ᠣᠷᠣᠢ ᠦᠭᠡᠢ ᠰᠦᠮ᠎ᠡ – ᠬᠣᠷᠢᠨ ᠳᠣᠯᠣᠭ᠎ᠠ ᠂ ᠬᠠᠮᠪᠤ ᠶᠢᠨ ᠰᠢᠷᠡᠭᠡᠨ᠎ᠡ ᠡᠷᠭᠦᠮᠵᠢᠯᠡᠪᠡ Оройгүй сүм – Хорин долоо ᠂ Хамбын ширээнэ өргөмжлөв - Oroigui sum 27 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠬᠣᠷᠢᠨ ᠳᠣᠯᠣᠭ᠎ᠠ ᠂ ᠬᠠᠮᠪᠤ ᠶᠢᠨ ᠰᠢᠷᠡᠭᠡᠨ᠎ᠡ ᠡᠷᠭᠦᠮᠵᠢᠯᠡᠪᠡ Оройгүй сүм – Хорин долоо ᠂ Хамбын ширээнэ өргөмжлөв - Oroigui sum 27

ᠣᠷᠣᠢ ᠦᠭᠡᠢ ᠰᠦᠮ᠎ᠡ – ᠬᠣᠷᠢᠨ ᠳᠣᠯᠣᠭ᠎ᠠ ᠂ ᠬᠠᠮᠪᠤ ᠶᠢᠨ ᠰᠢᠷᠡᠭᠡᠨ᠎ᠡ ᠡᠷᠭᠦᠮᠵᠢᠯᠡᠪᠡ Оройгүй сүм – Хорин долоо ᠂ Хамбын ширээнэ өргөмжлөв - Oroigui sum 27

ᠠᠩᠭᠢᠯᠠᠯ:ᠲᠤᠭᠤᠵᠢ ᠷᠣᠮᠠᠨ
2024-02-28

615

ᠬᠣᠷᠢᠨ ᠳᠣᠯᠣᠭ᠎ᠠ ᠂ ᠬᠠᠮᠪᠤ ᠶᠢᠨ ᠰᠢᠷᠡᠭᠡᠨ᠎ᠡ ᠡᠷᠭᠦᠮᠵᠢᠯᠡᠪᠡ


                    ᠬᠠᠳᠠ ᠨᠢ ᠬᠠᠷ᠎ᠠ ᠴᠤ᠌ ᠬᠠᠭᠳᠠ ᠨᠢ ᠨᠣᠭᠣᠭᠠᠨ 
                    ᠡᠯᠢᠭᠡ ᠨᠢ ᠬᠠᠷ᠎ᠠ ᠴᠤ᠌ ᠰᠥᠰᠥ ᠨᠢ ᠨᠣᠭᠣᠭᠠᠨ 
                    ᠤᠰᠤ ᠨᠢ ᠬᠠᠷ᠎ᠠ ᠴᠤ᠌ ᠵᠠᠮᠠᠭ ᠨᠢ ᠨᠣᠭᠣᠭᠠᠨ  

       ᠬᠠᠶᠠᠡᠭ᠌ᠬᠢᠷᠸ᠎ᠠ ᠪᠤᠶᠤ ᠮᠣᠷᠢᠨ ᠲᠣᠯᠣᠭᠠᠢᠲᠤ ᠭᠡᠳᠡᠭ ᠪᠤᠷᠬᠠᠨ ᠤ᠋ ᠠᠯᠲᠠᠳᠠᠮᠠᠯ ᠬᠥᠷᠥᠭ ᠬᠠᠮᠤᠭ ᠤ᠋ᠨ ᠲᠦᠷᠦᠭᠦᠨ ᠳ᠋ᠦ᠍ ᠬᠠᠩᠪᠤ ᠶ᠋ᠢᠨ ᠨᠢᠳᠦᠨ ᠳ᠋ᠦ᠍ ᠲᠣᠰᠤᠯ᠎ᠠ᠃ ᠭᠤᠷᠪᠠᠨ ᠲᠡᠰᠢ ᠬᠠᠷᠠᠭᠰᠠᠨ ᠭᠤᠷᠪᠠᠨ ᠲᠡᠷᠢᠭᠦᠨ ᠲᠡᠢ ᠠᠭᠠᠳ ᠲᠡᠳᠡᠭᠡᠷ ᠨᠢ ᠬᠣᠣᠷᠲᠠᠨ ᠢ᠋ ᠨᠣᠮᠣᠬᠠᠳᠬᠠᠬᠤ ᠶ᠋ᠢᠨ ᠤᠴᠢᠷ ᠰᠣᠶᠣᠭ᠎ᠠ ᠪᠠᠨ ᠢᠷᠵᠠᠢᠯᠭᠠᠵᠤ᠂ ᠴᠠᠬᠢᠯᠭᠠᠨ ᠭᠢᠯᠪᠠᠬᠤ ᠮᠡᠲᠦ ᠬᠢᠯᠢᠩ ᠢ᠋ᠶ᠋ᠡᠷ ᠬᠥᠮᠥᠰᠬᠡ ᠪᠡᠨ ᠳᠦᠷᠪᠦᠢᠯᠭᠡᠭᠰᠡᠨ᠂ ᠭᠤᠷᠪᠠᠯᠠᠭᠰᠠᠨ ᠮᠡᠯᠮᠡᠢ ᠲᠡᠢ᠂ ᠲᠢᠲᠢᠮ ᠦ᠋ᠨ ᠳᠡᠭᠡᠭᠦᠷ ᠲᠠᠪᠤᠨ ᠬᠣᠬᠢᠮᠠᠢ ᠴᠢᠮᠡᠭ ᠲᠡᠢ᠂ ᠵᠢᠷᠭᠤᠭᠠᠨ ᠮᠣᠳᠣᠷ ᠤ᠋ᠨ ᠪᠠᠷᠠᠭᠤᠨ ᠳ᠋ᠤ᠌ ᠸᠴᠢᠷ᠂ ᠬᠠᠲᠠᠮᠠᠭᠠᠢ᠂ ᠢᠯᠳᠦ᠂ ᠵᠡᠭᠦᠨ ᠳ᠋ᠦ᠍ ᠨᠢ ᠭᠠᠯ᠂ ᠬᠠᠳᠬᠤᠭᠤᠷ᠂ ᠪᠤᠭᠤᠯᠠᠭ᠎ᠠ ᠪᠠᠷᠢᠵᠤ᠂ ᠵᠡᠭᠦᠨ ᠪᠣᠢᠪᠣᠭ ᠤᠳ ᠢ᠋ ᠰᠤᠩᠭᠠᠨ ᠵᠢᠭᠢᠵᠦ᠂ ᠪᠠᠷᠠᠭᠤᠨ ᠢ᠋ ᠬᠠᠭᠠᠰ ᠵᠢᠭᠢᠨ ᠬᠤᠮᠢᠵᠤ ᠭᠠᠵᠠᠷ ᠳᠡᠪᠢᠰᠬᠦ ᠮᠡᠲᠦ ᠵᠣᠭᠰᠣᠭᠠᠳ ᠬᠣᠭᠣᠷᠣᠨᠳᠣ ᠪᠠᠨ ᠰᠦᠯᠵᠢᠯᠳᠦᠨ ᠲᠣᠯᠣᠭᠠᠢ ᠶ᠋ᠢ ᠴᠣᠩᠨᠣᠢᠯᠭᠠᠭᠰᠠᠨ ᠨᠠᠢ᠍ᠮᠠᠨ ᠮᠣᠭᠠᠢ ᠶ᠋ᠢ ᠭᠢᠰᠬᠢᠨ ᠣᠷᠣᠰᠢᠭᠰᠠᠨ᠂ ᠯᠠᠭᠱᠠᠨ ᠳ᠋ᠤ᠌ ᠪᠠᠨ ᠭᠠᠬᠠᠢ ᠶ᠋ᠢᠨ ᠠᠷᠠᠰᠤ ᠶ᠋ᠢ ᠭᠣᠣᠯ ᠢ᠋ᠶ᠋ᠠᠷ ᠨᠢ ᠵᠠᠩᠭᠢᠳᠤᠨ ᠨᠥᠮᠥᠷᠴᠦ᠂ ᠳᠣᠲᠣᠷ᠎ᠠ ᠡᠷᠬᠡᠲᠡᠨ ᠢ᠋ᠶ᠋ᠡᠷ ᠬᠣᠯᠪᠣᠵᠤ ᠬᠢᠭᠰᠡᠨ ᠡᠷᠢᠭᠡ ᠵᠢ ᠵᠡᠭᠦᠭᠰᠡᠨ᠂ ᠲᠡᠷᠢᠭᠦᠨ ᠳᠡᠭᠡᠭᠦᠷ ᠨᠢ ᠲᠠᠳᠠᠷᠯᠠᠭᠰᠠᠨ ᠲᠠᠪᠤᠨ ᠤᠯᠠᠭᠠᠨ ᠭᠠᠯ ᠤ᠋ᠨ ᠲᠥᠯᠥᠨ ᠳᠡᠭᠡᠷ᠎ᠡ ᠡᠴᠡ ᠭᠤᠷᠪᠠᠨ ᠮᠣᠷᠢᠨ ᠲᠣᠯᠣᠭᠠᠢ ᠡᠮᠦᠨ᠎ᠡ ᠵᠦᠭ ᠢ᠋ ᠬᠠᠷᠠᠨ ᠴᠤᠬᠤᠢᠭᠰᠠᠨ᠂ ᠦᠨᠡᠯᠡᠰᠢ ᠦᠭᠡᠢ ᠡᠷᠳᠡᠨᠢ ᠰᠢᠭᠢᠳᠬᠡᠨ ᠴᠢᠮᠡᠭᠰᠡᠨ ᠡᠭᠡᠮᠦᠭ᠂ ᠬᠣᠭᠣᠯᠠᠢ ᠶ᠋ᠢᠨ ᠴᠢᠮᠡᠭ᠂ ᠮᠣᠳᠣᠷ᠂ ᠪᠣᠢᠪᠣᠭ ᠤ᠋ᠨ ᠪᠠᠭᠤᠪᠴᠢ᠂ ᠪᠥᠭᠡᠵᠢ᠂ ᠰᠤᠭᠤᠪᠴᠢᠯᠠᠭᠤᠷ᠂ ᠬᠣᠭᠣᠯᠠᠢᠪᠴᠢ ᠵᠡᠷᠭᠡ ᠪᠡᠷ ᠪᠢᠨᠳᠡᠷᠯᠡᠭᠰᠡᠨ ᠡᠢᠮᠦ ᠨᠢᠭᠡᠨ ᠬᠥᠷᠥᠭ ᠢ᠋  ᠬᠠᠶᠠᠡᠭ᠌ᠬᠢᠷᠸ᠎ᠠ ᠪᠤᠷᠬᠠᠨ ᠭᠡᠳᠡᠭ ᠠᠵᠢ᠃ ᠮᠠᠯᠴᠢᠳ ᠤ᠋ᠨ ᠰᠢᠲᠦᠬᠦ ᠳᠤᠷᠠᠲᠠᠢ ᠲᠡᠷᠡ ᠪᠤᠷᠬᠠᠨ ᠢ᠋ ᠬᠠᠮᠪᠤ ᠯᠠᠮᠠ ᠰᠠᠨᠵᠢᠳᠠᠯᠪᠢᠴᠣᠢᠵᠠᠮᠰᠤ ᠬᠠᠮᠪᠤ ᠶᠢᠨ ᠢ᠋ᠶ᠋ᠡᠨ ᠰᠢᠷᠡᠭᠡᠨ ᠳ᠋ᠦ᠍ ᠵᠠᠯᠠᠷᠠᠬᠤ ᠶ᠋ᠢᠨ ᠡᠮᠦᠨᠡᠬᠢ ᠮᠥᠴᠡ ᠳ᠋ᠦ᠍ ᠬᠠᠷᠠᠭᠰᠠᠨ ᠳ᠋ᠤ᠌ ᠪᠠᠨ ᠰᠡᠳᠬᠢᠯ ᠨᠢ ᠬᠠᠴᠢᠨ ᠥᠭᠡᠷᠡᠴᠢᠯᠡᠭᠳᠡᠯ᠎ᠡ᠃ ᠲᠥᠪᠡᠳ ᠦ᠋ᠨ ᠥᠨᠳᠥᠷ ᠠᠭᠤᠯᠠᠰ᠂  ᠬᠥᠬᠡᠨᠠᠭᠤᠷ ᠤ᠋ᠨ ᠥᠷᠭᠡᠨ ᠬᠥᠨᠳᠡᠢ᠂ ᠠᠯᠠᠱᠠ ᠶ᠋ᠢᠨ ᠡᠯᠡᠰᠦᠨ ᠴᠦᠯ᠂  ᠬᠣᠪᠣᠭᠰᠠᠢᠷ ᠤ᠋ᠨ ᠬᠤᠵᠢᠷᠲᠤ ᠴᠠᠢᠳᠠᠮ ᠢ᠋ ᠲᠤᠭᠤᠯᠤᠨ ᠡᠬᠡ ᠨᠤᠲᠤᠭ ᠶᠤᠭᠠᠨ ᠵᠣᠷᠢᠨ ᠶᠠᠪᠤᠬᠤ ᠶ᠋ᠢᠨ ᠵᠠᠪᠰᠠᠷ ᠣᠷᠣᠨ ᠬᠡᠢᠳ ᠦ᠋ᠨ ᠰᠠᠭᠤᠭ᠎ᠠ ᠠᠮᠢᠳᠤᠷᠠᠯ ᠠ᠋ᠴᠠ ᠳᠠᠢᠵᠢᠵᠤ᠂ ᠮᠣᠷᠢᠨ ᠳᠡᠯ ᠳᠡᠭᠡᠭᠦᠷ ᠶᠠᠪᠤᠬᠤ ᠶ᠋ᠢᠨ ᠠᠮᠲᠠ ᠠᠪᠤᠭᠰᠠᠨ ᠪᠣᠯᠬᠣᠷ ᠬᠠᠮᠪᠤ ᠶ᠋ᠢᠨ ᠰᠡᠳᠬᠢᠯ ᠳ᠋ᠦ᠍ ᠮᠣᠷᠢᠨ ᠲᠣᠯᠣᠭᠠᠢᠲᠤ ᠪᠤᠷᠬᠠᠨ ᠬᠢᠮᠤᠷᠠᠯ ᠲᠥᠷᠥᠭᠦᠯᠵᠡᠢ᠃《ᠨᠢᠭᠡᠨᠲᠡ ᠯᠡ ᠪᠦᠬᠦ ᠨᠠᠰᠤ ᠪᠠᠷ ᠢ᠋ᠶ᠋ᠠᠨ ᠡᠨᠡ ᠰᠢᠷᠡᠭᠡᠨ ᠳᠡᠭᠡᠷ᠎ᠡ ᠨᠢᠭᠡᠨ ᠬᠡᠪ ᠢ᠋ᠶ᠋ᠡᠷ ᠵᠠᠪᠢᠯᠠᠨ ᠰᠠᠭᠤᠵᠤ᠂  ᠤᠷᠢᠳᠤ ᠨᠢᠭᠡᠨᠲᠡ ᠴᠡᠭᠡᠵᠢᠯᠡᠭᠰᠡᠨ ᠨᠣᠮ ᠢ᠋ᠶ᠋ᠠᠨ ᠡᠳᠦᠷ ᠪᠦᠷᠢ ᠳᠠᠪᠲᠠᠨ ᠳᠠᠪᠲᠠᠨ ᠤᠩᠰᠢᠬᠤ ᠠᠵᠢᠯ ᠢ᠋ᠶ᠋ᠠᠷ ᠬᠣᠷᠸ᠎ᠠ ᠶ᠋ᠢ ᠡᠯᠡᠭᠡᠬᠦ ᠪᠣᠯᠤᠨ᠎ᠠ ᠳᠠ》ᠭᠡᠵᠦ ᠰᠠᠨᠵᠢᠳᠠᠯᠪᠢᠴᠣᠢᠵᠠᠮᠰᠤ ᡀᠠᠷᠠᠮᠪᠠ ᠪᠤᠶᠠᠨᠵᠠᠯᠪᠠᠷᠢᠬᠤ ᠬᠡᠢᠳ ᠦ᠋ᠨ ᠬᠠᠮᠪᠤ ᠶᠢᠨ ᠰᠠᠭᠤᠳᠠᠯ ᠳ᠋ᠤ᠌ ᠰᠠᠭᠤᠬᠤ ᠳ᠋ᠤ᠌ ᠪᠠᠨ ᠪᠣᠳᠣᠯ᠎ᠠ᠃ ᠲᠡᠭᠦᠨ ᠦ᠌ ᠡᠢᠮᠦᠷᠬᠦ ᠶᠠᠭᠤᠮ᠎ᠠ ᠪᠣᠳᠣᠵᠤ ᠪᠠᠢᠭ᠎ᠠ ᠶ᠋ᠢ ᠬᠡᠨ ᠴᠦ᠍ ᠳᠠᠭᠠᠵᠤ ᠮᠡᠳᠡᠬᠦ ᠦᠭᠡᠢ ᠨᠢ ᠯᠠᠪᠲᠠᠢ ᠶᠤᠮ᠃ ᠲᠥᠷᠥᠭᠰᠡᠨ ᠨᠤᠲᠤᠭ ᠲᠤ᠌ ᠪᠠᠨ ᠡᠷᠭᠢᠵᠦ ᠢᠷᠡᠭᠰᠡᠨ ᠢ᠋ ᠨᠢ ᠮᠡᠳᠡᠮᠡᠭᠴᠡ ᠪᠤᠶᠠᠨᠵᠠᠯᠪᠠᠷᠢᠬᠤ ᠬᠡᠢᠳ ᠦ᠋ᠨ ᠲᠣᠮᠣ ᠲᠣᠯᠣᠭᠠᠢ ᠯᠠᠮᠠ ᠨᠠᠷ ᠲᠡᠭᠦᠨ ᠢ᠋ ᠬᠦᠷᠢᠶᠡᠯᠡᠨ ᠠᠪᠴᠤ ᠬᠠᠮᠪᠤ ᠶ᠋ᠢᠨ ᠢ᠋ᠶ᠋ᠡᠨ ᠠᠯᠪᠠᠨ ᠳ᠋ᠤ᠌ ᠡᠷᠭᠦᠮᠵᠢᠯᠡᠨ ᠵᠠᠯᠠᠬᠤ ᠪᠠᠷ ᠢᠳᠬᠠᠨ ᠵᠥᠪᠰᠢᠶᠡᠷᠡᠭᠦᠯᠵᠡᠢ᠃ ᠲᠥᠪᠡᠳ ᠦ᠋ᠨ ᡀᠠᠰᠠ ᠵᠣᠣ ᠶ᠋ᠢᠨ ᠭᠠᠵᠠᠷ ᠣᠯᠠᠨ ᠵᠢᠯ ᠰᠠᠭᠤᠵᠤ ᠪᠤᠷᠬᠠᠨ ᠤ᠋ ᠨᠣᠮ ᠳ᠋ᠤ᠌ ᠴᠣᠭᠣᠷᠠᠨ ᡀᠠᠷᠠᠮᠪᠠ ᠶ᠋ᠢᠨ ᠵᠡᠷᠭᠡ ᠳ᠋ᠦ᠍ ᠬᠦᠷᠦᠭᠰᠡᠨ ᠲᠡᠢᠮᠦ ᠬᠥᠮᠦᠨ ᠲᠡᠷᠡ ᠨᠤᠲᠤᠭ ᠲᠤ᠌ ᠥᠭᠡᠷ᠎ᠡ ᠪᠠᠢᠭᠰᠠᠨ ᠦᠭᠡᠢ ᠪᠣᠯᠬᠣᠷ ᠪᠤᠶᠠᠨᠵᠠᠯᠪᠠᠷᠢᠬᠤ ᠬᠡᠢᠳ ᠦ᠋ᠨ ᠯᠠᠮᠠ ᠨᠠᠷ ᠰᠠᠨᠵᠢ ᠵᠢ ᠢᠷᠡᠭᠰᠡᠨ ᠳ᠋ᠦ᠍ ᠶᠡᠬᠡᠳᠡ ᠣᠯᠵᠠᠭᠤᠷᠬᠠᠵᠠᠢ᠃ ᠣᠳᠣ ᠲᠡᠭᠦᠨ ᠦ᠌ ᠨᠣᠮ ᠤ᠋ᠨ ᠨᠡᠷ᠎ᠡ ᠨᠢ ᠰᠠᠨᠵᠢᠳᠠᠯᠪᠢᠴᠣᠢᠵᠠᠮᠰᠤ ᠪᠣᠯᠠᠢ᠃ ᠨᠣᠮ ᠤ᠋ᠨ ᠳᠠᠯᠠᠢ ᠪᠣᠯᠤᠭᠰᠠᠨ ᠡᠷᠳᠡᠮᠲᠦ ᠲᠡᠷᠡ ᠬᠥᠮᠦᠨ ᠢ᠋ ᠡᠷᠭᠦᠮᠵᠢᠯᠡᠨ ᠵᠠᠯᠠᠭᠰᠠᠨ ᠢ᠋ᠶ᠋ᠠᠷ ᠢ᠋ᠶ᠋ᠠᠨ ᠤᠤᠯ ᠤ᠋ᠨ ᠪᠥᠭᠯᠡᠭᠦᠦ ᠠᠮᠠᠨ ᠳ᠋ᠤ᠌ ᠰᠢᠭᠢᠳᠦᠨ ᠰᠠᠭᠤᠷᠢᠰᠢᠭᠰᠠᠨ ᠪᠢᠴᠢᠬᠠᠨ ᠪᠤᠶᠠᠨᠵᠠᠯᠪᠠᠷᠢᠬᠤ ᠬᠡᠢᠳ ᠦ᠋ᠨ ᠨᠡᠷ᠎ᠡ ᠠᠯᠳᠠᠷ ᠴᠤ᠌ ᠣᠯᠠᠨ ᠲᠦᠮᠡᠨ ᠳ᠋ᠦ᠍ ᠤᠯᠠᠮ ᠰᠠᠢᠨ ᠢ᠋ᠶ᠋ᠠᠷ  ᠬᠡᠯᠡᠭᠳᠡᠬᠦ ᠤᠴᠢᠷᠲᠠᠢ ᠪᠠᠢᠯ᠎ᠠ᠃ 
       ᠰᠦᠮ᠎ᠡ ᠪᠡᠷ ᠫᠢᠭ ᠳᠦᠭᠦᠷᠡᠩ ᠬᠥᠮᠦᠨ ᠴᠤᠭᠯᠠᠷᠠᠵᠠᠢ᠃ ᠤᠪᠠᠰᠢ ᠬᠤᠸᠠᠷᠠᠭ ᠨᠤᠭᠤᠳ ᠠ᠋ᠴᠠ ᠡᠬᠢᠯᠡᠭᠡᠳ ᠭᠡᠴᠣᠯ ᠭᠡᠯᠦᠩ᠂ ᠰᠢᠷᠡᠭᠡᠲᠦ᠂ ᠱᠠᠪᠷᠤᠩ ᠬᠦᠷᠲᠡᠯ᠎ᠡ ᠪᠤᠷᠬᠠᠨ ᠤ᠋ ᠱᠠᠪᠢ ᠨᠠᠷ᠂ ᠲᠡᠷᠡᠴᠢᠯᠡᠨ ᠥᠭᠯᠢᠭᠡ ᠶ᠋ᠢᠨ ᠡᠵᠡᠳ ᠮᠥᠷᠭᠥᠯᠴᠢᠳ ᠪᠠᠭᠰᠢᠷᠠᠨ ᠴᠤᠭᠯᠠᠷᠠᠵᠤ ᠰᠦᠮ᠎ᠡ ᠶ᠋ᠢᠨ ᠳᠣᠲᠣᠷ᠎ᠠ ᠲᠥᠭᠡ ᠵᠠᠢ ᠴᠤ᠌ ᠦᠯᠡᠳᠡᠭᠡᠯ ᠦᠭᠡᠢ ᠪᠦᠷᠬᠦᠨ ᠵᠣᠭᠰᠣᠯᠴᠠᠵᠠᠢ᠃ ᠳᠤᠭᠠᠩ ᠳ᠋ᠤ᠌ ᠠᠯᠪᠠᠨ ᠬᠠᠭᠠᠬᠤ ᠶᠣᠰᠣᠲᠠᠢ ᠬᠡᠷᠭᠡᠮᠲᠡᠨ ᠨᠥᠬᠥᠳ ᠪᠦᠷᠢᠨ ᠡᠮᠦᠰᠬᠡᠯ ᠤᠳ ᠢᠶᠠᠨ ᠠᠭᠰᠠᠭᠠᠳ ᠵᠣᠭᠰᠣᠵᠤ ᠪᠠᠢᠯ᠎ᠠ᠃ ᠰᠢᠷᠡᠭᠡᠲᠦ ᠯᠠᠮᠠ ᠴᠣᠷᠵᠢ᠂ ᠱᠠᠡᠭ᠌ᠵᠠᠪ᠂ ᠵᠠᠰᠠᠭ ᠯᠠᠮᠠ᠂ ᠳᠠ ᠯᠠᠮᠠ᠂ ᠨᠠᠡᠭ᠌ᠰᠣ ᠯᠠᠮᠠ᠂ ᠭᠡᠪᠬᠦᠢ᠂ ᠤᠮᠵᠠᠳ᠂ ᠨᠢᠷᠪᠠ ᠨᠠᠷ ᠳᠡᠰ ᠳᠡᠰ ᠢ᠋ᠶ᠋ᠡᠷ ᠪᠠᠢᠷᠢ ᠪᠠᠨ ᠡᠵᠡᠯᠡᠪᠡ᠃ ᠤᠯᠠᠭᠠᠨ᠂ ᠰᠢᠷ᠎ᠠ ᠬᠠᠳᠠᠭ᠂ ᠳᠣᠯᠣᠭᠠᠨ ᠠᠯᠲᠠ ᠣᠷᠬᠢᠮᠵᠢ ᠪᠠᠨ ᠰᠠᠪᠰᠠᠭᠤᠯᠤᠨ᠂ ᠵᠢᠩᠵᠠᠢ ᠯᠠᠮ᠎ᠠ ᠪᠠᠨ ᠳᠠᠭᠠᠭᠤᠯᠤᠭᠰᠠᠨ ᠭᠡᠴᠣᠯ᠂ ᠤᠯᠠᠭᠠᠨ ᠡᠮᠵᠢᠶᠡᠷᠢᠲᠦ ᠰᠢᠷ᠎ᠠ ᠳ᠋ᠤᠭᠤᠭ ᠢ᠋ᠶ᠋ᠠᠨ ᠨᠥᠮᠥᠷᠴᠦ ᠭᠢᠷᠬ᠎ᠠ ᠪᠦᠰᠡ ᠪᠦᠰᠡᠯᠡᠨ᠂ ᠱᠠᠮᠲᠠᠪ᠂ ᠣᠷᠬᠢᠮᠵᠢ ᠪᠠᠨ ᠮᠥᠷᠥᠯᠡᠭᠰᠡᠨ ᠭᠡᠯᠦᠩ ᠦ᠋ᠳ ᠡᠩᠨᠡᠭᠡ ᠪᠡᠷ ᠢ᠋ᠶ᠋ᠡᠨ ᠢᠷᠠᠢᠨ᠎ᠠ᠃ ᠲᠡᠷᠡᠴᠢᠯᠡᠨ ᠰᠢᠷᠡᠭᠡᠲᠦ ᠯᠠᠮᠠ ᠶ᠋ᠢᠨ ᠲᠤᠰᠠᠯᠠᠬᠤ ᠯᠠᠴᠠᠪᠠ᠂ ᠵᠢᠲ᠋ᠪᠦ ᠬᠣᠶᠠᠷ ᠲᠠᠬᠢᠯᠴᠢ᠂ ᠭᠦᠦᠷᠡᠮᠪᠡ᠂ ᠳᠤᠭᠠᠩᠴᠢ᠂ ᠮᠢᠭᠷᠠᠮᠪᠠ᠂ ᠵᠢᠮ᠎ᠡ ᠯᠠᠮᠠ᠂ ᠰᠣᠢᠪᠣᠡᠭ᠂ ᠭᠡᠢᠭ᠂ ᠵᠢᠩᠵᠠᠢ ᠯᠠᠮᠠ ᠨᠠᠷ ᠡᠭᠦᠪᠡᠷ ᠲᠡᠭᠦᠪᠡᠷ ᠦᠵᠡᠭᠳᠡᠨ᠎ᠡ᠃  
       ᠴᠥᠮ ᠢ᠋ᠶ᠋ᠡᠷ ᠢ᠋ᠶ᠋ᠡᠨ ᠯᠡ ᠰᠠᠨᠵᠢᠳᠠᠯᠪᠢᠴᠣᠢᠵᠠᠮᠰᠤ ᠬᠠᠮᠪᠤ ᠶᠢᠨ ᠵᠦᠭ ᠪᠢᠰᠢᠷᠡᠯ᠂ ᠢᠲᠡᠭᠡᠯ ᠰᠣᠨᠢᠭᠤᠴᠢᠯᠠᠯ ᠳᠦᠭᠦᠷᠡᠩ ᠨᠢᠳᠦ ᠪᠡᠷ ᠬᠠᠷᠠᠵᠠᠭᠠᠵᠤ ᠪᠠᠢᠯ᠎ᠠ᠃ 
