ᠵᠠᠪ ᠭᠤᠸᠠᠢ ᠨᠠᠷ <1> – ᠳ ᠂ ᠰᠡᠩᠭᠡ Зав гуай нар <1> – Д ᠂ Сэнгэ
ᠵᠠᠪ ᠭᠤᠸᠠᠢ ᠨᠠᠷ
ᠳ ᠂ ᠰᠡᠩᠭᠡ
ᠤᠷᠤᠭᠰᠢᠯᠠᠬᠤ ᠬᠥᠯ ᠳ᠋ᠦ᠍ ᠮᠢᠨᠢ
ᠴᠢᠳᠥᠷ ᠪᠣᠯᠤᠭᠠᠳ
ᠲᠤᠰᠢᠵᠤ ᠪᠠᠢᠨ᠎ᠠ᠃
ᠤᠨᠳᠤᠷᠬᠤ ᠬᠥᠭᠵᠢᠯ ᠳ᠋ᠦ᠍ ᠮᠢᠨᠢ
ᠰᠠᠭᠠᠳ ᠭᠡᠢᠭᠡᠳ
ᠴᠢᠩᠭᠠᠭᠠᠵᠤ ᠪᠠᠢᠨ᠎ᠠ᠃
ᠲᠦᠰᠢᠯᠭᠡ ᠣᠯᠪᠣᠭ ᠢ᠋ᠶ᠋ᠠᠨ
ᠰᠢᠷᠡᠭᠡ ᠰᠠᠨᠳᠠᠯᠢ ᠪᠠᠷ
ᠥᠭᠡᠷᠡᠴᠢᠯᠡᠨ ᠰᠣᠯᠢᠵᠤ
ᠲᠦᠰᠢᠮᠡᠯ ᠠᠯᠳᠠᠷ ᠢ᠋ᠶ᠋ᠠᠨ
ᠠᠯᠪᠠᠨ ᠬᠠᠭᠠᠭᠴᠢ ᠪᠠᠷ
ᠬᠤᠪᠢᠷᠠᠭᠠᠨ ᠠᠷᠠᠯᠵᠢᠭᠰᠠᠨ
ᠬᠦᠨᠳᠦ ᠰᠤᠷᠲᠠᠯᠳᠠᠨ ᠢ ᠬᠦᠢᠰᠦ ᠲᠡᠮᠲᠡᠷᠢᠬᠦ
ᠰᠢᠷᠦᠭᠦᠨ ᠲᠡᠢᠨ ᠳ᠋ᠦ᠍
ᠬᠦᠴᠦᠲᠦ ᠵᠡᠪᠰᠡᠭ ᠢ᠋ᠶ᠋ᠡᠨ ᠪᠠᠷᠢᠵᠤ ᠵᠢᠭᠰᠠᠭᠰᠠᠨ
ᠤᠩᠰᠢᠠ᠋ᠴᠢ ᠨᠥᠬᠥᠳ ᠮᠢᠨᠢ ᠂
ᠭᠠᠵᠠᠷ ᠰᠠᠢ ᠦᠭᠡᠢ
ᠮᠡᠷᠭᠡᠰᠢᠯ ᠪᠦᠬᠦᠨ ᠳ᠋ᠦ᠍
ᠬᠠᠯᠳᠠᠪᠤᠷᠢᠲᠤ ᠡᠪᠡᠳᠴᠢᠨ ᠰᠢᠭ
ᠭᠠᠭᠴᠠ ᠬᠣᠶᠠᠷ ᠢ᠋ᠶ᠋ᠠᠷ ᠢ᠋ᠶ᠋ᠠᠨ
ᠪᠤᠭᠯᠠᠵᠤ ① ᠪᠠᠢᠭ᠎ᠠ
ᠬᠦᠨᠳᠦ ᠰᠤᠷᠲᠠᠯᠲᠠᠨ ᠰᠢᠭ᠋
ᠬᠠᠮᠤᠭ ᠤ᠋ᠨ ᠲᠦᠷᠦᠭᠦᠴᠢ ᠶ᠋ᠢᠨ
ᠬᠡᠳᠦᠬᠡᠨ ᠲᠥᠯᠥᠭᠡᠯᠡᠭᠴᠢ ᠶ᠋ᠢ
ᠬᠠᠮᠤᠵᠤ ᠠᠪᠴᠢᠷᠠᠭᠠᠳ
ᠬᠠᠨᠠᠭᠠᠷ ᠠᠭᠤᠳᠠᠮ
ᠮᠣᠩᠭᠣᠯ ᠨᠤᠲᠤᠭ ᠤ᠋ᠨ
ᠨᠢᠭᠡ ᠬᠣᠲᠠᠨ ᠳ᠋ᠤ᠌
ᠪᠥᠭᠡᠮ ᠢ᠋ᠶ᠋ᠡᠷ ᠨᠢ
