ᠬᠡᠷᠦᠯᠦᠨ ᠭᠣᠣᠯ ᠤᠨ ᠮᠠᠭᠲᠠᠭᠠᠯ Хэрлэн голын магтаал
ᠠᠤᠭ᠎ᠠ ᠮᠠᠨ ᠤ᠋ ᠮᠣᠩᠭᠣᠯ ᠤ᠋ᠨ
ᠠᠪᠤ ᠳᠡᠭᠡᠳᠦ ᠶ᠋ᠢᠨ ᠨᠤᠲᠤᠭ
ᠠᠯᠲᠠᠨ ᠥᠯᠥᠭᠡᠢ ᠡᠬᠡ ᠣᠷᠣᠨ ᠳ᠋ᠤ᠌ ᠪᠠᠨ
ᠠᠯᠳᠠᠷ ᠴᠤᠤᠲᠠᠢ ᠬᠡᠨᠲᠡᠢ ᠬᠠᠨ᠂
ᠠᠰᠬ᠎ᠠ ᠥᠨᠳᠥᠷ ᠬᠠᠳᠠᠨ ᠳ᠋ᠤ᠌ ᠨᠢ
ᠵᠡᠷᠯᠢᠭ ᠬᠥᠷ ᠡᠴᠡ ᠰᠦᠷᠦᠭᠯᠡᠭᠰᠡᠨ
ᠪᠤᠷᠭᠠᠰᠤ ᠵᠡᠭᠡᠰᠦ ᠨᠢ ᠦᠶᠡᠯᠵᠡᠭᠰᠡᠨ
ᠪᠤᠭᠤ᠂ ᠬᠠᠨᠳᠠᠭᠠᠢ ᠰᠦᠯᠵᠢᠭᠰᠡᠨ
ᠪᠤᠭᠤᠷᠤᠯ ᠲᠡᠦᠬᠡᠨ ᠳ᠋ᠦ᠍ ᠠᠯᠳᠠᠷᠲᠠᠢ
ᠪᠤᠶᠠᠨ ᠠᠴᠢᠯᠠᠯᠲᠤ᠂ ᠭᠡᠷᠦᠯᠦᠨ ᠭᠣᠣᠯ
ᠠᠲᠠᠷ ᠰᠢᠭᠤᠢ ᠮᠣᠳᠣᠨ ᠳ᠋ᠤ᠌ ᠨᠢ
ᠵᠢᠭᠦᠷᠲᠡᠨ ᠰᠢᠪᠠᠭᠤᠳ ᠵᠢᠷᠭᠢᠭᠰᠡᠨ
ᠷᠠᠰᠢᠶᠠᠨ ᠪᠤᠯᠠᠭ᠂ ᠭᠣᠣᠯ ᠭᠣᠷᠣᠬ᠎ᠠ
ᠵᠦᠭ ᠪᠦᠬᠦᠨ ᠳ᠋ᠦ᠍ ᠨᠢ ᠣᠷᠬᠢᠯᠤᠭᠰᠠᠨ
ᠠᠷᠴᠠ ᠽᠠᠨᠳᠠᠨ ᠠᠩᠬᠢᠯᠤᠮᠠᠯ
ᠤᠷᠭᠤᠮᠠᠯ ᠪᠦᠬᠦᠨ ᠳᠡᠯᠭᠡᠷᠡᠭᠰᠡᠨ
ᠬᠡᠨᠲᠡᠢ ᠬᠠᠨ ᠤ᠋ ᠡᠪᠦᠷ ᠡᠴᠡ
ᠣᠨᠳᠣᠷᠴᠤ ᠭᠠᠷᠤᠭᠰᠠᠨ ᠭᠡᠷᠦᠯᠦᠨ ᠭᠣᠣᠯ
ᠬᠡᠳᠦᠨ ᠠᠢᠮᠠᠭ ᠳᠠᠮᠵᠢᠵᠤ
ᠬᠣᠯᠠ ᠶ᠋ᠢ ᠵᠣᠷᠢᠭᠰᠠᠨ ᠬᠡᠷᠦᠯᠦᠨ ᠭᠣᠣᠯ
ᠬᠠᠩᠭᠠᠢ ᠬᠥᠪᠴᠢ ᠶ᠋ᠢᠨ ᠵᠠᠪᠰᠠᠷ ᠢ᠋ᠶ᠋ᠠᠷ
ᠬᠠᠳᠠ ᠮᠣᠳᠣᠨ ᠤ᠋ ᠴᠢᠯᠥᠭᠡ ᠪᠡᠷ
ᠬᠠᠩᠭᠢᠨᠠᠨ ᠱᠤᠤᠭᠢᠨ ᠤᠷᠤᠰᠤᠭᠰᠠᠨ
ᠬᠠᠷᠵᠠᠯᠠᠵᠤ ᠪᠠᠢᠳᠠᠭ ᠭᠡᠷᠥᠯᠥᠨ ᠭᠣᠣᠯ
ᠤᠯᠠᠭᠠᠨ ᠴᠠᠭᠠᠨ ᠭᠠᠯᠠᠭᠤ᠂ ᠨᠤᠭᠤᠰᠤ
ᠤᠰᠤᠨ ᠤ᠋ ᠠᠮᠢᠲᠠᠳ ᠢ᠋ᠶ᠋ᠠᠷ ᠪᠠᠶᠠᠯᠢᠭ
ᠤᠷᠭᠤᠮᠠᠯ ᠪᠦᠬᠦᠨ ᠵᠢᠭᠳᠡᠷᠡᠭᠰᠡᠨ
ᠤᠨᠳᠤᠷᠤᠮᠠᠯ ᠰᠠᠢᠬᠠᠨ ᠭᠡᠷᠥᠯᠥᠨ ᠭᠣᠣᠯ