       ᠬᠠᠷᠠᠩᠭ᠎ᠠ ᠶ᠋ᠢᠨ ᠬᠤᠷᠠᠯ ᠢ᠋ᠶ᠋ᠠᠷ ᠥᠷᠯᠥᠭᠡᠨ ᠦ᠌ ᠤᠩᠰᠢᠯᠭ᠎ᠠ ᠡᠬᠢᠯᠡᠨ᠎ᠡ ᠭᠡᠳᠡᠭ ᠢ᠋ ᠰᠠᠨᠠᠬᠤ ᠳ᠋ᠤ᠌ ᠰᠠᠨᠵᠢ ᠳ᠋ᠤ᠌ ᠣᠯᠠᠨ ᠣᠯᠠᠨ ᠵᠢᠯ ᠳᠠᠪᠲᠠᠭᠰᠠᠭᠠᠷ ᠪᠠᠢᠭᠠᠳ ᠥᠩᠭᠡ ᠦᠭᠡᠢ ᠪᠣᠯᠴᠢᠬᠠᠭᠰᠠᠨ ᠪᠣᠱᠣᠭᠠᠨ ᠤ᠋ ᠮᠣᠳᠣ ᠶᠤᠮ ᠤᠤ ᠡᠰᠡᠪᠡᠯ ᠵᠠᠵᠢᠯᠤᠭᠰᠠᠭᠠᠷ ᠪᠠᠢᠲᠠᠯ᠎ᠠ ᠠᠮᠲᠠ ᠦᠭᠡᠢ ᠪᠣᠯᠴᠢᠬᠠᠭᠰᠠᠨ ᠰᠢᠷᠮᠦᠰᠦ ᠲᠡᠢ ᠪᠣᠷᠴᠠ ᠰᠢᠭ᠋ ᠰᠣᠨᠢᠨ ᠦᠭᠡᠢ ᠰᠠᠨᠠᠭᠳᠠᠯ᠎ᠠ᠃ ᠬᠠᠷᠠᠩᠭ᠎ᠠ ᠶ᠋ᠢᠨ ᠬᠤᠷᠠᠯ ᠤ᠋ᠨ ᠳᠠᠷᠠᠭ᠎ᠠ ᠲᠦᠢ ᠡᠷᠭᠦᠨ᠎ᠡ᠂  ᠷᠠᠰᠢᠶᠠᠨ ᠲᠠᠷᠨᠢᠳᠠᠨ᠎ᠠ᠂ ᠮᠠᠩᠵᠠ ᠵᠣᠭᠣᠭᠯᠠᠨ᠎ᠠ᠃ ᠡᠳᠦᠷ ᠳᠤᠮᠳᠠ ᠮᠠᠭᠲᠠᠭᠠᠯ ᠤ᠋ᠨ ᠬᠤᠷᠠᠯ ᠬᠢᠨ᠎ᠡ᠃ ᠪᠤᠷᠬᠠᠳ ᠤ᠋ᠨ ᠦᠢᠯᠡ ᠶᠠᠪᠤᠳᠠᠯ ᠢ᠋ ᠮᠠᠭᠲᠠᠨ ᠤᠩᠰᠢᠬᠤ ᠲᠡᠷᠡ ᠬᠤᠷᠠᠯ ᠤ᠋ᠨ ᠳᠠᠷᠠᠭ᠎ᠠ ᠣᠷᠣᠢ ᠶ᠋ᠢᠨ ᠡᠭᠡᠯᠵᠢᠨ ᠳ᠋ᠦ᠍ ᠦᠬᠦᠭᠰᠡᠨ ᠠᠮᠢᠳᠤ ᠶᠢᠨ ᠢᠷᠦᠭᠡᠯ ᠦ᠋ᠨ ᠬᠤᠷᠠᠯ ᠬᠢᠨ᠎ᠡ᠃ ᠡᠢᠮᠦ ᠯᠡ ᠠᠵᠢᠯ ᠢ᠋ᠶ᠋ᠠᠷ ᠡᠳᠦᠷ ᠬᠣᠨᠣᠭ᠂ ᠵᠢᠯ ᠰᠠᠷ᠎ᠠ᠂ ᠵᠠ ᠲᠡᠭᠡᠭᠡᠳ ᠪᠦᠲᠦᠨ ᠠᠮᠢᠳᠤᠷᠠᠯ ᠥᠩᠭᠡᠷᠡᠨ᠎ᠡ᠃ ᠬᠤᠷᠠᠯ ᠨᠢᠭᠡᠨ ᠠᠶᠠᠯᠭᠤ ᠪᠠᠷ ᠪᠦᠪᠳᠦᠨᠡᠨ ᠬᠤᠷᠠᠨ᠎ᠠ᠃ ᠮᠠᠨᠢ ᠲᠠᠲᠠᠬᠤ᠂ ᠤᠮᠵᠠᠳ ᠤ᠋ᠨ ᠲᠤᠨᠵᠢᠷᠳᠠᠬᠤ ᠳᠠᠭᠤᠨ ᠠ᠋ᠴᠠ ᠥᠭᠡᠷ᠎ᠡ ᠨᠢᠭᠡ ᠶᠡᠬᠡ ᠰᠣᠳᠣᠨ ᠳᠠᠭᠤ ᠠᠪᠢᠶ᠎ᠠ ᠭᠠᠷᠬᠤ ᠦᠭᠡᠢ᠃ ᠬᠡᠩᠭᠡᠷᠭᠡ᠂  ᠳ᠋ᠢᠩᠱᠠᠭ᠂ ᠭᠠᠩᠯᠢᠩ᠂ ᠰᠡᠯᠨᠢᠨ᠂ ᠴᠠᠩ᠂ ᠮᠢᠭᠠᠨ᠂ ᠯᠢᠩᠪᠦ᠂  ᠵᠥᠷᠢᠭᠦᠦ ᠂ ᠱᠦᠭᠯᠦ᠂  ᠲᠣᠡᠭ᠌ᠷᠠᠭ᠎ᠠ᠂ ᠪᠢᠰᠬᠢᠭᠦᠷ᠂ ᠲᠤᠩ ᠪᠦᠷᠢᠶ᠎ᠡ᠂ ᠦᠬᠡᠷ ᠪᠦᠷᠢᠶᠡᠨ ᠦ᠌ ᠳᠠᠭᠤ ᠶᠠᠩᠵᠤ ᠪᠦᠷᠢ ᠶ᠋ᠢᠨ ᠬᠤᠷᠠᠯ᠂ ᠶᠣᠰᠣᠯᠠᠯ ᠤ᠋ᠨ ᠦᠶ᠎ᠡ ᠪᠡᠷ ᠳᠤᠭᠤᠯᠳᠠᠬᠤ ᠪᠣᠯᠪᠠᠴᠤ ᠲᠡᠷᠡ ᠪᠦᠬᠦᠨ ᠴᠥᠮ ᠯᠡ ᠮᠢᠭᠷᠠᠮᠪᠠ ᠶ᠋ᠢᠨ ᠵᠢᠭᠠᠯᠲᠠ ᠠ᠋ᠴᠠ ᠭᠠᠵᠢᠬᠤ ᠶᠣᠰᠣ ᠦᠭᠡᠢ᠃ ᠪᠠᠰᠠ ᠯᠠ ᠨᠢᠭᠡᠨ ᠬᠡᠪ ᠲᠦ᠍  ᠮᠦᠡᠭᠬᠡᠳᠡ ᠲᠣᠭᠲᠠᠭᠠᠭᠰᠠᠨ ᠵᠠᠢᠭ ᠶᠣᠰᠣ ᠶ᠋ᠢ ᠳᠠᠭᠠᠨ᠎ᠠ᠃ ᠲᠡᠭᠡᠬᠦ ᠪᠡᠷ ᠢ᠋ᠶ᠋ᠡᠨ ᠯᠠᠮᠠ ᠨᠠᠷ ᠤ᠋ᠨ ᠨᠢᠭᠡᠨ ᠠᠶᠠᠯᠭᠤ ᠪᠠᠷ ᠪᠦᠪᠳᠦᠨᠡᠨ ᠤᠩᠰᠢᠬᠤ ᠮᠠᠢᠭ ᠠ᠋ᠴᠠ ᠢᠯᠭᠠᠭ᠎ᠠ ᠶᠠᠭᠤᠨ ᠪᠠᠢᠬᠤ ᠪᠣᠢ? ᠨᠣᠬᠠᠢ ᠬᠤᠴᠠᠬᠤ ᠶ᠋ᠢ ᠲᠣᠡᠭ᠌ᠷᠠᠬ᠎ᠠ ᠪᠠᠷ᠂ ᠰᠢᠪᠠᠭᠤ ᠵᠢᠷᠭᠢᠬᠦ ᠶ᠋ᠢ  ᠵᠥᠷᠢᠭᠦᠦ ᠪᠡᠷ᠂ ᠯᠤᠤ ᠬᠦᠷᠬᠢᠷᠡᠬᠦ ᠶ᠋ᠢ ᠦᠬᠡᠷ ᠪᠦᠷᠢᠶ᠎ᠡ ᠪᠡᠷ ᠳᠠᠭᠤᠷᠢᠶᠠᠯᠭᠠᠨ᠎ᠠ᠃ ᠭᠡᠪᠡᠴᠦ ᠲᠡᠷᠡ ᠪᠦᠬᠦᠨ ᠨᠢᠭᠡ ᠯᠡ ᠥᠩᠭᠡ ᠠᠶᠠᠰ ᠲᠠᠢ ᠪᠠᠢᠬᠤ ᠤᠴᠢᠷ ᠲᠠᠢ᠃ ᠡᠭᠦᠨ ᠢ᠋ ᡀᠠᠷᠠᠮᠪᠠ ᠴᠥᠮ ᠢ᠋ ᠴᠡᠭᠡᠵᠢ ᠪᠡᠷ ᠮᠡᠳᠡᠵᠦ ᠪᠠᠢᠯ᠎ᠠ᠃ ᠵᠢᠩᠵᠠᠢ ᠯᠠᠮᠠ ᠶ᠋ᠢᠨ ᠲᠤᠰᠯᠠᠬᠤ ᠬᠢᠵᠦ ᠪᠠᠢᠬᠤ ᠳ᠋ᠤ᠌ ᠪᠠᠨ ᠪᠠᠷᠡᠪᠠᠡᠭ ᠬᠡᠢᠳ ᠲᠦ᠍ ᠡᠭᠦᠨ ᠢ᠋ ᠮᠡᠳᠡᠬᠦ ᠶ᠋ᠢᠨ ᠴᠠᠭᠠᠨ᠎ᠠ ᠮᠡᠳᠡᠵᠦ᠂ ᠰᠤᠷᠬᠤ ᠶ᠋ᠢᠨ ᠴᠠᠭᠠᠨ᠎ᠠ ᠰᠤᠷᠴᠠᠢ᠃ 
       ᠪᠠᠨᠳᠢ ᠪᠠᠢᠬᠤ ᠳ᠋ᠤ᠌ ᠪᠠᠨ ᠱᠠᠪᠢᠯᠠᠨ ᠰᠠᠭᠤᠵᠤ ᠪᠠᠢᠭᠰᠠᠨ ᠡᠨᠡᠬᠦ ᠳ᠋ᠠᠴᠠᠩ ᠤ᠋ᠨ ᠳᠣᠲᠣᠷᠠᠬᠢ ᠶᠠᠭᠤᠮᠠᠰ ᠢ᠋ ᠰᠠᠨᠵᠢ ᡀᠠᠷᠠᠮᠪᠠ ᠡᠷᠭᠢᠨ ᠲᠣᠭᠣᠷᠢᠨ ᠠᠵᠢᠨ ᠬᠠᠷᠠᠯ᠎ᠠ᠃《ᠪᠦᠭᠦᠳᠡᠭᠡᠷ ᠢ᠋ᠶ᠋ᠡᠨ ᠯᠡ ᠬᠠᠭᠤᠴᠢᠨ ᠶᠠᠩᠵᠤᠨ ᠳ᠋ᠤ᠌ ᠪᠠᠨ ᠪᠠᠢᠬᠤ ᠰᠢᠭ᠋ ᠪᠣᠢ ᠳᠠ? ᠨᠡᠮᠡᠭᠳᠡᠭᠰᠡᠨ ᠶᠠᠭᠤᠮ᠎ᠠ ᠠᠯᠠᠭ᠎ᠠ᠃ ᠬᠠᠷᠢᠨ ᠤᠲᠤᠭ᠎ᠠ ᠲᠣᠭᠣᠰᠣ ᠨᠢ ᠨᠡᠯᠢᠶᠡᠳ ᠵᠤᠵᠠᠭᠠᠷᠠᠵᠠᠢ᠃ ᠨᠢᠭᠡ ᠰᠠᠢᠬᠠᠨ ᠰᠦᠮ᠎ᠡ ᠪᠠᠷᠢᠬᠤ ᠴᠠᠭ ᠪᠣᠯᠤᠭᠰᠠᠨ ᠶᠤᠮ ᠪᠠᠢᠨ᠎ᠠ ᠳᠠ》ᠭᠡᠵᠦ ᠰᠠᠨᠵᠢᠳᠠᠯᠪᠢᠴᠣᠢᠵᠠᠮᠰᠤᠲᠠᠨ ᠳᠣᠲᠣᠷ᠎ᠠ ᠪᠠᠨ ᠡᠷᠭᠢᠴᠡᠭᠦᠯᠦᠨ ᠪᠣᠳᠣᠯ᠎ᠠ᠃ ᠲᠡᠭᠡᠲᠡᠯ᠎ᠡ ᠥᠪᠡᠷ ᠦ᠋ᠨ ᠬᠢ ᠨᠢ ᠪᠠᠭ᠎ᠠ ᠳ᠋ᠤ᠌ ᠪᠠᠨ ᠱᠠᠪᠢᠯᠠᠨ ᠰᠠᠭᠤᠵᠤ ᠪᠠᠢᠭᠰᠠᠨ ᠵᠠᠪᠳᠤᠩ ᠨᠢᠳᠦᠨ ᠦ᠌  ᠪᠤᠯᠤᠩ ᠳ᠋ᠤ᠌ ᠬᠠᠷᠠᠭᠳᠠᠯ᠎ᠠ᠃ ᠴᠣᠴᠢᠬᠤ ᠰᠢᠭ᠋ ᠪᠣᠯᠵᠤ ᠵᠠᠪᠳᠤᠩ ᠢ᠋ᠶ᠋ᠠᠨ ᠠᠵᠢᠭᠯᠠᠪᠠ᠃ ᠬᠡᠪ ᠢ᠋ᠶ᠋ᠡᠷ ᠢ᠋ᠶ᠋ᠡᠨ ᠪᠠᠢᠯ᠎ᠠ᠃ ᠳᠡᠭᠡᠷ᠎ᠡ ᠨᠢ ᠰᠠᠭᠤᠭ᠎ᠠ ᠪᠢᠴᠢᠬᠠᠨ ᠪᠣᠷᠣ ᠪᠠᠨᠳᠢ ᠨᠢᠳᠦ ᠪᠡᠨ ᠪᠦᠯᠲᠡᠭᠡᠨᠡᠭᠦᠯᠦᠨ ᠵᠣᠭᠰᠣᠵᠤ ᠪᠠᠢᠬᠤ ᠶ᠋ᠢ ᠬᠠᠷᠠᠪᠠ᠃ ᠰᠡᠳᠬᠢᠯ ᠨᠢ ᠤᠶᠠᠷᠠᠵᠤ ᠬᠣᠭᠣᠯᠠᠢ ᠨᠢ ᠵᠠᠩᠭᠢᠷᠠᠯ᠎ᠠ᠃ ᠲᠡᠷᠡ ᠯᠠ ᠵᠠᠪᠳᠤᠩ ᠳᠡᠭᠡᠷ᠎ᠡ ᠡᠴᠡ ᠠᠯᠤᠰ ᠭᠠᠵᠠᠷ ᠰᠤᠷᠬᠤ ᠪᠠᠷ ᠣᠳᠴᠤ ᠪᠢᠯᠡ᠃ ᠣᠳᠣ ᠲᠡᠭᠦᠨ ᠢ᠋ ᠵᠠᠯᠭᠠᠮᠵᠢᠯᠠᠬᠤ ᠪᠠᠷ ᠪᠠᠰᠠ ᠯᠠ ᠨᠢᠭᠡ ᠠᠮᠢᠲᠠᠨ ᠤ᠋ ᠦᠷ᠎ᠡ ᠰᠢᠷ᠎ᠠ ᠪᠠᠷᠢᠨᠲᠠᠭ ᠡᠮᠦᠰᠦᠭᠡᠳ ᠵᠣᠭᠰᠣᠵᠤ ᠪᠠᠢᠭ᠎ᠠ ᠠᠵᠢ᠃ ᠬᠣᠷᠸ᠎ᠠ ᠭᠡᠳᠡᠭ ᠶᠡᠬᠡ ᠤᠷᠤᠰᠬᠠᠯ ᠠᠵᠢ᠃ ᠨᠢᠭᠡ ᠨᠢ ᠨᠥᠭᠦᠭᠡ ᠶ᠋ᠢ ᠵᠠᠯᠭᠠᠨ ᠤᠷᠤᠰᠤᠨ᠎ᠠ᠃ ᠨᠢᠭᠡ ᠨᠢ ᠨᠥᠭᠦᠭᠡ ᠶ᠋ᠢ ᠬᠠᠯᠠᠨ ᠦᠷᠭᠦᠯᠵᠢᠯᠡᠨ᠎ᠡ᠃ ᠲᠡᠭᠦᠨ ᠦ᠌ ᠲᠠᠪᠴᠠᠩ ᠳ᠋ᠤ᠌ ᠰᠠᠪᠠ ᠶᠢᠷᠲᠢᠨᠴᠦ ᠮᠥᠩᠬᠡ ᠶ᠋ᠢᠨ ᠮᠠᠨᠴᠤᠢ ᠪᠣᠯᠤᠨ ᠨᠢᠭᠡ ᠶ᠋ᠢ ᠦᠳᠡᠵᠦ᠂ ᠨᠥᠭᠦᠭᠡ ᠶ᠋ᠢ ᠲᠤᠰᠤᠨ᠎ᠠ᠃ 
