ᠬᠥᠭᠡᠨ᠎ᠡ ᠬᠠᠨ ᠤ ᠮᠠᠭᠲᠠᠭᠠᠯ Хөгнө хааны магтаал
ᠬᠥᠭᠡᠨ᠎ᠡ ᠬᠠᠨ ᠤ ᠮᠠᠭᠲᠠᠭᠠᠯ
ᠬᠠᠨ ᠪᠤᠭᠤᠷᠤᠯ ᠬᠠᠩᠭᠠᠢ ᠯᠠ ᠪᠠᠢᠨ᠎ᠠ᠃
ᠬᠠᠰᠠᠭ ᠤᠯᠠᠭᠠᠨ ᠬᠠᠳᠠ ᠲᠠᠢ ᠳᠠ
ᠬᠠᠷᠠᠩᠭᠤᠢ ᠪᠦᠷᠭᠢᠯ ᠮᠣᠳᠣ ᠲᠠᠢ ᠳᠠ
ᠬᠠᠪᠴᠢᠯ ᠵᠢᠯᠠᠭ᠎ᠠ ᠣᠯᠠᠨ ᠲᠠᠢ ᠳᠠ
ᠬᠠᠮᠤᠭ ᠠᠮᠢᠲᠠᠨ ᠴᠤᠭᠯᠠᠷᠠᠭᠰᠠᠨ ᠳᠠ
ᠬᠠᠯᠬ᠎ᠠ ᠮᠣᠩᠭᠣᠯ ᠤ᠋ᠨ ᠨᠤᠲᠤᠭ ᠶᠤᠮ ᠪᠠᠢᠨ᠎ᠠ᠃
ᠠᠯᠠᠭ ᠡᠷᠢᠶᠡᠨ ᠠᠰᠬᠠᠲᠠᠢ ᠳᠠ
ᠠᠭᠤᠢ ᠬᠣᠩᠭᠢᠯ ᠡᠯᠪᠡᠭ ᠲᠠᠢ ᠳᠠ
ᠠᠷᠢᠭᠤᠨ ᠰᠠᠢᠬᠠᠨ ᠠᠷᠴᠠ ᠲᠠᠢ ᠳᠠ
ᠠᠫᠲ᠋ᠠᠨ ᠮᠥᠩᠭᠥᠨ ᠡᠷᠳᠡᠨᠢ ᠲᠡᠢ ᠳᠡ
ᠠᠷᠢᠶᠠᠲᠠᠨ ᠬᠥᠷ ᠡᠴᠡ ᠣᠯᠠᠨ ᠲᠠᠢ ᠳᠠ
ᠠᠭᠯᠠᠭ ᠥᠨᠳᠥᠷ ᠬᠠᠩᠭᠠᠢ ᠯᠠ ᠪᠠᠢᠨ᠎ᠠ᠃
ᠢᠷᠮᠡᠭ ᠬᠢᠩᠭᠠᠨ ᠨᠢᠷᠤᠭᠤᠨ ᠳ᠋ᠤ᠌ ᠨᠢ ᠪᠣᠯ
ᠢᠷᠪᠢᠰ ᠰᠢᠯᠦᠭᠦᠰᠦ ᠰᠢᠪᠡᠭᠡᠯᠡᠮᠡᠷ ᠳᠡ
ᠢᠳᠡᠷ ᠵᠤᠯᠵᠠᠭ᠎ᠠ ᠢᠷᠭᠠᠢ ᠲᠠᠢ ᠳᠠ
ᠶᠡᠬᠡ᠂ ᠪᠠᠭ᠎ᠠ ᠮᠣᠩᠭᠣᠯ ᠤ᠋ᠨ ᠪᠠᠷᠢᠮᠵᠢᠶ᠎ᠠ ᠲᠠᠢ
ᠢᠷᠡᠭᠰᠡᠨ ᠣᠴᠢᠭᠰᠠᠨ ᠳ᠋ᠤ᠌ ᠭᠠᠢᠬᠠᠭᠳᠠᠭᠰᠠᠨ ᠳᠠ
ᠡᠢᠮᠦ ᠯᠡ ᠰᠠᠢᠬᠠᠨ ᠠᠭᠤᠯᠠ ᠶᠤᠮ ᠪᠠᠢᠨ᠎ᠠ᠃
ᠣᠷᠣᠢ ᠳᠡᠭᠡᠷ᠎ᠡ ᠪᠡᠨ ᠣᠪᠣᠭ᠎ᠠ ᠲᠠᠢ ᠳᠠ
ᠣᠯᠠᠨ ᠵᠦᠭ ᠲᠦ᠍ ᠪᠡᠨ ᠪᠡᠯᠴᠢᠭᠡᠷ ᠲᠠᠢ ᠳᠠ