ᠪᠠᠢᠭ᠎ᠠ ᠶᠤᠮ ᠰᠢᠭ᠋
ᠨᠢᠭᠡᠳᠬᠡᠵᠦ ᠦᠵᠡᠭᠦᠯᠦᠶ᠎ᠡ ᠃
ᠪᠦᠯᠲᠡᠢᠲᠡᠯᠡ
ᠴᠢᠷᠴᠦ ᠠᠪᠴᠢᠷᠠᠭᠠᠳ
ᠡᠮᠦᠨ᠎ᠡ ᠴᠢᠨᠢ ᠵᠣᠭᠰᠣᠭᠠᠶ᠎ᠠ ᠃
ᠶᠠᠭᠠᠬᠢᠵᠤ ᠰᠢᠢᠳᠬᠡᠬᠦ ᠪᠡᠨ
ᠲᠠ ᠪᠦᠬᠦᠨ
ᠥᠪᠡᠷᠰᠡᠳ ᠢ᠋ᠶ᠋ᠡᠨ ᠮᠡᠳᠡᠭᠡᠷᠡᠢ ᠃
ᠶᠠᠯᠠᠯᠠᠭᠴᠢ ᠶ᠋ᠢᠨ ᠰᠢᠷᠡᠭᠡᠨ ᠳᠡᠭᠡᠷ᠎ᠡ
ᠤᠩᠰᠢᠠ᠋ᠴᠢ ᠮᠢᠨᠢ
ᠥᠪᠡᠷ ᠢ᠋ᠶ᠋ᠡᠨ ᠰᠠᠭᠤᠭᠠᠷᠠᠢ ᠃
– – – –
① ᠠᠷᠠᠰᠤᠨ ᠳᠣᠲᠣᠷ᠎ᠠ ᠪᠢᠲᠡᠭᠦᠦ ᠢᠳᠡᠭᠡᠯᠡᠬᠦ
ᠨᠠᠢᠳᠠᠯᠭᠠᠵᠠᠪ
ᠰᠢᠨᠡᠬᠡᠨ ᠪᠣᠳᠣᠭᠰᠠᠨ
ᠰᠠᠷᠠᠭᠤᠯᠬᠠᠨ ᠲᠠᠰᠤᠯᠭᠠᠨ ᠤ᠋
ᠭᠣᠣᠯ ᠳᠤᠮᠳᠠ
ᠰᠢᠨ᠎ᠡ ᠲᠠᠯᠪᠢᠭᠰᠠᠨ
ᠲᠣᠮᠣᠬᠠᠨ ᠰᠢᠷᠡᠭᠡᠨ ᠦ᠌
ᠠᠷᠤ ᠲᠠᠯ᠎ᠠ ᠳ᠋ᠤ᠌
ᠶᠠᠭ ᠴᠤ᠌ ᠦᠭᠡᠢ
ᠵᠥᠭᠡᠯᠡᠪᠴᠢ ᠲᠡᠢ
ᠥᠷᠭᠡᠨ ᠰᠠᠨᠳᠠᠯᠢ ᠳᠡᠭᠡᠷ᠎ᠡ
ᠶᠠᠮᠪᠠᠲᠠᠢᠬᠠᠨ
ᠰᠠᠭᠤᠵᠤ ᠪᠠᠢᠭ᠎ᠠ
ᠡᠨᠡ ᠳᠠᠷᠤᠭ᠎ᠠ
ᠭᠠᠷ ᠲᠠᠭᠠᠨ ᠣᠢᠷ᠎ᠠ
ᠴᠠᠬᠢᠯᠭᠠᠨ ᠬᠣᠩᠬᠣ
ᠲᠧᠯᠧᠹᠣᠨ ᠤᠲᠠᠰᠤᠨ ᠠ᠋ᠴᠠ ᠡᠬᠢᠯᠡᠭᠡᠳ
ᠭᠠᠳᠠᠭ᠎ᠠ ᠡᠭᠦᠳᠡᠨ ᠳᠡᠭᠡᠷ᠎ᠡ
《 ᠰᠣᠢᠯᠲᠠᠲᠠᠢ 》 ᠪᠠᠢᠭ᠎ᠠ
ᠰᠠᠭᠤᠳᠠᠯ ᠤ᠋ᠨ ᠲᠡᠷᠭᠡ ᠬᠦᠷᠲᠡᠯ᠎ᠡ
ᠬᠠᠷᠢᠶ᠎ᠠ ᠭᠠᠵᠠᠷ
ᠬᠡᠯᠲᠡᠰ ᠲᠠᠰᠤᠭ
ᠺᠣᠯᠯᠧᠭᠢ ① ᠺᠣᠮᠢᠰ ᠠ᠋ᠴᠠ ᠡᠬᠢᠯᠡᠭᠡᠳ
ᠬᠠᠮᠤᠭ ᠠᠵᠢᠯ ᠢ ᠨᠢ
ᠬᠤᠪᠢᠶᠠᠵᠤ ᠬᠠᠷᠢᠭᠤᠴᠠᠭᠰᠠᠨ