       ᠬᠠᠮᠪᠤ ᠯᠠᠮᠠ ᠳ᠋ᠤ᠌ ᠡᠨᠡ ᠪᠠᠰᠠ ᠯᠠ ᠮᠡᠳᠡᠭᠡᠵᠢ ᠶ᠋ᠢᠨ ᠵᠦᠢᠯ᠃ ᠨᠣᠮ ᠤ᠋ᠨ ᠦᠭᠡ ᠶ᠋ᠢ ᠬᠡᠳᠦᠨ ᠲᠦᠮᠡᠨ ᠤᠳᠠᠭ᠎ᠠ ᠳᠠᠪᠲᠠᠨ ᠳᠠᠪᠲᠠᠭᠰᠠᠭᠠᠷ ᠨᠢᠭᠡᠨ ᠯᠠᠮᠠ ᠶ᠋ᠢᠨ ᠪᠡᠶ᠎ᠡ ᠭᠦᠢᠴᠡᠬᠦ ᠦᠭᠡᠢ ᠪᠣᠯᠬᠤ ᠳ᠋ᠤ᠌ ᠲᠡᠭᠦᠨ ᠦ᠌ ᠱᠠᠪᠢ ᠦᠷᠭᠦᠯᠵᠢᠯᠡᠭᠦᠯᠦᠨ ᠮᠥᠨᠥᠬᠢ ᠨᠣᠮ ᠢ᠋ ᠨᠢ ᠦᠭᠡ ᠦᠰᠦᠭ ᠠᠯᠳᠠᠯ ᠦᠭᠡᠢ ᠳᠠᠪᠲᠠᠨ ᠠᠢᠯᠠᠳᠣᠭᠰᠠᠭᠠᠷ ᠮᠥᠨ ᠯᠡ ᠨᠠᠰᠤᠨ ᠤ᠋ ᠲᠤᠢᠯ ᠢ᠋ ᠦᠵᠡᠵᠦ ᠪᠡᠶ᠎ᠡ ᠶ᠋ᠢ ᠪᠠᠷᠠᠨ᠎ᠠ᠃ ᠪᠤᠷᠬᠠᠨ ᠤ᠋ ᠠᠢᠯᠠᠳᠤᠭᠰᠠᠨ ᠪᠦᠬᠦᠨ ᠬᠡᠨ ᠴᠦ᠍ ᠬᠠᠯᠳᠠᠰᠢ ᠦᠭᠡᠢ᠂ ᠬᠡᠨ ᠴᠦ᠍ ᠵᠠᠰᠠᠰᠢ ᠦᠭᠡᠢ ᠳᠠᠷᠬᠠᠨ ᠲᠤᠯᠠ ᠬᠣᠶᠠᠷ ᠮᠢᠩᠭᠠᠭᠠᠳ ᠣᠨ ᠤ᠋ ᠲᠡᠷᠲᠡᠭᠡ ᠤᠩᠰᠢᠵᠤ ᠪᠠᠢᠭᠰᠠᠨ ᠤᠩᠰᠢᠯᠭ᠎ᠠ ᠥᠨᠥᠳᠥᠷ ᠴᠦ᠍ ᠬᠡᠪ ᠢ᠋ᠶ᠋ᠡᠷ ᠃ ᠪᠠᠭ᠎ᠠ ᠶ᠋ᠢᠨ ᠢ᠋ᠶ᠋ᠡᠨ ᠵᠠᠪᠳᠤᠩ ᠠ᠋ᠴᠠ ᠬᠠᠷᠠᠴᠠ ᠪᠠᠨ ᠵᠠᠢᠯᠠᠭᠤᠯᠬᠤ ᠭᠡᠲᠡᠯ᠎ᠡ ᠪᠣᠨᠲᠣᠭᠣᠷ ᠪᠠᠨᠳᠢ ᠶ᠋ᠢᠨ ᠴᠠᠭᠠᠳᠤ ᠲᠠᠯ᠎ᠠ ᠳ᠋ᠤ᠌ ᠲᠥᠷᠥᠭᠰᠡᠨ ᠡᠴᠢᠭᠡ ᠰᠠᠢᠨᠴᠣᠭᠲᠤ ᠶ᠋ᠢᠨ ᠪᠢᠰᠢᠷᠡᠨ ᠰᠦᠰᠦᠭᠯᠡᠬᠦ ᠴᠢᠷᠠᠢ ᠶ᠋ᠢ ᠣᠯᠵᠤ ᠬᠠᠷᠠᠭᠠᠳ ᠬᠠᠮᠪᠤ ᠯᠠᠮᠠ ᠰᠠᠨᠵᠢᠳᠠᠯᠪᠢᠴᠣᠢᠵᠠᠮᠰᠤ ᠬᠡᠷᠳ᠋ᠬᠢᠨ ᠴᠣᠴᠢᠬᠤ ᠰᠢᠭ᠋ ᠪᠣᠯᠤᠯ᠎ᠠ᠃ ᠬᠥᠭᠡᠷᠦᠬᠦᠢ ᠡᠴᠢᠭᠡ ᠨᠢ ᠪᠠᠶᠠᠷ ᠪᠠᠬᠠᠷᠬᠠᠯ᠂ ᠢᠲᠡᠭᠡᠯ ᠰᠦᠰᠢᠭ ᠬᠣᠶᠠᠷ ᠬᠣᠣᠰᠯᠠᠭᠰᠠᠨ ᠨᠢᠳᠦ ᠪᠡᠷ ᠦᠷ᠎ᠡ ᠪᠣᠯᠤᠭᠰᠠᠨ ᠰᠠᠨᠵᠢ ᠪᠠᠨ ᠪᠢᠰᠢᠷᠡᠨ ᠰᠢᠷᠳᠡᠭᠡᠳ ᠪᠠᠷᠠᠭᠤᠨ ᠭᠠᠷ ᠲᠤ᠌ ᠪᠠᠨ ᠭᠬᠢᠷ ᠲᠠᠭ ᠪᠣᠯᠤᠭᠰᠠᠨ ᠮᠠᠯᠠᠭᠠᠢ ᠪᠠᠨ ᠪᠠᠵᠠᠯᠠᠨ ᠪᠥᠭᠴᠥᠢᠨ ᠵᠣᠭᠰᠣᠵᠤ ᠪᠠᠢᠭ᠎ᠠ ᠬᠠᠷᠠᠭᠳᠠᠪᠠ᠃《ᠵᠠᠢᠯᠠᠭᠤᠯ ᠳᠠ! ᠮᠠᠭᠤ ᠡᠴᠢᠭᠡ ᠮᠢᠨᠢ ᠦᠷ᠎ᠡ ᠨᠠᠮᠠᠢ ᠪᠠᠨ ᠡᠳᠦᠢ ᠥᠨᠳᠥᠷ ᠲᠠᠪᠴᠠᠩ ᠳ᠋ᠤ᠌ ᠭᠠᠷᠴᠤ ᠨᠤᠲᠤᠭ ᠤ᠋ᠨ ᠢ᠋ᠶ᠋ᠠᠨ ᠴᠣᠷ ᠤ᠋ᠨ ᠭᠠᠭᠴᠠ ᠬᠡᠢᠳ ᠦ᠋ᠨ ᠬᠠᠮᠪᠤ ᠯᠠᠮᠠ ᠪᠣᠯᠤᠭᠠᠳ ᠪᠠᠢᠭ᠎ᠠ ᠡᠨᠡ ᠮᠥᠴᠡ ᠶ᠋ᠢ ᠦᠵᠡᠨ᠎ᠡ ᠭᠡᠵᠦ ᠪᠣᠳᠣᠭ᠎ᠠ ᠦᠭᠡᠢ ᠯᠡ ᠶᠠᠪᠤᠭᠰᠠᠨ ᠪᠢᠵᠡ ᠳᠡ᠃ ᠣᠳᠣ ᠲᠡᠭᠡᠭᠡᠳ ᠬᠦᠦ ᠪᠡᠨ ᠪᠤᠶᠠᠨᠵᠠᠯᠪᠠᠷᠢᠬᠤ ᠬᠡᠢᠳ ᠦ᠋ᠨ ᠲᠡᠷᠢᠭᠦᠨ ᠬᠠᠮᠪᠤ ᠶᠢᠨ ᠰᠠᠭᠤᠳᠠᠯ ᠳ᠋ᠤ᠌ ᠰᠠᠭᠤᠵᠤ ᠪᠠᠢᠭ᠎ᠠ ᠡᠨᠡᠬᠡᠨ ᠦᠶ᠎ᠡ ᠳ᠋ᠦ᠍ ᠶᠠᠭᠤ ᠪᠣᠳᠣᠵᠤ ᠵᠣᠭᠰᠣᠳᠠᠭ ᠪᠣᠯ ᠳᠠ? ᠰᠦᠰᠢᠭ ᠪᠢᠰᠢᠷᠡᠯ ᠳᠦᠭᠦᠷᠡᠩ ᠴᠡᠭᠡᠵᠢᠨ ᠳ᠋ᠦ᠍ ᠨᠢ ᠪᠠᠶᠠᠷ ᠬᠥᠷ ᠣᠪᠣᠯᠵᠠᠵᠤ ᠪᠠᠢᠳᠠᠭ ᠪᠣᠯᠪᠠ ᠤᠤ? ᠡᠰᠡᠪᠡᠯ ᠠᠶᠤᠨ ᠪᠥᠱᠥᠭᠦᠷᠬᠡᠵᠦ ᠵᠣᠭᠰᠣᠭ᠎ᠠ ᠶᠤᠮ ᠤᠤ? ᠶᠡᠬᠡᠰ ᠳᠡᠭᠡᠳᠦᠰ ᠦ᠋ᠨ ᠰᠡᠩᠲᠡᠢ ᠳ᠋ᠦ᠍ ᠵᠠᠯᠠᠷᠠᠭᠰᠠᠨ ᠬᠦᠦ ᠳ᠋ᠦ᠍ ᠪᠡᠨ ᠣᠢᠷ᠎ᠠ ᠴᠤ᠌ ᠣᠴᠢᠬᠤ ᠠ᠋ᠴᠠ ᠪᠣᠯᠭᠣᠮᠵᠢᠯᠠᠵᠤ ᠪᠠᠢᠭ᠎ᠠ ᠶᠤᠮ ᠤᠤ?》 ᠭᠡᠵᠦ ᠰᠠᠨᠵᠢ ᠡᠷᠭᠢᠴᠡᠭᠦᠯᠦᠨ ᠪᠣᠳᠣᠯ᠎ᠠ᠃ ᠲᠡᠭᠡᠲᠡᠯ᠎ᠡ ᠡᠵᠢ ᠨᠢ ᠰᠠᠨᠠᠭᠠᠨ ᠳ᠋ᠤ᠌ ᠣᠷᠣᠯ᠎ᠠ《ᠲᠥᠷᠥᠭᠦᠯᠦᠭᠰᠡᠨ ᠬᠦᠦ ᠶᠢᠨ ᠢ᠋ᠶ᠋ᠡᠨ ᠢᠳᠢ ᠰᠢᠳᠢ ᠶ᠋ᠢ ᠦᠵᠡᠵᠦ ᠴᠢᠳᠠᠯ ᠦᠭᠡᠢ ᠶᠢᠷᠲᠢᠨᠴᠦ ᠶᠢᠨ ᠮᠥᠩᠬᠡ ᠪᠤᠰᠤ ᠶ᠋ᠢ ᠦᠵᠡᠭᠦᠯᠦᠭᠰᠡᠨ  ᠨᠢ ᠬᠡᠴᠢᠨᠡᠨ ᠬᠠᠯᠠᠭ ᠪᠢᠯᠡ! ᠬᠥᠭᠡᠷᠦᠬᠦᠢ ᠡᠵᠢ ᠮᠢᠨᠢ ᠡᠨᠡ ᠮᠥᠴᠡ ᠶ᠋ᠢ ᠦᠵᠡᠭᠰᠡᠨ ᠪᠣᠯ ᠬᠦᠦ ᠲᠥᠷᠥᠭᠦᠯᠵᠦ  ᠵᠣᠪᠠᠭᠰᠠᠨ ᠢ᠋ᠶ᠋ᠠᠨ  ᠮᠠᠷᠲᠠᠩᠨᠠᠨ ᠰᠡᠳᠬᠢᠯ ᠨᠢ ᠳᠡᠪᠲᠦᠬᠦ ᠪᠠᠢᠭᠰᠠᠨ ᠪᠣᠯᠪᠠ ᠤᠤ?  ᠨᠠᠮᠠᠢ ᠪᠠᠨ ᠡᠷᠳᠡᠮ ᠲᠡᠢ ᠯᠠᠮᠠ ᠪᠣᠯᠤᠭᠠᠰᠠᠢ ᠭᠡᠰᠡᠨ ᠭᠠᠭᠴᠠ ᠬᠦᠰᠡᠯ ᠢ᠋ᠶ᠋ᠡᠷ ᠯᠡ ᠡᠬᠡ᠂ ᠡᠴᠢᠭᠡ ᠮᠢᠨᠢ ᠠᠵᠤ  ᠲᠥᠷᠥᠵᠦ  ᠪᠠᠢᠯ᠎ᠠ᠃ ᠣᠳᠣ ᠲᠡᠭᠡᠭᠡᠳ ᠪᠢ ᠭᠡᠳᠡᠭ ᠬᠥᠮᠦᠨ ᠡᠷᠳᠡᠮ ᠦ᠋ᠨ ᠣᠷᠣᠢ ᠳ᠋ᠤ᠌ ᠣᠢᠷᠠᠳᠤᠯ᠎ᠠ᠃ ᠭᠡᠪᠡᠴᠦ ᠶᠠᠳᠠᠭᠤ ᠡᠴᠢᠭᠡ ᠡᠬᠡ ᠳ᠋ᠦ᠍ ᠮᠢᠨᠢ ᠳᠡᠷᠡᠨ ᠡᠴᠡ ᠶᠠᠭᠤ ᠬᠠᠯᠳᠠᠬᠤ ᠪᠢᠯᠡ᠃ ᠡᠬᠡ ᠮᠢᠨᠢ ᠶᠠᠭᠤᠨ ᠤ᠋ ᠴᠤ᠌ ᠢᠳᠢ ᠰᠢᠳᠢ ᠶ᠋ᠢ ᠦᠵᠡᠵᠦ ᠴᠢᠳᠠᠭᠰᠠᠨ ᠦᠭᠡᠢ᠃ ᠡᠴᠢᠭᠡ ᠳ᠋ᠦ᠍ ᠮᠢᠨᠢ ᠮᠢᠨᠦ ᠬᠠᠮᠪᠤ ᠶ᠋ᠢᠨ ᠰᠠᠭᠤᠳᠠᠯ ᠶᠠᠭᠤ ᠥᠭᠬᠦ ᠰᠠᠨ  ᠪᠢᠯᠡ᠃  ᠲᠦᠯᠡᠭᠡ ᠶ᠋ᠢ ᠨᠢ ᠪᠡᠯᠡᠳᠬᠡᠭᠡᠳ᠂ ᠠᠷᠭᠠᠯ ᠢ᠋ ᠨᠢ ᠲᠡᠭᠦᠭᠡᠳ ᠥᠭᠬᠦ ᠤᠤ?ᠮᠠᠯ ᠢ᠋ ᠨᠢ ᠠᠳᠣᠭᠣᠯᠣᠭᠠᠳ᠂ ᠭᠡᠷ ᠢ᠋ ᠨᠢ ᠪᠠᠷᠢᠭᠠᠳ ᠥᠭᠬᠦ ᠤᠤ? ᠦᠭᠡᠢ ᠰᠢᠦ ᠳᠡ᠃  ᠬᠠᠮᠪᠤ ᠶ᠋ᠢᠨ ᠰᠢᠷᠡᠭᠡᠨ ᠳ᠋ᠦ᠍ ᠰᠠᠭᠤᠭᠰᠠᠭᠠᠷ ᠯᠠ ᠰᠢᠷ᠎ᠠ ᠵᠠᠩᠴᠢᠨ ᠳ᠋ᠤ᠌ ᠪᠠᠨ ᠬᠣᠯᠭᠠᠰᠠᠭᠠᠷ ᠯᠠ ᠡᠨᠡ ᠬᠣᠷᠸ᠎ᠠ ᠶ᠋ᠢ ᠳᠠᠭᠤᠰᠬᠠᠨ᠎ᠠ᠃ ᠪᠠᠢᠮᠠᠭᠠᠢ ᠲᠣᠮᠣ ᠰᠦᠮ᠎ᠡ ᠶ᠋ᠢᠨ ᠬᠠᠮᠪᠤ ᠯᠠᠮᠠ ᠶ᠋ᠢ ᠲᠡᠳᠡ ᠨᠠᠷ ᠲᠡᠢᠮᠦ ᠠᠮᠠᠷᠬᠠᠨ ᠳᠤᠷ᠎ᠠ ᠪᠠᠷ ᠨᠢ ᠲᠠᠯᠪᠢᠬᠤ ᠤᠤ ᠳᠠ?》