ᠱᠣᠭᠯᠠᠯ ᠤᠨ ᠨᠠᠢ᠍ᠮᠠᠨ ᠮᠥᠷᠲᠦ ᠰᠢᠯᠦᠭ ᠤᠳ– ᠱ ᠂ ᠰᠦᠷᠦᠩᠵᠠᠪ Шоглолын найман мөрт шүлгүүд – Ш ᠂ Сүрэнжав
ᠱᠣᠭᠯᠠᠯ ᠤᠨ ᠨᠠᠢ᠍ᠮᠠᠨ ᠮᠥᠷᠲᠦ ᠰᠢᠯᠦᠭ
ᠱ᠂ ᠰᠦᠷᠦᠩᠵᠠᠪ
ᠪᠤᠰᠤᠳ ᠤ᠋ᠨ ᠨᠥᠬᠥᠷ ᠢ᠋ ᠪᠤᠯᠢᠶᠠᠬᠤ ᠭᠡᠵᠦ
ᠪᠤᠵᠠᠭᠠᠢᠷᠠᠵᠤ ᠲᠡᠭᠦᠨ ᠡᠴᠡ ᠳᠠᠪᠠᠬᠤ ᠭᠡᠵᠦ
ᠪᠤᠯᠬᠠᠢ ᠡᠪᠦᠷᠯᠡᠭᠰᠡᠨ ᠪᠦᠰᠡᠭᠦᠢ ᠬᠥᠮᠦᠨ
ᠵᠤᠯᠭᠤᠢ ᠪᠥᠭᠡᠳ ᠢᠯᠳᠠᠮ ᠪᠠᠢᠳᠠᠭ᠃
ᠡᠬᠡᠨᠡᠷ ᠲᠤᠨᠢ ᠪᠠᠢᠬᠤ ᠦᠭᠡᠢ ᠰᠠᠢᠬᠠᠨ ᠠᠭᠠᠰᠢ ᠶ᠋ᠢ
ᠡᠬᠢᠨ ᠬᠢᠷᠢ ᠳ᠋ᠡᠭᠡᠨ ᠭᠠᠷᠭᠠᠵᠤ ᠴᠢᠳᠠᠳᠠᠭ᠃
ᠡᠷᠪᠡᠬᠡᠢ ᠰᠠᠭᠤᠯᠭᠠᠳᠠᠭ ᠴᠡᠴᠡᠭ ᠦ᠋ᠨ ᠠᠳᠠᠯᠢ
ᠡᠷᠪᠡᠬᠡᠢ ᠨᠢᠳᠦᠨ ᠬᠥᠨᠵᠢᠯᠡ ᠪᠡᠨ ᠳᠡᠯᠭᠡᠳᠡᠭ
※ ※ ※
ᠳᠠᠯᠳᠠᠭᠤᠷ ᠶᠠᠪᠤᠳᠠᠯ ᠲᠠᠢ ᠬᠣᠶᠠᠷ ᠤ᠋ᠨ ᠰᠡᠳᠬᠢᠯ
ᠳᠠᠷᠠᠰᠤ ᠰᠢᠭ᠋ ᠪᠣᠯᠤᠭᠠᠳ ᠮᠠᠩᠰᠢᠭᠤᠷᠠᠵᠤ ᠪᠠᠢᠳᠠᠭ᠃
ᠨᠠᠭᠤᠷ ᠤ᠋ᠨ ᠲᠠᠯᠮᠢᠶᠠ ① ᠰᠢᠭ ᠨᠢᠳᠦᠨ ᠦ᠌ ᠬᠢᠨᠢ ᠬᠠᠷᠠᠴᠠ ᠳ᠋ᠤ᠌
ᠨᠣᠢᠷ ᠦᠭᠡᠢ ᠰᠥᠨᠢ ᠶ᠋ᠢᠨ ᠮᠠᠨᠠᠨ ᠬᠣᠷᠢᠳᠠᠭ᠃