ᠪᠦᠲᠦᠨ ᠪᠠᠢᠭᠤᠯᠭ᠎ᠠ ᠬᠦᠷᠲᠡᠯ᠎ᠡ
ᠰᠢᠭᠤᠷᠬᠠᠢ ᠠᠵᠢᠯᠯᠠᠵᠤ
ᠬᠥᠩᠭᠡᠨ ᠬᠥᠳᠡᠯᠦᠭᠴᠢ
ᠪᠣᠯᠤᠯᠴᠠᠭ᠎ᠠ ᠪᠦᠬᠦᠨ ᠢ᠋ᠶ᠋ᠡᠷ
ᠰᠢᠭᠤᠳ ᠬᠠᠩᠭᠠᠭᠳᠠᠭᠰᠠᠨ ᠢ
ᠡᠨᠳᠡ ᠳᠤᠷᠠᠳᠤᠭᠠᠳ
ᠬᠡᠷᠡᠭ ᠠᠯᠠᠭ᠎ᠠ
ᠶᠠᠭᠠᠬᠢᠯ᠎ᠠ ᠴᠤ᠌ ᠭᠡᠰᠡᠨ
ᠨᠠᠢᠳᠠᠯᠭᠠᠵᠠᠪ ᠭᠤᠸᠠᠢ ᠶ᠋ᠢᠨ
ᠰᠡᠬᠦᠵᠦ ᠰᠠᠯᠬᠢ ᠣᠷᠣᠭᠤᠯᠤᠭ᠎ᠠ ᠦᠭᠡᠢ
ᠢᠷᠠᠢᠲᠠᠯ᠎ᠠ ᠦᠷᠦᠭᠰᠡᠨ
ᠵᠤᠵᠠᠭᠠᠨ ᠨᠣᠮ ᠤ᠋ᠳ
ᠰᠢᠯᠦᠨ ᠱᠦᠭᠦᠢ ᠳ᠋ᠦ᠍ ᠬᠠᠷᠠᠭᠳᠠᠨ᠎ᠠ ᠃
ᠣᠯᠠᠨ ᠬᠥᠮᠦᠨ ᠦ᠌
ᠠᠵᠤ ᠠᠮᠢᠳᠤᠷᠠᠯ
ᠬᠤᠪᠢ ᠵᠠᠶᠠᠭ᠎ᠠ ᠲᠠᠢ ᠬᠣᠯᠪᠣᠭᠳᠠᠭᠰᠠᠨ
ᠣᠪᠣᠭᠠᠯᠠᠭᠠᠲᠠᠢ ᠡᠷᠭᠦᠳᠡᠯ
ᠭᠣᠮᠣᠳᠠᠯ ᠰᠠᠨᠠᠭᠤᠯᠭ᠎ᠠ
ᠳᠡᠰ ᠳᠠᠷᠠᠭ᠎ᠠ ᠪᠠᠷ ᠢ᠋ᠶ᠋ᠠᠨ
ᠭᠠᠯ ᠠ᠋ᠴᠠ ᠠᠶᠤᠳᠠᠭ ᠦᠭᠡᠢ
ᠭᠤᠷᠪᠠᠨ ᠲᠤᠨ ᠤ᠋
ᠲᠡᠮᠦᠷ ᠱᠦᠭᠦᠢ ᠳ᠋ᠦ᠍
ᠭᠠᠷᠬᠤ ᠬᠤᠭᠤᠴᠠᠭ᠎ᠠ ᠦᠭᠡᠢ
ᠬᠦᠨᠳᠦ ᠶᠠᠯ᠎ᠠ ᠶ᠋ᠢ
ᠡᠳ᠌ᠯᠡᠭᠰᠡᠭᠡᠷ ᠬᠡᠪᠲᠡᠨ᠎ᠡ ᠃
ᠤᠲᠠᠰᠤ ᠳᠤᠤᠭᠠᠷᠬᠤ ᠳ᠋ᠤ᠌
ᠮᠠᠨ ᠤ᠋ ᠳᠠᠷᠤᠭ᠎ᠠ
ᠬᠠᠷᠢᠯᠴᠠᠭᠤᠷ ᠢ ᠠᠪᠤᠯ᠎ᠠ ᠃
ᠤᠷᠢᠶᠠᠯᠢᠬᠠᠨ ᠳᠠᠭᠤ ᠪᠠᠷ
ᠨᠠᠢᠳᠠᠯᠭᠠᠵᠠᠪ ᠭᠡᠵᠦ
ᠡᠶᠡᠯᠳᠡᠭ ᠬᠡᠯᠡᠯ᠎ᠡ ᠃
《 ᠶᠠᠭᠠᠬᠢᠯ᠎ᠠ ᠭᠡᠨ᠎ᠡ ?
ᠲᠦᠢᠮᠡᠷ ᠭᠠᠷᠤᠯ᠎ᠠ ᠂
ᠬᠠᠮᠢᠭ᠎ᠠ ᠲᠡᠷᠡ ᠪᠣᠢ ?