ᠬᠠᠩᠭᠠᠢ᠂ ᠭᠣᠪᠢ᠂ ᠲᠠᠯ᠎ᠠ ᠶ᠋ᠢᠨ ᠢ᠋ᠶ᠋ᠡᠨ
ᠬᠠᠨᠠᠭᠠᠷ ᠠᠭᠤᠳᠠᠮ ᠨᠤᠲᠤᠭ ᠤ᠋ᠨ
ᠰᠠᠭᠠᠯᠢᠴᠢᠨ ᠮᠠᠯᠴᠢᠨ ᠣᠯᠠᠨ ᠨᠢ
ᠰᠠᠨᠠᠭ᠎ᠠ ᠲᠠᠭᠠᠷᠠᠭᠰᠠᠨ ᠠᠵᠢᠯᠰᠠᠭ
ᠰᠠᠪᠠ ᠰᠢᠮ᠎ᠡ ᠨᠢ ᠪᠢᠯᠬᠠᠮᠠᠯ
ᠰᠠᠢᠬᠠᠨ ᠥᠭᠭᠢᠶᠡᠮᠦᠷ ᠭᠡᠷᠥᠯᠥᠨ ᠭᠣᠣᠯ
ᠨᠠᠮᠤᠷ ᠤ᠋ᠨ ᠴᠠᠭ ᠲᠤ᠌ ᠪᠠᠨ ᠨᠤᠲᠤᠭᠯᠠᠬᠤ ᠳ᠋ᠤ᠌
ᠨᠠᠮᠤᠷᠵᠢᠶ᠎ᠠ ᠰᠠᠢᠲᠠᠢ ᠭᠡᠷᠥᠯᠥᠨ ᠭᠣᠣᠯ
ᠨᠠᠨᠳᠢᠨ ᠰᠦᠷᠦᠭ ᠢ᠋ᠶ᠋ᠡᠨ ᠲᠠᠷᠭᠤᠯᠠᠭᠤᠯᠬᠤ ᠳ᠋ᠤ᠌
ᠨᠠᠪᠴᠢ ᠰᠠᠢᠨ ᠲᠠᠢ ᠭᠡᠷᠥᠯᠥᠨ ᠭᠣᠣᠯ
ᠡᠪᠦᠯ ᠦ᠋ᠨ ᠴᠠᠭ ᠲᠤ᠌ ᠪᠠᠨ ᠨᠤᠲᠤᠭᠯᠠᠬᠤ ᠳ᠋ᠤ᠌
ᠡᠪᠦᠯᠵᠢᠶ᠎ᠡ ᠰᠠᠢᠨ ᠲᠠᠢ ᠭᠡᠷᠥᠯᠥᠨ ᠭᠣᠣᠯ
ᠥᠨᠢᠷ ᠰᠦᠷᠦᠭ ᠢ᠋ᠶ᠋ᠡᠨ ᠣᠨ ᠳ᠋ᠤ᠌ ᠣᠷᠣᠭᠤᠯᠬᠤ ᠳ᠋ᠤ᠌
ᠥᠭᠭᠦᠭᠡᠴᠢ ᠥᠩ ᠲᠡᠢ ᠭᠡᠷᠥᠯᠥᠨ ᠭᠣᠣᠯ
ᠬᠠᠪᠤᠷ ᠤ᠋ᠨ ᠴᠠᠭ ᠲᠤ᠌ ᠪᠠᠨ ᠨᠤᠲᠤᠭᠯᠠᠬᠤ ᠳ᠋ᠤ᠌
ᠬᠠᠪᠤᠷᠵᠢᠶ᠎ᠠ ᠰᠠᠢᠨ ᠲᠠᠢ ᠭᠡᠷᠥᠯᠥᠨ ᠭᠣᠣᠯ
ᠬᠠᠮᠤᠭ ᠰᠦᠷᠦᠭ ᠢ᠋ᠶ᠋ᠡᠨ ᠥᠰᠬᠡᠬᠦ ᠳ᠋ᠦ᠍
ᠬᠠᠩᠭᠠᠯᠤᠭᠤᠨ ᠨᠥᠮᠦᠷᠢᠯᠢᠭ ᠭᠡᠷᠥᠯᠥᠨ ᠭᠣᠣᠯ
ᠵᠤᠨ ᠤ᠋ ᠳᠡᠯᠭᠡᠷ ᠲᠦ᠍ ᠨᠤᠲᠤᠭᠯᠠᠬᠤ ᠳ᠋ᠤ᠌
ᠵᠤᠰᠠᠯᠠᠩ ᠰᠠᠢᠲᠠᠢ ᠭᠡᠷᠥᠯᠥᠨ ᠭᠣᠣᠯ
ᠵᠤᠭᠠᠯᠠᠬᠤ ᠬᠥᠮᠦᠰ ᠣᠴᠢᠪᠠᠯ
ᠦᠵᠡᠰᠬᠦᠯᠡᠩ ᠲᠠᠭᠠᠲᠠᠢ ᠭᠡᠷᠥᠯᠥᠨ ᠭᠣᠣᠯ
ᠪᠣᠯᠤᠨ ᠲᠣᠬᠣᠢ᠂ ᠭᠣᠪᠢ ᠪᠠᠷ ᠨᠢ
ᠪᠤᠷᠭᠠᠰᠤ᠂ ᠪᠤᠳᠤᠷᠭᠠᠨ᠎ᠠ ᠲᠠᠢ ᠭᠡᠷᠥᠯᠥᠨ ᠭᠣᠣᠯ
ᠪᠤᠯᠲᠤ ᠣᠯᠠᠨ ᠲᠡᠮᠡᠭᠡᠳ ᠢ᠋
ᠪᠤᠵᠠᠭᠠᠢ ᠲᠠᠷᠭᠤᠯᠠᠭᠤᠯᠬᠤ ᠭᠡᠷᠥᠯᠥᠨ ᠭᠣᠣᠯ
