ᠭᠣᠪᠢ ᠶ᠋ᠢᠨ ᠮᠠᠭᠲᠠᠭᠠᠯ Говийн магтаал
ᠭᠣᠪᠢ ᠶ᠋ᠢᠨ ᠮᠠᠭᠲᠠᠭᠠᠯ
ᠡᠷᠲᠡ ᠴᠠᠭ ᠤ᠋ᠨ ᠭᠠᠷᠤᠯ ᠲᠠᠢ
ᠡᠷᠡᠨ ᠦᠶ᠎ᠡ ᠶ᠋ᠢᠨ ᠮᠠᠯᠴᠢᠨ ᠪᠢ
ᠡᠮᠡᠭᠡᠯᠲᠦ ᠮᠣᠷᠢᠨ ᠤ᠋ ᠡᠵᠡᠨ
ᠡᠷᠡᠯᠬᠡᠭ ᠮᠣᠩᠭᠣᠯ ᠤ᠋ᠨ ᠢᠷᠭᠡᠨ ᠪᠢ
ᠤᠨᠠᠭᠰᠠᠨ ᠭᠠᠵᠠᠷ ᠤ᠋ᠨ ᠠᠯᠳᠠᠷ ᠢ᠋
ᠮᠠᠭᠲᠠᠨ ᠳᠠᠭᠤᠯᠠᠬᠤ ᠳᠤᠷᠠᠲᠠᠢ ᠪᠢ
ᠤᠬᠢᠶᠠᠭᠰᠠᠨ ᠤᠰᠤᠨ ᠤ᠋ ᠠᠷᠢᠭᠤᠨ ᠢ᠋
ᠳᠤᠷᠠᠰᠤᠨ ᠶᠠᠷᠢᠬᠤ ᠬᠦᠰᠡᠯ ᠲᠡᠢ ᠪᠢ᠃
ᠥᠰᠬᠦ ᠨᠠᠰᠤᠨ ᠳ᠋ᠤ᠌ ᠮᠢᠨᠢ ᠡᠭᠡᠯᠢᠲᠡᠢ
ᠥᠷᠭᠡᠨ ᠣᠯᠣᠩ ᠳ᠋ᠤ᠌ ᠮᠢᠨᠢ ᠠᠯᠳᠠᠷ ᠲᠠᠢ
ᠲᠥᠷᠥᠭᠰᠡᠨ ᠥᠯᠥᠭᠡᠢ ᠨᠤᠲᠤᠭ ᠢ᠋ᠶ᠋ᠠᠨ
ᠲᠦᠷᠡᠯᠭᠡ ᠡᠷᠭᠦᠨ ᠮᠠᠭᠲᠠᠬᠤ ᠳ᠋ᠤ᠌ ᠪᠠᠨ
ᠵᠢᠷᠦᠬᠡ ᠰᠡᠳᠬᠢᠯ ᠢ᠋ ᠳᠣᠭᠳᠣᠯᠤᠭᠤᠯᠵᠤ
ᠵᠣᠷᠢᠭ ᠬᠦᠰᠡᠯ ᠢ᠋ ᠪᠠᠳᠠᠷᠠᠭᠠᠭᠰᠠᠨ
ᠰᠠᠢᠨ ᠦᠭᠡ ᠶᠠᠷᠢᠵᠤ
ᠰᠠᠢᠬᠠᠨ ᠢᠷᠦᠭᠡᠯ ᠢ᠋ᠶ᠋ᠡᠨ ᠳᠡᠪᠰᠢᠭᠦᠯᠦᠶ᠎ᠡ
ᠲᠦᠮᠡᠨ ᠣᠪᠣᠭᠲᠠᠨ ᠤ᠋
ᠳᠣᠮᠣᠭᠲᠤ ᠲᠦᠷᠡᠯᠭᠡ ᠪᠣᠯᠤᠨ ᠡᠷᠭᠦᠭᠳᠡᠵᠦ
ᠲᠡᠦᠬᠡ ᠱᠠᠰᠲᠢᠷ ᠤ᠋ᠨ ᠬᠠᠭᠤᠳᠠᠰᠤᠨ ᠳ᠋ᠤ᠌
ᠦᠶ᠎ᠡ ᠤᠯᠠᠷᠢᠨ ᠪᠢᠴᠢᠭᠳᠡᠭᠰᠡᠨ
ᠬᠥᠮᠦᠨ ᠦ᠌ ᠠᠷᠢᠭᠤᠨ ᠬᠥᠯᠥᠰᠥ ᠪᠡᠷ
ᠠᠭᠠᠭᠢᠮ᠎ᠠ ᠲᠠᠯ᠎ᠠ ᠨᠢ ᠳᠡᠪᠲᠦᠵᠦ
ᠬᠥᠳᠡᠯᠮᠦᠷᠢ ᠲᠡᠮᠡᠴᠡᠯ ᠦ᠋ᠨ ᠦᠷ᠎ᠡ ᠪᠡᠷ
ᠬᠥᠳᠡᠭᠡ ᠲᠠᠯ᠎ᠠ ᠶ᠋ᠢ ᠬᠥᠭᠵᠢᠭᠡᠭᠰᠡᠨ
ᠵᠠᠭᠤᠨ ᠲᠦᠮᠡᠨ ᠦᠶ᠎ᠡ ᠳ᠋ᠤ᠌ ᠪᠠᠨ
ᠵᠢᠷᠦᠬᠡ ᠰᠡᠳᠬᠢᠯ ᠢ᠋ ᠪᠢᠯᠬᠠᠭᠤᠯᠤᠭᠰᠠᠨ
ᠵᠦᠩ ᠪᠢᠯᠢᠭᠲᠦ ᠰᠠᠢᠬᠠᠨ ᠢ᠋ᠶ᠋ᠠᠷ ᠢ᠋ᠶ᠋ᠠᠨ
ᠵᠤᠨ ᠣᠯᠠᠨ ᠢ᠋ᠶ᠋ᠠᠨ ᠪᠠᠶᠠᠰᠤᠭᠤᠯᠤᠭᠰᠠᠨ
ᠡᠬᠡ ᠡᠴᠡ ᠨᠠᠮᠠᠶ᠋ᠢ ᠲᠥᠷᠥᠬᠦ ᠳ᠋ᠦ᠍
ᠡᠯᠡᠰᠦᠨ ᠬᠣᠷᠮᠣᠢ ᠶ᠋ᠢ ᠪᠡᠨ ᠳᠡᠪᠢᠰᠦᠭᠡᠳ
ᠬᠠᠩᠪᠤ ᠲᠣᠷᠭᠠᠨ ᠳᠠᠪᠠᠯᠤᠨ ᠳ᠋ᠤ᠌ ᠪᠠᠨ
ᠥᠯᠥᠭᠡᠢᠳᠡᠵᠦ ᠠᠩᠬ᠎ᠠ ᠲᠣᠷᠨᠢᠭᠤᠯᠤᠭᠰᠠᠨ
ᠬᠠᠰ ᠴᠠᠭᠠᠨ ᠴᠢᠯᠠᠭᠤ ᠶ᠋ᠢ ᠪᠡᠨ
ᠰᠦᠷᠦᠭ ᠪᠣᠯᠭᠠᠨ ᠨᠠᠭᠠᠳᠤᠭᠤᠯᠤᠭᠰᠠᠨ
ᠠᠷᠢᠭᠤᠨ ᠬᠥᠳᠡᠯᠮᠦᠷᠢ ᠶ᠋ᠢᠨ ᠰᠢᠮ᠎ᠡ ᠪᠡᠷ ᠨᠢ
ᠠᠩᠬ᠎ᠠ ᠨᠣᠮ ᠢ᠋ ᠠᠮᠠᠯᠠᠭᠤᠯᠵᠤ
ᠠᠮᠢᠳᠤᠷᠠᠯ ᠤ᠋ᠨ ᠵᠠᠮ ᠬᠠᠢᠷᠠᠯᠠᠭᠰᠠᠨ
ᠠᠯᠲᠠᠨ ᠶᠡᠬᠡ ᠭᠣᠪᠢ ᠮᠢᠨᠢ
ᠠᠷᠭᠠᠯᠢ᠂ ᠶᠠᠩᠭᠢᠷ ᠰᠦᠷᠦᠭ ᠦ᠋ᠳ ᠨᠢ