ᠣᠢ ᠰᠢᠭᠤᠢ ᠪᠦᠷᠬᠦᠭᠡᠰᠦᠲᠡᠢ ᠳᠡ
ᠣᠶᠤᠨ ᠡᠷᠳᠡᠨᠢ ᠶ᠋ᠢᠨ ᠪᠠᠶᠠᠯᠢᠭ ᠲᠠᠢ ᠳᠠ
ᠤᠴᠢᠷ ᠠᠯᠮᠠᠰ ᠤ᠋ᠨ ᠥᠩᠭᠡ ᠲᠡᠢ ᠳᠡ
ᠣᠨᠴᠠ ᠶ᠋ᠢᠨ ᠰᠠᠢᠬᠠᠨ ᠬᠠᠩᠭᠠᠢ ᠯᠠ ᠪᠠᠢᠨ᠎ᠠ᠃
ᠠᠭᠤᠰᠬᠢᠨ ᠤᠯᠠᠭᠠᠨ ᠴᠣᠬᠢᠶᠠᠨ ᠳ᠋ᠤ᠌ ᠨᠢ ᠪᠣᠯ
ᠤᠰᠤᠨ ᠪᠣᠯᠣᠷ ᠤ᠋ᠨ ᠭᠣᠶᠣᠯ ᠲᠠᠢ ᠳᠠ
ᠣᠲᠣᠭᠠᠲᠤ ᠪᠣᠯᠣᠷ ᠤ᠋ᠨ ᠴᠢᠮᠡᠭ ᠲᠡᠢ ᠳᠡ
ᠤᠯᠠᠭᠠᠨ ᠰᠤᠷ ᠲᠠᠢ ᠦᠨᠡᠭᠡ ᠲᠡᠢ ᠳᠡ
ᠤᠷᠠᠨ ᠬᠡᠲᠦᠭᠦᠷ ᠴᠢᠨᠣ᠎ᠠ ᠲᠠᠢ ᠳᠠ
ᠠᠭᠤᠳᠠᠮ ᠰᠠᠢᠬᠠᠨ ᠠᠭᠤᠯᠠ ᠪᠠᠢᠨ᠎ᠠ᠃
ᠥᠭᠡᠳᠡ ᠪᠡᠨ ᠨᠣᠴᠤᠭᠰᠠᠨ ᠭᠠᠯ ᠰᠢᠭ᠋ ᠳᠡ
ᠥᠴᠥᠢᠵᠦ ᠲᠣᠭᠲᠠᠭᠰᠠᠨ ᠬᠠᠳᠠ ᠲᠠᠢ ᠳᠠ
ᠥᠩᠭᠡᠢᠵᠦ ᠤᠷᠭᠤᠭᠰᠠᠨ ᠮᠣᠳᠣ ᠲᠠᠢ ᠳᠠ
ᠥᠩᠬᠥᠷᠢᠵᠣ ᠣᠢᠴᠢᠭᠰᠠᠨ ᠰᠠᠮᠤᠷ ᠲᠠᠢ ᠳᠠ
ᠥᠩᠭᠡ ᠪᠦᠷᠢ ᠶ᠋ᠢᠨ ᠴᠡᠴᠡᠭ ᠲᠠᠢ ᠳᠠ
ᠡᠪᠦᠭᠡᠨ ᠪᠤᠭᠤᠷᠤᠯ ᠬᠠᠩᠭᠠᠢ ᠯᠠ ᠪᠠᠢᠨ᠎ᠠ᠃
ᠦᠨᠡᠲᠦ ᠡᠷᠳᠡᠨᠢ ᠶ᠋ᠢᠨ ᠪᠠᠶᠠᠯᠢᠭ ᠨᠢ ᠪᠣᠯ
ᠦᠢᠯᠡᠳᠪᠦᠷᠢ ᠬᠥᠭᠵᠢᠬᠦ ᠨᠥᠭᠡᠴᠡ ᠲᠠᠢ ᠳᠠ
ᠦᠷᠡᠵᠢᠯ ᠰᠢᠮᠡᠳᠦ ᠬᠦᠷᠦᠭᠰᠡᠨ ᠳ᠋ᠦ᠍ ᠨᠢ ᠪᠣᠯ
ᠦᠷ᠎ᠡ ᠲᠠᠷᠢᠶ᠎ᠠ ᠤᠷᠭᠤᠳᠠᠭ ᠳᠠ
ᠦᠵᠡᠰᠬᠦᠯᠡᠩ ᠪᠦᠭᠦᠳᠡᠭᠡᠷ ᠲᠡᠭᠦᠯᠳᠡᠷ ᠳᠡ
