ᠵᠠᠪ ᠭᠤᠸᠠᠢ ᠨᠠᠷ <2> – ᠳ ᠂ ᠰᠡᠩᠭᠡ Зав гуай нар <2> – Д ᠂ Сэнгэ
ᠰᠢᠨ᠎ᠡ ᠡᠬᠡᠨᠡᠷ ᠰᠣᠨᠢᠷᠬᠠᠭᠴᠢ
ᠡᠷᠬᠡ ᠲᠤᠰᠢᠶᠠᠯ ᠨᠡᠮᠡᠭᠳᠡᠭᠡᠳ ᠪᠠᠢᠬᠤ ᠳ᠋ᠤ᠌
ᠡᠬᠡᠨᠡᠷ ᠦ᠋ᠨ ᠴᠢᠷᠠᠢ ᠬᠥᠭᠰᠢᠷᠡᠭᠡᠳ ᠪᠠᠢᠨ᠎ᠠ᠃
ᠡᠨᠡ ᠶᠠᠪᠤᠳᠠᠯ ᠶᠡᠷᠦ ᠨᠢ ᠲᠤᠰᠠ ᠦᠭᠡᠢ
ᠡᠷᠬᠡᠪᠰᠢ ᠰᠢᠨ᠎ᠡ ᠶ᠋ᠢ ᠡᠷᠢᠶ᠎ᠡ ᠭᠡᠵᠦ
ᠡᠷᠭᠢᠴᠡᠭᠦᠯᠦᠨ ᠪᠣᠳᠣᠵᠤ ᠨᠢᠭᠡᠨᠲᠡ ᠰᠢᠢᠳᠦᠭᠡᠳ
ᠬᠠᠨᠢᠯᠠᠭᠰᠠᠨ ᠡᠬᠡᠨᠡᠷ ᠢ᠋ᠶ᠋ᠡᠨ ᠬᠠᠶᠠᠨ ᠰᠠᠯᠤᠭᠠᠳ
ᠬᠠᠢᠷᠠᠲᠤ ᠬᠦᠦ ᠪᠡᠨ ᠥᠨᠥᠴᠢᠨ ᠣᠷᠬᠢᠭᠠᠳ
ᠬᠠᠪ ᠨᠣᠬᠠᠢ ᠪᠠᠨ ᠵᠣᠯᠪᠢᠩ ᠦᠯᠡᠳᠡᠭᠡᠭᠡᠳ
ᠬᠠᠪᠢᠳᠠᠭᠰᠠᠨ ᠬᠡᠦᠬᠡᠨ ᠲᠡᠢ ᠨᠠᠭᠠᠯᠳᠤᠨ ᠶᠠᠪᠤᠳᠠᠭ
ᠬᠠᠷ᠎ᠠ ᠬᠥᠮᠦᠨ ᠦ᠌ ᠨᠡᠷ᠎ᠡ ᠬᠡᠨ ᠪᠢᠯᠡ?
ᠱᠠᠯᠠᠨ ᠤ᠋ ᠭᠠᠰᠠᠯᠠᠩ
ᠠᠭᠤᠯᠠᠨ ᠳ᠋ᠤ᠌ ᠪᠠᠢᠬᠤ ᠳ᠋ᠠᠭᠠᠨ ᠮᠣᠳᠣ ᠂ ᠤᠷᠠᠯᠠᠵᠤ ᠵᠦᠢᠭᠡᠳ ᠱᠠᠯᠠ ᠂ ᠤᠷᠠᠨ ᠭᠣᠶᠣᠮᠰᠣᠭ ᠰᠠᠢᠬᠠᠨ ᠥᠩᠭᠡ ᠶ᠋ᠢᠨ ᠪᠣᠳᠣᠭ ᠭᠢᠯᠪᠠᠮ᠎ᠠ ᠴᠡᠭᠡᠨ ᠰᠠᠭᠠᠷᠠᠯ ᠦᠵᠡᠰᠬᠦᠯᠡᠩᠲᠦ ᠬᠡᠪ ᠦ᠋ᠨ ᠱᠠᠯᠠ ᠪᠢ᠂ ᠰᠠᠶ᠋ᠢᠬᠠᠨ ᠬᠢᠵᠦ ᠰᠢᠨᠡᠬᠡᠨ ᠪᠣᠳᠣᠭᠰᠠᠨ ᠲᠤᠯᠠ ᠰᠠᠢᠬᠠᠨ ᠭᠡᠵᠦ ᠠᠷᠭ᠎ᠠ ᠦᠭᠡᠢ ᠃ ᠠᠯᠲᠠᠨ ᠨᠠᠷᠠ ᠴᠣᠩᠬᠣᠨ ᠤ᠋ ᠨᠦᠬᠡ ᠪᠡᠷ ᠡᠳᠦᠷ ᠪᠦᠷᠢ ᠱᠠᠭᠠᠢᠵᠤ ᠠᠷᠢᠭᠤᠨ ᠠᠭᠠᠷ ᠰᠠᠯᠬᠢᠪᠴᠢ ᠶ᠋ᠢᠨ ᠳᠤᠮᠳᠠᠭᠤᠷ ᠴᠠᠭ ᠪᠦᠷᠢ ᠦᠯᠢᠶᠡᠭᠡᠳ ᠰᠡᠳᠬᠢᠯ ᠳ᠋ᠦ᠍ ᠨᠠᠢᠷᠲᠠᠢ ᠰᠠᠨᠠᠭᠠᠨ ᠳ᠋ᠤ᠌ ᠲᠣᠬᠢᠷᠠᠮᠵᠢᠲᠠᠢ ᠪᠣᠯᠪᠠᠴᠤ ᠠᠭᠤᠳᠠᠮ ᠲᠠᠰᠤᠯᠭᠠᠨ ᠤ᠋ ᠨᠠᠮ ᠭᠦᠮ ᠦ᠋ᠨ ᠳᠣᠲᠣᠷ᠎ᠠ ᠢᠨᠢᠶᠡᠳᠦᠮ ᠦ᠋ᠨ ᠥᠩᠭᠡ ᠪᠡᠷ ᠬᠡᠵᠢᠶ᠎ᠡ ᠢᠮᠠᠭᠲᠠ ᠳᠡᠭᠡᠪᠦᠷ ᠠᠵᠢᠭᠯᠠᠵᠤ ᠰᠢᠷᠲᠡᠭᠰᠡᠭᠡᠷ ᠪᠠᠢᠭᠠᠳ ᠤᠶᠠᠬᠠᠨ ᠰᠡᠳᠬᠢᠯ ᠤᠢᠳᠬᠠᠷ ᠤ᠋ᠨ ᠲᠤᠢᠯ ᠳ᠋ᠤ᠌ ᠬᠦᠷᠬᠦ ᠳ᠋ᠦ᠍ ᠤᠷᠠᠨ ᠰᠠᠢᠬᠠᠨ ᠢ᠋ ᠬᠦᠰᠡᠵᠦ ᠠᠯᠢᠶ᠎ᠠ ᠴᠡᠩᠭᠡᠯ ᠢ᠋ ᠡᠷᠢᠭᠰᠡᠭᠡᠷ ᠪᠠᠢᠳᠠᠭ ᠪᠢᠯᠡ ᠃ ᠨᠢᠭᠡᠨ ᠦᠳᠡᠰᠢ ᠤᠳᠠᠲᠠᠯ᠎ᠠ ᠤᠨᠲᠠᠭᠠᠰᠤᠲᠠᠢ ᠪᠠᠢᠭᠰᠠᠨ ᠴᠣᠣᠵᠢ᠂ ᠵᠠᠪᠰᠢᠶᠠᠨ ᠳ᠋ᠤ᠌ ᠪᠥᠭᠲᠥᠷ ᠨᠢᠷᠤᠭᠤ ᠪᠠᠨ ᠰᠤᠨᠢᠶᠠᠬᠤ ᠳ᠋ᠤ᠌ ᠡᠭᠦᠳᠡᠨ ᠦ᠌ ᠬᠠᠪᠲᠠᠰᠤ ᠪᠠᠶᠠᠷᠯᠠᠭᠰᠠᠨ ᠳᠠᠭᠤ ᠪᠠᠷ ᠵᠢᠩᠭᠢᠨᠡᠲᠡᠯ᠎ᠡ ᠢᠨᠢᠶᠡᠵᠦ ᠠᠩᠭᠠᠢᠪᠠ᠃ ᠬᠦᠶᠢ᠂ ᠬᠠᠶᠢ ᠭᠡᠬᠦ ᠶᠡᠬᠡ ᠴᠢᠮᠡᠭᠡ ᠳᠣᠷᠭᠢᠶᠠᠨ ᠳ᠋ᠤ᠌ ᠴᠤᠤᠷᠢᠶᠠᠲᠤᠵᠤ ᠲᠦᠷ ᠲᠠᠷ ᠬᠢᠬᠦ ᠬᠥᠯ ᠵᠠ ᠲᠣᠭᠰᠢᠨ ᠴᠢᠮᠡᠭᠡ ᠱᠠᠯᠠ ᠶ᠋ᠢ ᠰᠢᠢᠳᠬᠡᠨ᠎ᠡ ᠃ ᠬᠠᠲᠠᠭᠤ ᠤᠯᠠᠲᠠᠢ ᠰᠡᠪᠬᠢᠨ ᠭᠤᠲᠤᠯ ᠪᠣᠳᠣᠭ ᠢ᠋ ᠢᠮᠡᠷᠴᠦ᠂ ᠬᠤᠷᠴᠠ ᠦᠵᠦᠭᠦᠷᠲᠦ ᠬᠠᠳᠠᠭᠠᠰᠤᠨ ᠤ᠋ ᠲᠣᠪ ᠥᠩᠭᠡ ᠶ᠋ᠢ ᠰᠢᠯᠪᠤᠯᠤᠨᠠ ᠃ ᠲᠠᠷᠢᠬᠢ ᠦᠭᠡᠢ ᠨᠢᠭᠡ ᠨᠢ ᠳᠡᠰ ᠨᠢᠰ ᠳᠡᠪᠰᠡᠯᠡᠵᠦ ᠂ ᠲᠠᠶᠠᠭ ᠲᠠᠢ ᠨᠢᠭᠡ ᠨᠢ ᠫᠢᠳ ᠫᠠᠳ ᠴᠣᠬᠢᠯᠠᠨ᠎ᠠ᠃ ᠪᠦᠷ ᠴᠦ᠍ ᠬᠡᠴᠡᠭᠦᠦ ᠪᠦᠳᠦᠭᠦᠯᠢᠭ ᠨᠢ ᠳᠠᠩᠴᠤ ᠠᠢᠬᠤᠪᠲᠤᠷ᠂ ᠬᠡᠳᠦᠨ ᠵᠢᠯ ᠪᠢᠲᠡᠭᠦᠦ ᠬᠠᠮᠠᠷ ᠤ᠋ᠨ ᠨᠢᠰᠦ ᠶ᠋ᠢ ᠰᠠᠶᠢ ᠮᠡᠳᠡᠵᠦ ᠱᠠᠯᠠᠨ ᠳᠡᠭᠡᠷ᠎ᠡ ᠫᠠᠯ ᠬᠢᠲᠡᠯ᠎ᠡ ᠨᠤᠯᠮᠤᠪᠠ᠃ ᠱᠠᠯᠢᠭ ᠨᠢᠭᠡ ᠨᠢ ᠰᠠᠮᠤᠷ ᠤ᠋ᠨ ᠶᠠᠰᠤ᠂ ᠰᠢᠬᠢᠷ ᠦ᠋ᠨ ᠴᠠᠭᠠᠰᠤ ᠠᠳᠠ ᠲᠡᠨᠳᠡ ᠲᠠᠷᠢᠶᠠᠨ ᠤ᠋ ᠦᠷ᠎ᠡ ᠮᠡᠲᠦ ᠰᠠᠴᠤᠯᠠᠨᠠ᠃ ᠪᠤᠰᠤᠳ ᠨᠢ ᠵᠦᠭᠡᠷ ᠯᠡ ᠪᠠᠢᠨ᠎ᠠ᠃ ᠪᠤᠯᠲᠤ ᠪᠠᠷ ᠢ᠋ᠶ᠋ᠠᠨ ᠭᠠᠢᠭᠤᠢ ᠯᠠ ᠪᠠᠢᠨ᠎ᠠ᠃ ᠪᠣᠯᠳᠠᠭ ᠦᠭᠡᠢ ᠨᠢᠭᠡ ᠨᠢ ᠡᠢᠮᠦ ᠶᠦᠮ ᠤᠤ᠃ ᠪᠣᠰᠴᠤ ᠨᠢᠭᠡ ᠭᠦᠶᠦᠭᠡᠳ ᠪᠤᠴᠠᠵᠤ ᠨᠢᠭᠡ ᠣᠷᠣᠭᠠᠳ ᠲᠠᠷ ᠲᠣᠷ ᠂ ᠳᠡᠰ ᠨᠢᠰ ᠂ ᠫᠢᠳ ᠫᠠᠳ ᠭᠡᠭᠰᠡᠭᠡᠷ ᠪᠠᠢᠲᠠᠯ᠎ᠠ ᠲᠠᠨ ᠤ᠋ ᠥᠰᠥᠭᠡᠢ ᠴᠦ᠍ ᠡᠯᠡᠭᠳᠡᠪᠡ ᠮᠢᠨᠦ ᠥᠩᠭᠡ ᠴᠦ᠍ ᠬᠤᠪᠠᠬᠠᠢᠷᠠᠪᠠ ᠃
