ᠲᠠᠪᠤᠨ ᠬᠣᠰᠢᠭᠤ ᠮᠠᠯ ᠤᠨ ᠮᠠᠭᠲᠠᠭᠠᠯ – 1 Таван хошуу малын магтаал – 1
ᠲᠠᠪᠤᠨ ᠬᠣᠰᠢᠭᠤ ᠮᠠᠯ ᠤᠨ ᠮᠠᠭᠲᠠᠭᠠᠯ – 1
ᠠᠯᠲᠠᠢ᠂ ᠬᠠᠩᠭᠠᠢ᠂ ᠭᠣᠪᠢ᠂ ᠲᠠᠯ᠎ᠠ ᠳ᠋ᠤ᠌
ᠪᠡᠯᠴᠢᠭᠡᠷ ᠦ᠋ᠨ ᠴᠢᠮᠡᠭ ᠮᠠᠨ ᠤ᠋ ᠮᠠᠯ
ᠠᠷᠠᠴᠢᠯᠠᠵᠤ ᠬᠠᠷᠢᠭᠤᠯᠤᠭᠠᠳ ᠶᠠᠪᠤᠬᠤ ᠳ᠋ᠤ᠌
ᠨᠤᠲᠤᠭ ᠤ᠋ᠨ ᠴᠢᠮᠡᠭ ᠮᠠᠨ ᠤ᠋ ᠮᠠᠯ᠃
ᠠᠯᠢ ᠴᠦ᠍ ᠳᠥᠷᠪᠡᠨ ᠤᠯᠠᠷᠢᠯ ᠳ᠋ᠤ᠌ ᠪᠠᠨ
ᠠᠴᠢᠶ᠎ᠠ ᠥᠭᠭᠦᠭᠰᠡᠨ ᠮᠠᠨ ᠤ᠋ ᠮᠠᠯ
ᠠᠴᠢᠵᠤ ᠬᠥᠯᠯᠡᠵᠦ ᠤᠨᠤᠬᠤ ᠳ᠋ᠤ᠌
ᠠᠰᠢᠭ ᠢ᠋ᠶ᠋ᠠᠨ ᠥᠭᠭᠦᠭᠰᠡᠨ ᠮᠠᠨ ᠤ᠋ ᠮᠠᠯ
ᠠᠰᠢᠭᠲᠤ ᠰᠠᠢᠬᠠᠨ ᠪᠠᠶᠠᠯᠢᠭ ᠲᠠᠢ
ᠠᠮᠢᠳᠤ ᠡᠷᠳᠡᠨᠢ ᠮᠠᠨ ᠤ᠋ ᠮᠠᠯ
ᠠᠯᠲᠠᠨ ᠰᠢᠷᠭᠠᠯ ᠨᠤᠲᠤᠭ ᠲᠤ᠌ ᠪᠠᠨ
ᠠᠷᠢᠭᠤᠨ ᠰᠦᠷᠦᠭ ᠮᠠᠨ ᠤ᠋ ᠮᠠᠯ᠃
ᠠᠷᠠᠳ ᠲᠦᠮᠡᠨ ᠣᠯᠠᠨ ᠤ᠋
ᠠᠮᠢᠳᠤᠷᠠᠯ ᠪᠣᠯᠤᠭᠰᠠᠨ ᠮᠠᠨ ᠤ᠋ ᠮᠠᠯ᠃
ᠠᠲᠠᠷ ᠰᠠᠢᠬᠠᠨ ᠨᠤᠲᠤᠭ ᠲᠤ᠌ ᠪᠠᠨ
ᠠᠯᠠᠭᠯᠠᠨ ᠡᠷᠢᠶᠡᠯᠡᠨ ᠪᠡᠯᠴᠢᠭᠡᠳ
ᠠᠯᠪᠠᠨ ᠠᠮᠢᠨ ᠤ᠋ ᠬᠡᠷᠡᠭ ᠢ᠋
ᠠᠮᠠᠷᠬᠠᠨ ᠪᠦᠲᠦᠭᠡᠳᠡᠭ ᠠᠳᠤᠭᠤᠨ ᠰᠦᠷᠦᠭ ᠮᠢᠨᠢ