ᠳᠡᠭᠦᠯᠢᠨ ᠬᠤᠷᠳᠤᠯᠠᠭᠰᠠᠨ ᠠᠰᠭᠠᠳ ᠲᠠᠢ
ᠠᠷᠴᠠ ᠰᠣᠩᠭᠢᠨ᠎ᠠ ᠰᠣᠶᠣᠭᠠᠯᠠᠭᠰᠠᠨ
ᠠᠷᠢᠭᠤᠨ ᠲᠠᠩᠰᠤᠭ ᠣᠷᠣᠨ ᠳ᠋ᠤ᠌ ᠪᠠᠨ
ᠬᠤᠵᠢᠷᠲᠤ ᠥᠷᠭᠡᠨ ᠲᠣᠭᠣᠷᠢᠮ ᠤ᠋ᠳ ᠨᠢ
ᠠᠯᠲᠠᠨ ᠴᠠᠷ᠎ᠠ ᠶ᠋ᠢᠨ ᠵᠢᠷᠤᠭᠠᠰᠤ ᠲᠠᠢ
ᠬᠤᠷ᠎ᠠ ᠶ᠋ᠢᠨ ᠤᠰᠤᠨ ᠴᠥᠭᠥᠷᠥᠮ ᠦ᠋ᠳ ᠨᠢ
ᠠᠩᠭᠢᠷ ᠭᠠᠯᠠᠭᠤᠨ ᠤ᠋ ᠰᠦᠷᠦᠭ ᠲᠡᠢ
ᠠᠯᠲᠠᠨ ᠰᠠ ᠲᠠᠢ ᠬᠣᠷᠭᠣᠢ ᠰᠢᠭ᠋
ᠠᠯᠠᠭ ᠴᠡᠴᠡᠭ ᠦ᠋ᠨ ᠮᠠᠨᠳᠤᠯ ᠲᠠᠢ
ᠠᠯᠲᠠᠨ ᠰᠦᠮᠪᠦᠷ ᠠᠭᠤᠯᠠ ᠰᠢᠭ᠋
ᠠᠮᠵᠢᠯᠲᠠ ᠪᠦᠲᠦᠭᠡᠯ ᠥᠨᠳᠥᠷ ᠲᠡᠢ
ᠠᠯᠲᠠᠨ ᠵᠠᠪᠢᠶ᠎ᠠ ᠥᠩᠭᠡ ᠰᠢᠭ
ᠬᠡᠵᠢᠶ᠎ᠡ ᠴᠦ᠍ ᠭᠠᠩᠳᠠᠰᠢ ᠦᠭᠡᠢ ᠭᠢᠯᠠᠷᠬᠠᠢ
ᠠᠯᠲᠠᠨ ᠭᠤᠷᠭᠤᠤᠯᠳᠠᠢ ᠡᠭᠡᠰᠢᠭ
ᠬᠠᠮᠢᠭ᠎ᠠ ᠴᠤ᠌ ᠲᠤᠭᠤᠯᠳᠠᠭᠰᠠᠨ
ᠢᠷᠠᠭᠤᠬᠠᠨ ᠡᠬᠡ ᠶ᠋ᠢᠨ ᠰᠦᠨ ᠡᠴᠡ ᠭᠠᠷᠴᠤ
ᠡᠷ᠎ᠡ ᠶ᠋ᠢᠨ ᠴᠡᠭᠡᠨ ᠳ᠋ᠦ᠍ ᠬᠦᠷᠴᠦ
ᠭᠡᠷ ᠦ᠋ᠨ ᠮᠤᠬᠤᠷ ᠠ᠋ᠴᠠ ᠭᠠᠷᠴᠤ
ᠭᠠᠯ ᠤ᠋ᠨ ᠢᠯᠴᠢᠨ ᠡᠴᠡ ᠬᠣᠯᠠᠳᠠᠭᠰᠠᠨ
ᠬᠥᠮᠦᠨ ᠦ᠌ ᠦᠷᠡᠰ ᠦ᠋ᠨ ᠵᠢᠭᠰᠠᠭᠠᠯ ᠳ᠋ᠤ᠌
