ᠲᠣᠰᠣᠯ᠂ ᠲᠣᠰᠣᠯ᠂ ᠲᠣᠰᠣᠯ – ᠳ ᠂ ᠰᠣᠳᠨᠠᠮᠳᠣᠷᠵᠢ Дусал ᠂ дусал ᠂ дусал – Д ᠂ Содномдорж
ᠲᠣᠰᠣᠯ᠂ ᠲᠣᠰᠣᠯ᠂ ᠲᠣᠰᠣᠯ
ᠳ ᠂ ᠰᠣᠳᠨᠠᠮᠳᠣᠷᠵᠢ
( ᠱᠣᠭ ᠰᠢᠯᠦᠭ)
ᠳᠤᠰᠤᠯ᠂ ᠳᠤᠰᠤᠯ᠂ ᠳᠤᠰᠤᠯ
ᠲᠣᠰᠴᠤ ᠪᠠᠢᠨ᠎ᠠ᠃
ᠲᠣᠰᠴᠤ ᠪᠠᠢᠨ᠎ᠠ᠃
ᠫᠣᠳ
ᠫᠣᠳ
ᠫᠣᠳ
ᠳᠤᠰᠤᠯ᠂ ᠳᠤᠰᠤᠯ᠂ ᠳᠤᠰᠤᠯ
ᠲᠣᠰᠴᠤ ᠪᠠᠢᠨ᠎ᠠ᠃
ᠲᠣᠰᠴᠤ ᠪᠠᠢᠨ᠎ᠠ᠃
ᠴᠣᠯ
ᠴᠣᠯ
ᠴᠣᠯ
ᠰᠠᠭᠠᠯᠢᠴᠢᠨ ᠤ᠋ ᠬᠤᠪᠢᠩ ᠤ᠋ᠨ ᠭᠠᠳᠠᠭᠤᠷ
ᠰᠦ ᠲᠣᠰᠴᠤ ᠪᠠᠢᠨ᠎ᠠ᠃
ᠰᠠᠭᠤᠴᠠᠨ ᠤ᠋ ᠭᠤᠤᠷᠰᠤᠨ ᠤ᠋ ᠨᠦᠬᠡ ᠪᠡᠷ
ᠤᠰᠤ ᠲᠣᠰᠴᠤ ᠪᠠᠢᠨ᠎ᠠ
ᠲᠥᠭᠡᠭᠡᠪᠦᠷᠢ ᠶ᠋ᠢᠨ ᠬᠣᠭᠣᠯᠠᠢ ᠠ᠋ᠴᠠ
ᠰᠢᠲᠠᠬᠤᠨ ᠲᠣᠰᠴᠤ ᠪᠠᠢᠨ᠎ᠠ᠃
ᠲᠦᠮᠡᠨ ᠲᠦᠮᠡᠨ ᠳᠤᠰᠤᠯ
ᠲᠡᠨᠳᠡ ᠡᠨᠳᠡ ᠦᠭᠡᠢ ᠲᠣᠰᠴᠤ ᠪᠠᠢᠨ᠎ᠠ᠃
ᠬᠠᠢᠷᠠᠨ ᠰᠦ ᠮᠢᠨᠢ
ᠬᠠᠢᠷᠠᠨ ᠤᠰᠤ ᠮᠢᠨᠢ
ᠬᠠᠢᠷᠠᠨ ᠰᠢᠲᠠᠬᠤᠨ ᠮᠢᠨᠢ ᠭᠡᠵᠦ
ᠬᠠᠢᠬᠤᠷᠴᠤ ᠦᠵᠡᠳᠡᠭ
ᠬᠠᠭᠠᠵᠤ ᠵᠣᠭᠰᠣᠭᠠᠳᠠᠭ
ᠬᠠᠯᠠᠭᠤᠨ ᠡᠯᠢᠭᠡᠳᠡᠨ
ᠬᠠᠮᠢᠭ᠎ᠠ ᠰᠠᠢ ᠦᠭᠡᠢ ᠪᠠᠢᠪᠠᠴᠤ
ᠬᠠᠢᠬᠤᠷᠴᠤ ᠦᠵᠡᠳᠡᠭ ᠦᠭᠡᠢ
