠᠤᠯᠠᠢ ᠵᠢᠯ ᠦ᠋ᠨ ᠳᠤᠮᠳᠠ ᠳ᠋ᠤᠷ ᠬᠦᠷᠴᠦ
ᠺᠠᠮ ᠣᠷᠣᠨ ᠤ᠋ ᠵᠢᠷᠭᠤᠭᠠᠨ ᠰᠢᠯᠢ ᠳ᠋ᠦ᠍ ᠮᠣᠷᠳᠠᠭᠠᠳ
ᠲᠡᠮᠦᠷ ᠯᠤᠤ ᠵᠢᠯ ᠦ᠋ᠨ ᠡᠪᠦᠯ ᠦ᠋ᠨ ᠰᠠᠷ᠎ᠠ ᠳ᠋ᠤᠷ ᠪᠣᠯᠵᠤ
ᠪᠡᠷᠢ ᠬᠠᠭᠠᠨ ᠢ᠋ ᠳᠠᠷᠤᠵᠤ ᠠᠶᠠᠯᠠᠭᠠᠳ
ᠲᠡᠮᠦᠷ ᠮᠣᠭᠠᠢ ᠵᠢᠯ ᠦ᠋ᠨ ᠬᠣᠶᠠᠷ ᠰᠠᠷ᠎ᠠ ᠶ᠋ᠢᠨ ᠲᠠᠪᠤᠨ ᠳ᠋ᠤ᠌
ᠽᠠᠩ ᠤ᠋ᠨ ᠬᠠᠭᠠᠨ ᠽᠠᠩᠪᠠ ᠶ᠋ᠢ ᠬᠤᠷᠢᠶᠠᠭᠠᠳ
ᠲᠠᠪᠤᠳᠤᠭᠠᠷ ᠳᠠᠯᠠᠢ ᠯᠠᠮᠠ ᠶ᠋ᠢᠨ ᠭᠡᠭᠡ ᠶ᠋ᠢ ᠽᠠᠩ ᠳ᠋ᠤᠷ ᠵᠠᠯᠠᠵᠤ
ᠬᠠᠮᠤᠭ ᠢ᠋ ᠠᠢᠯᠠᠳᠤᠭᠴᠢ ᠪᠠᠨᠴᠢᠨ ᠡᠷᠳᠡᠨᠢ ᠶ᠋ᠢ ᠭᠡᠭᠡᠨ ᠳ᠋ᠦ᠍ ᠡᠷᠭᠦᠮᠵᠢᠯᠡᠵᠦ
ᠠᠷᠪᠠᠨ ᠭᠤᠷᠪᠠᠨ ᠲᠦᠮᠡᠨ ᠲᠥᠪᠡᠳ ᠢ᠋ ᠲᠣᠭᠠᠯᠠᠵᠤ ᠪᠠᠷᠢᠭᠠᠳ
ᠠᠯᠲᠠᠨ ᠲᠦᠰᠢᠯᠭᠡᠲᠦ ᠬᠠᠭᠠᠨ ᠰᠢᠷᠡᠭᠡᠨ ᠳ᠋ᠦ᠍ᠷ ᠵᠠᠯᠠᠷᠠᠭᠠᠳ
ᠢᠯᠠᠩᠭᠤᠶ᠎ᠠ ᠪᠣᠭᠳᠠ ᠽᠤᠩᠺᠠᠤᠠ ᠶ᠋ᠢᠨ
ᠰᠢᠷ᠎ᠠ ᠶ᠋ᠢᠨ ᠱᠠᠵᠢᠨ ᠠᠯᠲᠠᠨ ᠰᠢᠭᠦᠷ ᠢ᠋