ᠮᠥᠷᠥ ᠵᠡᠷᠭᠡᠴᠡᠨ ᠠᠯᠬᠤᠯᠠᠵᠤ
ᠬᠦᠯᠦᠭ ᠮᠣᠷᠢᠨ ᠤ᠋ ᠨᠢᠷᠤᠭᠤᠨ ᠳ᠋ᠤ᠌
ᠳᠥᠷᠥᠭᠡ ᠬᠠᠷᠰᠢᠭᠤᠯᠤᠨ ᠵᠢᠭᠢᠵᠦ
ᠰᠤᠮᠤᠨ ᠳᠡᠯ ᠲᠡᠢ ᠬᠦᠯᠦᠭ ᠦ᠋ᠨ ᠢ᠋ᠶ᠋ᠡᠨ
ᠭᠦᠶᠦᠳᠡᠯ ᠳᠤᠮᠳᠠ ᠨᠢ ᠢᠰᠬᠡᠷᠴᠦ
ᠰᠢᠷᠢᠨ ᠭᠥᠯᠢᠮ ᠲᠡᠢ ᠡᠮᠡᠭᠡᠯ ᠦ᠋ᠨ ᠢ᠋ᠶ᠋ᠡᠨ
ᠰᠠᠭᠤᠳᠠᠯ ᠳᠤᠮᠳᠠ ᠨᠢ ᠬᠥᠨᠳᠡᠯᠢᠰᠴᠦ
ᠠᠶ᠎ᠠ ᠰᠠᠢᠲᠠᠢ ᠳᠠᠭᠤᠤ ᠪᠠᠨ
ᠬᠣᠭᠣᠯᠠᠢ ᠨᠡᠢᠯᠡᠭᠦᠯᠦᠨ ᠲᠦᠷᠢᠵᠦ
ᠠᠷᠠᠯᠵᠢᠶ᠎ᠠ ᠰᠠᠢᠲᠠᠢ ᠮᠣᠷᠢ ᠪᠠᠷ ᠢ᠋ᠶ᠋ᠠᠨ
ᠬᠣᠯᠠ ᠶ᠋ᠢᠨ ᠵᠠᠮ ᠢ᠋ ᠲᠣᠪᠴᠢᠯᠠᠭᠰᠠᠨ
ᠬᠠᠳᠠᠨ ᠵᠣᠷᠢᠭ ᠢ᠋ ᠪᠠᠶᠠᠰᠤᠭᠤᠯᠵᠤ
ᠬᠠᠯᠠᠭᠤᠨ ᠢᠯᠴᠢ ᠶ᠋ᠢ ᠪᠠᠳᠠᠷᠠᠭᠠᠭᠰᠠᠨ
ᠬᠠᠯᠬ᠎ᠠ ᠶ᠋ᠢᠨ ᠠᠭᠤᠵᠢᠮ ᠨᠤᠲᠤᠭ ᠮᠢᠨᠢ
ᠬᠠᠮᠢᠭ᠎ᠠ ᠴᠤ᠌ ᠶᠠᠪᠤᠭᠰᠠᠨ ᠠᠯᠳᠠᠷ ᠲᠠᠢ
ᠵᠠᠭ ᠲᠠᠢ ᠬᠥᠨᠳᠡᠢ ᠶ᠋ᠢᠨ ᠠᠭᠤᠳᠠᠮ ᠳ᠋ᠤ᠌
ᠵᠠᠯᠠᠭᠤ ᠶ᠋ᠢᠨ ᠢᠳᠡᠷ ᠢ᠋ ᠭᠠᠢᠬᠠᠭᠤᠯᠵᠤ
ᠽᠠᠨᠳᠠᠨ ᠬᠦᠷᠡᠩ ᠲᠡᠮᠡᠭᠡ ᠪᠡᠨ
ᠲᠦᠮᠡ ᠪᠤᠮᠠ ᠪᠠᠷ ᠨᠢ ᠥᠰᠬᠡᠵᠦ
ᠬᠣᠪᠣᠭᠣ ᠬᠣᠪᠣᠭᠣ ᠪᠠᠷ ᠤᠰᠤ ᠶ᠋ᠢ
ᠠᠯᠲᠠ ᠠᠯᠲᠠ ᠪᠠᠷ ᠨᠢ ᠲᠠᠲᠠᠵᠤ