ᠶᠠᠮᠠᠷ ᠬᠠᠷᠢᠭᠤᠴᠠᠯᠭ᠎ᠠ ᠦᠭᠡᠢ
ᠳᠦᠭᠦᠷᠴᠢᠬᠡᠭᠰᠡᠨ ᠨᠥᠬᠥᠳ ᠪᠣᠢ 》 ᠭᠡᠳ
ᠤᠲᠠᠰᠤ ᠪᠠᠨ ᠰᠢᠲᠠᠯᠠ ᠃
ᠲᠦᠷᠭᠡᠨ ᠵᠠᠭᠤᠷ᠎ᠠ
ᠣᠷᠣᠯᠠᠭᠴᠢᠳ ᠢ᠋ᠶ᠋ᠠᠨ
ᠳᠠᠭᠤᠳᠠᠵᠤ ᠢᠷᠡᠭᠦᠯᠦᠭᠡᠳ
ᠲᠦᠯᠡᠭᠡᠨ ᠳᠡᠭᠡᠷ᠎ᠡ ᠭᠠᠷᠤᠭᠰᠠᠨ
ᠲᠦᠢᠮᠡᠷ ᠤᠨᠲᠠᠷᠠᠭᠠᠬᠤ
ᠡᠭᠦᠷᠭᠡ ᠥᠭᠭᠦᠯ᠎ᠡ ᠃
ᠢᠩᠭᠢᠵᠦ ᠪᠠᠢᠲᠠᠯ᠎ᠠ
ᠳᠠᠷᠤᠭ᠎ᠠ ᠶ᠋ᠢᠨ ᠬᠠᠭᠠᠯᠭ᠎ᠠ ᠶ᠋ᠢ
ᠳᠠᠬᠢᠨ ᠲᠣᠭᠰᠢᠯ᠎ᠠ ᠃
ᠡᠮᠡᠭᠲᠡᠢᠴᠦᠳ ᠦ᠋ᠨ
ᠵᠥᠪᠯᠡᠯ ᠦ᠋ᠨ ᠳᠠᠷᠤᠭ᠎ᠠ
ᠣᠷᠣᠭᠠᠳ ᠢᠷᠡᠯ᠎ᠡ ᠃
ᠵᠢᠯ ᠰᠢᠬᠠᠭᠤ ᠬᠥᠭᠡᠭᠡᠴᠡᠯᠳᠦᠭᠰᠡᠨ
ᠠᠵᠢᠯ ᠢ᠋ᠶ᠋ᠠᠨ
ᠣᠯᠢᠭ ᠪᠣᠯᠭᠠᠵᠤ ᠱᠠᠭᠠᠷᠳᠠᠯ᠎ᠠ ᠃
ᠵᠢᠷᠮᠦᠰᠦᠨ ᠡᠮᠡᠭᠲᠡᠢ
ᠣᠯᠠᠨ ᠪᠣᠯᠤᠭᠰᠠᠨ ᠤ᠋
ᠪᠠᠷᠢᠮᠲᠠ ᠶ᠋ᠢ ᠲᠣᠭᠠᠴᠢᠯ᠎ᠠ ᠃
ᠲᠥᠷᠥᠬᠦ ᠲᠠᠰᠤᠭ ᠲᠦᠷᠭᠡᠨ ᠪᠠᠢᠭᠤᠯᠬᠤ
ᠰᠠᠨᠠᠯ ᠭᠠᠷᠭᠠᠯ᠎ᠠ ᠃
ᠲᠥᠪ ᠦ᠋ᠨ ᠡᠮᠨᠡᠯᠭᠡ ᠳ᠋ᠦ᠍
ᠲᠠᠰᠤᠯᠭ᠎ᠠ ᠪᠠᠨ ᠴᠤ᠌ ᠭᠡᠰᠡᠨ
ᠲᠥᠬᠥᠭᠡᠷ ᠭᠡᠯᠡ ᠃
ᠨᠠᠢᠳᠠᠯᠭᠠᠵᠠᠪ
ᠡᠮᠨᠡᠯᠭᠡ ᠶ᠋ᠢᠨ ᠬᠡᠯᠲᠡᠰ ᠲᠦ᠍
ᠳᠣᠣᠷ᠎ᠠ ᠨᠢ ᠤᠲᠠᠰᠤᠳᠠᠯᠠ ᠃
ᠨᠠᠢᠳᠠᠪᠤᠷᠢ ᠲᠡᠰᠦᠷᠡᠭᠦᠯᠦᠭᠰᠡᠨ
ᠲᠡᠨᠳᠡᠬᠢ ᠶ᠋ᠢᠨ ᠳᠠᠷᠤᠭ᠎ᠠ ᠶ᠋ᠢ
ᠵᠠᠳᠠ ᠵᠠᠩᠨᠠᠯᠠ ᠃
ᠦᠰᠦ ᠨᠢ ᠰᠢᠩᠭᠡᠷᠡᠵᠦ
ᠨᠠᠰᠤ ᠨᠢ ᠲᠣᠭᠲᠠᠭᠰᠠᠨ
ᠡᠨᠡ ᠳᠠᠷᠤᠭ᠎ᠠ ᠶ᠋ᠢᠨ
ᠥᠭᠦᠯᠡᠵᠦ ᠪᠠᠢᠭ᠎ᠠ
ᠴᠢᠬᠤᠯᠳᠠᠵᠤ ᠪᠠᠢᠭ᠎ᠠ ᠳ᠋ᠤ᠌