ᠰᠦᠮᠪᠦᠷ ᠠᠭᠤᠯᠠ ᠶ᠋ᠢᠨ ᠦᠵᠦᠭᠦᠷ ᠲᠦ᠍ ᠰᠠᠴᠤᠭᠤᠯᠵᠤ ᠬᠠᠳᠬᠤᠭᠠᠳ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠡᠵᠡᠨ ᠠᠷᠪᠠᠨ ᠲᠠᠢᠵᠢ ᠶ᠋ᠢᠨ ᠠᠯᠳᠠᠷ ᠨᠡᠷ᠎ᠡ ᠬᠡᠮᠡᠪᠡᠰᠦ
ᠳᠡᠶᠡᠨ ᠸᠴᠢᠷ ᠬᠠᠭᠠᠨ ᠨᠢᠭᠡᠳᠦᠭᠡᠷ
ᠴᠡᠴᠡᠨ ᠳᠠᠢᠴᠢᠩ ᠣᠮᠪᠣ ᠨᠣᠶᠠᠨ ᠬᠣᠶᠠᠳᠤᠭᠠᠷ
ᠪᠠᠶᠠᠨ ᠠᠪᠤᠭᠠᠢ ᠠᠶᠤᠰᠢ ᠭᠤᠷᠪᠠᠳᠤᠭᠠᠷ
ᠳᠠᠯᠠᠨᠲᠠᠢ ᠲᠠᠢᠵᠢ ᠨᠣᠶᠠᠨ ᠳᠥᠷᠪᠡᠳᠦᠭᠡᠷ
ᠢᠯᠳᠦᠴᠢ ᠴᠡᠷᠢᠩ ᠲᠠᠢᠵᠢ ᠲᠠᠪᠤᠳᠤᠭᠠᠷ
ᠳᠣᠷᠵᠢ ᠳᠠᠯᠠᠢ ᠪᠠᠭᠠᠲᠤᠷ ᠵᠢᠷᠭᠤᠳᠤᠭᠠᠷ
ᠡᠷᠳᠡᠨᠢ ᠳᠠᠢᠴᠢᠩ ᠬᠤᠷᠠᠮᠰᠢ ᠳᠣᠯᠣᠳᠤᠭᠠᠷ
ᠰᠠᠩᠭᠠᠷᠵᠠ ᠢᠯᠲᠠᠩ ᠨᠣᠶᠠᠨ ᠨᠠᠢ᠍ᠮᠠᠳᠤᠭᠠᠷ
ᠭᠣᠮᠪᠤᠴᠠᠭᠠᠨ ᠨᠣᠶᠠᠨ ᠲᠠᠢᠵᠢ ᠶᠢᠰᠦᠳᠦᠭᠡᠷ
ᠳᠠᠰᠢᠪᠠᠭᠠᠲᠤᠷ ᠨᠣᠶᠠᠨ ᠲᠠᠢᠵᠢ ᠠᠷᠪᠠᠳᠤᠭᠠᠷ
ᠬᠥᠬᠡ ᠨᠠᠭᠤᠷ ᠵᠡᠭᠦᠨ ᠪᠠᠷᠠᠭᠤᠨ ᠬᠣᠶᠠᠷ ᠬᠤᠪᠢᠶᠠᠷᠢᠯᠠᠭᠠᠳ
ᠠᠬ᠎ᠠ ᠳᠡᠭᠦᠦ ᠬᠣᠷᠢᠨ ᠳᠥᠷᠪᠡᠨ ᠬᠤᠰᠢᠭᠤᠨ ᠬᠡᠮᠡᠭᠡᠳ
ᠣᠷᠴᠢᠯᠠᠩ ᠤ᠋ᠨ ᠨᠠᠷᠠᠨ ᠰᠠᠷᠠᠨ ᠡᠦᠲᠦᠨ ᠮᠡᠲᠦ ᠡᠦᠲᠦ ᠬᠦᠷᠲᠡᠯ᠎ᠡ
ᠤᠭ ᠤᠯᠪᠠᠷᠢᠯ ᠲᠠᠰᠤᠷᠠᠯ ᠦᠭᠡᠢ