ᠬᠠᠭᠠᠵᠤ ᠪᠣᠭᠣᠳᠠᠭ ᠦᠭᠡᠢ
ᠬᠠᠢᠷᠭᠤ ᠳᠣᠲᠣᠷᠲᠠᠨ
ᠬᠠᠮᠢᠭ᠎ᠠ ᠨᠢᠭᠡ ᠲᠡᠢ ᠪᠠᠢᠨ᠎ᠠ᠃
ᠳᠤᠰᠤᠭᠰᠠᠭᠠᠷ ᠰᠦ ᠮᠠᠨᠢ
ᠨᠠᠭᠤᠷ ᠰᠢᠭ᠋ ᠨᠡᠯᠦᠢᠵᠦ ᠮᠡᠳᠡᠨ᠎ᠡ᠃
ᠳᠤᠰᠤᠭᠰᠠᠭᠠᠷ ᠤᠰᠤ ᠮᠠᠨᠢ
ᠳᠠᠯᠠᠢ ᠰᠢᠭ ᠴᠠᠯᠠᠢᠵᠤ ᠮᠡᠳᠡᠨ᠎ᠡ᠃
ᠳᠤᠰᠤᠭᠰᠠᠭᠠᠷ ᠰᠢᠲᠠᠬᠤᠨ ᠮᠠᠨᠢ
ᠲᠤᠨ ᠪᠣᠯᠵᠤ ᠴᠤ᠌ ᠮᠡᠳᠡᠨ᠎ᠡ᠃
ᠳᠤᠰᠤᠭᠰᠠᠭᠠᠷ ᠳᠤᠰᠤᠭᠰᠠᠭᠠᠷ
ᠳᠠᠭᠤᠰᠴᠤ ᠪᠣᠯᠤᠨ᠎ᠠ᠃
ᠱᠦᠳᠡᠨᠵᠡ ᠶ᠋ᠢᠨ ᠲᠣᠯᠣᠭᠠᠢ ᠰᠢᠭ᠋
ᠰᠢᠭᠦᠳᠡᠷᠢ ᠶ᠋ᠢᠨ ᠳᠤᠰᠤᠭᠠᠯ ᠰᠢᠭ᠋
ᠭᠠᠭᠴᠠᠬᠠᠨ ᠰᠢᠷᠬᠡᠭ ᠳᠤᠰᠤᠯ
ᠭᠠᠵᠠᠷ ᠲᠤ ᠰᠢᠩᠭᠡᠨ᠎ᠡ ᠭᠡᠳᠡᠭ
ᠭᠠᠷᠤᠵᠠ ᠨᠢ ᠬᠡᠴᠢᠨᠡᠭᠡᠨ ᠪᠣᠯᠬᠤ ᠶ᠋ᠢ
ᠭᠠᠢ ᠨᠢ ᠬᠡᠴᠢᠨᠡᠬᠡᠨ ᠶᠡᠬᠡ ᠶ᠋ᠢ
ᠭᠠᠷᠭᠠᠵᠤ ᠵᠥᠭᠡᠭᠡᠬᠦ ᠶᠠᠭᠤᠮ᠎ᠠ ᠠᠯᠠᠭ᠎ᠠ᠃
ᠦᠨᠡᠨ ᠬᠡᠷᠡᠭ ᠳᠡᠭᠡᠷ᠎ᠡ ᠪᠡᠨ
ᠦᠨᠡᠲᠦ ᠠᠯᠲᠠ ᠳᠤᠰᠤᠯᠠᠵᠤ ᠪᠠᠢᠨ᠎ᠠ᠃
ᠮᠥᠨ ᠴᠢᠨᠠᠷ ᠳᠡᠭᠡᠷ᠎ᠡ ᠪᠡᠨ
ᠮᠥᠩᠭᠥ ᠲᠥᠭᠥᠷᠢᠭ ᠳᠤᠰᠤᠯᠠᠵᠤ ᠪᠠᠢᠨ᠎ᠠ᠃
ᠭᠠᠭᠴᠠ ᠵᠢᠵᠢᠭ ᠳᠤᠰᠤᠯ ᠢ᠋ᠶ᠋ᠠᠷ
ᠭᠠᠪᠢᠵᠤ ᠶᠠᠭᠤ ᠪᠠᠷᠠᠭᠳᠠᠬᠤ ᠪᠣᠢ?