ᠭᠡᠵᠦ ᠰᠠᠨᠵᠢ ᠪᠣᠳᠣᠭᠠᠳ ᠡᠬᠢᠨ ᠦ᠌ ᠵᠠᠪᠳᠤᠩ ᠳᠠᠭᠠᠤ ᠴᠤᠪᠤᠷᠠᠨ ᠵᠣᠭᠰᠣᠵᠤ ᠪᠠᠢᠭ᠎ᠠ ᠲᠣᠮᠣ ᠲᠣᠯᠣᠭᠠᠢ ᠯᠠᠮᠠ ᠨᠠᠷ ᠢ᠋ ᠠᠵᠢᠭᠯᠠᠨ ᠬᠠᠷᠠᠯ᠎ᠠ᠃ ᠭᠠᠤᠯᠢ᠂ ᠵᠡᠰ ᠢ᠋ᠶ᠋ᠡᠷ ᠴᠢᠳᠬᠤᠵᠤ ᠬᠢᠭᠰᠡᠨ ᠮᠡᠲᠦ ᠭᠢᠯᠲᠠᠭᠠᠷ ᠬᠠᠯᠵᠠᠨ ᠲᠣᠯᠣᠭᠠᠢ ᠲᠠᠢ᠂ ᠪᠦᠳᠦᠭᠦᠨ ᠨᠤᠭᠤᠯᠤᠭ᠎ᠠ᠂ ᠭᠦᠨ ᠦᠷᠴᠢᠯᠡᠭᠡᠨ ᠳ᠋ᠦ᠍  ᠬᠡᠷᠦᠭᠳᠡᠭᠰᠡᠨ ᠰᠢᠷᠠᠮᠠᠩ ᠥᠩᠭᠡ ᠲᠡᠢ ᠱᠠᠯᠬᠠᠭᠠᠷ ᠬᠠᠴᠠᠷ ᠲᠠᠢ ᠭᠡᠯᠦᠩ᠂ ᠭᠡᠴᠦᠯ᠂ ᠭᠠᠪᠵᠤ᠂ ᠤᠮᠵᠠᠳ᠂ ᠭᠡᠪᠬᠦᠢ ᠨᠠᠷ ᠤ᠋ᠨ ᠴᠢᠷᠠᠢ ᠳ᠋ᠤ᠌ ᠠᠮᠤᠷᠯᠢᠩᠭᠤᠢ᠂ ᠲᠣᠭᠣᠮᠰᠣᠷ ᠦᠭᠡᠢ ᠶ᠋ᠢᠨ ᠰᠢᠨᠵᠢ ᠪᠦᠷᠢᠨ ᠲᠡᠭᠦᠯᠳᠡᠷ ᠬᠤᠷᠠᠯᠳᠤᠵᠠᠢ᠃ 
       ᠰᠠᠨᠵᠢ ᡀᠠᠷᠠᠮᠪᠠ ᠶ᠋ᠢ ᠬᠥᠮᠦᠨ ᠪᠦᠷᠢ ᠠᠵᠢᠨ ᠬᠠᠷᠠᠵᠤ ᠪᠠᠢᠭ᠎ᠠ ᠶ᠋ᠢ ᠰᠠᠨᠠᠮᠠᠭᠴᠠ ᠲᠡᠷᠡ ᠬᠠᠮᠪᠤ ᠶ᠋ᠢᠨ ᠢ᠋ᠶ᠋ᠡᠨ ᠰᠠᠭᠤᠳᠠᠯ ᠳ᠋ᠤ᠌ ᠠᠶᠠᠷᠬᠠᠨ ᠰᠢᠭᠢᠳᠦᠨ ᠳᠣᠭᠣᠭᠰᠢᠯᠠᠪᠠ ᠃ ᠲᠡᠭᠦᠨ ᠳ᠋ᠦ᠍ ᠬᠣᠶᠠᠷ ᠰᠣᠢᠪᠣᠡᠭ ᠲᠤᠰᠯᠠᠬᠤ ᠮᠡᠲᠦ ᠳᠦᠷᠢ ᠦᠵᠡᠭᠦᠯᠦᠯ᠎ᠡ᠃  ᠬᠠᠮᠪᠤ ᠵᠢ ᠰᠠᠭᠤᠮᠠᠭᠴᠠ ᠯᠠᠮᠠ ᠨᠠᠷ ᠳᠣᠣᠷ᠎ᠠ ᠪᠦᠷᠢ ᠶ᠋ᠢᠨ ᠵᠠᠪᠳᠤᠩ ᠳ᠋ᠤ᠌ ᠪᠣᠷᠪᠢ ᠪᠠᠨ ᠪᠣᠬᠢᠷᠤᠨ ᠵᠠᠪᠢᠯᠠᠵᠠᠭᠠᠯ᠎ᠠ᠃  ᠰᠦᠰᠦᠭᠲᠡᠨ ᠦ᠋ᠳ ᠱᠠᠯᠠᠨ ᠳᠡᠭᠡᠷ᠎ᠡ ᠬᠣᠶᠠᠷ ᠡᠪᠦᠳᠦᠭ ᠢ᠋ᠶ᠋ᠡᠷ ᠢ᠋ᠶ᠋ᠡᠨ ᠲᠦᠭ ᠬᠢᠨ ᠰᠥᠭᠥᠳᠴᠡᠭᠡᠯ᠎ᠡ ᠃ ᠰᠦᠮ᠎ᠡ ᠳ᠋ᠦ᠍ ᠲᠠᠭ ᠴᠢᠮᠡᠭᠡ ᠦᠭᠡᠢ ᠪᠣᠯᠤᠯ᠎ᠠ᠃ ᠬᠡᠪ ᠭᠡᠨᠡᠳᠲᠡ ᠲᠥᠭᠡᠷᠢᠭᠰᠡᠨ ᠵᠥᠭᠡᠢ ᠣᠷᠣᠵᠤ ᠢᠷᠡᠭᠡᠳ ᠰᠦᠮ᠎ᠡ ᠳ᠋ᠦ᠍ ᠳᠦᠩᠭᠢᠨᠡᠨ ᠨᠢᠰᠴᠦ ᠡᠬᠢᠯᠡᠪᠡ᠃ ᠯᠠᠮᠠ ᠨᠠᠷ ᠰᠡᠵᠢᠭᠯᠡᠪᠡ᠃ ᠭᠠᠭᠴᠠᠬᠦ ᠡᠴᠢᠭᠡ ᠰᠠᠢᠨᠴᠣᠭᠲᠣ ᠲᠡᠷᠡ ᠬᠦ᠌ ᠵᠥᠭᠡᠢ ᠳ᠋ᠦ᠍ ᠶᠡᠬᠡ ᠯᠡ ᠲᠠᠯ᠎ᠠ ᠥᠭᠴᠦ ᠪᠠᠶᠠᠷᠯᠠᠬᠤ ᠮᠡᠲᠦ ᠪᠣᠯᠬᠤ ᠶ᠋ᠢ ᠰᠠᠨᠵᠢ ᠠᠵᠢᠭᠯᠠᠨ ᠬᠠᠷᠠᠯ᠎ᠠ᠃ ᠵᠥᠭᠡᠢ ᠭᠡᠷ ᠲᠦ᠍ ᠣᠷᠣᠪᠠᠯ ᠵᠤᠨᠰᠢᠯᠭ᠎ᠠ ᠰᠠᠢᠨ ᠭᠡᠳᠡᠭ᠃ 
       ᠁ ᠡᠷᠲᠡ ᠤᠷᠢᠳᠤ ᠴᠠᠭ ᠲᠤ᠌ ᠬᠠᠨ ᠭᠠᠷᠤᠳᠢ ᠰᠢᠪᠠᠭᠤ ᠳᠡᠯᠡᠬᠡᠢ ᠳᠡᠭᠡᠷ᠎ᠡ ᠶᠠᠮᠠᠷ ᠠᠮᠢᠲᠠᠨ ᠤ᠋ ᠮᠢᠬ᠎ᠠ ᠬᠠᠮᠤᠭ ᠤ᠋ᠨ ᠠᠮᠲᠠ ᠲᠠᠢ ᠪᠣᠯᠬᠤ ᠶ᠋ᠢ ᠮᠡᠳᠡᠭᠦᠯᠬᠦ ᠪᠡᠷ ᠬᠠᠷᠢᠶᠠᠴᠠᠢ᠂ ᠵᠥᠭᠡᠢ ᠬᠣᠶᠠᠷ ᠢ᠋ ᠶᠠᠪᠤᠭᠤᠯᠵᠠᠢ᠃ ᠵᠥᠭᠡᠢ ᠠᠮᠢᠲᠠᠨ ᠪᠣᠯᠭᠠᠨ ᠢ᠋ ᠬᠠᠳᠬᠤᠵᠤ ᠠᠮᠲᠠᠯᠠᠭᠰᠠᠭᠠᠷ ᠶᠠᠪᠤᠭᠠᠳ ᠬᠥᠮᠦᠨ ᠦ᠌ ᠮᠢᠬ᠎ᠠ ᠬᠠᠮᠤᠭ ᠤ᠋ᠨ ᠠᠮᠲᠠᠲᠠᠢ ᠶ᠋ᠢ ᠮᠡᠳᠡᠵᠡᠢ᠃ ᠬᠠᠷᠢᠶᠠᠴᠠᠢ ᠵᠥᠭᠡᠢ ᠲᠡᠢ ᠳᠠᠭᠠᠷᠢᠯᠳᠤᠭᠠᠳ᠂ 
       - ᠬᠡᠨ ᠦ᠌ ᠮᠢᠬ᠎ᠠ ᠠᠮᠲᠠᠲᠠᠢ ᠭᠡᠵᠦ ᠬᠡᠯᠡᠬᠦ ᠪᠡᠷ ᠶᠠᠪᠤᠨ᠎ᠠ? ᠭᠡᠵᠦ ᠵᠥᠭᠡᠢ ᠡᠴᠡ ᠬᠠᠷᠢᠶᠠᠴᠠᠢ ᠠᠰᠠᠭᠤᠬᠤ ᠳ᠋ᠤ᠌᠂  
       - ᠬᠥᠮᠦᠨ ᠦ᠌ ᠬᠢ! ᠭᠡᠵᠦ ᠬᠠᠷᠢᠭᠤᠯᠵᠠᠢ ᠃ ᠬᠠᠷᠢᠶᠠᠴᠠᠢ ᠬᠥᠮᠦᠨ ᠢ᠋ ᠠᠪᠤᠷᠠᠬᠤ ᠶ᠋ᠢᠨ ᠲᠤᠯᠠᠳᠠ ᠵᠠᠯᠢ ᠬᠡᠷᠡᠭᠯᠡᠨ᠂ 
       - ᠬᠤᠳᠠᠯ ᠪᠠᠢᠯᠭᠦᠢ᠃ ᠦᠨᠡᠨ ᠰᠠᠨ ᠪᠣᠯ ᠴᠢ ᠬᠡᠯᠡ ᠪᠡᠨ ᠬᠠᠷᠠᠭᠤᠯ ᠭᠡᠬᠦ ᠳ᠋ᠦ᠍ ᠵᠥᠭᠡᠢ ᠬᠡᠯᠡ ᠪᠡᠨ ᠤᠷᠲᠤ ᠰᠤᠩᠭᠠᠨ ᠬᠠᠷᠠᠭᠤᠯᠬᠤ ᠳ᠋ᠤ᠌ ᠨᠢ ᠬᠠᠷᠢᠶᠠᠴᠠᠢ ᠲᠡᠷᠡ ᠬᠡᠯᠡ ᠶ᠋ᠢ ᠰᠤᠭᠤᠯᠤᠨ ᠬᠠᠶᠠᠵᠠᠢ᠃ ᠲᠡᠭᠡᠭᠡᠳ ᠬᠡᠯᠡ ᠦᠭᠡᠢ ᠶ᠋ᠢᠨ ᠡᠷᠬᠡ ᠪᠡᠷ ᠵᠥᠭᠡᠢ ᠬᠡᠢ ᠳᠡᠮᠡᠢ ᠯᠡ ᠪᠦᠪᠲᠦᠨᠡᠨ ᠳᠦᠩᠭᠢᠨᠡᠯᠳᠦᠳᠡᠭ ᠪᠣᠯᠵᠠᠢ᠃ ᠬᠠᠷᠢᠶᠠᠴᠠᠢ᠂ ᠵᠥᠭᠡᠢ ᠬᠣᠶᠠᠷ ᠬᠠᠨ ᠭᠠᠷᠤᠳᠢ ᠳ᠋ᠤ᠌ ᠣᠴᠢᠬᠤ ᠳ᠋ᠤ᠌ ᠵᠥᠭᠡᠢ ᠶᠠᠭᠤ ᠴᠤ᠌ ᠣᠢᠯᠠᠭᠠᠭᠳᠠᠬᠤ ᠦᠭᠡᠢ ᠳᠦᠩᠭᠢᠨᠡᠨ ᠡᠷᠭᠢᠯᠳᠦᠭᠰᠡᠭᠡᠷ ᠪᠠᠢᠵᠤ᠃  ᠬᠠᠨ ᠭᠠᠷᠤᠳᠢ ᠤᠴᠢᠷ ᠢ᠋ ᠤᠬᠠᠭᠠᠷᠠᠬᠤ ᠦᠭᠡᠢ ᠪᠠᠢᠬᠤ ᠳ᠋ᠤ᠌ ᠨᠢ ᠬᠠᠷᠢᠶᠠᠴᠠᠢ᠂ 
      - ᠬᠥᠮᠦᠨ ᠦ᠌ ᠮᠢᠬ᠎ᠠ ᠬᠠᠮᠤᠭ ᠤ᠋ᠨ ᠮᠠᠭᠤᠬᠠᠢ᠂ ᠮᠣᠭᠠᠢ ᠶ᠋ᠢᠨ ᠮᠢᠬ᠎ᠠ ᠬᠠᠮᠤᠭ ᠤ᠋ᠨ ᠠᠮᠲᠠᠲᠠᠢ ᠪᠠᠢᠨ᠎ᠠ ᠭᠡᠨ᠎ᠡ! ᠭᠡᠵᠦ ᠵᠠᠭᠤᠴᠢᠯᠠᠨ ᠬᠡᠯᠡᠵᠡᠢ᠃  ᠬᠠᠨ ᠭᠠᠷᠤᠳᠢ ᠲᠡᠭᠦᠨ ᠡᠴᠡ ᠬᠣᠢᠰᠢ ᠮᠣᠭᠠᠢ ᠶ᠋ᠢᠨ ᠮᠢᠬ᠎ᠠ ᠢᠳᠡᠳᠡᠭ ᠪᠣᠯᠵᠠᠢ᠃ ᠬᠠᠷᠢᠶᠠᠴᠠᠢ ᠪᠣᠯᠬᠣᠷ ᠬᠥᠮᠦᠨ ᠢ᠋  ᠬᠠᠨ ᠭᠠᠷᠤᠳᠢ ᠠ᠋ᠴᠠ ᠠᠪᠤᠷᠠᠭᠰᠠᠨ ᠤ᠋ ᠪᠠᠨ ᠠᠴᠢ ᠶ᠋ᠢ ᠰᠠᠨᠠᠵᠤ ᠬᠥᠮᠦᠨ ᠦ᠌ ᠤᠷᠳᠤᠭᠤᠷ ᠡᠮᠦᠨᠡᠭᠦᠷ ᠭᠡᠷᠦᠨ ᠨᠢᠰᠳᠡᠭ ᠪᠣᠯᠵᠠᠢ᠃ 