ᠠᠭᠯᠠᠭ ᠰᠠᠢᠬᠠᠨ ᠬᠥᠨᠳᠡᠶ ᠳᠦ ᠨᠢ
ᠠᠳᠤᠭᠤᠨ ᠰᠦᠷᠦᠭ ᠪᠡᠯᠴᠢᠭᠡᠷᠯᠡᠵᠦ
ᠠᠷᠢᠭᠤᠨ ᠰᠠᠢᠬᠠᠨ ᠤᠰᠤᠨ ᠠ᠋ᠴᠠ ᠨᠢ
ᠤᠮᠳᠠᠭᠠᠯᠠᠵᠤ ᠪᠠᠢᠳᠠᠭ ᠭᠡᠷᠥᠯᠥᠨ ᠭᠣᠣᠯ
ᠦᠶᠡᠲᠦ ᠵᠦᠯᠭᠡ ᠡᠪᠡᠰᠦᠨ ᠳ᠋ᠦ᠍ ᠨᠢ
ᠦᠬᠡᠷ ᠰᠦᠷᠦᠭ ᠨᠠᠯᠠᠢᠵᠤ
ᠥᠭᠡᠳᠡ ᠰᠥᠭᠡᠷᠭᠡ ᠰᠦᠯᠵᠢᠬᠦ ᠳ᠋ᠦ᠍
ᠥᠶᠥᠭ ᠲᠠᠭᠠᠲᠠᠢ ᠭᠡᠷᠥᠯᠥᠨ ᠭᠣᠣᠯ
ᠬᠣᠯᠠ ᠣᠶᠢᠷ᠎ᠠ ᠶ᠋ᠢᠨ ᠪᠡᠯᠴᠢᠭᠡᠷ ᠲᠦ᠍ ᠨᠢ
ᠬᠣᠨᠢᠨ ᠰᠦᠷᠦᠭ ᠳᠡᠯᠭᠡᠭᠰᠡᠨ
ᠬᠣᠲᠠ ᠪᠠᠭᠤᠴᠠ ᠰᠠᠢᠲᠠᠢ
ᠬᠣᠩᠭᠣᠷ ᠰᠠᠢᠬᠠᠨ ᠭᠡᠷᠥᠯᠥᠨ ᠭᠣᠣᠯ
ᠥᠩᠭᠡ ᠪᠦᠷᠢ ᠶ᠋ᠢᠨ ᠢᠮᠠᠭ᠎ᠠ
ᠥᠷᠭᠡᠨ ᠳᠡᠨᠵᠢ ᠶᠢ ᠨᠢ ᠪᠦᠷᠬᠦᠵᠦ
ᠥᠩ ᠲᠠᠷᠭᠤᠨ ᠪᠠᠶᠢᠳᠠᠭ
ᠥᠯᠵᠡᠢ ᠮᠥᠷ ᠲᠡᠢ ᠭᠡᠷᠥᠯᠥᠨ ᠭᠣᠣᠯ
ᠲᠠᠪᠤᠨ ᠲᠥᠷᠥᠯ ᠦ᠋ᠨ ᠮᠠᠯ ᠢ᠋
ᠲᠠᠷᠭᠤᠨ ᠴᠢᠭᠢᠷᠠᠭ ᠪᠠᠢᠯᠭᠠᠳᠠᠭ
ᠲᠠᠩᠰᠤᠭ ᠰᠠᠢᠬᠠᠨ ᠨᠤᠲᠤᠭ ᠲᠠᠢ
ᠲᠠᠪᠠᠯᠠᠭ ᠠᠮᠤᠭᠤᠯᠠᠩ ᠭᠡᠷᠥᠯᠥᠨ ᠭᠣᠣᠯ
ᠳᠡᠯᠡᠬᠡᠢ ᠭᠠᠵᠠᠷ ᠤ᠋ᠨ ᠪᠠᠶᠠᠯᠢᠭ ᠰᠢᠮ᠎ᠡ
ᠲᠡᠭᠰᠢ ᠳᠦᠭᠦᠷᠡᠩ ᠭᠡᠷᠥᠯᠥᠨ ᠭᠣᠣᠯ
ᠳᠡᠭᠡᠳᠦ ᠶ᠋ᠢᠨ ᠦᠶᠡᠰ ᠲᠡᠦᠬᠡ ᠲᠡᠢ
ᠳᠡᠯᠭᠡᠷ ᠪᠠᠶᠠᠨ ᠨᠤᠲᠤᠭ ᠶᠤᠮ᠃
Аугаа манай Монголын
Аав дээдийн нутаг
Алтан өлгий эх орондоо
Алдар цуутай
Хэнтий хан,
Асга өндөр хаданд нь
Зэрлэг гөрөөс сүрэглэсэн
Бургас зэгс нь үелзсэн
Буга, хандгай сүлжсэн
Буурал түүхэнд алдартай