ᠠᠲᠠᠭᠠᠳ᠋ᠤ᠌ ᠳᠠᠢᠰᠦᠨ ᠲᠠᠢ ᠲᠡᠮᠡᠴᠡᠬᠦ ᠴᠠᠭ ᠲᠤ᠌
ᠠᠷᠠᠳ ᠤ᠋ᠨ ᠬᠥᠳᠡᠯᠮᠦᠷᠢ ᠶ᠋ᠢᠨ ᠵᠡᠪᠰᠡᠭ ᠳᠡ᠃
ᠥᠷᠭᠡᠨ ᠰᠠᠢᠬᠠᠨ ᠭᠣᠣᠯ ᠤ᠋ᠨ ᠢ᠋ᠶ᠋ᠠᠨ
ᠥᠩᠭᠡᠲᠡᠢ ᠰᠠᠢᠬᠠᠨ ᠵᠦᠯᠭᠡᠨ ᠳᠡᠭᠡᠷ᠎ᠡ
ᠥᠭᠡᠳᠡ ᠪᠡᠨ ᠰᠥᠭᠡᠷᠭᠡ ᠪᠡᠯᠴᠢᠳᠡᠭ
ᠥᠨᠢᠷ ᠣᠯᠠᠨ ᠦᠬᠡᠷ ᠮᠢᠨᠢ
ᠣᠨᠳᠣᠷᠤᠭᠰᠠᠨ ᠰᠠᠢᠬᠠᠨ ᠰᠦ ᠪᠡᠷ ᠢ᠋ᠶ᠋ᠡᠨ
ᠤᠤᠭᠤᠵᠤ ᠢᠳᠡᠬᠦ ᠶ᠋ᠢ ᠬᠠᠩᠭᠠᠳᠠᠭ ᠶᠤᠮ᠃
ᠬᠥᠰᠬᠡ ᠬᠥᠲᠥᠯ ᠳ᠋ᠦ᠍ ᠣᠷᠣᠭᠠᠳ
ᠬᠦᠴᠦ ᠪᠡᠨ ᠥᠭᠴᠦ ᠲᠤᠰᠠᠯᠠᠳᠠᠭ ᠶᠤᠮ᠃
ᠠᠯᠤᠰ ᠣᠶᠢᠷ᠎ᠠ ᠶ᠋ᠢᠨ ᠵᠠᠮ ᠳ᠋ᠤ᠌
ᠠᠶᠠᠨ ᠵᠢᠩ ᠲᠡᠭᠡᠭᠡᠭᠡᠳ
ᠠᠷᠠᠳ ᠲᠦᠮᠡᠨ ᠦ᠌ ᠠᠵᠢᠯ ᠳ᠋ᠤ᠌
ᠠᠴᠢᠶ᠎ᠠ ᠥᠩᠭᠡᠡᠰᠡᠨ ᠲᠡᠮᠡᠭᠡ ᠮᠢᠨᠢ
ᠰᠢᠷᠡᠭᠡ ᠪᠥᠬᠡ ᠨᠢ ᠰᠡᠷᠪᠡᠢᠭᠡᠳ
ᠰᠢᠯᠢ ᠵᠣᠭᠳᠣᠷ ᠨᠢ ᠰᠡᠭᠰᠡᠢᠭᠡᠳ
ᠰᠢᠷᠡᠮᠦᠨ ᠲᠠᠪᠠᠭ ᠨᠢ ᠭᠢᠯᠠᠯᠵᠠᠭᠠᠳ
ᠰᠢᠨᠵᠢ ᠰᠠᠢᠲᠠᠢ ᠠᠯᠬᠤᠵᠤ ᠪᠠᠢᠨ᠎ᠠ᠃
ᠴᠠᠢᠳᠠᠮ ᠰᠠᠢᠬᠠᠨ ᠲᠠᠯ᠎ᠠ ᠳ᠋ᠤ᠌ ᠪᠠᠨ
ᠴᠠᠢᠷᠠᠨ ᠢᠷᠠᠢᠵᠤ ᠬᠠᠷᠠᠭᠳᠠᠭᠠᠳ
ᠴᠠᠯᠭᠢᠮ᠎ᠠ ᠶᠡᠬᠡ ᠰᠢᠮ᠎ᠡ ᠲᠡᠢ
