ᠴᠢᠬᠤᠯᠠ ᠬᠥᠮᠦᠰ - ᠪ ᠂ ᠰᠣᠰᠣᠷᠪᠠᠷᠠᠮ Чухал хүмүүс - Б ᠂ Сосорбарам ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠬᠤᠯᠠ ᠬᠥᠮᠦᠰ - ᠪ ᠂ ᠰᠣᠰᠣᠷᠪᠠᠷᠠᠮ Чухал хүмүүс - Б ᠂ Сосорбарам

ᠴᠢᠬᠤᠯᠠ ᠬᠥᠮᠦᠰ - ᠪ ᠂ ᠰᠣᠰᠣᠷᠪᠠᠷᠠᠮ Чухал хүмүүс - Б ᠂ Сосорбарам

ᠠᠩᠭᠢᠯᠠᠯ:ᠬᠣᠱᠣᠩ ᠱᠣᠭ
2024-02-25

250

ᠴᠢᠬᠤᠯᠠ ᠬᠥᠮᠦᠰ


                         ᠪ᠂ ᠰᠣᠰᠣᠷᠪᠠᠷᠠᠮ   
                              ( ᠱᠣᠭ ᠦᠭᠦᠯᠯᠡᠭᠡ)    

       ᠣᠷᠣᠨ ᠲᠣᠭ᠎ᠠ ᠴᠣᠮᠬᠠᠳᠬᠠᠵᠤ ᠨᠢᠭᠡ ᠬᠥᠮᠦᠨ ᠢ᠋ ᠮᠠᠯ ᠠᠵᠤ ᠠᠬᠤᠢ ᠳ᠋ᠤ᠌ ᠰᠢᠯᠵᠢᠭᠦᠯᠦᠨ ᠠᠵᠢᠯᠯᠠᠭᠤᠯᠬᠤ ᠪᠣᠯᠵᠠᠢ᠃ ᠪᠠᠢᠭᠤᠯᠭ᠎ᠠ ᠶ᠋ᠢᠨ ᠳᠠᠷᠤᠭ᠎ᠠ ᠨᠢᠲᠡ ᠪᠣᠯᠪᠠᠰᠤᠨ ᠬᠦᠴᠦᠨ ᠦ᠌ ᠬᠡᠯᠲᠡᠰ ᠦ᠋ᠨ ᠡᠷᠬᠢᠯᠡᠭᠴᠢ ᠲᠡᠮᠦᠷᠴᠢᠳᠦᠷ ᠬᠣᠶᠠᠷ ᠡᠨᠡ ᠲᠤᠬᠠᠢ ᠶᠠᠷᠢᠯᠴᠠᠵᠤ ᠰᠠᠭᠤᠨ᠎ᠠ᠃ 
       — ᠵᠠ ᠳᠠᠷᠤᠭ᠎ᠠ ᠮᠢᠨᠢ ᠡᠢᠮᠦ ᠬᠠᠲᠠᠭᠤ ᠠᠰᠠᠭᠤᠳᠠᠯ ᠢ᠋ ᠴᠢᠨᠢ ᠶᠠᠭᠠᠬᠢᠵᠤ ᠰᠢᠢᠳᠳᠡᠭ ᠬᠡᠷᠡᠭ ᠪᠣᠢ ᠭᠡᠵᠦ ᠳᠠᠷᠤᠭ᠎ᠠ ᠶ᠋ᠢᠨ ᠢ᠋ᠶ᠋ᠡᠨ ᠥᠭᠡᠳᠡ ᠡᠴᠡ ᠥᠷᠭᠡᠰᠦ ᠰᠢᠭ ᠨᠢᠳᠦ ᠪᠡᠷ ᠰᠢᠷᠳᠡᠬᠦ ᠳ᠋ᠦ᠍ ᠨᠢᠲᠡ ᠶ᠋ᠢᠨ ᠲᠡᠷᠡ ᠲᠡᠢ ᠲᠡᠷᠡ ᠦᠭᠡᠢ ᠰᠢᠩᠭᠡᠷᠡᠵᠦ ᠶᠠᠪᠤᠭ᠎ᠠ ᠵᠤᠯᠠᠢ ᠶ᠋ᠢᠨ ᠦᠰᠦᠨ ᠡᠴᠡ ᠲᠤᠭ ᠦᠰᠦ ᠵᠤᠯᠭᠠᠷᠠᠴᠢᠬᠠᠬᠤ ᠰᠢᠭ᠋ ᠪᠣᠯᠪᠠ᠃ 
       — ᠬᠠᠷᠢᠨ ᠠ᠋! ᠭᠡᠵᠦ ᠨᠢᠲᠡ ᠬᠠᠷᠠᠨᠳᠠ ᠪᠠᠷ ᠰᠢᠷᠡᠭᠡ ᠲᠣᠭᠰᠢᠵᠤ ᠰᠠᠭᠤᠬᠤ ᠵᠠᠭᠤᠷ᠎ᠠ ᠪᠠᠨ《 ᠠ᠂ ᠴᠢ ᠯᠡ ᠭᠡᠵᠦ ᠬᠡᠨ ᠢ᠋ ᠶᠠᠪᠤᠭᠤᠯᠬᠤ ᠪᠠᠨ ᠮᠡᠳᠡᠬᠦ ᠦᠭᠡᠢ ᠪᠠᠢᠬ᠎ᠠ》 ᠭᠡᠵᠦ ᠪᠣᠳᠣᠨ ᠲᠡᠭᠦᠨ ᠦ᠌ ᠬᠠᠷᠠᠴᠠ ᠠ᠋ᠴᠠ ᠳᠠᠯᠳᠢᠷᠠᠬᠤ ᠳ᠋ᠠᠭᠠᠨ ᠡᠨᠡ ᠡᠪ ᠦᠭᠡᠢ ᠬᠠᠷᠠᠴᠠ ᠲᠠᠢ ᠠᠩᠬ᠎ᠠ ᠬᠡᠳᠦᠢ ᠳ᠋ᠦ᠍ ᠤᠴᠠᠷᠠᠭᠰᠠᠨ ᠢ᠋ᠶ᠋ᠠᠨ ᠰᠠᠨᠠᠪᠠ᠃ 
       ᠨᠢᠲᠡ ᠬᠡᠳᠦᠨ ᠵᠢᠯ ᠦ᠋ᠨ ᠡᠮᠦᠨ᠎ᠡ ᠨᠢᠭᠡᠨ ᠨᠢᠭᠡᠳᠦᠯ ᠳ᠋ᠦ᠍ ᠣᠴᠢᠵᠤ ᠬᠣᠨᠣᠨ ᠥᠨᠵᠢᠨ ᠨᠠᠢᠷᠯᠠᠵᠤ ᠶᠠᠪᠤᠬᠤ ᠳ᠋ᠠᠭᠠᠨ ᠠᠩᠬ᠎ᠠ ᠤᠳᠠᠭ᠎ᠠ《 ᠲᠤᠭᠤᠰᠢᠯᠠᠭᠤᠯᠤᠭᠠᠳ》 ᠠᠪᠤᠭᠰᠠᠨ ᠶᠤᠮᠰᠠᠨᠵᠠᠢ᠃ 
       ᠬᠣᠵᠢᠮ ᠢ᠋ᠶ᠋ᠠᠨ ᠬᠣᠲᠠ ᠣᠷᠣᠵᠤ ᠢᠷᠡᠭᠰᠡᠨ ᠬᠣᠢᠨ᠎ᠠ ᠨᠢ ᠠᠷᠭ᠎ᠠ ᠦᠭᠡᠢ ᠶ᠋ᠢᠨ ᠡᠷᠬᠡᠨ ᠳ᠋ᠦ᠍ ᠲᠤᠯᠭᠠᠭᠳᠠᠨ ᠲᠡᠭᠦᠨ ᠢ᠋ ᠡᠨᠡ ᠴᠢᠬᠤᠯᠠ ᠣᠷᠣᠨ ᠲᠣᠭᠠᠨ ᠳᠡᠭᠡᠷ᠎ᠡ ᠪᠡᠨ ᠠᠪᠴᠤ ᠠᠵᠢᠯᠯᠠᠭᠤᠯᠤᠭᠰᠠᠨ ᠠ᠋ᠴᠠ ᠪᠦᠷ  ᠴᠢᠳᠦᠷᠯᠡᠭᠦᠯᠴᠢᠬᠡᠭᠰᠡᠨ ᠬᠡᠷᠡᠭ ᠪᠠᠢᠵᠠᠢ᠃ 
       ᠡᠨᠡ ᠵᠣᠯᠢᠭ ᠴᠢᠨᠢ ᠰᠠᠨᠠᠭᠠᠨ ᠳ᠋ᠠᠭᠠᠨ ᠲᠣᠬᠢᠷᠠᠬᠤ ᠦᠭᠡᠢ ᠬᠥᠮᠦᠨ ᠢ᠋《 ᠮᠥᠰᠥᠨ ᠳᠡᠭᠡᠷ᠎ᠡ ᠴᠢᠯᠠᠭᠤ ᠰᠢᠳᠡᠭᠰᠡᠨ ᠠᠳᠠᠯᠢ ᠭᠤᠯᠠᠰᠴᠢᠬᠠᠬᠤ ᠬᠥᠮᠦᠨ ᠳᠡ》 ᠭᠡᠵᠦ ᠪᠣᠳᠣᠭᠰᠠᠨ ᠢ᠋ᠶ᠋ᠠᠨ ᠨᠢᠲᠡ᠄ 
       — ᠴᠢ ᠮᠢᠨᠢ ᠰᠢᠢᠳᠴᠦ ᠦᠵᠡ ᠭᠡᠬᠦ ᠳ᠋ᠦ᠍ ᠲᠡᠮᠦᠷᠴᠢᠳᠦᠷ ᠦᠨᠡᠭᠡᠨ ᠦ᠌ ᠬᠢ ᠰᠢᠭ ᠵᠢᠬᠢᠭᠠᠷ ᠨᠢᠳᠦ ᠪᠡᠨ ᠤᠯᠠᠮ ᠵᠢᠷᠳᠠᠭᠠᠢᠯᠠᠨ ᠢᠨᠢᠶᠡᠵᠦ᠄  
       — ᠢᠰᠢ ᠳᠠᠷᠤᠭ᠎ᠠ ᠮᠢᠨᠢ᠂ ᠲᠠ ᠨᠠᠳᠠ ᠳ᠋ᠤ᠌ ᠶᠠᠭᠠᠬᠢᠭᠰᠠᠨ ᠬᠠᠲᠠᠭᠤ ᠠᠭᠠᠷᠤᠤᠯ ᠮᠡᠷᠡᠭᠦᠯᠦᠨ᠎ᠡ ᠪᠣᠢ ᠭᠡᠵᠦ ᠪᠣᠳᠣᠯᠬᠢᠯᠠᠭᠰᠠᠨ ᠳᠦᠷᠢ ᠦᠵᠡᠭᠦᠯᠦᠭᠰᠡᠨ ᠢ᠋ᠶ᠋ᠡᠨ᠄ 
       — ᠳᠣᠷᠵᠢ ᠭᠡᠪᠡ᠃ 
       — ᠣᠳᠣ ᠮᠠᠨ ᠤ᠋ ᠣᠷᠣᠯᠠᠭᠴᠢ ᠤᠤ?  
       — ᠲᠡᠭᠡᠪᠡᠯ ᠲᠣᠨᠲᠣᠭ᠃  
       — ᠶᠡᠷᠦᠩᠬᠡᠢ ᠨᠢᠭᠲᠠᠯᠠᠨ ᠪᠣᠳᠣᠬᠤ ᠤᠤ? 
       — ᠵᠠ ᠲᠡᠭᠡᠪᠡᠯ ᠳᠤᠯᠮ᠎ᠠ᠃ 
       — ᠲᠣᠭᠠᠴᠠᠭᠠᠨ ᠤ᠋ ᠨᠢᠭᠲᠠᠯᠠᠨ ᠪᠣᠳᠣᠬᠤ ᠤᠤ? 
       — ᠲᠤᠯᠭᠠᠷ᠃ 
       — ᠡᠪᠯᠡᠯ ᠦ᠋ᠨ ᠬᠣᠷᠢᠶᠠᠨ ᠳᠠᠷᠤᠭ᠎ᠠ ᠤᠤ? 
       — ᠲᠡᠭᠡᠭᠡᠳ ᠬᠡᠨ ᠪᠠᠢᠬᠤ ᠶᠤᠮ ᠪᠣᠢ? 