Буян ачлалт, Хэрлэн гол
Атар шугуй модонд нь
Жигүүртэн шувууд жиргэсэн
Рашаан булаг, гол горхи
Зүг бүхэнд нь оргилсон
Арц зандан анхилмал
Ургамал бүхэн дэлгэрсэн
Хэнтий ханы өврөөс
Ундарч гарсан Хэрлэн гол
Хэдэн аймагдамжиж
Холыг зорьсон Хэрлэн гол
Хангай хөвчийн завсраар
Хад модны чөлөөгөөр
Хангинан шуугин урссан
Харзалж байдаг Хэрлэн гол
Улаан цагаан галуу, нугас
Усны амьтдаар баялаг
Ургамал бүхэн жигдэрсэн
Ундармал сайхан Хэрлэн гол
Хангай, говь, талынхаа
Ханагар уудам нутгийн
Саальчин малчин олон нь
Санаа таарсан ажилсаг
Сав шим нь бялхмал
Сайхан өгөөмөр Хэрлэн гол
Намрын цагтаа нутаглахад
Намаржаа сайтай Хэрлэн гол
Нандин сүргээ таргалуулахад
Навч сайнтай Хэрлэн гол
Өвлийн цагтаа нутаглахад
Өвөлжөө сайнтай Хэрлэн гол
Өнөр сүргээ онд оруулахад
Өгөөж өнтэй Хэрлэн гол
Хаврын цагтаа нутаглахад