ᠪᠤᠷᠤᠭᠤ ᠠᠯᠠᠭ᠎ᠠ ᠃
ᠡᠭᠦᠷᠭᠡ ᠥᠭᠭᠦᠭᠡᠳ
ᠭᠦᠢᠴᠡᠳᠬᠡᠯ ᠢ ᠨᠢ ᠰᠢᠯᠭᠠᠳᠠᠭ ᠦᠭᠡᠢ
ᠭᠡᠮ ᠪᠠᠢᠪᠠᠯ
ᠦᠷ᠎ᠡ ᠳ᠋ᠦᠩ ᠨᠢ
ᠶᠠᠮᠠᠷ ᠪᠣᠯᠬᠤ ᠶ᠋ᠢ
ᠶᠠᠪᠤᠭᠠᠳ ᠦᠵᠡᠶ᠎ᠡ
– – – –
① ᠪᠦᠯᠦᠭ ᠬᠥᠮᠦᠰ ᠦ᠋ᠨ
ᠳᠠᠮᠵᠢᠯᠭᠠᠵᠠᠪ
ᠨᠠᠢᠳᠠᠯᠭᠠᠵᠠᠪ ᠪᠦᠬᠦᠨ ᠦ᠌
ᠨᠢᠭᠡᠳᠦᠭᠡᠷ ᠣᠷᠣᠯᠠᠭᠴᠢ ᠨᠢ
ᠳᠠᠮᠵᠢᠯᠭᠠᠵᠠᠪ ᠪᠠᠢᠳᠠᠭ ᠶᠤᠮ ᠃
ᠨᠠᠢᠳᠠᠭᠰᠠᠨ ᠪᠦᠭᠦᠳᠡ ᠶ᠋ᠢ ᠨᠢ
ᠳᠠᠬᠢᠨ ᠨᠠᠢᠳᠠᠭᠠᠳ
ᠴᠠᠭᠠᠰᠢ ᠨᠢ ᠳᠠᠮᠵᠢᠭᠤᠯᠳᠠᠭ ᠶᠤᠮ ᠃
ᠠᠯᠪᠠᠨ ᠭᠠᠵᠠᠷ ᠨᠢ
ᠳᠦᠷᠢᠮ ᠡᠴᠡ
ᠦᠵᠡᠭᠰᠡᠨ ᠴᠦ᠍
ᠠᠪᠳᠠᠭ ᠴᠠᠯᠢᠩ ᠢ ᠨᠢ
ᠬᠦᠰᠦᠨᠦᠭᠲᠦ ᠡᠴᠡ
ᠬᠠᠷᠠᠭᠰᠠᠨ ᠴᠤ᠌
ᠭᠠᠷᠴᠠᠭ᠎ᠠ ᠦᠭᠡᠢ
ᠴᠢᠬᠤᠯᠠ ᠣᠷᠣᠨ ᠲᠣᠭ᠎ᠠ
ᠣᠯᠠᠨ ᠪᠠᠢᠳᠠᠭ ᠶᠤᠮ ᠃
ᠭᠠᠢ ᠪᠣᠯᠵᠤ
ᠲᠡᠷᠡ ᠪᠦᠬᠦᠨ ᠢ
ᠳᠠᠮᠵᠢᠯᠭᠠᠵᠠᠪ ᠪᠥᠭᠯᠡᠪᠡᠯ
ᠡᠷᠬᠢᠯᠡᠭᠰᠡᠨ ᠠᠵᠢᠯ ᠠ᠋ᠴᠠ ᠪᠠᠨ
ᠦᠨᠡᠭᠡ ᠰᠢᠭ
ᠪᠤᠯᠲᠠᠭᠠᠳ ᠯᠠ
ᠡᠭᠡᠯᠵᠢᠲᠦ ᠬᠡᠷᠡᠭ ᠦ᠋ᠳ ᠢ
ᠭᠤᠯᠢᠷ ᠰᠢᠭ᠋
ᠳ᠋ᠤᠭᠠᠷᠯᠠᠭᠠᠳ ᠯᠠ
ᠳᠣᠣᠷᠠᠲᠤ ᠠᠵᠢᠯᠲᠠᠨ ᠳ᠋ᠠᠭᠠᠨ
ᠲᠤᠰᠢᠶᠠᠵᠤ
ᠨᠢᠭᠡ ᠵᠠᠢᠯᠠᠭᠤᠯᠤᠨ᠎ᠠ
ᠳᠡᠭᠡᠳᠦ ᠬᠥᠮᠦᠨ ᠳ᠋ᠡᠭᠡᠨ
《 ᠳᠡᠪᠰᠢᠭᠦᠯᠵᠦ》
ᠨᠢᠭᠡ ᠦᠵᠡᠨ᠎ᠡ ᠃
ᠥᠪᠡᠷ ᠲᠡᠢ ᠪᠡᠨ
ᠡᠩ ᠵᠡᠷᠭᠡᠴᠡᠮᠡᠷ
ᠨᠢᠭᠡ ᠳ᠋ᠦ᠍ᠨᠢ ᠪᠣᠯ
ᠡᠪᠦᠭᠡᠨ ᠮᠢᠨᠢ