ᠶᠣ ᠶᠣ ᠂ ᠡᠭᠦᠨ ᠡᠴᠡ ᠬᠣᠢᠰᠢ ᠂ ᠲᠡᠭᠦᠨ ᠡᠴᠡ ᠴᠠᠭᠠᠰᠢ ᠂ ᠡᠭᠦᠨ ᠢ᠋ ᠪᠡᠨ ᠪᠣᠯᠢ! ᠢᠩᠭᠢᠬᠦ ᠪᠡᠨ ᠵᠣᠭᠰᠣ !
ᠮᠣᠳᠣᠴᠢᠨ
ᠮᠣᠳᠣᠴᠢᠨ ᠰᠡᠩᠳᠡᠭ ᠦ᠋ᠨ ᠬᠡᠳᠦᠨ ᠲᠡᠷᠭᠡ ᠨᠢ ᠬᠠᠭᠤᠴᠢᠷᠠᠭᠠᠳ ᠶᠡᠬᠡ ᠮᠠᠭᠤᠳᠠᠵᠠᠢ᠃ ᠨᠢᠭᠡ ᠡᠳᠦᠷ ᠵᠠᠰᠠᠬᠤ ᠭᠡᠵᠦ ᠤᠷᠤᠯᠳᠤᠵᠤ ᠭᠡᠨ᠎ᠡ᠃ ᠡᠬᠢᠯᠡᠭᠡᠳ ᠨᠢᠭᠡ ᠲᠡᠷᠭᠡᠨ ᠦ᠌ ᠭᠣᠣᠯ ᠬᠢᠶ᠎ᠡ ᠭᠡᠳ ᠪᠦᠳᠦᠭᠦᠨ ᠰᠠᠢᠬᠠᠨ ᠳ᠋ᠦᠩᠵᠡ ᠶ᠋ᠢ ᠴᠠᠪᠴᠢᠵᠤ ᠭᠠᠷᠤᠯ᠎ᠠ᠃ ᠡᠳᠦᠷᠵᠢᠨ ᠨᠣᠴᠣᠯᠳᠤᠵᠤ ᠭᠡᠨ᠎ᠡ᠃ ᠣᠷᠣᠢᠬᠠᠨ ᠬᠢᠷᠢ ᠳ᠋ᠦ᠍ ᠲᠡᠷᠭᠡᠨ ᠦ᠌ ᠭᠣᠣᠯ ᠴᠦ᠍ ᠪᠢᠰᠢ ᠶᠠᠭᠤ ᠴᠦ᠍ ᠪᠢᠰᠢ ᠪᠣᠯᠵᠤ ᠭᠡᠨ᠎ᠡ᠃ ᠵᠠ ᠲᠡᠭᠡᠪᠡᠯ ᠪᠣᠯᠳᠠᠭ ᠦᠭᠡᠢ ᠡᠨᠡ ᠮᠠᠭᠤ ᠮᠣᠳᠣ ᠪᠠᠷ ᠴᠢᠨᠢ ᠰᠠᠢᠬᠠᠨ ᠰᠦᠬᠡᠨ ᠦ᠌ ᠡᠰᠢ ᠬᠢᠭᠡᠳ ᠠᠪᠤᠶ᠎ᠠ ᠭᠡᠵᠦ ᠳᠠᠬᠢᠨ ᠴᠠᠪᠴᠢᠪᠠ᠃ ᠪᠦᠷᠦᠩᠬᠡᠢ ᠪᠣᠯᠬᠤ ᠦᠶ᠎ᠡ ᠳ᠋ᠦ᠍ ᠪᠠᠰᠠ ᠶᠠᠭᠤ ᠴᠦ᠍ ᠪᠢᠰᠢ ᠶᠠᠭᠤᠮ᠎ᠠ ᠪᠣᠯᠪᠠ᠃ ᠶᠠᠭᠠᠬᠢᠭᠰᠠᠨ ᠠᠢᠬᠤᠪᠲᠤᠷ ᠵᠣᠯᠢᠭ ᠪᠣᠢ᠂ ᠵᠠᠪᠠᠯ ᠨᠢᠭᠡ ᠶᠠᠭᠤᠮ᠎ᠠ ᠬᠢᠨ᠎ᠡ ᠳᠡ ᠭᠡᠳ ᠪᠠᠰᠠ ᠯᠠ ᠬᠢᠵᠦ ᠠᠯᠳᠠᠪᠠ ᠭᠡᠨ᠎ᠡ᠃