ᠴᠠᠭᠠᠨ ᠬᠠᠯᠵᠠᠨ ᠬᠣᠨᠢᠳ ᠮᠢᠨᠢ
ᠬᠣᠯᠠ ᠣᠢᠷ᠎ᠠ ᠶ᠋ᠢᠨ ᠪᠡᠯᠴᠢᠭᠡᠷ ᠲᠦ᠍
ᠲᠣᠭᠲᠠᠭᠤᠨ ᠢᠳᠡᠭᠡᠰᠢᠯᠡᠭᠡᠳ ᠪᠠᠢᠳᠠᠭ ᠳᠠ
ᠬᠣᠶᠠᠷ ᠭᠤᠷᠪᠠᠨ ᠭᠡᠷ ᠢ᠋ᠶ᠋ᠡᠷ ᠢ᠋ᠶ᠋ᠡᠨ
ᠬᠤᠷᠠᠭ᠎ᠠ ᠨᠢ ᠳᠦᠭᠦᠷᠦᠭᠡᠳ ᠪᠠᠶᠠᠯᠢᠭ ᠳᠠ
ᠬᠥᠬᠥᠨ ᠦ᠌ ᠰᠦ ᠶ᠋ᠢ ᠨᠢ ᠰᠠᠭᠠᠬᠤ ᠳ᠋ᠤ᠌
ᠲᠡᠵᠢᠭᠡᠯ ᠪᠣᠯᠤᠭᠰᠠᠨ ᠠᠴᠢᠯᠠᠯ ᠲᠠᠢ
ᠬᠥᠪᠦᠩ ᠨᠣᠣᠯᠤᠷ ᠢ ᠨᠢ ᠠᠪᠬᠤ ᠳ᠋ᠤ᠌
ᠬᠦᠷᠲᠡᠭᠡᠯ ᠪᠣᠯᠤᠭᠰᠠᠨ ᠠᠰᠢᠭᠲᠠᠢ
ᠬᠥᠬᠡ᠂ ᠴᠠᠭᠠᠨ ᠢᠮᠠᠭ᠎ᠠ ᠳ᠋ᠤ᠌ ᠮᠢᠨᠢ
ᠬᠥᠳᠡᠭᠡ ᠪᠡᠯᠴᠢᠭᠡᠳ ᠰᠣᠨᠢᠬᠠᠨ ᠪᠠᠢᠨ᠎ᠠ
ᠬᠥᠭᠡᠷᠦᠬᠦᠨ ᠴᠡᠩᠬᠡᠷ ᠢᠰᠢᠭᠡ ᠨᠦ᠍ᠭᠦᠳ ᠮᠢᠨᠢ
ᠬᠥᠭᠡᠨ᠎ᠡ ᠳᠦᠭᠦᠷᠦᠭᠡᠳ ᠭᠣᠶᠣᠬᠠᠨ ᠪᠠᠶᠢᠨ᠎ᠠ
ᠲᠠᠩᠰᠤᠭ ᠰᠠᠢᠬᠠᠨ ᠪᠡᠯᠴᠢᠭᠡᠷ ᠲᠡᠢ
ᠲᠠᠪᠤᠨ ᠬᠣᠰᠢᠭᠤ ᠮᠠᠯ ᠮᠢᠨᠢ
ᠲᠠᠰᠤᠷᠠᠯᠲᠠ ᠦᠭᠡᠢ ᠣᠨᠳᠣᠷᠣᠯ ᠲᠠᠢ
ᠳᠠᠯᠠᠢ ᠶᠡᠬᠡ ᠠᠰᠢᠭ ᠰᠢᠮ᠎ᠡ ᠲᠡᠢ
ᠮᠠᠨ ᠤ᠋ ᠮᠣᠩᠭᠣᠯ ᠤ᠋ᠨ ᠵᠠᠯᠠᠭᠤᠴᠤᠳ
ᠮᠠᠯᠴᠢᠨ ᠠᠷᠠᠳ ᠤ᠋ᠨ ᠬᠡᠦᠬᠡᠳ ᠦ᠋ᠳ
ᠮᠠᠰᠢᠨ ᠲᠧᠭᠨᠢᠭ ᠬᠡᠷᠡᠭᠯᠡᠭᠡᠳ