ᠦᠨᠡᠬᠡᠷ ᠰᠠᠢᠬᠠᠨ ᠬᠠᠩᠭᠠᠢ ᠯᠠ ᠪᠠᠢᠨ᠎ᠠ᠃
ᠮᠠᠩᠭᠢᠷ ᠮᠡᠬᠡ ᠪᠡᠷ ᠬᠣᠶᠠᠷ ᠨᠢ ᠪᠣᠯ
ᠮᠠᠩᠨᠤᠭ ᠲᠣᠷᠭ᠎ᠠ ᠰᠢᠭ᠋ ᠠᠯᠠᠭᠯᠠᠭᠰᠠᠨ ᠳᠠ
ᠮᠠᠨᠤᠤᠯ ᠳᠣᠷᠣᠭᠣ ᠬᠣᠶᠠᠷ ᠨᠢ ᠪᠣᠯ
ᠮᠠᠯ ᠰᠦᠷᠦᠭ ᠰᠢᠭ ᠣᠯᠠᠨ ᠳᠠ
ᠮᠠᠨᠳᠤᠬᠤ ᠨᠠᠷᠠ ᠨᠢ ᠲᠤᠶᠠᠭᠠᠷᠠᠭᠰᠠᠨ ᠳᠠ
ᠮᠠᠨ ᠤ᠋ ᠮᠣᠩᠭᠣᠯ ᠤ᠋ᠨ ᠨᠤᠲᠤᠭ ᠪᠠᠢᠨ᠎ᠠ᠃
ᠵᠡᠭᠦᠨ ᠲᠠᠯ᠎ᠠ ᠠ᠋ᠴᠠ ᠨᠢ ᠬᠠᠷᠠᠪᠠᠯ
ᠵᠢᠷᠦᠬᠡᠨ ᠤᠯᠠᠭᠠᠨ ᠴᠣᠬᠢᠯᠭ᠎ᠠ ᠲᠠᠢ ᠳᠠ
ᠵᠦᠢᠷ ᠭᠤᠷ᠎ᠠ ᠶ᠋ᠢᠨ ᠬᠡᠪᠲᠡᠰᠢ ᠲᠠᠢ ᠳᠠ
ᠵᠦᠢᠯ ᠪᠦᠷᠢ ᠶ᠋ᠢᠨ ᠡᠷᠳᠡᠨᠢ ᠲᠠᠢ ᠳᠠ
ᠵᠦᠭᠡᠷ ᠠᠭᠤᠯᠠ ᠲᠠᠢ ᠠᠳᠠᠯᠢ ᠦᠭᠡᠢ ᠳᠡ
ᠵᠦᠢᠷ ᠦᠭᠡᠢ ᠰᠠᠢᠬᠠᠨ ᠬᠠᠩᠭᠠᠢ ᠯᠠ ᠪᠠᠢᠨ᠎ᠠ᠃
ᠡᠪᠦᠷ ᠲᠠᠯ᠎ᠠ ᠠ᠋ᠴᠠ ᠨᠢ ᠬᠠᠷᠠᠪᠠᠯ
ᠡᠪᠦᠭᠡᠨ ᠪᠠᠯᠭᠠᠰᠤ ᠶ᠋ᠢᠨ ᠳᠤᠷᠠᠰᠬᠠᠯ ᠲᠠᠢ ᠳᠠ
ᠡᠪᠡᠰᠦ ᠪᠡᠯᠴᠢᠭᠡᠷ ᠪᠠᠶᠠᠯᠢᠭ ᠲᠠᠢ ᠳᠠ
ᠡᠪᠦᠯᠵᠢᠶ᠎ᠡ ᠬᠠᠪᠤᠷᠵᠢᠶ᠎ᠠ ᠣᠯᠠᠨ ᠲᠠᠢ ᠳᠠ
ᠥᠷᠥᠬᠦᠲᠦ ᠶ᠋ᠢᠨ ᠠᠬ᠎ᠠ ᠶ᠋ᠢᠨ ᠥᠷᠥᠰᠢᠶᠡᠯ ᠲᠠᠢ ᠳᠠ
ᠥᠭᠭᠢᠶᠡᠮᠦᠷ ᠪᠠᠶᠠᠨ ᠬᠠᠩᠭᠠᠢ ᠯᠠ ᠪᠠᠢᠨ᠎ᠠ᠃
ᠪᠠᠷᠠᠭᠤᠨ ᠲᠠᠯ᠎ᠠ ᠠ᠋ᠴᠠ ᠨᠢ ᠬᠠᠷᠠᠪᠠᠯ ᠳᠠ
ᠪᠠᠳᠮᠠᠷᠠᠭ᠎ᠠ ᠡᠷᠳᠡᠨᠢ ᠶ᠋ᠢᠨ ᠰᠠᠩ ᠲᠠᠢ ᠳᠠ