ᠦᠷᠢᠯ ᠦ᠋ᠨ ᠴᠢᠨᠡᠭᠡ ᠳᠤᠰᠤᠯ ᠢ᠋ᠶ᠋ᠠᠷ
ᠦᠷᠡᠭᠳᠡᠵᠦ ᠶᠠᠭᠤ ᠬᠣᠷᠣᠭᠳᠠᠬᠤ ᠪᠣᠢ? ᠭᠡᠵᠦ
ᠰᠠᠨᠠᠭ᠎ᠠ ᠠᠮᠤᠷ ᠶᠠᠪᠤᠭᠴᠢᠳ
ᠬᠠᠷᠠᠭ᠎ᠠ ᠳᠡᠭᠡᠭᠦᠷ ᠶᠠᠷᠢᠬᠴᠢᠳ
ᠦᠨᠡᠨ ᠳ᠋ᠡᠭᠡᠨ ᠮᠠᠨ ᠤ᠋ ᠬᠥᠷᠥᠩᠭᠡ ᠶ᠋ᠢ
ᠦᠷᠡᠭᠳᠡᠬᠦ ᠲᠡᠢ ᠡᠯᠪᠡᠷᠢᠵᠦ ᠪᠠᠢᠨ᠎ᠠ᠃
ᠳᠤᠰᠤᠯ ᠢ᠋ᠶ᠋ᠠᠷ᠂ ᠳᠤᠰᠤᠯ ᠢ᠋ᠶ᠋ᠠᠷ᠂ ᠳᠤᠰᠤᠯ ᠢ᠋ᠶ᠋ᠠᠷ
ᠳᠤᠰᠤᠭᠰᠠᠭᠠᠷ ᠳᠤᠰᠤᠭᠰᠠᠭᠠᠷ ᠳᠤᠰᠤᠭᠰᠠᠭᠠᠷ᠂
ᠳᠤᠮᠳᠠᠷᠠᠭᠰᠠᠭᠠᠷ᠂ ᠳᠤᠮᠳᠠᠷᠠᠭᠰᠠᠭᠠᠷ᠂ ᠳᠤᠮᠳᠠᠷᠠᠭᠰᠠᠭᠠᠷ
ᠳᠠᠭᠤᠰᠤᠭᠰᠠᠭᠠᠷ᠂ ᠳᠠᠭᠤᠰᠤᠭᠰᠠᠭᠠᠷ᠂ ᠳᠠᠭᠤᠰᠤᠭᠰᠠᠭᠠᠷ
ᠴᠤᠭᠯᠠᠭᠤᠯᠤᠭᠰᠠᠨ ᠢ᠋ᠶ᠋ᠠᠨ ᠴᠤᠪᠤᠷᠭᠤᠯᠴᠠᠭᠠᠳ
ᠰᠠᠩ ᠢ᠋ᠶ᠋ᠠᠨ ᠪᠠᠭᠠᠰᠬᠠᠵᠤ
ᠰᠠᠪᠠ ᠪᠠᠨ ᠬᠠᠭᠠᠰᠯᠠᠵᠤ
ᠭᠠᠴᠢᠭᠳᠠᠵᠤ ᠳᠤᠲᠠᠭᠳᠠᠬᠤ ᠶ᠋ᠢᠨ
ᠭᠠᠢ ᠳ᠋ᠤ᠌ ᠣᠷᠣᠪᠠᠯ ᠶᠠᠭᠠᠬᠢᠨ᠎ᠠ?