ᠮᠠᠯ ᠤ᠋ᠨ ᠰᠢᠮ᠎ᠡ ᠶ᠋ᠢ ᠪᠣᠯᠪᠠᠰᠤᠷᠠᠭᠤᠯᠵᠤ ᠪᠠᠢᠨ᠎ᠠ
ᠥᠷᠭᠡᠨ ᠴᠠᠭᠠᠨ ᠢᠰᠡᠭᠡᠢ ᠬᠢᠵᠦ
ᠥᠷᠭᠥᠭᠡ ᠭᠡᠷ ᠢ᠋ᠶ᠋ᠡᠨ ᠪᠦᠷᠢᠵᠦ ᠪᠠᠢᠨ᠎ᠠ
ᠥᠩᠭᠡ ᠪᠦᠷᠢ ᠶ᠋ᠢᠨ ᠪᠣᠳᠣᠭ ᠲᠠᠢ
ᠬᠡᠪᠢᠰ ᠴᠡᠮᠪᠡ ᠶᠢ ᠨᠡᠬᠡᠵᠦ ᠪᠠᠢᠨ᠎ᠠ
ᠬᠥᠯᠳᠡᠭᠦᠦ ᠲᠦᠭᠦᠬᠡᠢ ᠡᠳ᠋ ᠢ᠋ᠶ᠋ᠡᠷ ᠨᠢ
ᠭᠦᠮ ᠪᠤᠯᠢᠭᠠᠷᠢ ᠬᠢᠵᠦ ᠪᠠᠢᠨ᠎ᠠ
ᠡᠪᠡᠷ ᠰᠢᠯᠪᠢᠨ ᠶᠠᠰᠤ ᠪᠠᠷ ᠨᠢ
ᠡᠯᠳᠡᠪ ᠭᠣᠶᠣᠯ ᠢ᠋ ᠭᠠᠷᠭᠠᠵᠤ ᠯᠠ ᠪᠠᠢᠨ᠎ᠠ
ᠮᠠᠨ ᠤ᠋ ᠨᠠᠮ ᠤ᠋ᠨ ᠤᠳᠤᠷᠢᠳᠤᠯᠭ᠎ᠠ ᠪᠠᠷ
ᠮᠠᠯᠴᠢᠨ ᠠᠷᠠᠳ ᠪᠦᠭᠦᠳᠡᠭᠡᠷ ᠢ᠋ᠶ᠋ᠡᠨ
ᠮᠠᠯ ᠢ᠋ᠶ᠋ᠠᠨ ᠰᠠᠢᠬᠠᠨ ᠥᠰᠬᠡᠵᠦ ᠪᠠᠢᠨ᠎ᠠ
ᠬᠤᠪᠢᠰᠬᠠᠯᠲᠤ ᠤᠷᠤᠯᠳᠤᠭᠠᠨ ᠤ᠋ ᠡᠭᠦᠷᠭᠡ ᠶ᠋ᠢ
ᠬᠤᠭᠤᠴᠠᠭᠠᠨ ᠳᠣᠲᠣᠷ᠎ᠠ ᠨᠢ ᠪᠡᠶᠡᠯᠡᠭᠦᠯᠦᠶ᠎ᠡ
ᠬᠤᠷᠳᠤᠨ ᠭᠠᠪᠰᠢᠭᠠᠢ ᠠᠵᠢᠯᠯᠠᠭᠠᠳ
ᠬᠤᠪᠢ ᠳᠦᠭᠦᠷᠡᠩ ᠳᠠᠪᠠᠭᠤᠯᠤᠶᠠ᠃
Таван хошуу малын магтаал – 1
Алтай, хангай, говь, талд
Бэлчээрийн чимэг манай мал
Арчилж хариулаад явахад
Нутгийн чимэг манай мал.