       — ᠴᠢ ᠶᠡᠷᠦ ᠨᠢ ᠲᠣᠭᠯᠠᠵᠤ ᠪᠠᠢᠨ᠎ᠠ ᠤᠤ? ᠶᠠᠭᠠᠬᠢᠵᠤ ᠪᠠᠢᠨ᠎ᠠ ᠭᠡᠳ ᠳᠠᠷᠤᠭ᠎ᠠ ᠠᠭᠤᠷᠯᠠᠭᠰᠠᠨ ᠳᠦᠷᠢ ᠦᠵᠡᠭᠦᠯᠪᠡ᠃   
       — ᠬᠠᠮᠢᠭ᠎ᠠ ᠠ᠋ᠴᠠ ᠳᠠ ᠳᠠᠷᠤᠭ᠎ᠠ ᠮᠢᠨᠢ᠂ ᠪᠢ ᠬᠡᠳᠦᠨ ᠵᠢᠯ ᠪᠣᠯᠬᠤ ᠳ᠋ᠠᠭᠠᠨ ᠲᠠᠨ ᠢ᠋ ᠢᠩᠭᠢᠵᠦ ᠤᠷᠢᠶᠠᠯᠠᠵᠤ( ᠰᠢᠬᠠᠮᠳᠠᠭᠤᠯᠵᠤ) ᠪᠠᠢᠬᠤ ᠶ᠋ᠢ ᠦᠵᠡᠭᠡ ᠦᠭᠡᠢ ᠶᠦᠮ ᠪᠠᠢᠨ᠎ᠠ ᠭᠡᠳ ᠲᠡᠮᠦᠷᠴᠢᠳᠦᠷ ᠨᠢᠲᠡ ᠶ᠋ᠢ ᠪᠠᠰᠠ ᠯᠠ ᠡᠭᠴᠡᠯᠡᠨ ᠰᠢᠷᠳᠡᠪᠡ᠃ ᠨᠢᠲᠡ《 ᠵᠠ ᠪᠠᠢᠵᠠ᠂ ᠪᠡᠷᠰᠡ① ᠰᠢᠭ ᠱᠠᠯᠠᠳᠠᠭ ᠡᠨᠡ ᠴᠢᠳᠬᠥᠷ ᠡᠴᠡ ᠴᠢᠨᠢ ᠶᠠᠭᠠᠬᠢᠵᠤ ᠰᠠᠯᠤᠶ᠎ᠠ ᠳᠠ᠂ ᠴᠢ ᠴᠢᠭ ᠤᠤᠯ ᠰᠠᠨᠠᠭ᠎ᠠ ᠪᠠᠨ ᠨᠠᠳᠠ ᠪᠠᠷ ᠯᠠ ᠭᠠᠷᠭᠠᠭᠤᠯᠬᠤ ᠭᠡᠳ ᠪᠠᠢᠨ᠎ᠠ ᠳᠠ》 ᠭᠡᠵᠦ ᠪᠣᠳᠣᠭᠠᠳ ᠬᠡᠰᠡᠭ ᠰᠢᠷᠡᠭᠡ ᠲᠣᠭᠰᠢᠵᠤ ᠰᠠᠭᠤᠨ᠎ᠠ᠃ 
       — ᠲᠡᠮᠦᠷᠬᠦᠦ ᠭᠡᠳᠡᠭ ᠴᠢᠨᠢ ᠶᠠᠭᠤ ᠰᠠᠨ ᠪᠢᠯᠡ ᠭᠡᠵᠦ ᠠᠰᠠᠭᠤᠪᠠ᠃ 
       — ᠲᠡᠮᠦᠷᠴᠢᠳᠦᠷ ᠦ᠋ᠨ ᠵᠠᠭᠠᠲᠤᠨᠠᠭᠰᠠᠨ ᠭᠠᠵᠠᠷ ᠢ᠋ ᠮᠠᠭᠠᠵᠢᠭᠰᠠᠨ ᠮᠡᠲᠦ ᠪᠣᠯᠤᠭᠰᠠᠨ ᠪᠣᠯᠪᠠᠴᠤ ᠲᠡᠷᠡ ᠰᠠᠨᠠᠭ᠎ᠠ ᠪᠠᠨ ᠰᠢᠭᠤᠳ ᠢᠯᠡᠴᠢᠯᠡᠬᠦ ᠦᠭᠡᠢ  ᠲᠣᠭᠣᠷᠢᠭᠤ ᠵᠠᠮ ᠢ᠋ᠶ᠋ᠠᠷ ᠴᠢᠳᠥᠷᠯᠡᠵᠦ ᠠᠪᠬᠤ ᠶ᠋ᠢᠨ ᠲᠤᠯᠠᠳᠠ᠄ 
       — ᠨᠠᠷᠢᠨ ᠮᠡᠷᠭᠡᠵᠢᠯ ᠦ᠋ᠨ ᠵᠠᠰᠠᠪᠤᠷᠢᠴᠢᠨ ᠰᠢᠦ ᠳᠡ᠂ ᠲᠠ ᠮᠡᠳᠡᠬᠦ ᠦᠭᠡᠢ ᠪᠠᠢᠨ᠎ᠠ ᠭᠡᠵᠢ ᠤᠤ?  