ᠪᠠᠷᠠᠭᠠᠨ ᠳᠣᠨᠢᠷ ᠤ᠋ᠨ ᠮᠣᠳᠣ ᠲᠠᠢ ᠳᠠ
ᠪᠠᠶᠠᠳ ᠶᠡᠬᠡ ᠯᠡ ᠬᠠᠳᠠ ᠲᠠᠢ ᠳᠠ
ᠪᠠᠳᠮ᠎ᠠ ᠯᠢᠩᠬᠤ᠎ᠠ ᠶ᠋ᠢᠨ ᠥᠩᠭᠡ ᠲᠡᠢ ᠳᠡ
ᠪᠠᠢᠭᠠᠯᠢ ᠶᠢᠨ ᠳᠤᠷᠠᠰᠬᠠᠯᠲᠤ ᠠᠭᠤᠯᠠ ᠯᠠ ᠪᠠᠢᠨ᠎ᠠ᠃
ᠬᠠᠵᠠᠭᠤ ᠲᠠᠯ᠎ᠠ ᠠ᠋ᠴᠠ ᠨᠢ ᠬᠠᠷᠠᠪᠠᠯ
ᠬᠠᠢᠯᠠᠰᠤ ᠤᠯᠢᠶᠠᠰᠤ ᠨᠥᠮᠥᠷᠦᠭᠰᠡᠨ ᠳᠡ
ᠬᠠᠷᠭᠠᠨ ᠤ᠋ ᠪᠤᠢᠯᠠᠰᠤ ᠪᠤᠲᠠᠯᠠᠭᠰᠠᠨ ᠳᠠ
ᠬᠠᠳᠠ ᠴᠣᠬᠢᠶ᠎ᠠ ᠠᠷᠵᠠᠢᠭᠰᠠᠨ ᠳᠠ
ᠬᠠᠷᠠᠩᠭᠤᠢ ᠬᠠᠪᠴᠢᠯ ᠥᠩᠭᠡᠢᠭᠰᠡᠨ ᠳᠡ
ᠬᠠᠢᠷᠬᠠᠨ ᠶᠡᠬᠡ ᠯᠡ ᠠᠭᠤᠯᠠ ᠪᠠᠢᠨ᠎ᠠ᠃
ᠰᠡᠭᠦᠳᠡᠷ ᠲᠠᠯ᠎ᠠ ᠠ᠋ᠴᠠ ᠨᠢ ᠬᠠᠷᠠᠪᠠᠯ
ᠰᠦᠨᠳᠡᠷᠯᠡᠭᠰᠡᠨ ᠥᠨᠳᠥᠷ ᠴᠣᠬᠢᠶ᠎ᠠ ᠲᠠᠢ ᠳᠠ
ᠰᠦᠯᠵᠢᠭᠰᠡᠨ ᠣᠯᠠᠨ ᠠᠮᠠ ᠲᠠᠢ ᠳᠠ
ᠰᠦᠮ᠎ᠡ ᠰᠤᠪᠤᠷᠭᠠᠨ ᠬᠡᠯᠪᠡᠷᠢ ᠲᠡᠢ ᠳᠡ
ᠰᠦᠷ ᠵᠢᠪᠬᠤᠯᠠᠩ ᠲᠡᠭᠦᠯᠳᠡᠷ
ᠰᠦᠮᠪᠦᠷ ᠰᠠᠢᠬᠠᠨ ᠬᠠᠩᠭᠠᠢ ᠯᠠ ᠪᠠᠢᠨ᠎ᠠ᠃
ᠶᠠᠩ ᠤᠯᠠᠭᠠᠨ ᠬᠠᠳᠠᠨ ᠳ᠋ᠤ᠌ ᠨᠢ
ᠶᠠᠩᠭᠢᠷ ᠢᠮᠠᠭ᠎ᠠ ᠨᠤᠲᠤᠭᠯᠠᠮᠠᠷ ᠳᠠ
ᠢᠷᠭᠠᠢ ᠴᠢᠷᠭᠠᠢ ᠪᠠᠭᠰᠢᠷᠠᠭᠰᠠᠨ ᠳᠠ
ᠶᠠᠰᠢᠯ ᠽᠠᠨᠳᠠᠨ ᠠᠯᠠᠭᠯᠠᠭᠰᠠᠨ ᠳᠠ
ᠶᠠᠩᠵᠤ ᠪᠦᠷᠢ ᠶ᠋ᠢᠨ ᠤᠷᠭᠤᠮᠠᠯ ᠲᠠᠢ ᠳᠠ
ᠶᠠᠮᠠᠷ ᠰᠠᠢᠬᠠᠨ ᠠᠭᠤᠯᠠ ᠶᠤᠮ ᠪᠣᠢ?