ᠴᠠᠭᠳᠠᠭ᠎ᠠ ᠶ᠋ᠢᠨ ᠬᠢᠨᠠᠯᠲᠠ ᠳ᠋ᠤ᠌ ᠪᠠᠢᠭ᠎ᠠ ᠬᠥᠮᠦᠨ ᠰᠢᠭ
ᠭᠢᠰᠬᠢᠬᠦ ᠪᠦᠷᠢ ᠨᠢ ᠬᠡᠮᠵᠢᠶ᠎ᠡ ᠰᠡᠷᠡᠮᠵᠢ ᠲᠡᠢ ᠴᠦ᠍
ᠴᠠᠳᠢᠭ ᠢ᠋ᠶ᠋ᠠᠨ ᠠᠯᠳᠠᠵᠤ ᠲᠠᠪᠠᠷᠠᠬᠤ ᠦᠶ᠎ᠡ ᠳ᠋ᠡᠭᠡᠨ
ᠭᠡᠷ ᠢ᠋ᠶ᠋ᠡᠨ ᠰᠦᠢᠳᠬᠡᠵᠦ ᠨᠡᠷ᠎ᠡ ᠪᠡᠨ ᠪᠠᠯᠠᠯᠠᠳᠠᠭ ᠠ᠋᠃
ᠠᠲᠠᠭᠠᠷᠬᠠᠯ
ᠳᠠᠪᠴᠢᠭᠤ ᠴᠡᠭᠡᠵᠢᠨ ᠳ᠋ᠦ᠍ ᠳᠦᠷᠡᠯᠵᠡᠭᠰᠡᠨ ᠪᠢᠴᠢᠬᠠᠨ ᠲᠦᠢᠮᠦᠷ
ᠠᠲᠠᠭᠠᠷᠬᠠᠯ
ᠳᠠᠯᠳᠠ ᠶ᠋ᠢᠨ ᠬᠠᠷ᠎ᠠ ᠮᠠᠯᠠᠭᠠᠢ ᠲᠠᠢ ᠡᠮᠡᠭᠡᠨ ᠱᠤᠯᠤᠮ᠃
ᠠᠲᠠᠭᠠᠷᠬᠠᠯ ᠢ᠋ ᠠᠮᠲᠠᠯᠠᠪᠠᠯ
ᠭᠠᠰᠢᠭᠤᠨ ᠠ᠋ᠴᠠ ᠭᠠᠰᠢᠭᠤᠨ ᠪᠢᠰᠢ
ᠠᠲᠠᠭᠠᠷᠬᠠᠯ ᠢ᠋ ᠠᠳᠬᠤᠪᠠᠯ
ᠭᠠᠷ ᠵᠦᠰᠦᠬᠦ ᠬᠢᠲᠤᠭ᠎ᠠ
※ ※ ※
ᠬᠡᠲᠦᠷᠬᠡᠢ ᠣᠮᠣᠭ ᠪᠠᠷᠳᠠᠮ ᠭᠡᠭᠴᠢ
ᠭᠠᠯᠵᠠᠭᠤᠷᠠᠭᠰᠠᠨ ᠠᠷᠰᠯᠠᠨ ᠤ᠋ ᠵᠠᠪᠠᠵᠢᠨ ᠠ᠋ᠴᠠ ᠰᠠᠭᠠᠭᠰᠠᠨ ᠬᠥᠭᠡᠰᠦ
ᠬᠡᠲᠦᠷᠬᠡᠢ ᠨᠣᠮᠣᠢ ᠳᠣᠷᠣᠢ ᠭᠡᠭᠴᠢ
ᠭᠠᠢᠬᠠᠷᠠᠭᠰᠠᠨ ᠬᠥᠬᠡ ᠠᠭᠤᠯᠠᠰ ᠤ᠋ᠨ ᠰᠢᠯᠢ ᠳ᠋ᠦ᠍ ᠵᠡᠭᠦᠷᠮᠡᠭᠯᠡᠭᠰᠡᠨ ᠡᠪᠡᠰᠦ
ᠬᠡᠲᠦᠷᠬᠡᠢ ᠡᠷᠬᠢᠮᠰᠦᠭ ᠨᠣᠶᠠᠷᠠᠬᠠᠬᠤ ᠭᠡᠭᠴᠢ