ᠬᠤᠪᠢᠩ ᠬᠤᠪᠢᠩ ᠢ᠋ᠶ᠋ᠠᠷ ᠰᠦ ᠶ᠋ᠢ
ᠠᠮᠠᠰᠠᠷ ᠳᠦᠭᠦᠷᠡᠩ ᠪᠢᠯᠬᠠᠭᠤᠯᠵᠤ
ᠬᠥᠳᠡᠭᠡ ᠬᠡᠭᠡᠷ᠎ᠡ ᠶ᠋ᠢᠨ ᠲᠠᠯ᠎ᠠ ᠳ᠋ᠤ᠌ ᠨᠢ
ᠬᠣᠨᠢ ᠢᠮᠠᠭ᠎ᠠ ᠪᠡᠨ ᠬᠠᠷᠢᠭᠤᠯᠵᠤ
ᠬᠥᠷᠵᠡᠩ ᠶᠡᠬᠡ ᠪᠠᠭᠤᠴᠠ ᠪᠠᠷ ᠨᠢ
ᠬᠠᠰᠢᠶ᠎ᠠ ᠬᠣᠷᠣᠭ᠎ᠠ ᠪᠠᠨ ᠪᠠᠷᠢᠵᠤ
ᠬᠤᠷᠳᠤᠨ ᠮᠣᠷᠢ ᠪᠠᠨ ᠤᠨᠤᠵᠤ
ᠬᠤᠰᠤᠨ ᠤᠷᠭ᠎ᠠ ᠶ᠋ᠢ ᠰᠤᠨᠤᠯᠵᠠᠭᠤᠯᠤᠭᠰᠠᠭᠠᠷ
ᠠᠷᠳᠠᠭ ᠲᠠᠷᠭᠤᠨ ᠬᠠᠩᠭᠠᠯ ᠤ᠋ᠳ ᠢ᠋
ᠠᠭᠠᠭᠯᠠᠨ ᠪᠠᠷᠢᠬᠤ ᠦᠶ᠎ᠡ ᠳ᠋ᠤ᠌ ᠪᠠᠨ
ᠡᠮᠨᠢᠭ ᠮᠣᠷᠢᠨ ᠤ᠋ ᠨᠢᠷᠤᠭᠤᠨ ᠳ᠋ᠤ᠌
ᠡᠷᠡᠮᠡᠬᠡᠢ ᠵᠣᠷᠢᠭ ᠢ᠋ ᠰᠢᠯᠭᠠᠭᠰᠠᠭᠠᠷ
ᠡᠭᠡᠷᠡᠮ᠎ᠡ ᠲᠠᠯ᠎ᠠ ᠨᠤᠲᠤᠭ ᠲᠤ᠌ ᠪᠠᠨ
ᠡᠵᠡᠨ ᠨᠢ ᠪᠣᠯᠵᠤ ᠥᠰᠦᠯ᠎ᠡ ᠪᠢ
ᠵᠤᠵᠠᠭᠠᠨ ᠰᠠᠢᠬᠠᠨ ᠬᠥᠷᠥᠰᠥᠨ ᠳ᠋ᠦ᠍ ᠪᠡᠨ
ᠠᠷᠢᠭᠤᠨ ᠪᠠᠶᠠᠯᠢᠭ ᠢ᠋ᠶ᠋ᠠᠨ ᠡᠪᠦᠷᠲᠦᠯᠡᠵᠦ
ᠵᠥᠭᠡᠯᠡᠨ ᠰᠠᠢᠬᠠᠨ ᠡᠯᠢᠭᠡᠨ ᠳ᠋ᠦ᠍ ᠪᠡᠨ
ᠮᠥᠩᠭᠥᠨ ᠬᠣᠲᠠ ᠪᠠᠨ ᠥᠯᠥᠭᠡᠢᠳᠡᠭᠰᠡᠨ
ᠲᠠᠪᠤᠨ ᠵᠦᠢᠯ ᠦ᠋ᠨ ᠷᠠᠰᠢᠶᠠᠨ ᠳ᠋ᠤ᠌ ᠪᠠᠨ
ᠡᠮ ᠦ᠋ᠨ ᠴᠢᠳᠠᠯ ᠢ᠋ ᠠᠭᠤᠯᠵᠤ