ᠶᠡᠷᠦᠩᠬᠡᠢ ᠪᠠᠢᠳᠠᠯ ᠢ ᠨᠢ ᠬᠡᠯᠡᠪᠡᠯ ᠳᠡ
ᠶᠡᠷᠦ ᠶ᠋ᠢᠨ ᠠᠭᠤᠯᠠ ᠲᠠᠢ ᠠᠳᠠᠯᠢ ᠦᠭᠡᠢ ᠳᠡ
ᠶᠢᠰᠦᠨ ᠡᠷᠳᠡᠨᠢ ᠶ᠋ᠢᠨ ᠪᠠᠶᠠᠯᠢᠭ ᠲᠠᠢ ᠳᠠ
ᠶᠥᠷᠬᠥᠭ ᠬᠢᠯᠭᠠᠨ᠎ᠠ ᠬᠠᠯᠢᠭᠤᠷᠠᠭᠰᠠᠨ ᠳᠠ
ᠢᠷᠦᠭᠡᠵᠦ ᠮᠠᠭᠲᠠᠭᠠᠳ ᠪᠠᠷᠠᠰᠢ ᠦᠭᠡᠢ ᠳᠡ
ᠶᠡᠷᠦ ᠪᠤᠰᠤ ᠰᠠᠢᠬᠠᠨ ᠠᠭᠤᠯᠠ ᠶᠤᠮ ᠪᠠᠢᠨ᠎ᠠ᠃
ᠵᠤᠨ ᠤ᠋ ᠤᠯᠠᠷᠢᠯ ᠢᠷᠡᠬᠦ ᠳ᠋ᠦ᠍
ᠵᠤᠯᠵᠠᠭᠠᠨ ᠮᠣᠳᠣ ᠨᠣᠭᠣᠭᠠᠷᠠᠭᠰᠠᠨ ᠳᠠ
ᠵᠦᠯᠭᠡ ᠨᠣᠭᠣᠭ᠎ᠠ ᠨᠢ ᠬᠥᠬᠡᠷᠡᠭᠰᠡᠨ ᠳᠡ
ᠵᠤᠰᠠᠯᠠᠩ ᠳ᠋ᠤ᠌ ᠨᠢ ᠠᠢᠯ ᠤ᠋ᠳ ᠢᠷᠠᠢᠯᠴᠠᠭᠰᠠᠨ ᠳᠠ
ᠵᠤᠭ᠎ᠠ ᠴᠡᠩᠭᠡᠯ ᠢ᠋ᠶ᠋ᠡᠷ ᠵᠢᠷᠭᠠᠭᠰᠠᠨ ᠳᠠ
ᠵᠢᠨᠰᠢᠯᠭᠠ ᠰᠠᠢᠲᠠᠢ ᠨᠤᠲᠤᠭ ᠶᠤᠮ ᠪᠠᠢᠨ᠎ᠠ᠃
ᠨᠠᠮᠤᠷ ᠪᠣᠯᠤᠭᠠᠳ ᠢᠷᠡᠬᠦ ᠳ᠋ᠦ᠍
ᠨᠠᠪᠴᠢᠲᠤ ᠮᠣᠳᠣ ᠨᠢ ᠮᠠᠩᠨᠤᠭᠯᠠᠭᠰᠠᠨ ᠳᠠ
ᠨᠠᠢᠭᠤᠵᠤ ᠭᠠᠩᠬᠤᠭᠰᠠᠨ ᠣᠢ ᠲᠠᠢ ᠳᠠ
ᠨᠠᠯᠠᠵᠤ ᠤᠨᠠᠭᠰᠠᠨ ᠨᠣᠭᠣᠭ᠎ᠠ ᠲᠠᠢ ᠳᠠ
ᠨᠠᠮᠢᠷᠠᠭ᠎ᠠ ᠪᠣᠷᠣᠭ᠎ᠠ ᠣᠷᠣᠳᠠᠭ ᠳᠠ
ᠨᠠᠭᠠᠭᠤᠷ ᠴᠠᠭᠠᠭᠤᠷ ᠡᠭᠦᠯᠡ ᠲᠡᠢ ᠳᠡ᠃
ᠡᠪᠦᠯ ᠴᠠᠭ ᠤ᠋ᠨ ᠦᠶ᠎ᠡ ᠳ᠋ᠦ᠍ ᠨᠢ
ᠥᠳᠥᠭ ᠪᠠᠭᠤᠴᠠ ᠨᠢ ᠳᠤᠯᠠᠭᠠᠬᠠᠨ ᠳᠠ
ᠡᠪᠡᠰᠦ ᠪᠡᠯᠴᠢᠭᠡᠷ ᠰᠠᠢᠲᠠᠢ ᠳᠠ
ᠥᠳᠬᠡᠨ ᠪᠠᠯᠠᠷ ᠰᠢᠭᠤᠢ ᠲᠠᠢ ᠳᠠ
ᠥᠯᠥᠨ ᠵᠤᠳ ᠢ᠋ ᠦᠵᠡᠳᠡᠭ ᠦᠭᠡᠢ ᠳᠡ
ᠥᠩ ᠲᠡᠢ ᠰᠠᠢᠬᠠᠨ ᠨᠤᠲᠤᠭ ᠯᠠ ᠪᠠᠢᠨ᠎ᠠ᠃
ᠬᠠᠪᠤᠷ ᠴᠠᠭ ᠤ᠋ᠨ ᠦᠶ᠎ᠡ ᠳ᠋ᠦ᠍ ᠨᠢ ᠪᠣᠯ
ᠬᠠᠨᠵᠠᠷᠠᠭᠰᠠᠨ ᠴᠠᠰᠤ ᠨᠢ ᠴᠣᠬᠣᠷᠲᠤᠳᠠᠭ ᠳᠠ
ᠬᠠᠷᠠᠵᠠ ᠤᠰᠤ ᠨᠢ ᠬᠤᠷᠴᠢᠭᠢᠨᠠᠭᠰᠠᠨ ᠳᠠ