Аль ч дөрвөн улиралдаа
Ачаа өгсөн манай мал
Ачиж хөллөж унахад
Ашгаа өгсөн манай мал
Ашигт сайхан баялагтай
Амьд эрдэнэ манай мал
Алтан шаргал нутагтаа
Ариун сүрэг манай мал.
Ард түмэн олны
Амьдрал болсон манай мал.
Атар сайхан нутагтаа
Алаглан эрээлэн бэлчээд
Албан амины хэргийг
Амархан бүтээдэг адуун сүрэг минь
Атаат дайсантай тэмцэх цагт
Ардын хөдөлмөрийн зэвсэг дээ.
Өргөн сайхан голынхоо
Өнгөтэй сайхан зүлгэн дээр
Өөдөө сөөргөө бэлчдэг
Өнөр олон үхэр минь
Ундарсан сайхан сүүгээрээ
Ууж идэхийг хангадаг юм.
Хөсөг хөтөлд ороод
Хүчээ өгч тусалдаг юм.
Алс ойрын замд
Аян жин тээгээд
Ард түмний ажилд
Ачаа өнсөн тэмээ минь
Ширээ бөх нь сэрвийгээд
Шил зогдор нь сэгсийгээд
Ширмэн таваг нь гялалзаад
Шинж сайтай алхаж байна.
Цайдам сайхан талдаа
Цайран ярайж харагдаад
Цалгим их шимтэй
Цагаан халзан хоньд минь
Хол ойрын бэлчээрт
Тогтоод идээшлээд байдаг даа
Хоёр гурван гэрээрээ
Хурга нь дүүрээд баялаг даа
Хөхний сүүгий нь саахад
Тэжээл болсон ачлалтай
Хөвөн ноолууры нь авахад
Хүртээл болсон ашигтай
Хөх, цагаан ямаад минь
Хөдөө бэлчээд соньхон байна
Хөөрхөн цэнхэр ишгүүд минь
Хөгнө дүүрээд гоёхон байна
Тансаг сайхан бэлчээртэй
Таван хошуу мал минь
Тасралтгүй ундралтай
Далай их ашиг шимтэй
Манай монголын залуучууд
Малчин ардын хүүхдүүд
Машин техник хэрэглээд
Малын шимийг боловсруулж байна
Өргөн цагаан эсгий хийж
Өргөө гэрээ бүрж байна
Өнгө бүрийн будагтай
Хивс цэмбийг нэхэж байна
Хөлдүү түүхий эдээр нь
Хөм булигаар хийж байна
Эвэр шилбэний ясаар нь
Элдэв гоёлыг гаргаж л байна
Манай намын удирдлагаар
Малчин ард бүгдээрээ
Малаа сайхан өсгөж байна
Хувьсгалт уралдааны үүргийг
Хугацаан дотор нь биелүүлье
Хурдан гавшгай ажиллаад
Хувь дүүрэн давуулъя.