ᠢᠮᠠᠭᠲᠠ ᠳᠡᠭᠡᠷ᠎ᠡ ᠡᠴᠡ ᠥᠩᠭᠡᠢᠭᠴᠢ ᠬᠠᠳᠠᠨ ᠴᠣᠬᠢᠶ᠎ᠠ ②
ᠬᠡᠲᠦᠷᠬᠡᠢ ᠡᠮᠡᠰᠡᠭ ᠰᠠᠮᠠᠭᠤᠨ ᠭᠡᠭᠴᠢ
ᠶᠠᠮᠠᠷ ᠴᠦ᠍ ᠴᠡᠴᠡᠭ ᠡᠴᠡ ᠡᠷᠢᠶᠡᠯᠡᠯ ᠦᠭᠡᠢ ᠪᠢᠯᠠᠭᠤᠷᠠᠭ᠌ᠴᠢ ᠡᠷᠪᠡᠬᠡᠢ
ᠬᠡᠲᠦᠷᠬᠡᠢ ᠭᠠᠰᠢᠭᠤᠨ ᠤᠮᠳᠠᠭᠠᠨ ᠳ᠋ᠤ᠌ ᠠᠪᠲᠠᠨ᠎ᠠ ᠭᠡᠭᠴᠢ
ᠬᠤᠳᠳᠤᠭ ᠤ᠋ᠨ ᠠᠰᠬᠠᠷ ③ ᠡᠴᠡ ᠴᠦ᠍ ᠴᠡᠭᠡᠷᠯᠡᠯ ᠦᠭᠡᠢ ᠰᠤᠷᠤᠭᠴᠢ ᠦᠬᠡᠷ
ᠬᠡᠲᠦᠷᠬᠡᠢ ᠭᠠᠭᠴᠠ ᠪᠡᠶ᠎ᠡ ᠪᠡᠨ ᠰᠢᠲᠦᠨ᠎ᠡ ᠭᠡᠭᠴᠢ
ᠬᠤᠯᠠᠨ ᠤ᠋ ᠲᠣᠭᠣᠰᠣ ᠶ᠋ᠢ ᠴᠦ᠍《 ᠮᠢᠨᠦᠬᠢ》 ᠭᠡᠮᠡᠨ ᠰᠡᠭᠦᠯ ᠢ᠋ᠶ᠋ᠡᠨ ᠡᠷᠭᠦᠭᠴᠢ ᠡᠯᠵᠢᠭᠡ᠃
– – – –
① ᠨᠠᠭᠤᠷ ᠤᠨ ᠤᠰᠤᠨ ᠤ ᠵᠥᠭᠡᠯᠡᠨ ᠲᠣᠭᠲᠠᠭᠤᠨ ᠪᠠᠢᠳᠠᠯ
② ᠣᠨᠴᠠᠭᠠᠢ ᠲᠣᠭᠲᠠᠭᠰᠠᠨ ᠥᠨᠳᠥᠷ ᠬᠠᠳᠠ
③ ᠬᠤᠳᠳᠤᠭ ᠤᠨ ᠣᠩᠭᠣᠴᠠ ᠠᠴᠠ ᠬᠠᠯᠢᠭ᠌ᠰᠠᠨ ᠱᠠᠯᠪᠠᠭᠠᠰᠤ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠩᠷᠢ ᠡᠵᠢ
ᠬᠢᠨᠠᠭ᠍ᠴᠢ : ᠴᠣᠯᠮᠣᠨᠲᠤᠶᠠᠭ᠎ᠠ
2024᠂ 2᠂ 21 ᠦ᠌ ᠡᠳᠦᠷ