ᠬᠠᠩᠬᠤᠯᠬᠤ ᠠᠭᠢ ᠨᠢᠳᠦᠯᠡᠭᠰᠡᠨ ᠳᠡ
ᠬᠠᠯᠲᠠᠮᠠᠷ ᠡᠷᠳᠡᠨᠢ ᠭᠢᠯᠠᠯᠵᠠᠭᠰᠠᠨ ᠳᠠ
ᠬᠠᠷᠠᠵᠤ ᠬᠠᠨᠤᠰᠢ ᠦᠭᠡᠢ ᠠᠭᠤᠯᠠ ᠯᠠ ᠪᠠᠢᠨ᠎ᠠ᠃
ᠬᠠᠷᠢᠯᠠᠨ ᠱᠠᠷᠯᠢᠨ ᠭᠣᠣᠯ ᠲᠠᠢ ᠳᠠ
ᠬᠠᠩᠭᠢᠳᠠᠢ ᠶ᠋ᠢᠨ ᠬᠠᠳᠠᠨ ᠳ᠋ᠤ᠌ ᠵᠢᠷᠤᠭ ᠲᠠᠢ ᠳᠠ
ᠬᠠᠳᠠᠭᠠᠰᠤᠨ ᠴᠢᠨ ᠳᠠᠭᠠᠭᠤᠯᠢ ᠲᠠᠢ ᠳᠠ
ᠬᠠᠷ᠎ᠠ ᠬᠦᠷᠡᠮᠡᠨ ᠬᠠᠳᠠ ᠲᠠᠢ ᠳᠠ
ᠬᠠᠷ᠎ᠠ ᠪᠤᠬ᠎ᠠ ᠶ᠋ᠢᠨ ᠪᠠᠯᠭᠠᠰᠤ ᠳᠤᠷᠠᠰᠬᠠᠯ ᠲᠠᠢ ᠳᠠ
ᠬᠠᠩᠭᠠᠢ ᠶ᠋ᠢᠨ ᠳᠣᠷᠣᠨᠠᠲᠤ ᠨᠤᠲᠤᠭ ᠯᠠ ᠪᠠᠢᠨ᠎ᠠ᠃
ᠡᠭᠦᠪᠡᠷ ᠲᠡᠭᠦᠪᠡᠷ ᠤᠷᠤᠰᠤᠭᠰᠠᠨ ᠳᠠ
ᠤᠢᠵᠡᠨ ᠰᠠᠪᠠᠭᠠᠨᠠᠭ ᠤ᠋ᠨ ᠭᠣᠣᠯ ᠲᠠᠢ ᠳᠠ
ᠦᠷᠭᠦᠯᠵᠢ ᠰᠤᠳᠠᠯ ᠤ᠋ᠨ ᠪᠠᠶᠠᠯᠢᠭ ᠲᠠᠢ ᠳᠠ
ᠦᠢᠷᠡᠮᠡᠭ ᠨᠤᠷᠠᠩᠭᠢ ᠠᠰᠬ᠎ᠠ ᠲᠠᠢ ᠳᠠ
ᠦᠰᠦᠯᠢᠭ ᠣᠯᠠᠨ ᠠᠩ ᠲᠠᠢ ᠳᠠ
ᠦᠨᠡᠨ ᠰᠠᠢᠬᠠᠨ ᠠᠭᠤᠯᠠ ᠯᠠ ᠪᠠᠢᠨ᠎ᠠ᠃
ᠲᠡᠷᠡᠯᠵᠢ ᠪᠤᠷᠭᠠᠰᠤᠨ ᠰᠢᠭᠤᠢ ᠲᠠᠢ ᠳᠠ
ᠲᠡᠭᠡᠷᠮ᠎ᠡ ᠶ᠋ᠢᠨ ᠴᠢᠯᠠᠭᠤᠨ ᠳᠤᠷᠠᠰᠬᠠᠯ ᠲᠠᠢ ᠳᠠ
ᠲᠡᠷᠲᠡᠭᠡ ᠪᠠᠷᠠᠭᠤᠨ ᠲᠠᠯ᠎ᠠ ᠳ᠋ᠤ᠌ ᠨᠢ ᠪᠣᠯ
ᠲᠡᠭᠡᠳ᠋ᠦ᠍ ᠬᠠᠢᠷᠬᠠᠨ ᠠᠭᠤᠯᠠ ᠲᠠᠢ ᠳᠠ
ᠲᠡᠭᠰᠢ ᠲᠠᠯᠠᠪᠠᠢ ᠳᠡᠨᠵᠢ ᠲᠠᠢ ᠳᠠ
ᠲᠡᠨᠢᠭᠦᠨ ᠠᠭᠤᠳᠠᠮ ᠬᠠᠩᠭᠠᠢ ᠯᠠ ᠪᠠᠢᠨ᠎ᠠ᠃
ᠬᠥᠭᠡᠨ᠎ᠡ ᠲᠠᠷᠮᠤ ᠶ᠋ᠢᠨ ᠢᠷᠭᠠᠢ ᠨᠢ ᠪᠣᠯ
ᠬᠥᠪᠴᠢᠨ ᠤᠯᠤᠰ ᠲᠤ᠌ ᠪᠠᠨ ᠠᠯᠳᠠᠷ ᠲᠠᠢ ᠳᠠ
ᠬᠥᠨᠳᠡᠯᠡᠨ ᠬᠥᠬᠡ ᠯᠡ ᠡᠭᠦᠯᠡ ᠲᠠᠢ ᠳᠠ
ᠬᠥᠬᠥᠬᠡ᠂ ᠥᠪᠥᠭᠡᠯᠵᠢ ᠳᠣᠩᠭᠣᠳᠤᠭᠰᠠᠨ ᠳᠠ
ᠬᠥᠬᠡ ᠮᠣᠩᠭᠣᠯ ᠤ᠋ᠨ ᠨᠤᠲᠤᠭ ᠳᠠ
ᠬᠥᠭᠡᠨ᠎ᠡ ᠬᠠᠨ ᠤ᠋ ᠮᠠᠭᠲᠠᠭᠠᠯ ᠡᠨᠡ ᠪᠠᠢᠨ᠎ᠠ᠃