       — ᠮᠡᠳᠡᠵᠦ ᠯᠠ ᠪᠠᠢᠨ᠎ᠠ᠂ ᠬᠠᠷᠢᠨ ᠲᠡᠷᠡ ᠴᠢᠨᠢ ᠬᠢᠷᠢ ᠠᠵᠢᠯᠯᠠᠵᠤ ᠪᠠᠢᠨ᠎ᠠ ᠤᠤ? 
       — ᠰᠠᠢᠨ ᠨᠢ ᠴᠣ ᠰᠠᠢᠨ ᠯᠠ ᠳᠠ᠂ ᠲᠡᠭᠡᠬᠦ ᠳ᠋ᠦ᠍ ᠲᠧᠭᠨᠢᠭ᠂ ᠲᠣᠨᠣᠭ ᠲᠥᠬᠥᠭᠡᠷᠦᠮᠵᠢ ᠮᠠᠨᠢ ᠰᠢᠨ᠎ᠡ ᠰᠢᠦ ᠳᠡ᠃ 
       — ᠲᠡᠭᠡᠭᠡᠳ ᠶᠠᠭᠠᠬᠢᠬᠤᠪ? 
       — ᠬᠠᠷᠢᠨ ᠨᠢ ᠠ᠋᠃  
       — ᠵᠠ ᠲᠡᠭᠡᠪᠡᠯ ᠴᠢ ᠳᠤᠷ᠎ᠠ ᠦᠭᠡᠢ᠃  
       — ᠦᠭᠡᠢ ᠶᠠᠭᠤ ᠯᠠ ᠳᠠ ᠳᠠᠷᠤᠭ᠎ᠠ ᠠ᠋᠂ ᠦᠨᠡᠨ ᠳ᠋ᠡᠭᠡᠨ ᠴᠦ᠍ ᠨᠢᠭᠡ ᠶᠡᠬᠡ ᠬᠢᠭᠡᠳ ᠪᠠᠢᠭ᠎ᠠ ᠶᠠᠭᠤᠮ᠎ᠠ ᠦᠭᠡᠢ ᠯᠡ ᠬᠥᠮᠦᠨ ᠳᠡ᠃ 
       — ᠲᠡᠭᠡᠪᠡᠯ ᠣᠳᠣᠬᠠᠨ ᠳ᠋ᠠᠭᠠᠨ ᠲᠡᠭᠦᠨ ᠢ᠋ ᠴᠢᠨᠢ ᠶᠠᠪᠤᠭᠤᠯᠴᠢᠬᠠᠪᠠᠯ ᠶᠠᠭᠠᠬᠢᠭᠰᠠᠨ ᠶᠤᠮ ᠪᠣᠢ? 
       — ᠲᠡᠭᠡᠭᠡᠳ ᠡᠷᠭᠢᠵᠦ ᠠᠪᠬᠤ ᠬᠡᠷᠡᠭ ᠤᠤ? 
       — ᠦᠭᠡᠢ ᠠ᠋᠂ ᠦᠭᠡᠢ᠂ ᠬᠡᠷᠡᠭᠴᠡᠭᠡ ᠭᠠᠷᠪᠠᠯ ᠥᠭᠡᠷ᠎ᠡ ᠬᠥᠮᠦᠨ ᠠᠪᠴᠤ ᠪᠣᠯᠬᠤ ᠰᠢᠦ ᠳᠡ᠃ 
       — ᠮᠠᠨ ᠤ᠋ ᠬᠢᠨ ᠭᠡᠵᠦ ᠬᠡᠨ?  