ᠭᠡᠲᠡᠯ᠎ᠡ ᠰᠥᠨᠢ ᠴᠦ᠍ ᠪᠣᠯᠵᠤ ᠶᠠᠭᠤᠮ᠎ᠠ ᠴᠦ᠍ ᠬᠠᠷᠠᠭᠳᠠᠬᠤ ᠪᠠᠨ ᠪᠠᠢᠵᠠᠢ᠃ ᠲᠡᠭᠡᠬᠦᠯᠡᠷ ᠨᠢ ᠮᠠᠨ ᠤ᠋ ᠬᠥᠮᠦᠨ ᠦ᠌ ᠠᠭᠤᠷ ᠨᠢ ᠬᠦᠷᠴᠦ᠂ ᠵᠠ ᠮᠠᠭᠤ ᠴᠢᠰᠤ ᠶ᠋ᠢ ᠬᠣᠷᠣᠨ ᠳ᠋ᠠᠭᠠᠨ ᠵᠠᠪᠠᠯ ᠨᠢᠭᠡ ᠬᠡᠷᠡᠭᠲᠡᠢ ᠶᠠᠭᠤᠮ᠎ᠠ ᠬᠢᠶ᠎ᠡ ᠳᠠ ᠭᠡᠵᠦ ᠪᠣᠳᠣᠭᠠᠳ ᠭᠠᠭᠴᠠᠬᠠᠨ ᠴᠢᠭᠴᠢᠭᠦᠷ ᠬᠢᠵᠦ ᠰᠢᠳᠦ ᠪᠡᠨ ᠴᠢᠭᠴᠢᠯᠡᠬᠦ ᠪᠡᠷ ᠰᠢᠢᠳᠴᠦ ᠪᠠᠢᠲᠠᠯ᠎ᠠ ᠡᠬᠡᠨᠡᠷ ᠨᠢ᠄
— ᠠ ᠬᠦ᠂ ᠰᠡᠩᠳᠡᠭ ᠠ᠋! ᠣᠷᠣᠢ ᠪᠣᠯᠤᠯ᠎ᠠ᠂ ᠪᠣᠯᠢᠵᠤ ᠦᠵᠡ ᠳᠡ᠃ ᠴᠢ ᠨᠢᠭᠡ ᠶᠠᠭᠤᠮ᠎ᠠ ᠬᠢᠭᠰᠡᠭᠡᠷ ᠶᠠᠭᠤᠨ ᠳ᠋ᠤ᠌ ᠢᠩᠭᠢᠵᠦ ᠨᠣᠢᠷ ᠬᠣᠭᠣᠯᠠ ᠦᠭᠡᠢ ᠤᠯᠠᠢᠵᠤ ᠪᠠᠢᠳᠠᠭ ᠶᠤᠮ ᠪᠣᠢ? ᠬᠣᠭᠣᠯᠠ ᠪᠠᠨ ᠢᠳᠡ ᠭᠡᠵᠦ ᠳᠠᠭᠤᠳᠠᠬᠤ ᠳ᠋ᠤᠨᠢ ᠮᠠᠨ ᠤ᠋ ᠰᠡᠩᠳᠡᠭ ᠶᠠᠮᠠᠷ ᠬᠣᠭᠣᠯᠠ ᠪᠣᠢ ᠳᠠ ᠲᠡᠷᠡ ᠴᠢᠨᠢ ᠭᠡᠵᠡᠢ᠃ ᠡᠬᠡᠨᠡᠷ ᠢ᠋ ᠪᠡᠨ ᠪᠦᠬᠦᠯᠢ ᠮᠢᠬ᠎ᠠ! ᠭᠡᠵᠦ ᠤᠴᠠᠭᠠᠷᠯᠠᠭᠰᠠᠨ ᠮᠠᠶᠢᠭᠲᠠᠢ ᠣᠷᠣᠬᠤ ᠳ᠋ᠤᠨᠢ ᠵᠠ ᠵᠠ ᠶᠠᠭᠠᠬᠢᠮᠤᠢ᠃ ᠰᠢᠲᠦ ᠴᠢᠭᠴᠢᠯᠡᠵᠦ ᠪᠣᠯᠬᠤ ᠬᠣᠭᠣᠯᠠ ᠬᠢᠭᠰᠡᠨ ᠨᠢ ᠪᠣᠯᠵᠤ ᠳᠠ ᠭᠡᠵᠦ ᠪᠠᠶᠠᠷᠯᠠᠭᠰᠠᠭᠠᠷ ᠭᠡᠷ ᠲᠡᠭᠡᠨ ᠣᠷᠣᠵᠤ ᠭᠡᠨ᠎ᠡ᠃
ᠬᠠᠯᠠᠭᠳᠠᠯ
— ᠴᠢ ᠶᠠᠭᠤᠨ ᠳ᠋ᠤ᠌ ᠲᠠᠩᠳᠠ ᠭᠠᠭᠴᠠᠭᠠᠷ ᠢ᠋ᠶ᠋ᠠᠨ ᠶᠠᠪᠤᠳᠠᠭ ᠪᠢᠯᠡ᠂ ᠡᠬᠡᠨᠡᠷ ᠦ᠋ᠨ ᠴᠢᠨᠢ ᠪᠡᠶ᠎ᠡ ᠵᠦᠭᠡᠷ ᠤᠤ?
— ᠡᠬᠡᠨᠡᠷ ᠮᠢᠨᠢ ᠰᠠᠯᠴᠢᠬᠠᠭᠰᠠᠨ ᠰᠢᠦ ᠳᠡ᠃
— ᠶᠠᠭᠠᠬᠢᠭᠠᠳ?
— ᠲᠡᠷᠡ ᠴᠢᠨᠢ ᠨᠠᠳᠠ ᠲᠠᠢ ᠰᠠᠭᠤᠭᠰᠠᠨ ᠶᠤᠮ ᠪᠢᠰᠢ᠂ ᠲᠤᠰᠢᠶᠠᠯ᠂ ᠴᠠᠯᠢᠩ ᠬᠣᠶᠠᠷ ᠲᠠᠢ ᠮᠢᠨᠢ ᠰᠠᠭᠤᠭᠰᠠᠨ ᠶᠤᠮ ᠪᠠᠢᠵᠠᠢ᠃
— ᠴᠢ ᠶᠠᠭᠠᠬᠢᠭᠰᠠᠨ ᠭᠡᠵᠦ?
— ᠪᠢ ᠡᠪᠡᠳᠴᠢᠨ ᠦ᠌ ᠤᠴᠢᠷ ᠠᠺᠲ( ᠰᠢᠢᠳᠪᠦᠷᠢ) ᠪᠡᠷ ᠠᠯᠪᠠᠨ ᠠ᠋ᠴᠠ ᠪᠠᠨ ᠬᠠᠯᠠᠭᠳᠠᠬᠤ ᠳ᠋ᠤ᠌ ᠡᠬᠡᠨᠡᠷ ᠪᠠᠰᠠ ᠨᠠᠳᠠ ᠠ᠋ᠴᠠ ᠬᠠᠯᠠᠭᠳᠠᠭᠰᠠᠨ ᠠ᠋᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠣᠷᠵᠢᠬᠢᠨ ᠪᠠᠭᠠᠲᠤᠷ᠂ ᠳᠠᠪᠰᠢᠯᠲᠦ
ᠬᠢᠨᠠᠭ᠍ᠴᠢ : ᠴᠣᠯᠮᠣᠨᠲᠤᠶᠠᠭ᠎ᠠ
2024᠂ 2᠂ 22 ᠦᠨ ᠡᠳᠦᠷ