Хөгнө хааны магтаал
Хаан буурал хангай л байна.
Хасаг улаан хадтай даа
Харанхуй бүргэл модтой доо
Хавчил жалга олонтой доо
Хамаг амьтан цугларсан даа
Халх монголын нутаг юм байна.
Алаг эрээн асгатай даа
Агуй хонгил элбэгтэй дээ
Ариун сайхан арцтай даа
Аптан мөнгөн эрдэнэтэй дээ
Араатан гөрөөс олонтой доо
Аглаг өндөр хангай л байна.
Ирмэг хянган нуруунд нь бол
Ирвэс шилүүс шивээлмээр дээ
Идэр зулзага яргайтай даа
Их, бага монголын баримжаатай
Ирсэн очсонд гайхагдсан даа
Ийм л сайхан уул юм байна.
Орой дээрээ овоотой доо
Олон зүгтээ бэлчээртэй дээ
Ой шугуй бүрхээстэй дээ
Оюун эрдэнийн баялагтай даа
Очир алмасын өнгөтэй дээ
Онцын сайхан хангай л байна.
Уушгин улаан цохионд нь бол
Усан болрын гоёлтой доо
Утаат болрын чимэгтэй дээ
Улаан сортой үнэгтэй дээ
Уран хэтүүр чонотой доо
Уудам сайхан уул байна.