       ᠦᠯᠢᠭᠡᠷ ᠲᠦ᠍ ᠢᠩᠭᠢᠵᠦ ᠭᠠᠷᠳᠠᠭ ᠶᠤᠮ᠃ ᠬᠠᠨ ᠭᠠᠷᠤᠳᠢ ᠰᠢᠪᠠᠭᠤ ᠶ᠋ᠢ ᠡᠷᠢᠶᠡᠨ ᠮᠣᠭᠠᠢ ᠵᠠᠭᠤᠭᠰᠠᠨ ᠢ᠋ᠶ᠋ᠠᠷ ᠵᠢᠷᠤᠳᠠᠭ ᠶᠣᠰᠣᠨ ᠲᠡᠢᠨ ᠬᠦ᠌ ᠭᠠᠷᠴᠠᠢ᠃  ᠲᠡᠭᠦᠨ ᠢ᠋ ᠰᠠᠨᠠᠵᠤ ᠯᠠᠮᠠ ᠨᠠᠷ ᠳᠤᠭᠠᠩ ᠳ᠋ᠤ᠌ ᠣᠷᠣᠭᠰᠠᠨ ᠵᠥᠭᠡᠢ ᠶ᠋ᠢᠨ ᠳᠦᠩᠭᠢᠨᠡᠨ ᠨᠢᠰᠬᠦ ᠡᠴᠡ ᠴᠡᠭᠡᠷᠯᠡᠵᠦ ᠪᠠᠢᠭᠰᠠᠨ ᠬᠡᠷᠡᠭ ᠠᠵᠢ᠃《ᠬᠠᠮᠪᠤ ᠶ᠋ᠢ ᠰᠢᠨ᠎ᠡ ᠪᠡᠷ ᠵᠠᠯᠠᠬᠤ ᠳ᠋ᠤ᠌ ᠰᠦᠮ᠎ᠡ ᠳ᠋ᠦ᠍ ᠵᠥᠭᠡᠢ ᠣᠷᠣᠵᠤ ᠢᠷᠡᠳᠡᠭ ᠨᠢ ᠶᠠᠭᠤ ᠪᠢᠯᠡ》 ᠭᠡᠵᠦ ᠳᠡᠮᠴᠢᠭ ᠭᠠᠪᠵᠤ᠂ ᠳᠡᠴᠢᠨ ᠤᠮᠵᠠᠳ᠂ ᠳᠡᠮᠪᠡᠷᠢᠯ ᠭᠡᠰᠬᠦᠢ ᠭᠤᠷᠪᠠ ᠨᠢᠭᠡᠨ ᠵᠡᠷᠭᠡ ᠰᠡᠵᠢᠭᠯᠡᠨ ᠪᠣᠳᠣᠵᠠᠢ᠃ 
      《ᠬᠦᠦ ᠶ᠋ᠢ ᠮᠠᠨᠢ ᠬᠠᠮᠪᠤ ᠶ᠋ᠢᠨ ᠰᠢᠷᠡᠭᠡᠨ ᠳ᠋ᠦ᠍ ᠡᠷᠭᠦᠮᠵᠢᠯᠡᠭᠳᠡᠬᠦ ᠳ᠋ᠦ᠍ ᠵᠥᠭᠡᠢ ᠣᠷᠣᠵᠤ ᠢᠷᠡᠳᠡᠭ ᠨᠢ ᠪᠤᠶᠠᠨ ᠵᠥᠩᠨᠡᠭᠰᠡᠨ ᠰᠠᠢᠨ ᠵᠦᠩ ᠪᠣᠯᠤᠯ᠎ᠠ 》ᠭᠡᠵᠦ ᠰᠠᠨᠵᠢ ᠶ᠋ᠢᠨ ᠡᠴᠢᠭᠡ ᠰᠠᠢᠨᠴᠣᠭᠲᠣ ᠪᠠᠶᠠᠷᠯᠠᠪᠠ᠃ ᠦᠨᠡᠬᠡᠷ ᠮᠠᠯᠴᠢᠨ ᠬᠥᠮᠦᠨ ᠵᠥᠭᠡᠢ ᠶ᠋ᠢ ᠥᠭᠭᠢᠶᠡᠮᠦᠷ ᠵᠤᠨ ᠪᠣᠯᠬᠤ᠂ ᠪᠠᠯ ᠤ᠋ᠨ ᠬᠤᠷ᠎ᠠ ᠪᠠᠭᠤᠬᠤ ᠶ᠋ᠢᠨ ᠳᠣᠬᠢᠶ᠎ᠠ ᠭᠡᠵᠦ ᠪᠠᠶᠠᠷᠯᠠᠨ  ᠪᠡᠯᠭᠡᠰᠢᠶᠡᠳᠡᠭ ᠪᠠᠢᠯ᠎ᠠ᠃ ᠲᠡᠷᠡ ᠯᠠ ᠵᠠᠩᠰᠢᠯ ᠠ᠋ᠴᠠ ᠰᠠᠢᠨᠴᠣᠭᠲᠣ ᠭᠠᠵᠢᠭᠰᠠᠨ ᠦᠭᠡᠢ᠃ ᠲᠡᠷᠡ ᠯᠠ ᠶᠣᠰᠣᠭᠠᠷ ᠢ᠋ᠶ᠋ᠠᠨ ᠪᠣᠳᠣᠵᠤ ᠪᠠᠢᠯ᠎ᠠ᠃ 
       ᠰᠠᠨᠵᠢᠳᠠᠯᠪᠢᠴᠣᠢᠵᠠᠮᠰᠤ ᡀᠠᠷᠠᠮᠪᠠ ᠶ᠋ᠢᠨ ᠭᠠᠷ ᠲᠤ᠌ ᠬᠦᠰᠦᠮᠳᠦᠭ ᠰᠤᠳᠤᠷ ᠪᠠᠷᠢᠭᠤᠯᠪᠠ᠃ ᠲᠡᠭᠦᠪᠡᠷ ᠢ᠋ᠶ᠋ᠡᠨ ᠯᠠᠮᠠ ᠨᠠᠷ ᠪᠣᠯᠤᠭᠠᠳ ᠰᠦᠰᠦᠭᠲᠡᠨ ᠳ᠋ᠦ᠍ ᠠᠳᠢᠰ ᠥᠭᠬᠦ ᠤᠴᠢᠷᠲᠠᠢ᠃ ᠡᠬᠢᠯᠡᠭᠡᠳ ᠯᠠᠮᠠ ᠨᠠᠷ ᠠᠳᠢᠰ ᠠᠪᠤᠯ᠎ᠠ᠃ ᠳᠠᠷᠠᠭ᠎ᠠ ᠨᠢ ᠰᠦᠰᠦᠭᠲᠡᠨ ᠦ᠋ᠳ ᠦ᠋ᠨ ᠤᠷᠲᠤ ᠴᠤᠪᠤᠭ᠎ᠠ ᠥᠩᠭᠡᠷᠡᠯ᠎ᠡ᠃ ᠲᠡᠭᠡᠲᠡᠯ᠎ᠡ ᠡᠴᠢᠭᠡ ᠰᠠᠢᠨᠴᠣᠭᠲᠣ ᠪᠤᠭᠤᠷᠤᠯ ᠲᠣᠯᠣᠭᠠᠢ ᠶ᠋ᠢ ᠪᠡᠨ ᠬᠦᠦ ᠶ᠋ᠢᠨ ᠢ᠋ᠶ᠋ᠡᠨ ᠡᠮᠦᠨ᠎ᠡ ᠪᠥᠬᠥᠢᠨ ᠠᠳᠢᠰ ᠭᠣᠷᠢᠯᠠᠨ ᠢᠷᠡᠯ᠎ᠡ᠃《ᠡᠴᠢᠭᠡ ᠳ᠋ᠦ᠍ ᠪᠡᠨ ᠠᠳᠢᠰ ᠥᠭᠬᠦ ᠭᠡᠵᠦ ᠤᠤ ᠳᠠ?》 ᠭᠡᠰᠡᠨ ᠪᠣᠳᠣᠯ ᠰᠠᠨᠵᠢ ᠶ᠋ᠢᠨ ᠣᠶᠤᠨ ᠳ᠋ᠤ᠌ ᠴᠠᠬᠢᠯᠭᠠᠨ ᠠᠳᠠᠯᠢ ᠬᠠᠷᠪᠤᠨ ᠣᠷᠣᠵᠤ ᠢᠷᠡᠯ᠎ᠡ᠃《ᠪᠢ ᠬᠡᠳᠦᠢᠪᠡᠷ ᠬᠠᠮᠪᠤ ᠯᠠᠮᠠ ᠴᠤ᠌ ᠭᠡᠰᠡᠨ ᠲᠥᠷᠥᠭᠰᠡᠨ ᠡᠴᠢᠭᠡ ᠪᠡᠨ ᠶᠠᠭᠠᠬᠢᠵᠤ  ᠠᠳᠢᠰᠯᠠᠬᠤ ᠶᠤᠮ ᠪᠢᠯᠡ!》ᠭᠡᠵᠦ ᠲᠡᠷᠡ ᠡᠷᠡᠭᠡᠯᠵᠡᠨ ᠪᠣᠳᠣᠯ᠎ᠠ᠃ ᠡᠢᠮᠦ ᠲᠣᠬᠢᠶᠠᠯᠳᠤᠯ ᠪᠣᠯᠤᠨ᠎ᠠ ᠭᠡᠵᠦ ᠤᠷᠢᠳᠤ ᠡᠮᠦᠨ᠎ᠡ ᠣᠭᠲᠣᠬᠠᠨ ᠴᠤ᠌ ᠲᠡᠷᠡ ᠪᠣᠳᠣᠵᠤ ᠶᠠᠪᠤᠭᠰᠠᠨ ᠦᠭᠡᠢ᠃ ᠡᠴᠢᠭᠡ ᠨᠢ ᠪᠥᠨᠲᠥᠭᠡᠷ ᠪᠤᠭᠤᠷᠤᠯ ᠲᠣᠯᠣᠭᠠᠢ ᠶ᠋ᠢ ᠪᠡᠨ ᠪᠥᠬᠥᠢᠯᠭᠡᠨ ᠬᠦᠦ ᠶ᠋ᠢᠨ ᠢ᠋ᠶ᠋ᠡᠨ ᠠᠳᠢᠰ ᠬᠠᠢᠷᠠᠯᠠᠬᠤ ᠶ᠋ᠢ  ᠬᠦᠯᠢᠶᠡᠭᠰᠡᠭᠡᠷ  ᠪᠠᠢᠯ᠎ᠠ᠃ ᠠᠷᠭ᠎ᠠ ᠪᠠᠨ ᠪᠠᠷᠠᠭᠰᠠᠨ ᠰᠠᠨᠵᠢ ᠰᠡᠮᠬᠡᠨ᠂
       - ᠠᠪᠤ ᠮᠢᠨᠢ ᠥᠩᠭᠡᠷᠡᠵᠦ ᠬᠠᠢᠷᠠᠯᠠ! ᠪᠢ ᠶᠠᠭᠠᠬᠢᠵᠤ ᠡᠴᠢᠭᠡ ᠲᠠᠨ ᠳ᠋ᠤ᠌ ᠪᠠᠨ ᠠᠳᠢᠰ ᠥᠭᠬᠦ ᠪᠢᠯᠡ ᠭᠡᠵᠦ ᠰᠠᠨᠵᠢ ᠰᠢᠪᠡᠨᠡᠨ ᠬᠡᠯᠡᠪᠡ᠃ ᠲᠡᠭᠦᠨ ᠢ᠋ ᠰᠣᠨᠣᠰᠤᠮᠠᠭᠴᠠ ᠡᠴᠢᠭᠡ ᠨᠢ ᠭᠠᠢᠬᠠᠭᠰᠠᠨ ᠨᠢᠳᠦ ᠪᠡᠷ ᠬᠦᠦ ᠶᠢᠨ ᠢ᠋ᠶ᠋ᠡᠨ ᠥᠭᠡᠳᠡ ᠡᠴᠡ ᠦᠯᠡᠢᠨ ᠬᠠᠷᠠᠯ᠎ᠠ᠃《ᠠᠪᠤ ᠲᠠ ᠶᠠᠭᠠᠬᠢᠬᠤ ᠨᠢ ᠪᠣᠢ? ᠥᠩᠭᠡᠷᠡᠭᠡᠴᠢ᠃ ᠪᠢ ᠲᠠᠨ ᠳ᠋ᠤ᠌ ᠠᠳᠢᠰ ᠥᠭᠴᠦ ᠶᠠᠭᠠᠬᠢᠵᠤ ᠪᠣᠯᠬᠤ ᠪᠣᠢ?》 ᠭᠡᠵᠦ ᠰᠠᠨᠵᠢ ᠳᠠᠬᠢᠨ ᠰᠢᠪᠡᠭᠡᠨᠡᠯ᠎ᠡ᠃ 
       - ᠶᠠᠭᠤ ᠭᠡᠨ᠎ᠡ ? ᠨᠠᠳᠠ ᠳ᠋ᠤ᠌ ᠶᠠᠭᠠᠬᠢᠭᠠᠳ ᠠᠳᠢᠰ ᠥᠭᠬᠦ ᠦᠭᠡᠢ ᠭᠡᠵᠦ? ᠴᠢ ᠣᠳᠣ ᠮᠢᠨᠦ ᠬᠦᠦ ᠪᠢᠰᠢ ᠪᠤᠶᠠᠨᠵᠠᠯᠪᠠᠷᠢᠬᠤ ᠬᠡᠢᠳ ᠦ᠋ᠨ ᠬᠠᠮᠪᠤ ᠯᠠᠮᠠ ᠰᠢᠦ ᠳᠡ! ᠪᠢ ᠬᠦᠦ ᠡᠴᠡ ᠪᠡᠨ ᠪᠢᠰᠢ ᠬᠠᠮᠪᠤ ᠯᠠᠮᠠ ᠠ᠋ᠴᠠ ᠠᠳᠢᠰ ᠭᠤᠶᠤᠵᠤ ᠪᠠᠢᠨ᠎ᠠ! ᠭᠡᠵᠦ ᠡᠴᠢᠭᠡ ᠨᠢ ᠪᠠᠷᠤᠭ ᠯᠠ ᠶᠡᠬᠡᠩᠬᠢ ᠬᠥᠮᠦᠰ ᠳᠤᠭᠤᠯᠳᠠᠬᠤ ᠪᠠᠷ ᠬᠡᠯᠡᠵᠦ ᠱᠠᠭᠠᠷᠳᠠᠬᠤ ᠳ᠋ᠤ᠌ ᠲᠡᠭᠦᠨ ᠦ᠌ ᠳᠠᠭᠤᠨ ᠳ᠋ᠤ᠌ ᠡᠷᠡᠰ ᠰᠢᠢᠳᠮᠡᠭᠡᠢ ᠥᠩᠭᠡ ᠢᠯᠡᠷᠬᠡᠢ ᠪᠠᠢᠯ᠎ᠠ᠃ᠣᠯᠠᠨ ᠮᠥᠷᠭᠥᠯᠴᠢᠳ ᠭᠠᠢᠬᠠᠨ ᠬᠦᠯᠢᠶᠡᠵᠡᠭᠡᠵᠦ ᠪᠠᠢᠯ᠎ᠠ᠃ ᠡᠴᠢᠭᠡ ᠨᠢ  ᠬᠦᠦ ᠡᠴᠡ ᠪᠡᠨ  ᠠᠳᠢᠰ ᠭᠣᠷᠢᠳᠠᠨ ᠲᠣᠯᠣᠭᠠᠢ ᠨᠢ ᠪᠥᠩᠵᠢᠭᠡᠨᠡᠨ ᠦᠯᠦ ᠮᠡᠳᠡᠭ ᠰᠠᠯᠭᠠᠨᠠᠨ ᠴᠡᠴᠡᠷᠡᠬᠦ ᠶ᠋ᠢ ᠰᠠᠨᠵᠢ ᠠᠵᠢᠭᠯᠠᠭᠠᠳ᠂ ᠲᠡᠰᠴᠦ ᠴᠢᠳᠠᠭᠰᠠᠨ ᠦᠭᠡᠢ᠂ ᠦᠷᠦ ᠡᠪᠡᠳᠬᠦ ᠰᠡᠳᠬᠢᠯ ᠨᠢ ᠲᠠᠢᠯᠵᠤ᠂ ᠨᠢᠳᠦ ᠪᠡᠨ ᠠᠨᠢᠨ ᠭᠦᠰᠦᠮᠲᠦᠭ ᠰᠤᠳᠤᠷ ᠢ᠋ᠶ᠋ᠠᠷ ᠠᠪᠤ ᠶ᠋ᠢᠨ ᠢ᠋ᠶ᠋ᠡᠨ ᠲᠡᠷᠢᠭᠦᠨ ᠳᠡᠭᠡᠷ᠎ᠡ ᠭᠤᠷᠪᠠᠨᠲᠠ ᠠᠳᠢᠰᠯᠠᠪᠠ᠃ ᠡᠴᠢᠭᠡ ᠨᠢ ᠰᠡᠳᠬᠢᠯ ᠬᠠᠨᠵᠤ᠂ ᠬᠢᠵᠠᠭᠠᠷ ᠦᠭᠡᠢ ᠪᠠᠶᠠᠷᠯᠠᠨ ᠬᠥᠭᠡᠷᠴᠦ᠂ ᠢᠨᠢᠶᠡᠮᠰᠦᠭᠯᠡᠯ᠂ ᠨᠢᠯᠪᠤᠰᠤ ᠬᠣᠶᠠᠷ ᠬᠣᠣᠰᠯᠠᠨ ᠳᠦᠭᠦᠷᠦᠭᠰᠡᠨ ᠨᠢᠳᠦ ᠪᠡᠷ ᠢ᠋ᠶ᠋ᠡᠨ ᠬᠦᠦ ᠪᠡᠨ ᠲᠠᠯᠠᠷᠬᠠᠨ ᠬᠠᠷᠠᠭᠰᠠᠨ ᠢ᠋ᠶ᠋ᠠᠨ ᠪᠥᠭᠲᠥᠷ ᠨᠢᠷᠤᠭᠤ ᠨᠢ ᠡᠭᠴᠡᠯᠡᠨ ᠤᠯᠠᠮ ᠴᠤ᠌ ᠭᠤᠸᠠᠯᠢᠭ ᠪᠣᠯᠬᠤ ᠰᠢᠭ᠋ ᠬᠠᠷᠠᠭᠳᠠᠯ᠎ᠠ᠃ ᠲᠡᠭᠡᠭᠡᠳ ᠤᠷᠢ ᠵᠠᠯᠠᠭᠤ ᠬᠥᠮᠦᠨ ᠰᠢᠭ ᠱᠠᠯᠠᠮᠠᠭ ᠵᠣᠯᠪᠣᠭ᠎ᠠ ᠲᠠᠢ ᠪᠣᠯᠵᠤ᠂ ᠪᠤᠭᠤᠷᠤᠯ ᠲᠣᠯᠣᠭᠠᠢ ᠶ᠋ᠢ ᠪᠡᠨ ᠥᠨᠳᠥᠷ ᠲᠦ᠍ ᠡᠷᠭᠦᠨ᠂ ᠰᠢᠲᠦᠭᠡᠨ ᠦ᠌ ᠪᠣᠯᠤᠨ ᠬᠦᠦ ᠶ᠋ᠢᠨ ᠢ᠋ᠶ᠋ᠡᠨ ᠡᠮᠦᠨᠡᠭᠦᠷ ᠵᠢᠪᠬᠤᠭᠠᠯᠢᠭ ᠠᠯᠬᠤᠨ ᠥᠩᠭᠡᠷᠡᠯ᠎ᠡ᠃ 
      《ᠪᠢ ᠪᠢᠰᠢ ᠡᠨᠡ ᠯᠡ ᠬᠡᠢᠳ ᠦ᠋ᠨ ᠬᠠᠮᠪᠤ ᠯᠠᠮᠠ ᠯᠠ ᠡᠴᠢᠭᠡ ᠲᠠᠨ ᠳ᠋ᠤ᠌ ᠠᠳᠢᠰ ᠥᠭᠭᠦᠯ᠎ᠡ᠃ ᠲᠠ ᠴᠦ᠍ ᠡᠭᠦᠨ ᠢ᠋ ᠬᠦᠰᠡᠭᠰᠡᠨ᠃ ᠲᠡᠷᠡ ᠯᠠ ᠶᠣᠰᠣᠭᠠᠷ ᠲᠠᠨ ᠢ᠋ ᠪᠣᠯᠭᠣᠭᠠᠯ᠎ᠠ᠂ ᠠᠯᠳᠠᠰ ᠢ᠋ ᠨᠢᠭᠦᠯᠡᠰᠲᠦᠭᠡᠢ !》 ᠭᠡᠵᠦ ᠰᠠᠨᠵᠢ ᠳᠣᠲᠣᠷ᠎ᠠ ᠪᠠᠨ ᠪᠣᠳᠣᠯ᠎ᠠ᠃ 
       ᠬᠣᠵᠢᠮ ᠡᠨᠡ ᠲᠤᠬᠠᠢ ᠡᠴᠢᠭᠡ ᠡᠴᠡ ᠪᠡᠨ ᠡᠢᠮᠦ ᠦᠭᠡ ᠰᠣᠨᠣᠰᠴᠤ ᠪᠢᠯᠡ᠃ 《ᠡᠴᠢᠭᠡ ᠳ᠋ᠦ᠍ ᠪᠡᠨ ᠬᠦᠦ ᠨᠢ ᠠᠳᠢᠰ ᠥᠭᠬᠦ ᠨᠢᠭᠦᠯ ᠠᠯᠳᠠᠰ ᠪᠣᠯᠤᠨ᠎ᠠ ᠭᠡᠵᠦ ᠶᠡᠬᠡ ᠵᠣᠪᠠᠭᠰᠠᠨ ᠶᠤᠮ》 ᠭᠡᠵᠦ ᠰᠠᠨᠵᠢ ᠶ᠋ᠢᠨ ᠬᠡᠯᠡᠭᠰᠡᠨ ᠳ᠋ᠦ᠍ ᠠᠪᠤ ᠨᠢ《ᠠᠳᠢᠰ ᠥᠭᠭᠦᠭᠡ ᠦᠭᠡᠢ ᠪᠣᠯ ᠪᠢ ᠠᠢᠬᠤᠪᠲᠤᠷ ᠶᠡᠬᠡ ᠭᠣᠮᠣᠳᠠᠬᠤ ᠪᠠᠢᠭᠰᠠᠨ᠃ ᠮᠢᠨᠦ ᠮᠢᠬ᠎ᠠ ᠶᠠᠰᠤᠨ ᠤ᠋ ᠲᠠᠰᠤᠷᠬᠠᠢ ᠬᠦᠦ ᠮᠢᠨᠢ ᠪᠤᠷᠬᠠᠨ ᠤ᠋ ᠬᠤᠲᠤᠭ ᠢ᠋ ᠣᠯᠵᠤ ᠬᠠᠮᠪᠤ ᠶ᠋ᠢᠨ ᠰᠢᠷᠡᠭᠡᠨ ᠳ᠋ᠦ᠍ ᠵᠠᠯᠠᠷᠠᠭᠠᠳ ᠪᠠᠢᠬᠤ ᠳ᠋ᠤ᠌ ᠡᠴᠢᠭᠡ ᠦᠷ᠎ᠡ ᠶ᠋ᠢᠨ ᠶᠣᠰᠣ ᠬᠠᠮᠢᠶ᠎ᠠ ᠦᠭᠡᠢ ᠬᠡᠷᠡᠭ᠃ ᡀᠠᠰᠠ ᠵᠣᠣ ᠠ᠋ᠴᠠ ᠢᠷᠡᠭᠰᠡᠨ ᡀᠠᠷᠠᠮᠪᠠ ᠠ᠋ᠴᠠ ᠠᠳᠢᠰ ᠠᠪᠤᠭᠰᠠᠨ ᠮᠢᠨᠢ ᠬᠤᠪᠢ ᠵᠠᠶᠠᠭ᠎ᠠ᠃  ᠬᠦᠦ ᠡᠴᠡ ᠪᠡᠨ ᠠᠳᠢᠰ ᠠᠪᠤᠭᠰᠠᠨ ᠡᠴᠢᠭᠡ ᠪᠠᠢᠭ᠎ᠠ ᠦᠭᠡᠢ ᠪᠣᠯ ᠶᠠᠳᠠᠭᠤ ᠲᠡᠨᠡᠭ ᠰᠠᠢᠨᠴᠣᠭᠲᠣ ᠬᠦᠦ ᠡᠴᠡ ᠪᠡᠨ ᠠᠳᠢᠰ ᠠᠪᠤᠭᠰᠠᠨ ᠠᠩᠬᠠᠨ ᠤ᠋ ᠡᠴᠢᠭᠡ ᠪᠣᠯᠤᠭ ᠭᠡᠵᠦ ᠪᠣᠳᠣᠭᠠᠳ ᠠᠪᠤ ᠨᠢ ᠲᠤᠩ ᠶᠡᠬᠡ ᠪᠠᠶᠠᠷᠯᠠᠵᠤ ᠪᠢᠯᠡ》 ᠭᠡᠮᠡᠨ ᠶᠠᠷᠢᠵᠠᠢ᠃ ᠡᠴᠢᠭᠡ ᠥᠪᠡᠷ ᠦ᠋ᠨ ᠬᠢ ᠪᠡᠷ ᠢ᠋ᠶ᠋ᠡᠨ ᠪᠣᠳᠣᠵᠤ᠂ ᠲᠡᠭᠦᠨ ᠢ᠋ ᠪᠠᠨ ᠯᠠ ᠵᠥᠪ ᠭᠡᠵᠦ ᠲᠣᠭᠠᠴᠠᠳᠠᠭ ᠠᠵᠢ᠃  ᠬᠦᠦ ᠪᠠᠰᠠ ᠯᠠ ᠥᠪᠡᠷ ᠦ᠋ᠨ ᠬᠢ ᠪᠡᠷ ᠢ᠋ᠶ᠋ᠡᠨ ᠪᠣᠳᠣᠨ᠎ᠠ᠃ ᠣᠴᠢᠵᠤ ᠣᠴᠢᠵᠤ ᠲᠥᠷᠥᠭᠰᠡᠨ ᠡᠴᠢᠭᠡ ᠳ᠋ᠦ᠍ ᠪᠡᠨ ᠠᠳᠢᠰ ᠲᠠᠯᠪᠢᠭᠰᠠᠨ ᠨᠢ ᠲᠡᠭᠦᠨ ᠳ᠋ᠦ᠍ ᠢᠴᠢᠡᠭ᠌ᠭᠦᠷᠢᠲᠠᠢ᠂ ᠪᠠᠰᠠ ᠠᠯᠳᠠᠰ ᠪᠣᠯᠤᠮᠠᠷ ᠡᠪ ᠦᠭᠡᠢ ᠵᠦᠢᠯ ᠮᠡᠲᠦ ᠰᠠᠨᠠᠭᠳᠠᠵᠠᠢ᠃《ᠡᠴᠢᠭᠡ ᠶ᠋ᠢ ᠪᠡᠨ ᠠᠳᠢᠰᠯᠠᠭᠠᠳ ᠪᠠᠢᠬᠤ ᠲᠡᠢᠮᠦ ᠥᠨᠳᠥᠷ ᠳᠡᠭᠡᠳᠦᠰ ᠭᠡᠵᠦ ᠬᠠᠮᠢᠭ᠎ᠠ ᠲᠥᠷᠥᠭᠰᠡᠨ ᠪᠢᠯᠡ᠃ ᠰᠠᠨᠵᠢᠳᠠᠯᠪᠢᠴᠣᠢᠵᠠᠮᠰᠤ ᠭᠡᠭᠴᠢ ᠨᠢᠭᠡᠨ ᠰᠢᠨᠡᠬᠡᠨ ᠡᠷᠭᠦᠮᠵᠢᠯᠡᠭᠳᠡᠭᠰᠡᠨ ᠬᠠᠮᠪᠤ ᠯᠠᠮᠠ ᠳ᠋ᠤ᠌ ᠢᠳᠢ ᠰᠢᠳᠢ ᠲᠡᠢ᠂ ᠶᠡᠷᠦ ᠪᠤᠰᠤ ᠶ᠋ᠢᠨ ᠶᠠᠭᠤᠮ᠎ᠠ ᠶᠠᠭᠤᠬᠠᠨ ᠪᠠᠢᠬᠤ ᠪᠢᠯᠡ? ᠶᠠᠭᠤ ᠴᠤ᠌ ᠪᠠᠢᠬᠤ ᠦᠭᠡᠢ᠃ ᠪᠠᠢᠭ᠎ᠠ ᠶᠠᠭᠤᠮ᠎ᠠ ᠨᠢ ᠭᠡᠪᠡᠯ ᠴᠡᠭᠡᠵᠢ ᠪᠡᠨ ᠪᠡᠲᠡᠭᠢᠷᠡᠲᠡᠯ᠎ᠡ ᠦᠰᠦᠭᠴᠢᠯᠡᠨ ᠲᠣᠭᠲᠠᠭᠠᠭᠰᠠᠨ ᠪᠠᠬᠠᠨ ᠨᠣᠮ᠂ ᠪᠠᠷᠠᠮᠢᠳ ᠠ᠋ᠴᠠ ᠡᠬᠢᠯᠡᠭᠡᠳ ᠮᠠᠳᠢᠶᠠᠮᠤᠭᠠᠮᠠ᠂ ᠠᠪᠢᠳᠠᠷᠮᠠ᠂ ᠸᠢᠨᠠᠢ᠂  ᠲᠠᠷᠨᠢ ᠶᠢᠨ ᠶᠣᠰᠣ᠂ ᠸᠢᠱᠨᠦ ᠶ᠋ᠢᠨ ᠢᠯᠭᠠᠯ ᠢ᠋ ᠬᠦᠷᠲᠡᠯ᠎ᠡ ᠮᠡᠳᠡᠨ᠎ᠡ᠃ ᠬᠠᠢᠪᠢ ᠵᠢᠮᠨᠧᠢ ᠶ᠋ᠢᠨ ᠲᠠᠢᠭ ᠭᠡᠳᠡᠭ ᠣᠷᠴᠢᠯᠠᠩ ᠤ᠋ᠨ ᠶᠠᠪᠤᠳᠠᠯ ᠠ᠋ᠴᠠ ᠡᠬᠢᠯᠡᠭᠡᠳ ᠨᠠᠢ᠍ᠮᠠᠨ ᠮᠢᠩᠭᠠᠨ ᠮᠥᠷ ᠲᠦ᠍ ᠪᠤᠷᠬᠠᠳ ᠤ᠋ᠨ ᠮᠠᠭᠲᠠᠭᠠᠯ ᠵᠠᠳᠠᠮᠪᠠ ᠰᠤᠳᠤᠷ᠂ ᠠᠷᠪᠠᠰᠠᠯ ᠭᠡᠳᠡᠭ ᠭᠤᠷᠪᠠᠨ ᠴᠠᠭ ᠤ᠋ᠨ ᠮᠢᠩᠭᠠᠨ ᠪᠤᠷᠬᠠᠳ ᠤ᠋ᠨ ᠵᠠᠩ ᠦᠢᠯᠡ᠂ ᠬᠠᠷ᠎ᠠ ᠴᠠᠭᠠᠨ ᠭᠦᠷᠢᠮ ᠦ᠋ᠨ ᠨᠣᠮ᠂ ᠬᠠᠷᠢᠶᠠᠯ ᠵᠦᠬᠡᠯ ᠦ᠋ᠨ ᠰᠤᠨᠳᠤᠢ ᠰᠤᠳᠤᠷ ᠢ᠋ ᠬᠦᠷᠲᠡᠯ᠎ᠡ ᠰᠠᠨᠵᠢᠳᠠᠯᠪᠢᠴᠣᠢᠵᠠᠮᠰᠤ ᠭᠡᠭᠳᠡᠭᠰᠡᠨ ᠬᠠᠮᠪᠤ ᠮᠢᠨᠦ ᠪᠡᠶ᠎ᠡ ᠴᠥᠮ ᠢ᠋ ᠴᠡᠭᠡᠵᠢ ᠪᠡᠷ ᠮᠡᠳᠡᠨ᠎ᠡ᠃ ᠭᠡᠪᠡᠴᠦ ᠲᠡᠷᠡ ᠪᠦᠬᠦᠨ ᠬᠥᠭᠡᠷᠦᠬᠦᠢ ᠡᠬᠡ ᠶ᠋ᠢ ᠮᠢᠨᠢ ᠳᠠᠬᠢᠨ ᠠᠮᠢᠯᠠᠭᠤᠯᠵᠤ᠂ ᠬᠥᠭᠰᠢᠨ ᠡᠴᠢᠭᠡ ᠶ᠋ᠢ ᠮᠢᠨᠢ ᠪᠠᠶᠠᠨ ᠴᠢᠨᠡᠭᠡᠯᠢᠭ ᠪᠣᠯᠭᠠᠵᠤ ᠴᠢᠳᠠᠬᠤ ᠤᠤ ᠳᠠ? ᠶᠠᠭᠠᠬᠢᠭᠠᠳ ᠴᠤ᠌ ᠦᠭᠡᠢ ᠳᠡ》 ᠭᠡᠵᠦ ᠰᠠᠨᠵᠢ ᡀᠠᠷᠠᠮᠪᠠ ᠪᠣᠳᠣᠵᠤ ᠰᠠᠭᠤᠯ᠎ᠠ᠃ ᠲᠡᠭᠦᠨ ᠦ᠌ ᠪᠣᠳᠣᠯ ᠬᠣᠯᠠ ᠶ᠋ᠢᠨ ᠶᠠᠭᠤᠮᠠᠨ ᠳ᠋ᠤ᠌ ᠪᠡᠯᠴᠢᠵᠦ᠂ ᠬᠠᠷᠠᠴᠠ ᠨᠢ ᠥᠭᠡᠷᠡᠴᠢᠯᠡᠭᠳᠡᠭᠰᠡᠨ ᠢ᠋ ᠲᠡᠷᠢᠭᠦᠨ ᠰᠢᠷᠡᠭᠡᠲᠦ ᠯᠠᠮᠠ ᠠᠵᠢᠵᠤ ᠮᠡᠳᠡᠭᠡᠳ ᠭᠦᠨ ᠤᠬᠠᠭᠠᠨ ᠤ᠋ ᠳᠠᠯᠠᠢ ᠳ᠋ᠤ᠌ ᠵᠢᠪᠵᠡᠢ ᠭᠡᠵᠦ ᠣᠢᠯᠠᠭᠠᠪᠠ᠃ 