ᠵᠢᠯ ᠪᠦᠷᠢᠨ ᠵᠢᠩᠰᠡ ᠲᠠᠨᠢ ᠭᠡᠷᠡᠯ ᠨᠡᠮᠡᠵᠦ
ᠣᠨ ᠪᠦᠷᠢᠨ ᠤᠲᠤᠭ᠎ᠠ ᠲᠠᠨᠢ ᠬᠠᠷᠠᠭ᠎ᠠ ᠨᠡᠮᠡᠵᠦ
ᠣᠯᠠᠨ ᠵᠢᠯ ᠳ᠋ᠦ᠍ ᠦᠢ ᠰᠠᠢᠬᠠᠨ ᠨᠠᠰᠤᠨ ᠰᠡᠭᠦᠳᠡᠷ ᠢ᠋
ᠵᠣᠭᠣᠭᠯᠠᠵᠤ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠴᠠᠭᠠᠨ ᠴᠠᠴᠤᠯᠢ ᠶ᠋ᠢᠨ ᠲᠠᠨᠢ ᠳᠡᠭᠡᠵᠢ ᠶ᠋ᠢ
ᠪᠣᠭᠳᠠ ᠴᠢᠩᠭᠢᠰ ᠬᠠᠭᠠᠨ ᠤ᠋ ᠪᠢᠯᠢᠭ ᠲᠦ᠍
ᠠᠢᠯᠠᠳᠬᠠᠨ ᠡᠷᠭᠦᠪᠡ ᠴᠣᠳ ᠃
ᠤᠤᠮ ᠰᠠᠢᠬᠠᠨ ᠠᠮᠤᠭᠤᠯᠠᠩ ᠪᠣᠯᠬᠤ ᠪᠣᠯᠲᠤᠭᠠᠢ
ᠥᠨᠳᠥᠷ ᠬᠥᠬᠡ ᠣᠭᠲᠠᠷᠭᠤᠢ ᠮᠡᠲᠦ ᠳᠠᠢᠪᠠᠯ ᠦᠭᠡᠢ ᠲᠣᠭᠲᠠᠵᠤ
ᠥᠷᠭᠡᠨ ᠬᠥᠬᠡ ᠵᠦᠯᠭᠡ ᠮᠡᠲᠦ ᠬᠡᠯᠪᠡᠢᠯ ᠦᠭᠡᠢ ᠲᠣᠭᠲᠠᠵᠤ
ᠠᠯᠲᠠᠨ ᠰᠣᠨᠣᠷ ᠤ᠋ᠨ ᠳᠡᠭᠡᠳᠦ ᠭᠡᠭᠡᠨ ᠳ᠋ᠦ᠍ ᠠᠢᠯᠠᠳᠬᠠᠵᠤ
ᠠᠭᠢ ᠲᠦᠰᠢᠮᠡᠳ ᠦ᠋ᠨ ᠳᠡᠷᠭᠡᠳᠡ ᠮᠡᠳᠡᠭᠦᠯᠵᠦ
ᠠᠯᠪᠠᠲᠤ ᠬᠤᠰᠢᠭᠤᠨ ᠤ᠋ ᠳᠤᠮᠳᠠ ᠳᠡᠯᠭᠡᠷᠡᠭᠦᠯᠵᠦ
ᠨᠠᠷᠠ ᠲᠠᠢ ᠣᠭᠲᠠᠷᠭᠤᠢ ᠠ᠋ᠴᠠ ᠲᠠᠲᠠᠭᠰᠠᠨ
ᠲᠠᠪᠤᠨ ᠥᠩᠭᠡ ᠶ᠋ᠢᠨ ᠰᠣᠯᠣᠩᠭ᠎ᠠ ᠮᠡᠲᠦ