《 ᠠᠷᠭᠠᠯᠠᠭᠠᠴᠢ》 ᠭᠡᠵᠦ
ᠬᠣᠰᠢᠭᠤ ᠴᠣᠷᠪᠣᠢᠨᠠ ᠃
ᠣᠪᠣᠭᠠᠷᠠᠭᠰᠠᠨ ᠠᠵᠢᠯ ᠢ
ᠴᠣᠬᠣᠮ ᠢᠩᠭᠢᠵᠦ
ᠳᠠᠮᠵᠢᠭᠤᠯᠳᠠᠭ ᠠ᠋ᠴᠠ ᠢᠯᠡᠭᠦᠦ
ᠣᠨᠣᠭᠳᠠᠬᠤ ᠬᠠᠷᠢᠭᠤᠴᠠᠯᠭ᠎ᠠ ᠶ᠋ᠢ
ᠥᠪᠡᠷ ᠡᠴᠡ ᠪᠡᠨ ᠵᠠᠢᠯᠠᠭᠤᠯᠵᠤ
ᠨᠢᠯᠵᠠᠭᠠᠨ ᠢ᠋ᠶ᠋ᠠᠨ ᠬᠤᠪᠢᠶᠠᠷᠢᠯᠠᠨ᠎ᠠ ᠃
ᠰᠠᠭᠠᠲᠠᠭᠤᠯᠵᠤ
ᠳᠠᠮᠵᠢᠭᠤᠯᠳᠠᠭ ᠦᠭᠡᠢ
ᠭᠠᠭᠴᠠᠬᠠᠨ ᠶᠤᠮ ᠃
ᠰᠠᠷ᠎ᠠ ᠪᠣᠯᠭᠠᠨ ᠳ᠋ᠤ᠌
ᠬᠣᠶᠠᠷ ᠡᠳᠦᠷ
ᠲᠣᠬᠢᠶᠠᠯᠳᠤᠨ᠎ᠠ ᠃
ᠬᠠᠷᠢᠨ ᠲᠡᠷᠡ ᠡᠳᠦᠷ
ᠮᠠᠨ ᠤ᠋ ᠳᠠᠮᠵᠢᠯᠭᠠᠵᠠᠪ
ᠢᠨᠢᠶᠡᠭᠰᠡᠭᠡᠷ
ᠬᠠᠮᠤᠭ ᠤ᠋ᠨ ᠲᠦᠷᠦᠭᠦᠨ ᠳ᠋ᠦ᠍
ᠨᠢᠷᠪᠠ ᠤᠷᠤᠭᠤ
ᠥᠪᠡᠷ ᠢ᠋ᠶ᠋ᠡᠨ ᠣᠴᠢᠨ᠎ᠠ᠃
ᠭᠠᠷ ᠤ᠋ᠨ ᠢ᠋ᠶ᠋ᠠᠨ ᠦᠰᠦᠭ ᠢ᠋
ᠤᠭᠠᠯᠵᠢᠯᠠᠭᠤᠯᠤᠩᠬᠠᠨ
ᠵᠢᠷᠤᠨ᠎ᠠ᠃
ᠭᠠᠩᠭᠠᠩ ᠬᠤᠷᠤᠭᠤ ᠪᠠᠨ
ᠴᠡᠴᠡᠷᠡᠭᠦᠯᠦᠩᠭᠡᠨ
ᠲᠣᠭᠠᠯᠠᠨ᠎ᠠ᠃
ᠡᠪᠦᠷ ᠬᠠᠷᠮᠠᠨ ᠤ᠋ ᠪᠠᠨ
ᠠᠯᠢ ᠨᠠᠢᠳᠠᠪᠤᠷᠢ ᠲᠠᠢ
ᠭᠦᠨᠵᠡᠭᠡᠢ ᠳ᠋ᠦ᠍ᠨᠢ
ᠥᠨᠥᠬᠢ ᠴᠠᠯᠢᠩ ᠢ᠋ᠶ᠋ᠠᠨ
ᠯᠠᠪᠬᠠᠨ ᠰᠢᠭ᠋
ᠬᠢᠵᠦ ᠠᠪᠤᠨ᠎ᠠ᠃
ᠤᠩᠰᠢᠭᠴᠢ ᠮᠢᠨᠢ
ᠣᠷᠣᠰᠢᠯ ᠢ᠋ᠶ᠋ᠠᠨ ᠲᠡᠭᠦᠰᠬᠡᠶᠡ
ᠳᠡᠮᠵᠢᠯᠠᠭᠠᠵᠠᠪ ᠲᠠᠢ ᠲᠠᠨᠢᠯᠴᠠ᠃
ᠤᠷᠰᠢᠭ ᠪᠣᠯᠤᠭᠰᠠᠨ
ᠲᠦᠢᠮᠡᠷ ᠦ᠋ᠨ ᠲᠤᠬᠠᠢ
ᠡᠭᠦᠷᠭᠡ ᠠᠪᠤᠭᠠᠳ
ᠣᠳᠣ ᠯᠠ ᠳᠥᠩᠭᠡᠵᠦ
ᠠᠯᠪᠠᠨ ᠲᠠᠰᠤᠯᠭᠠᠨ ᠳ᠋ᠠᠭᠠᠨ
ᠣᠷᠣᠵᠤ ᠢᠷᠡᠯ᠎ᠡ᠃
ᠣᠨᠴᠠ ᠶᠠᠭᠠᠷᠠᠤ