       — ᠢᠨᠵᠧᠨᠧᠷ᠂ ᠦᠢᠯᠡᠳᠪᠦᠷᠢᠴᠢᠨ ᠦ᠌ ᠬᠣᠷᠢᠶᠠᠨ ᠳᠠᠷᠤᠭ᠎ᠠ᠃  
       — ᠵᠠ ᠵᠠ ᠪᠢ ᠲᠡᠳᠡᠨ ᠦ᠌ ᠴᠢᠨᠢ ᠶᠠᠷᠢᠶ᠎ᠠ᠃   
       ᠵᠠ ᠲᠡᠢᠮᠦ ᠪᠣᠯ ᠶᠠᠭᠠᠬᠢᠬᠤᠪ ᠭᠡᠵᠦ ᠳᠤᠷᠠᠮᠵᠢᠬᠠᠨ ᠮᠡᠲᠦ ᠬᠠᠭᠠᠯᠭ᠎ᠠ ᠣᠩᠭᠣᠢᠯᠭᠠᠭᠰᠠᠨ ᠢ᠋ᠶ᠋ᠠᠨ᠄  
       — ᠲᠤᠰᠢᠶᠠᠯ ᠲᠥᠯᠥᠪᠯᠡᠴᠢᠬᠡᠬᠦ ᠤᠤ ᠭᠡᠵᠦ ᠰᠢᠭᠤᠳ ᠠᠰᠠᠭᠤᠪᠠ᠃ 
       — ᠲᠡᠭᠡ ᠳᠧ᠃  
       ᠲᠡᠮᠦᠷᠴᠢᠳᠦᠷ ᠬᠠᠭᠠᠯᠭ᠎ᠠ ᠠᠶᠠᠷᠬᠠᠨ ᠬᠠᠭᠠᠵᠤ ᠰᠡᠳᠬᠢᠯ ᠬᠠᠨᠤᠭᠰᠠᠨ ᠪᠠᠢᠳᠠᠯ ᠢ᠋ᠶ᠋ᠠᠷ ᠥᠷᠥᠭᠡ ᠪᠡᠨ ᠣᠩᠭᠣᠢᠯᠭᠠᠭᠠᠳ《 ᠥᠪᠡᠷ ᠦ᠋ᠨ ᠴᠢᠨᠢ ᠭᠠᠷ ᠢ᠋ᠶ᠋ᠠᠷ᠁》 ᠭᠡᠵᠦ ᠰᠢᠪᠡᠨᠡᠭᠰᠡᠭᠡᠷ ᠰᠢᠷᠡᠭᠡᠨ ᠳ᠋ᠡᠭᠡᠨ ᠲᠤᠬᠠᠯᠠᠨ ᠰᠠᠭᠤᠪᠠ᠃ 
       ᠬᠡᠳᠦᠨ ᠵᠢᠯ ᠦ᠋ᠨ ᠡᠮᠦᠨ᠎ᠡ ᠲᠡᠮᠦᠷᠴᠢᠳᠦᠷ ᠢ᠋ ᠪᠣᠯᠪᠠᠰᠤᠨ ᠬᠦᠴᠦᠨ ᠦ᠌ ᠬᠠᠯᠭᠠᠳᠠᠢ ᠬᠥᠮᠦᠨ᠂ ᠮᠣᠳᠣᠨ ᠤ᠋ ᠦᠷᠦᠪᠲᠦᠯ ᠰᠢᠭ ᠠᠭᠠᠵᠢᠭᠤᠬᠠᠨ ᠮᠡᠷᠡᠴᠢᠬᠡᠵᠦ ᠮᠡᠳᠡᠬᠦ ᠬᠥᠮᠦᠨ ᠪᠠᠢᠭ᠎ᠠ ᠶᠤᠮ ᠭᠡᠵᠦ ᠰᠢᠭᠦᠮᠵᠢᠯᠡᠭᠰᠡᠨ ᠬᠥᠮᠦᠨ ᠪᠣᠯ ᠲᠡᠮᠦᠷᠬᠦᠦ ᠠᠵᠢ᠃ ᠲᠡᠷᠡ ᠶᠠᠪᠤᠳᠠᠯ ᠢ᠋ ᠣᠳᠣ ᠲᠡᠮᠦᠷᠴᠢᠳᠦᠷ ᠡᠴᠡ ᠪᠤᠰᠤᠳ ᠨᠢ ᠨᠢᠭᠡᠨᠲᠡ ᠮᠠᠷᠲᠠᠭᠰᠠᠨ ᠪᠠᠢᠪᠠ᠃  ᠬᠡᠳᠦ ᠬᠣᠨᠣᠭ ᠤ᠋ᠨ ᠳᠠᠷᠠᠭ᠎ᠠ ᠬᠥᠮᠦᠰ ᠤᠯᠠᠭᠠᠨ ᠪᠤᠯᠤᠩ ᠳ᠋ᠤ᠌ ᠴᠤᠭᠯᠠᠪᠠ᠃ ᠲᠡᠮᠦᠷᠴᠢᠳᠦᠷ ᠬᠣᠭᠣᠯᠠᠢ ᠵᠠᠰᠠᠵᠤ᠄  
       — ᠳᠡᠭᠡᠳᠦ ᠭᠠᠵᠠᠷ ᠤ᠋ᠨ ᠰᠢᠢᠳᠪᠦᠷᠢ ᠶᠣᠰᠣ ᠪᠠᠷ ᠨᠠᠷᠢᠨ ᠮᠡᠷᠭᠡᠵᠢᠯ ᠦ᠋ᠨ ᠵᠠᠰᠠᠪᠤᠷᠢᠴᠢᠨ ᠲᠡᠮᠦᠷᠬᠦᠦ ᠶ᠋ᠢ ᠮᠠᠯ ᠠᠵᠤ ᠠᠬᠤᠢ ᠳ᠋ᠤ᠌ ᠰᠢᠯᠵᠢᠭᠦᠯᠦᠨ ᠠᠵᠢᠯᠯᠠᠭᠤᠯᠬᠤ ᠪᠠᠷ ᠪᠣᠯᠤᠯ᠎ᠠ ᠭᠡᠵᠦ ᠮᠡᠳᠡᠭᠳᠡᠪᠡ᠃ 
       — ᠲᠧᠭᠨᠢᠭ ᠲᠥᠬᠥᠭᠡᠷᠦᠮᠵᠢ ᠣᠯᠠᠨ ᠲᠠᠢ ᠮᠠᠨ ᠤ᠋ ᠬᠢ ᠰᠢᠭ ᠭᠠᠵᠠᠷ ᠳᠤ ᠨᠠᠷᠢᠨ ᠮᠡᠷᠭᠡᠵᠢᠯ ᠦ᠋ᠨ ᠵᠠᠰᠠᠪᠤᠷᠢᠴᠢ ᠬᠡᠷᠡᠭ ᠦᠭᠡᠢ ᠭᠡᠵᠢ ᠤᠤ ᠭᠡᠮᠡᠨ ᠨᠢᠭᠡᠨ ᠬᠥᠮᠦᠨ ᠠᠰᠠᠭᠤᠪᠠ᠃  
       ᠲᠡᠮᠦᠷᠴᠢᠳᠦᠷ᠄ 
       — ᠣᠳᠣ ᠮᠡᠳᠡᠬᠦ ᠦᠭᠡᠢ ᠲᠡᠭᠡᠵᠦ ᠦᠵᠡᠭᠰᠡᠨ ᠶᠦᠮ ᠪᠠᠢᠯᠭᠦᠢ ᠭᠡᠪᠡ᠃  
       ᠣᠴᠢᠵᠤ ᠣᠴᠢᠵᠤ ᠶᠠᠭᠠᠬᠢᠭᠠᠳ ᠵᠠᠪᠠᠯ ᠲᠡᠮᠦᠷᠬᠦᠦ ᠶ᠋ᠢ ᠶᠠᠪᠤᠭᠤᠯ ᠭᠡᠰᠡᠨ ᠬᠡᠷᠡᠭ ᠪᠣᠢ ᠭᠡᠵᠦ ᠪᠠᠰᠠ ᠨᠢᠭᠡ ᠬᠥᠮᠦᠨ ᠠᠰᠠᠭᠤᠪᠠ᠃  
       — ᠥᠭᠡᠷ᠎ᠡ ᠠᠷᠭ᠎ᠠ ᠠᠯᠠᠭ᠎ᠠ᠂ ᠲᠠᠩᠳᠠ ᠴᠢᠬᠤᠯᠠ ᠬᠥᠮᠦᠰ ᠪᠠᠢᠨ᠎ᠠ ᠰᠢᠦ ᠳᠡ ᠭᠡᠵᠦ ᠲᠡᠮᠦᠷᠴᠢᠳᠦᠷ ᠬᠠᠷᠢᠭᠤᠯᠪᠠ᠃ 