         ᠰᠠᠨᠵᠢ ᠪᠣᠢᠵᠢ ᠵᠦᠭᠰᠢ ᠮᠧᠳᠤᠭᠳᠠᠨ᠂   
         ᠷᠢᠷᠠᠪ ᠯᠢᠨᠰᠢ ᠨᠢᠲᠡ ᠵᠠᠮᠪᠠᠳᠢ  
         ᠰᠠᠨᠵᠧᠢ ᠰᠢᠩᠳᠤ ᠮᠢᠭᠯᠠ ᠫᠦᠯᠪᠧᠭ᠂ 
         ᠲᠣᠭᠣᠨ ᠨᠠᠮᠳᠠᠭ ᠰᠢᠩᠯᠠᠵᠣᠲ ᠪᠠᠷᠱᠤᠭ! ᠭᠡᠵᠦ ᠰᠦᠮ᠎ᠡ ᠳᠦᠭᠦᠷᠡᠩ ᠰᠠᠭᠤᠭᠰᠠᠨ ᠯᠠᠮᠠ᠂ ᠬᠤᠸᠠᠷᠠᠭ ᠤ᠋ᠳ ᠳᠦᠩᠭᠢᠨᠡᠯᠳᠦᠨ ᠨᠢᠭᠡᠨ ᠳᠠᠭᠤ ᠪᠠᠷ ᠤᠩᠰᠢᠯ᠎ᠠ᠃《ᠭᠠᠵᠠᠷ ᠳᠡᠯᠡᠬᠡᠢ ᠪᠣᠯᠤᠨ ᠰᠦᠮᠪᠦᠷ ᠠᠭᠤᠯᠠ ᠲᠡᠷᠢᠭᠦᠲᠡᠨ ᠢ᠋ ᠪᠦᠲᠦᠭᠡᠨ ᠬᠦᠵᠢᠰ ᠢ᠋ᠶ᠋ᠡᠷ ᠰᠦᠷᠴᠢᠵᠦ᠂ ᠣᠭᠲᠠᠷᠭᠤᠢ ᠶ᠋ᠢ ᠨᠠᠷᠠᠨ ᠰᠠᠷᠠᠨ ᠢ᠋ᠶ᠋ᠠᠷ ᠴᠢᠮᠡᠭᠰᠡᠨ ᠪᠤᠷᠬᠠᠨ ᠳ᠋ᠤ᠌ ᠠᠴᠢ ᠮᠠᠨᠳᠠᠯ ᠡᠷᠭᠦᠶ᠎ᠡ!》ᠭᠡᠵᠦ ᠡᠨᠡᠬᠦ ᠱᠠᠳ ᠰᠢᠯᠦᠭ ᠢ᠋ᠶ᠋ᠡᠷ ᠮᠥᠷᠭᠥᠯ ᠡᠬᠢᠯᠡᠵᠡᠢ᠃ ᠭᠡᠪᠡᠴᠦ ᠡᠢᠮᠦ ᠶᠠᠭᠤᠮ᠎ᠠ ᠬᠡᠯᠡᠵᠦ ᠪᠠᠢᠨ᠎ᠠ ᠭᠡᠳᠡᠭ ᠢ᠋ ᠰᠦᠰᠦᠭᠲᠡᠨ ᠨᠦ᠍ᠭᠦᠳ ᠪᠠᠢᠲᠤᠭᠠᠢ ᠯᠠᠮᠠ ᠨᠠᠷ ᠤ᠋ᠨ ᠶᠡᠬᠡᠩᠬᠢ ᠨᠢ ᠤᠬᠠᠭᠠᠷᠠᠵᠤ ᠮᠡᠳᠡᠬᠦ ᠦᠭᠡᠢ᠃ ᠭᠠᠭᠴᠠᠬᠦ ᠲᠣᠮᠣ ᠲᠣᠯᠣᠭᠠᠢ ᠯᠠᠮᠠ ᠨᠠᠷ ᠯᠠ ᠮᠡᠳᠡᠨ᠎ᠡ᠃ ᠲᠥᠪᠡᠳ ᠢ᠋ᠶ᠋ᠡᠷ ᠶᠦ᠍ᠮ ᠤᠤ ᠰᠠᠨᠰᠺᠢᠲ ᠢ᠋ᠶ᠋ᠠᠷ ᠦᠢᠯᠡᠳᠬᠦ ᠪᠤᠷᠬᠠᠨ ᠤ᠋ ᠨᠣᠮ ᠤ᠋ᠨ ᠤᠩᠰᠢᠯᠭ᠎ᠠ ᠶ᠋ᠢ ᠮᠣᠩᠭᠣᠯ ᠢ᠋ᠶ᠋ᠠᠷ ᠣᠷᠴᠢᠭᠤᠯᠵᠤ ᠲᠠᠶᠢᠯᠪᠤᠷᠢᠯᠠᠳᠠᠭ ᠯᠠᠮ᠎ᠠ ᠪᠠᠭᠰᠢ ᠪᠠᠷᠤᠭ ᠦᠭᠡᠢ᠃ ᠦᠯᠦ ᠣᠢᠯᠠᠭᠠᠭᠳᠠᠬᠤ ᠬᠠᠷᠢ ᠣᠷᠣᠨ ᠤ᠋ ᠬᠡᠯᠡ ᠪᠡᠷ ᠤᠩᠰᠢᠭᠰᠠᠨ ᠨᠣᠮ ᠤ᠋ᠨ ᠭᠦᠨ ᠤᠳᠬ᠎ᠠ ᠪᠠᠶᠢᠲᠤᠭᠠᠢ ᠡᠭᠡᠯ ᠦᠭᠡᠰ ᠦ᠋ᠨ ᠨᠢ ᠰᠠᠨᠠᠭ᠎ᠠ ᠶ᠋ᠢ ᠴᠦ᠍ ᠭᠠᠳᠠᠷᠯᠠᠬᠤ ᠦᠭᠡᠢ ᠪᠣᠯᠬᠣᠷ ᠭᠠᠭᠴᠠᠬᠦ ᠮᠤᠬᠤᠷ ᠢ᠋ᠶ᠋ᠠᠷ ᠰᠦᠰᠦᠭᠯᠡᠨ ᠪᠢᠰᠢᠷᠡᠨ᠎ᠡ᠃ ᠡᠢᠨ ᠬᠦ᠌ ᠪᠠᠢᠳᠠᠯ ᠢ᠋ᠶ᠋ᠠᠷ ᠣᠯᠠᠨ ᠦᠶ᠎ᠡ ᠶ᠋ᠢ ᠡᠯᠡᠭᠡᠨ ᠮᠥᠷᠭᠥᠯ ᠦᠢᠯᠡᠳᠦᠭᠰᠡᠭᠡᠷ ᠥᠨᠥ ᠶ᠋ᠢ ᠬᠦᠷᠴᠡᠢ᠃  
       ᠮᠠᠭᠲᠠᠭᠠᠯ ᠤ᠋ᠨ ᠬᠤᠷᠠᠯ ᠥᠷᠯᠥᠭᠡᠭᠦᠷ ᠬᠤᠷᠠᠵᠤ ᠡᠢᠨ ᠬᠦ᠌ ᠳᠠᠭᠤᠰᠬᠤ ᠶ᠋ᠢᠨ ᠦᠶ᠎ᠡ ᠳ᠋ᠦ᠍ ᠲᠦᠢ ᠡᠷᠭᠦᠬᠦ ᠪᠡᠷ ᠤᠮᠵᠠᠳ ᠳ᠋ᠸᠴᠢᠨ᠂ ᠬᠣᠶᠠᠷ ᠳᠠᠬᠢᠯᠴᠢᠨ ᠬᠠᠮᠲᠤ ᠪᠠᠷ ᠲᠣᠯᠢ ᠪᠤᠮᠪᠠ ᠪᠠᠷᠢᠭᠰᠠᠭᠠᠷ ᠰᠦᠮ᠎ᠡ ᠶ᠋ᠢᠨ ᠭᠣᠣᠯ ᠳᠤᠮᠳᠠ ᠬᠦᠷᠴᠦ ᠢᠷᠡᠪᠡ.ᠣᠯᠠᠨ ᠵᠢᠯ ᠵᠦᠯᠭᠦᠭᠳᠡᠭᠰᠡᠨ ᠬᠦᠷᠡᠯ ᠲᠣᠯᠢ ᠶ᠋ᠢᠨ ᠥᠩᠭᠡ ᠨᠢ ᠰᠢᠯ ᠡᠴᠡ ᠢᠯᠭᠠᠭᠳᠠᠬᠤ ᠦᠭᠡᠢ ᠭᠢᠯᠠᠯᠵᠠᠵᠤ ᠪᠠᠢᠪᠠ᠃ ᠲᠣᠯᠢ ᠶ᠋ᠢ ᠬᠦᠨᠳᠦᠳᠬᠡᠯᠲᠡᠢ ᠪᠡᠷ ᠳᠡᠭᠡᠳᠦᠯᠡᠨ ᠪᠠᠷᠢᠵᠤ᠂ ᠯᠠᠮ᠎ᠠ ᠨᠠᠷ ᠲᠩᠷᠢ ᠶ᠋ᠢᠨ ᠮᠠᠭᠲᠠᠭᠠᠯ ᠤᠩᠰᠢᠵᠤ᠂  ᠰᠸᠯᠨᠢᠡᠭ ᠂ ᠬᠡᠩᠭᠡᠷᠭᠡ ᠴᠣᠬᠢᠨ ᠲᠩᠷᠢ ᠡᠵᠡᠩᠨᠡᠭᠰᠡᠨ ᠪᠤᠷᠬᠠᠳ ᠲᠤ᠌ ᠮᠠᠭᠲᠠᠭᠠᠯ ᠡᠷᠭᠦᠪᠡ᠃ ᠬᠣᠶᠠᠷ ᠲᠠᠬᠢᠯᠴᠢ ᠪᠤᠮᠪᠠ ᠲᠠᠢ ᠷᠠᠰᠢᠶᠠᠨ ᠠ᠋ᠴᠠ ᠲᠣᠯᠢ ᠤᠷᠤᠭᠤ ᠳᠤᠰᠤᠭᠠᠬᠤ ᠳ᠋ᠤ᠌ ᠤᠮᠵᠠᠳ ᠥᠩᠭᠡ ᠥᠩᠭᠡ ᠶ᠋ᠢᠨ ᠬᠠᠳᠠᠭ ᠬᠣᠯᠪᠣᠭᠰᠠᠨ ᠠᠯᠴᠢᠭᠤᠷ ᠢ᠋ᠶ᠋ᠠᠷ ᠲᠣᠯᠢ ᠶ᠋ᠢ ᠠᠷᠴᠢᠯ᠎ᠠ᠃ ᠡᠢᠮᠦ ᠦᠢᠯᠡᠳᠦᠯ ᠢ᠋ᠶ᠋ᠡᠷ ᠲᠦᠢ ᠡᠷᠭᠦᠨ ᠳᠠᠭᠤᠰᠪᠠ᠃  ᠬᠤᠷᠮᠤᠰᠲᠠ ᠶ᠋ᠢᠨ ᠡᠷᠬᠡ ᠪᠠᠷᠢᠭᠰᠠᠨ ᠭᠤᠴᠢᠨ ᠭᠤᠷᠪᠠᠨ ᠲᠩᠷᠢ ᠭᠡᠭᠴᠢ ᠳ᠋ᠦ᠍ ᠮᠠᠭᠲᠠᠭᠠᠯ ᠡᠷᠭᠦᠵᠦ ᠪᠠᠢᠭ᠎ᠠ ᠨᠢ ᠡᠨᠡ ᠶᠦ᠍ᠮ ᠃ ᠲᠣᠯᠢ ᠨᠢ ᠲᠩᠷᠢ ᠶ᠋ᠢ ᠪᠡᠯᠭᠡᠳᠡᠭᠰᠡᠨ ᠤᠳᠬ᠎ᠠ ᠲᠠᠢ ᠠᠵᠢ᠃ ᠭᠡᠪᠡᠴᠦ ᠭᠡᠭᠡᠨ ᠲᠣᠯᠢ ᠭᠡᠵᠦ ᠪᠠᠰᠠ ᠡᠢᠮᠦᠷᠬᠦ ᠲᠣᠯᠢ ᠶ᠋ᠢ ᠡᠷᠯᠢᠭ ᠨᠣᠮᠣᠨ ᠬᠠᠭᠠᠨ ᠪᠤᠶᠤ ᠲᠠᠮᠤ ᠶ᠋ᠢᠨ ᠣᠷᠣᠨ ᠤ᠋ ᠡᠵᠡᠨ ᠭᠠᠷ ᠲᠤ᠌ ᠪᠠᠨ ᠪᠠᠷᠢᠵᠤ ᠬᠥᠮᠦᠨ ᠲᠣᠯᠣᠭᠠᠢᠲᠠᠨ ᠤ᠋ ᠬᠢᠭᠰᠡᠨ ᠨᠢᠭᠦᠯ ᠪᠤᠶᠠᠨ ᠢ᠋ ᠲᠡᠷᠡᠭᠦᠨ ᠳ᠋ᠦ᠍ ᠪᠡᠨ ᠬᠠᠷᠠᠵᠤ ᠦᠨᠡᠨ ᠬᠤᠳᠠᠯ ᠢ᠋ ᠢᠯᠭᠠᠷᠠᠭᠤᠯᠳᠠᠭ ᠭᠡᠵᠦ ᠱᠠᠰᠢᠨ ᠤ᠋ ᠰᠤᠷᠭᠠᠯ ᠪᠠᠢᠳᠠᠭ ᠪᠢᠯᠡ᠃ ᠲᠩᠷᠢ ᠶ᠋ᠢᠨ ᠲᠣᠯᠢ᠂ ᠲᠠᠮᠤ ᠶ᠋ᠢᠨ ᠲᠣᠯᠢ ᠬᠣᠶᠠᠷ ᠤ᠋ᠨ ᠬᠣᠭᠣᠷᠣᠨᠳᠣ ᠶᠢᠷᠲᠢᠨᠴᠦ᠂ ᠲᠩᠷᠢ᠂ ᠪᠤᠷᠬᠠᠳ᠂ ᠬᠥᠮᠦᠨ ᠬᠢᠭᠡᠳ ᠬᠡᠯᠡ ᠦᠭᠡᠢ ᠠᠳᠤᠭᠤᠰᠤ᠂ ᠪᠢᠷᠢᠳ᠂ ᠲᠠᠮᠤ ᠶ᠋ᠢᠨ ᠠᠮᠢᠲᠠᠳ ᠣᠷᠣᠰᠢᠨ ᠰᠠᠭᠤᠳᠠᠭ ᠮᠡᠲᠦ ᠪᠡᠷ ᠪᠤᠷᠬᠠᠨ ᠨᠣᠮᠯᠠᠵᠠᠢ᠃