ᠲᠠᠩᠰᠤᠭ ᠠᠷᠢᠭᠤᠨ ᠢᠳᠡᠭᠡᠨ ᠳ᠋ᠦ᠍ ᠪᠡᠨ
ᠡᠷᠬᠡᠯ ᠦ᠋ᠨ ᠴᠢᠨᠠᠷ ᠢ᠋ ᠰᠢᠩᠭᠡᠭᠡᠭᠰᠡᠨ
ᠲᠠᠪᠤᠨ ᠬᠣᠰᠢᠭᠤ ᠮᠠᠯ ᠰᠦᠷᠦᠭ
ᠲᠠᠯ᠎ᠠ ᠳᠦᠭᠦᠷᠡᠩ ᠢᠳᠡᠭᠡᠰᠢᠯᠡᠵᠦ
ᠳᠠᠭᠠᠨ᠎ᠠ ᠠᠭᠢᠨ ᠤ᠋ ᠦᠨᠦᠷ ᠢ᠋ᠶ᠋ᠡᠷ
ᠲᠠᠯ᠎ᠠ ᠨᠤᠲᠤᠭ ᠢ᠋ᠶ᠋ᠠᠨ ᠠᠷᠢᠭᠤᠳᠬᠠᠭᠰᠠᠨ
ᠠᠷᠢᠭᠤᠨ ᠲᠡᠩᠭᠢᠰ ᠰᠢᠭ
ᠠᠯᠲᠠᠨ ᠲᠠᠷᠢᠶ᠎ᠠ ᠬᠠᠯᠢᠭᠤᠷᠠᠵᠦ
ᠠᠭᠠᠳᠠᠷ ᠤ᠋ᠨ ᠪᠣᠷᠣᠭ᠎ᠠ ᠰᠢᠭ᠋
ᠠᠦ᠋ᠲ᠋ᠣ᠋ ᠮᠠᠰᠢᠨ ᠬᠦᠩᠭᠢᠨᠡᠵᠦ
ᠬᠤᠯᠠᠨ ᠲᠠᠬᠢ ᠶ᠋ᠢᠨ ᠲᠣᠭᠣᠰᠣ ᠪᠠᠷ
ᠬᠥᠬᠡ ᠲᠩᠷᠢ ᠪᠠᠭᠠᠨᠠᠳᠠᠵᠤ
ᠬᠤᠨ ᠭᠠᠯᠠᠭᠤᠨ ᠤ᠋ ᠳᠠᠭᠤ ᠪᠠᠷ
ᠬᠥᠭᠵᠢᠮ ᠠᠳᠠᠯᠢ ᠤᠶᠠᠩᠭᠠᠯᠠᠭᠤᠯᠤᠭᠰᠠᠨ
ᠴᠠᠢᠯᠭᠠᠨ ᠴᠠᠭᠠᠨ ᠰᠡᠳᠬᠢᠯ ᠲᠡᠢ
ᠴᠡᠯ ᠪᠤᠭᠤᠷᠤᠯ ᠡᠵᠢ ᠮᠢᠨᠢ
ᠴᠠᠭ ᠡᠷᠭᠢᠬᠦ ᠮᠥᠴᠡ ᠪᠦᠷᠢ ᠳ᠋ᠦ᠍ ᠪᠡᠨ
ᠰᠠᠴᠤᠯᠢ ᠪᠠᠨ ᠡᠷᠭᠦᠭᠰᠡᠨ ᠣᠷᠣᠨ ᠳ᠋ᠤ᠌ ᠪᠠᠨ
ᠠᠶᠠᠯᠭᠤ ᠬᠥᠭ ᠨᠢ ᠨᠡᠢᠯᠡᠭᠰᠡᠨ
ᠠᠯᠤᠬ᠎ᠠ ᠳᠥᠰᠢ ᠶ᠋ᠢᠨ ᠳᠠᠭᠤᠤ ᠪᠠᠷ
ᠠᠮᠵᠢᠯᠲᠠ ᠪᠦᠲᠦᠭᠡᠯ ᠢ᠋ᠶ᠋ᠡᠨ ᠢᠯᠡᠳᠬᠡᠭᠰᠡᠨ