ᠡᠨᠡ ᠬᠡᠷᠡᠭ
ᠲᠡᠪᠡᠳᠡᠭᠦᠯᠦᠭᠰᠡᠨ ᠤᠴᠢᠷ ᠠ᠋ᠴᠠ
ᠲᠡᠷᠡ ᠴᠢᠭ ᠲᠡᠭᠡᠨ
ᠰᠠᠭᠤᠯ ᠦᠭᠡᠢ ᠪᠡᠷ
ᠬᠠᠷᠢᠯᠴᠠᠭᠤᠷ ᠢ᠋ ᠠᠪᠤᠭᠠᠳ
ᠲᠧᠯᠧᠹᠣᠨ ᠠᠫᠫᠠᠷᠠᠲ ① ᠢ᠋ᠶ᠋ᠠᠨ
ᠮᠣᠷᠽ ② ᠤ᠋ᠨ ᠦᠰᠦᠭ ᠰᠢᠭ
ᠪᠠᠯᠪᠠᠵᠤ ᠭᠠᠷᠤᠯ᠎ᠠ᠃
ᠴᠠᠬᠢᠯᠭᠠᠨ ᠤ᠋ ᠪᠢᠴᠢᠭᠡᠴᠢ ᠪᠡᠷ
ᠤᠷᠢᠳ ᠡᠮᠦᠨ᠎ᠡ ᠨᠢ
ᠠᠵᠢᠯᠯᠠᠵᠤ ᠪᠠᠢᠭᠰᠠᠨ ᠪᠣᠯ
ᠴᠠᠭᠠᠰᠢ ᠨᠢ ᠳᠠᠮᠵᠢᠭᠤᠯ
—《 ᠲᠦᠢᠮᠡᠷ ᠭᠠᠷᠤᠯ᠎ᠠ》 ᠭᠡᠳ
ᠴᠣᠬᠢᠵᠤ ᠯᠠ ᠪᠠᠢᠭᠰᠠᠨ ᠶᠤᠮ᠃
ᠳᠠᠩᠴᠤ ᠮᠣᠷᠽ ᠮᠡᠳᠡᠳᠡᠭ ᠦᠭᠡᠢ ᠡᠴᠡ
ᠤᠳᠠᠭᠠᠨ ᠬᠦᠯᠢᠶᠡᠯᠭᠡᠳᠡᠭ
ᠬᠣᠷᠢᠶ᠎ᠠ ᠶ᠋ᠢ ᠵᠦᠬᠡᠭᠰᠡᠭᠡᠷ
ᠳᠠᠭᠵᠢᠲᠠᠯ᠎ᠠ ᠴᠡᠴᠡᠷᠡᠨ
ᠨᠢᠭᠡ ᠵᠢᠭᠳᠡ
ᠴᠣᠬᠢᠯᠠᠵᠤ ᠪᠠᠢᠨ᠎ᠠ᠃
ᠬᠡᠯᠡ ᠨᠢ ᠲᠣᠳᠣ ᠦᠭᠡᠢ
ᠭᠣᠩᠰᠢᠶ᠎ᠠ ᠳᠠᠭᠤ ᠪᠠᠷ
ᠬᠣᠷᠢᠶ᠎ᠠ ᠳᠤᠤᠭᠠᠷᠪᠠ ᠪᠣᠯᠤᠯᠲᠠᠢ᠃
ᠬᠡᠷᠡᠯᠳᠦᠬᠦ ᠵᠠᠪ ᠦᠭᠡᠢ
ᠬᠡᠯᠲᠡᠰ ᠦ᠋ᠨ ᠢ᠋ᠶ᠋ᠡᠨ ᠳᠠᠷᠤᠭ᠎ᠠ ᠳ᠋ᠤ᠌
ᠳᠣᠣᠷ᠎ᠠ ᠨᠢ ᠬᠣᠯᠪᠣᠭᠤᠯᠵᠤ
ᠲᠦᠢᠮᠡᠷ ᠦ᠋ᠨ ᠠᠶᠤᠯ ᠳᠡᠭᠡᠷ᠎ᠡ
《 ᠠᠷᠭ᠎ᠠ ᠬᠡᠮᠵᠢᠶ᠎ᠡ ᠪᠡᠨ》
ᠰᠢᠭᠤᠷᠬᠠᠢᠬᠠᠨ ᠠᠪ ᠭᠡᠳ
ᠲᠦᠰᠢᠯᠭᠡ ᠲᠡᠢ ᠰᠠᠨᠳᠠᠯᠢ ᠳ᠋ᠠᠭᠠᠨ
ᠲᠡᠮᠵᠢᠯᠠᠭᠠᠵᠠᠪ ᠳᠠᠷᠤᠭ᠎ᠠ
ᠲᠤᠬᠠᠲᠠᠢᠬᠠᠨ ᠰᠠᠭᠤᠯ᠎ᠠ᠃
ᠮᠠᠷᠵᠠᠩᠬᠠᠨ ᠴᠢᠬᠠᠷᠠᠭᠰᠠᠭᠠᠷ
ᠲᠠᠰᠤᠯᠭᠠᠨ ᠤ᠋ ᠬᠠᠭᠠᠯᠭ᠎ᠠ
ᠠᠯᠭᠤᠷ ᠨᠡᠭᠡᠭᠡᠭᠳᠡᠪᠡ᠃