Хаваржаа сайнтай Хэрлэн гол
Хамаг сүргээ өсгөхөд
Хангалуун нөмөрлөг Хэрлэн гол
Зуны дэлгэрт нутаглахад
Зуслан сайтай Хэрлэн гол
Зугаалах хүмүүс очвол
Үзэсгэлэн таатай Хэрлэн гол
Булан тохой, говиор нь
Бургас, бударганатай Хэрлэн гол
Булт олон тэмээдийг
Бузгай таргалуулах Хэрлэн гол
Аглаг сайхан хөндийд нь
Адуун сүрэг бэлчээрлэж
Ариун сайхан уснаас нь
Ундаалж байдаг Хэрлэн гол
Үөт зүлэг өвсөнд нь
Үхэр сүрэг налайж
Өөд сөөргөө сүлжихэд
Өег таатай Хэрлэн гол
Хол ойрын бэлчээрт нь
Хонин сүрэг дэлхсэн
Хот бууц сайтай
Хонгор сайхан Хэрлэн гол
Өнгө бүрийн ямаа
Өргөн дэнжийг нь бүрхэж
Өн тарган байдаг
Өлзий мөртэй Хэрлэн гол
Таван төрлийн малыг
Тарган чийрэг байлгадаг
Тансаг сайхан нутагтай
Тавлаг амгалан Хэрлэн гол
Дэлхий газрын баялаг шим
Тэгш дүүрэн Хэрлэн гол
Дээдийн үеэс түүхтэй
Дэлгэр баян нутаг юм.