ᠠᠯᠳᠠᠷᠲᠤ ᠭᠣᠪᠢᠴᠤᠳ ᠪᠥᠵᠢᠭᠯᠡᠨ᠎ᠡ᠃
ᠠᠵᠢᠯ ᠰᠤᠷᠤᠯᠭ᠎ᠠ ᠦᠢᠯᠡᠰ ᠢ᠋ᠶ᠋ᠡᠷ ᠢ᠋ᠶ᠋ᠡᠨ
ᠳᠠᠶᠠᠭᠠᠷ ᠣᠯᠠᠨ ᠢ᠋ᠶ᠋ᠠᠨ ᠬᠣᠰᠢᠭᠤᠴᠢᠯᠠᠵᠤ
ᠠᠮᠵᠢᠯᠲᠠ ᠪᠦᠲᠦᠭᠡᠯ ᠵᠢᠳᠬᠦᠯ ᠢ᠋ᠶ᠋ᠡᠷ ᠢ᠋ᠶ᠋ᠡᠨ
ᠳᠠᠷᠬᠠᠨ ᠴᠣᠯᠠ ᠶ᠋ᠢ ᠬᠦᠷᠲᠡᠵᠦ
ᠡᠩᠬᠡ ᠶ᠋ᠢᠨ ᠶᠡᠬᠡ ᠠᠷᠠᠮ ᠳ᠋ᠤ᠌ ᠪᠠᠨ
ᠮᠥᠷᠥ ᠵᠡᠷᠭᠡᠴᠡᠨ ᠠᠯᠬᠤᠯᠠᠵᠤ
ᠡᠩᠬᠡᠵᠢᠨ ᠲᠣᠭᠲᠠᠭᠰᠠᠨ ᠣᠷᠣᠨ ᠢ᠋ᠶ᠋ᠠᠨ
ᠮᠥᠩᠬᠡᠵᠢᠭᠦᠯᠵᠦ ᠴᠢᠳᠠᠭᠰᠠᠨ ᠣᠷᠣᠨ ᠳ᠋ᠤ᠌ ᠪᠠᠨ
ᠠᠵᠢᠯ ᠰᠤᠷᠤᠯᠭ᠎ᠠ ᠠᠷᠪᠢᠨ ᠲᠠᠢ
ᠠᠮᠵᠢᠯᠲᠠ ᠪᠦᠲᠦᠭᠡᠯ ᠥᠨᠳᠥᠷ ᠲᠡᠢ
ᠠᠯᠳᠠᠷᠲᠤ ᠭᠣᠪᠢᠴᠤᠳ ᠲᠠ ᠪᠦᠬᠦᠨ ᠳ᠋ᠦ᠍ ᠪᠡᠨ
ᠠᠰᠢᠳᠠ ᠶ᠋ᠢᠨ ᠵᠢᠷᠭᠠᠯ ᠢ᠋ ᠬᠦᠰᠡᠨ ᠢᠷᠥᠭᠡᠶ᠎ᠡ!
Говийн магтаал
Эрин үеийн малчин би
Эмээлт морины эзэн
Эрэлхэг монголын иргэн би
Унасан газрын алдрыг
Магтан дуулах дуртай би
Угаасан усны ариуныг
Дурсан ярих хүсэлтэй би.