ᠭᠤᠸ᠎ᠠ ᠰᠠᠢᠬᠠᠨ ᠦᠵᠡᠰᠬᠦᠯᠡᠩᠲᠡᠢ
ᠭᠠᠩᠭ᠎ᠠ ᠮᠥᠷᠡᠨ ᠦ᠌ ᠤᠰᠤᠨ ᠮᠡᠲᠦ
ᠠᠷᠪᠠᠨ ᠶᠡᠬᠡ ᠪᠤᠶᠠᠨᠲᠠᠢ
ᠨᠠᠷᠠ ᠰᠠᠷ᠎ᠠ ᠶ᠋ᠢᠨ ᠭᠡᠷᠡᠯ ᠮᠡᠲᠦ
ᠠᠭᠤᠵᠢᠮ ᠰᠠᠷᠠᠭᠤᠯ ᠤᠬᠠᠭᠠᠲᠠᠢ
ᠰᠦᠮᠪᠦᠷ ᠠᠭᠤᠯᠠ ᠶ᠋ᠢᠨ ᠬᠦᠷᠢᠶᠡᠨ ᠳ᠋ᠦ᠍ ᠠᠳᠠᠯᠢ
ᠤᠷᠲᠤ ᠰᠠᠢᠬᠠᠨ ᠨᠠᠰᠤᠲᠠᠢ
ᠰᠦᠨ ᠳᠠᠯᠠᠢ ᠶ᠋ᠢᠨ ᠳᠣᠯᠭᠢᠶᠠᠨ ᠮᠡᠲᠦ
ᠠᠷᠪᠢᠨ ᠶᠡᠬᠡ ᠪᠤᠶᠠᠨᠲᠠᠢ
ᠨᠠᠢᠷ ᠤ᠋ᠨ ᠠᠷᠠᠵᠠ ᠶ᠋ᠢ ᠰᠡᠷᠭᠦᠭᠡᠭᠴᠢ
ᠨᠠᠢ᠍ᠮᠠᠨ ᠲᠠᠬᠢᠯ ᠴᠢᠮᠡᠭᠲᠡᠢ
ᠳᠥᠷᠪᠡᠨ ᠶᠣᠮᠪᠤ ᠬᠥᠯ ᠲᠡᠢ
ᠳᠥᠷᠪᠡᠯᠵᠢᠨ ᠠᠷᠰᠯᠠᠨ ᠡᠭᠡᠮᠲᠠᠢ
ᠥᠨᠳᠥᠷ ᠶᠡᠬᠡ ᠰᠢᠷᠡᠭᠡᠨ ᠳᠡᠭᠡᠷ᠎ᠡ
ᠥᠷᠭᠡᠨ ᠶᠡᠬᠡ ᠰᠢᠭᠦᠰᠦᠨ ᠳᠡᠭᠡᠷ᠎ᠡ
ᠥᠨᠳᠥᠷ ᠴᠠᠭᠠᠨ ᠰᠥᠩ ᠦ᠋ᠨ ᠲᠠᠨᠢ ᠳᠡᠭᠡᠵᠢ ᠶ᠋ᠢ
ᠨᠠᠢᠷᠯᠠᠬᠤ ᠶ᠋ᠢᠨ ᠲᠠᠨᠢ ᠪᠢᠯᠢᠭ ᠲᠦ᠍
ᠳᠡᠯᠭᠡᠷᠡᠭᠦᠯᠦᠨ ᠠᠢᠯᠠᠳᠬᠠᠪᠠᠢ ᠃
ᠦᠰᠦᠭ ᠠᠮᠢᠯᠠᠭᠤᠯᠤᠭᠴᠢ᠄ ᠰᠡᠷᠭᠦᠯᠡᠩ
ᠬᠢᠨᠠᠭᠴᠢ᠄ ᠣᠳᠬᠠᠨᠰᠤ᠎ᠠ᠂ ᠰᠡᠬᠡᠭᠡᠷᠡᠯ᠂ ᠭᠠᠷᠮ᠎ᠠ