Өөдөө ноцсон гал шиг дээ
Өцийж тогтсон хадтай даа
Өнгийж ургасан модтой доо
Өнхөрч ойчсон самартай даа
Өнгө бүрийн цэцэгтэй дээ
Өвгөн буурал хангай л байна.
Үнэт эрдэнийн баялаг нь бол
Үйлдвэр хөгжих нөөцтэй дээ
Үржил шимт хөрсөнд нь бол
Үр тариа ургадаг даа
Үзэсгэлэн бүгдээр төгөлдөр дөө
Үнэхээр сайхан хангай л байна.
Мангир мэхээр хоёр нь бол
Магнаг торго шиг алагласан даа
Мануул дорго хоёр нь бол
Мал сүрэг шиг олон доо
Мандах нар нь туяарсан даа
Манай монголын нутаг байна.
Зүүн талаас нь харвал
Зүрхэн улаан цохиотой доо
Зүр гурын хэвтэштэй дээ
Зүйл бүрийн эрдэнэтэй дээ
Зүгээр уултай адилгүй дээ
Зүйргүй сайхан хангай л байна.
Өвөр талаас нь харвал
Өвгөн балгасын дурсгалтай даа
Өвс бэлчээр баялагтай даа
Өвөлжөө хаваржаа олонтой доо
Өрөхтийн ахын өрштэй дээ
Өгөөмөр баян хангай л байна.
Баруун талаас нь харвал даа
Бадмаараг эрдэнийн сантай даа
Бараан тунирын модтой доо
Байд их л хадтай даа
Бадам лянхуан өнгөтэй дөө
Байгалийн дурсгалт уул л байна.
Хажуу талаас нь харвал
Хайлаас улиас нөмөрсөн дөө
Харганы буйлс буталсан даа
Хад цохио арзайсан даа
Харанхуй хавцал өнгийсөн дөө
Хайрхан их л уул байна.
Сүүдэр талаас нь харвал
Сүндэрлэсэн өндөр цохиотой доо
Сүлжсэн олон амтай даа
Сүм суварган хэлбэртэй дээ
Сүр жавхлан төгөлдөр
Сүмбэр сайхан хангай л байна.
Ян улаан хаданд нь
Янгир ямаа нутагламаар даа
Яргай чаргай багширсан даа
Яшил зандан алагласан даа
Янз бүрийн ургамалтай даа
Ямар сайхан уул юм бэ?
Ерөнхий байдлы нь хэлбэл дээ
Ерийн уултай адилгүй дээ
Есөн эрдэнийн баялагтай даа
Ерхөг хялгана халиурсан даа
Ерөөж магтаад баршгүй дээ
Ер бус сайхан уул юм байна.
Зуны улирал ирэхэд
Зулзаган мод ногоорсон доо
Зүлэг нуга нь хөхөрсөн дөө
Зусланд нь айлууд ярайлцсан даа
Зугаа цэнгэлээр жаргасан даа
Зуншлага сайтай нутаг юм байна.
Намар болоод ирэхэд
Навчит мод нь магнагласан даа
Найгаж ганхсан ойтой доо
Налж унасан ногоотой доо
Намираа бороо ордог доо
Наагуур цаагуур үүлтэй дээ.
Өвөл цагийн үед нь
Өтөг бууц нь дулаахан даа
Өвс бэлчээр сайтай даа
Өтгөн балар шугуйтай даа
Өлөн зудыг үздэггүй дээ
Өнтэй сайхан нутаг л байна.
Хавар цагийн үед нь бол
Ханзарсан цас нь цоохортдог доо
Харз ус нь хоржигносон доо
Ханхлах агь нүдэлсэн дээ
Халтмар эрдэнэ гялалзсан даа
Харж ханашгүй уул л байна.
Харилан шарлин голтой доо
Хангидайн хаданд зурагтай даа
Хадаасан чин дагуултай даа
Хар хүрмэн хадтай даа
Хар бухын балгас дурсгалтай даа
Хангайн дорнод нутаг л байна.
Үүгээр түүгээр урссан даа
Үйзэн Саваангийн голтой доо
Үргэлж судлын баялагтай даа
Үйрмэг нуранги асгатай даа
Үслэг олон антай даа
Үнэн сайхан уул л байна.
Тэрэлж бургасан шугуйтай даа
Тээрмийн чулуун дурсгалтай даа
Тэртээ баруун талд нь бол
Тэхт хайрхан уултай даа
Тэгш талбай дэнжтэй дээ
Тэнүүн уудам хангай л байна.
Хөгнө тарнын яргай нь бол
Хөвчин улсдаа алдартай даа
Хөндлөн хөх л үүлтэй дээ
Хөхөө, өвөөлж донгодсон доо
Хөх монголын нутаг даа
Хөгнө хааны магтаал энэ байна.