Өсөх насанд минь ээлтэй
Өргөн олонд минь алдартай
Төрсөн өлгий нутгаа
Түрлэг өргөн магтахдаа
Зүрх сэтгэлийг догдлуулж
Зориг хүслийг бадраасан
Сайн үгээ ярьж
Сайхан ерөөлөө дэвшүүлье
Түмэн овогтны домогт
Түрлэг болон өргөгдөж
Түүх шастирын хуудсанд
Үе улиран бичигдсэн
Хүний ариун хөлсөөр
Аагим тал нь дэвтэж
Хөдөлмөр тэмцлийн үрээр
Хөдөө талыг хөгжөөсөн
Зуун түмэн үедээ
Зүрх сэтгэлийг бялхуулсан
Зөн билэгт сайхнаараа
Зон олноо баясуулсан
Эхээс намайг төрөхөд
Элсэн хормойгоо дэвсээд
Хамба торгон дээлэндээ
Өлгийдөж анх торниулсан
Хаш цагаан чулуугаа
Сүрэг болгон наадуулсан
Ариун хөдөлмөрийн шимээр нь
Анх номыг амлуулж
Амьдралын зам хайрласан
Алтан их говь минь
Аргаль, янгир сүргүүд нь
Дүүлэн хурдалсан асгадтай
Арц сонгино соёолсон
Ариун тансаг орондоо
Хужирт өргөн тойрмууд нь
Алтан царын зураастай
Хурын усан цөөрмүүд нь
Ангир галууны сүрэгтэй
Алтан саатай хоргой шиг
Алаг цэцгийн мандалтай
Алтан сүмбэр уул шиг
Амжилт бүтээл өндөртэй
Алтан завьяа өнгө шиг
Хэзээ ч гандашгүй гялархай
Алтан гургалдай эгшиг
Хаа ч дуулдсан яруухан
Эхийн сүүнээс гарч
Эрийн цээнд хүрч
Гэрийн мухраас гарч
Галын илчнээс холдсон
Хүний үрсийн жагсаалд
Мөр зэрэгцэн алхалж
Хүлэг морины нуруунд
Дөрөө харшуулан жийж
Суман дэлтэй хүлгийнхээ
Гүйдэл дунд нь исгэрч
Ширэн гөлөмтэй эмээлийнхээ
Суудал дунд нь хөндөлсөж
Ая сайтай дуугаа
Хоолой нийлүүлэн түрж
Арилжаа сайтай мориороо
Холын замыг товчилсон
Хатан зоригийг баясуулж
Халуун илчийг бадраасан
Халхын уужим нутаг минь
Хаа ч явсан алдартай
Загтай хөндийн уудамд
Залуугийн идрийг гайхуулж
Зандан хүрэн тэмээгээ
Түм бумаар нь өсгөж
Ховоо ховоогоор усыг
Алд алдаар нь татаж
Хувин хувингаар сүүг
Амсар дүүрэн бялхуулж
Хөдөө хээрийн талд нь
Хонь ямаагаа хариулж
Хөрзөн их бууцаар нь
Хашаа хороогоо барьж
Хурдан морио унаж
Хусан уургыг суналзуулсаар
Ардаг тарган хангалуудыг
Ааглан барих үедээ
Эмнэг морины нуруунд
Эрэмгий зоригийг шалгасаар
Ээрэм тал нутагтаа
Эзэн нь болж өслөө би
Зузаан сайхан хөрсөндөө
Ариун баялгаа өвөртөлж
Зөөлөн сайхан элгэндээ
Мөнгөн хотоо өлгийдсөн
Таван зүйлийн рашаандаа
Эмийн чадлыг агуулж
Тансаг ариун идээндээ
Эрхлийн чанарыг шингээсэн
Таван хошуу мал сүрэг
Тал дүүрэн идээшилж
Таана агины үнэрээр
Тал нутгаа ариутгасан
Ариун тэнгэс шиг
Алтан тариа халиурч
Аадрын бороо шиг
Авто машин хүнгэнэж
Хулан тахийн тоосоор
Хөх тэнгэр баганадаж
Хун галууны дуугаар
Хөгжим адил уянгалуулсан
Цайлган цагаан сэтгэлтэй
Цал буурал эжий минь
Цаг эргэх мөч бүрдээ
Цацлаа өргөсөн орондоо
Аялгуу хөг нь нийлсэн
Алх дөшийн дуугаар
Амжилт бүтээлээ илтгэсэн
Алдарт говьчууд бүжиглэнэ.
Ажил сурлага үйлсээрээ
Даяар олноо хошуучилж
Амжилт бүтээл зүтгэлээрээ
Дархан цолыг хүртэж
Энхийн их армидаа
Мөр зэрэгцэн алхалж
Энхжин тогтсон орноо
Мөнхжүүлж чадсан орондоо
Ажил сурлага арвинтай
Амжилт бүтээл өндөртэй
Алдарт говьчууд та бүхэндээ
Ашдын жаргалыг хүсэн ерөөе!