ᠮᠡᠯᠡᠢᠲᠡᠯᠡ ᠢᠨᠢᠶᠡᠭᠰᠡᠭᠡᠷ
ᠮᠠᠷᠭᠠᠰᠢᠵᠠᠪ ᠭᠤᠸᠠᠢ
ᠣᠷᠣᠵᠤ ᠢᠷᠡᠯ᠎ᠡ᠃
ᠬᠠᠯᠠᠭᠤᠬᠠᠨ ᠵᠤᠨ ᠤ᠋
ᠣᠯᠠᠨ ᠮᠠᠷᠭᠠᠰᠢ ᠶ᠋ᠢ
ᠰᠠᠯᠬᠢ ᠦᠵᠡᠯ ᠦᠭᠡᠢ ᠪᠡᠷ
ᠬᠠᠪᠲᠠᠰᠤᠨ ᠳᠣᠲᠣᠷ᠎ᠠ
ᠪᠦᠲᠡᠵᠦ ᠦᠬᠦᠲᠡᠯ᠎ᠡ ᠪᠡᠨ
ᠴᠢᠬᠤᠯᠳᠠᠵᠤ ᠥᠩᠭᠡᠷᠡᠭᠦᠯᠦᠭᠰᠡᠨ
ᠲᠥᠷᠥᠬᠦ ᠲᠠᠰᠤᠭ
ᠲᠦᠷᠭᠡᠨ ᠪᠠᠢᠭᠤᠯᠬᠤ
ᠥᠨᠥ ᠠᠵᠢᠯ
ᠲᠥᠭᠡᠷᠢᠭᠰᠡᠭᠡᠷ ᠶᠠᠪᠤᠭᠠᠳ
ᠵᠠᠢᠯᠠᠬᠤ ᠭᠠᠵᠠᠷ ᠦᠭᠡᠢ
ᠲᠠᠮᠵᠢᠯᠠᠭᠠᠵᠠᠪ ᠳᠡᠭᠡᠷ᠎ᠡ
ᠦᠢᠮᠡᠵᠦ ᠬᠥᠰᠢᠯᠳᠦᠭᠰᠡᠨ
ᠵᠠᠪ ᠭᠤᠸᠠᠢ ᠨᠠᠷ ᠤ᠋ᠨ
ᠦᠰᠦᠭ ᠲᠠᠮᠠᠭ᠎ᠠ ᠶ᠋ᠢ ᠨᠢ ᠳᠠᠷᠤᠭᠤᠯᠤᠭᠰᠠᠭᠠᠷ
ᠥᠩᠭᠡᠳᠡᠭᠰᠡᠨ ᠲᠦᠭᠦᠷᠡᠭ ᠰᠢᠭ
ᠥᠩᠭᠡ ᠵᠢᠰᠦ ᠪᠡᠨ
ᠠᠯᠢ ᠬᠡᠳᠦᠢᠨ ᠠᠯᠳᠠᠭᠠᠳ
ᠰᠡᠪᠡᠢᠲᠡᠯᠡ ᠣᠷᠣᠵᠤ ᠢᠷᠡᠬᠦ ᠨᠢ
ᠡᠨᠡ ᠳᠡ
ᠬᠠᠢᠷᠠᠲᠤ ᠤᠩᠰᠢᠭᠴᠢ ᠮᠢᠨᠢ
ᠰᠡᠭᠰᠡᠢᠲᠡᠯᠡ ᠲᠡᠪᠡᠷᠢᠭᠡᠳ
ᠮᠠᠨ ᠤ᠋ ᠲᠠᠮᠵᠢᠯᠠᠭᠠᠵᠠᠪ
ᠣᠳᠣᠬᠠᠨ ᠭᠠᠷᠤᠨ᠎ᠠ ᠳᠠ᠃
– – – –
① ᠬᠠᠷᠢᠯᠴᠠᠭᠤᠷ ᠤᠲᠠᠰᠤ᠂
② ᠴᠠᠬᠢᠯᠭᠠᠨ ᠤᠯᠠᠮᠵᠢᠯᠠᠭᠤᠷ ᠤ᠋ᠨ ᠳᠣᠬᠢᠶ᠎ᠠ ᠦᠰᠦᠭ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠠᠮᠢᠯᠠᠭᠤᠯᠤᠨ ᠬᠠᠭᠠᠯᠤᠭᠰᠠᠨ ᠨᠢ᠄ ᠴᠣᠯᠮᠣᠨᠲᠤᠶᠠᠭ᠎ᠠ᠂ ᠪᠣᠷᠵᠢᠭᠢᠨ ᠪᠠᠭᠠᠲᠤᠷ
ᠬᠢᠨᠠᠭ᠍ᠴᠢ᠄ ᠴᠣᠯᠮᠣᠨᠲᠤᠶᠠᠭ᠎ᠠ ᠪᠠᠭ᠍ᠰᠢ
2024᠂ 2᠂ 21