       ᠲᠡᠭᠡᠲᠡᠯ᠎ᠡ ᠤᠳᠠᠬᠤ ᠦᠭᠡᠢ ᠲᠡᠳᠬᠦᠪᠦᠷᠢ ᠳ᠋ᠦ᠍ ᠭᠠᠷᠬᠤ ᠲᠤᠷᠢᠭ ᠭᠡᠳᠡᠭ ᠬᠥᠭᠰᠢᠨ ᠪᠣᠰᠤᠭᠠᠳ᠄  
       — ᠦᠭᠡᠢ ᠠ᠋᠂ ᠬᠡᠦᠬᠡᠳ᠂ ᠮᠠᠨ ᠤ᠋ ᠳ᠋ᠤ᠌ ᠴᠢᠨᠢ ᠮᠠᠯ ᠠᠵᠤ ᠠᠬᠤᠢ ᠶ᠋ᠢᠨ ᠮᠡᠷᠭᠡᠵᠢᠯᠲᠡᠨ ᠨᠢᠭᠡ ᠪᠠᠢᠳᠠᠭ ᠶᠤᠮ ᠰᠢᠦ ᠳᠡ ᠭᠡᠪᠡ᠃ 
       — ᠬᠡᠨ ᠪᠣᠢ?  
       — ᠬᠡᠨ ᠪᠣᠢ ᠭᠡᠵᠦ ᠬᠥᠮᠦᠰ ᠥᠨᠳᠡᠯᠵᠡᠪᠡ᠃  
       — ᠡᠨᠡ ᠪᠣᠯᠪᠠᠰᠤᠨ ᠬᠦᠴᠦᠨ ᠲᠡᠮᠦᠷᠴᠢᠳᠦᠷ ᠴᠢᠨᠢ ᠥᠪᠡᠷ ᠢ᠋ᠶ᠋ᠡᠨ ᠨᠢᠭᠡᠳᠦᠯ ᠦ᠋ᠨ ᠵᠣᠣᠲ᠋ᠧᠭᠨᠢᠭᠴᠢ ᠪᠠᠢᠭᠰᠠᠨ ᠬᠥᠮᠦᠨ ᠰᠢᠦ ᠳᠡ ᠭᠡᠵᠦ ᠲᠤᠷᠢᠭ ᠡᠪᠦᠭᠡᠨ ᠬᠡᠯᠡᠪᠡ᠃  
       ᠬᠣᠵᠢᠮ ᠰᠣᠨᠣᠰᠪᠠᠯ ᠲᠡᠷᠡ ᠠᠯᠪᠠᠨ ᠪᠠᠢᠭᠤᠯᠭ᠎ᠠ ᠶ᠋ᠢᠨ ᠲᠤᠷᠢᠭ ᠭᠤᠸᠠᠢ ᠠ᠋ᠴᠠ ᠪᠤᠰᠤᠳ《 ᠴᠢᠬᠤᠯᠠ ᠬᠥᠮᠦᠰ》 ᠪᠠᠭᠤᠷᠢ ᠰᠠᠭᠤᠷᠢ ᠪᠠᠨ ᠬᠠᠳᠠᠭᠠᠯᠠᠭᠰᠠᠨ ᠬᠡᠪ ᠢ᠋ᠶ᠋ᠡᠷ ᠭᠡᠯᠴᠡᠨ᠎ᠡ᠃  

- - - -
① ᠮᠤᠩᠭᠤᠯ ᠰᠢᠲᠠᠷ᠎ ᠤᠨ ᠬᠦᠴᠦᠲᠦ ᠬᠥᠯᠥᠭ 

  《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠳᠠᠪᠰᠢᠯᠲᠦ 
        ᠬᠢᠨᠠᠭ᠍ᠴᠢ : ᠰᠠᠷᠠᠨ᠎ᠠ 
               2024᠂ 1᠂ 25  ᠤ  ᠡᠳᠦᠷ