ᠦᠵᠢᠷᠡᠬᠦ ᠶᠠᠭᠤᠮ᠎ᠠ ᠨᠢᠭᠡ ᠡᠴᠡ ᠭᠡᠳᠡᠭ
ᠡᠭᠦᠰᠬᠦ ᠶᠠᠭᠤᠮ᠎ᠠ ᠪᠠᠭ᠎ᠠ ᠠ᠋ᠴᠠ ᠭᠡᠳᠡᠭ
ᠨᠠᠷᠢᠨ ᠠ᠋ᠴᠠ ᠥᠷᠭᠡᠨ ᠪᠣᠯᠳᠠᠭ᠂
ᠨᠠᠮᠬᠠᠨ ᠠ᠋ᠴᠠ ᠥᠨᠳᠥᠷ ᠪᠣᠯᠳᠠᠭ
ᠪᠢᠳᠡ ᠴᠢᠨᠢ ᠲᠡᠷᠡ ᠰᠦ ᠪᠡᠨ
ᠳᠤᠰᠤᠯ ᠳᠤᠰᠤᠯ ᠢ᠋ᠶ᠋ᠠᠷ ᠨᠢ
ᠬᠤᠷᠠᠮᠳᠤᠭᠤᠯᠵᠤ ᠣᠯᠳᠠᠭ ᠶᠤᠮ᠃
ᠪᠢᠳᠡ ᠴᠢᠨᠢ ᠲᠡᠷᠡ ᠰᠢᠲᠠᠬᠤᠨ ᠢ᠋ᠶ᠋ᠠᠨ
ᠳᠤᠰᠤᠯ ᠳᠤᠰᠤᠯ ᠢ᠋ᠶ᠋ᠠᠷ ᠨᠢ
ᠬᠤᠳᠠᠯᠳᠤᠵᠤ ᠠᠪᠳᠠᠭ ᠶᠤᠮ᠂
ᠲᠡᠭᠦᠨ ᠳ᠋ᠦ᠍ ᠶᠡᠬᠡ ᠬᠥᠳᠡᠯᠮᠦᠷᠢ ᠣᠷᠣᠭᠰᠠᠨ᠃
ᠲᠦᠮᠡᠨ ᠪᠤᠮᠠᠨ ᠬᠥᠷᠥᠩᠭᠡ ᠵᠠᠷᠤᠭᠰᠠᠨ
ᠪᠠᠢᠭᠠᠯᠢ ᠡᠬᠡ ᠶ᠋ᠢᠨ ᠬᠡᠰᠢᠭ ᠪᠢᠯᠡ᠃
ᠪᠠᠵᠠᠭᠠᠵᠥ ᠠᠪᠤᠭᠰᠠᠨ ᠠᠰᠢᠭ ᠪᠢᠯᠡ᠃
ᠣᠯᠤᠭᠰᠠᠨ ᠢ᠋ᠶ᠋ᠠᠨ ᠦᠷᠴᠢᠭᠡᠳ ᠪᠠᠢᠪᠠᠯ
ᠣᠪᠣᠭᠠᠯᠠᠭᠰᠠᠨ ᠢ᠋ᠶ᠋ᠠᠨ ᠨᠤᠷᠭᠠᠴᠠᠭᠠᠳ ᠪᠠᠢᠪᠠᠯ
ᠣᠯᠬᠤ ᠶ᠋ᠢᠨ ᠤᠴᠢᠷ ᠶᠠᠭᠤ ᠪᠢᠯᠡ
ᠣᠪᠣᠭᠠᠯᠠᠬᠤ ᠶ᠋ᠢᠨ ᠤᠳᠬ᠎ᠠ ᠶᠠᠭᠤᠨ ᠳ᠋ᠤ᠌ ᠰᠠᠨ ᠪᠢᠯᠡ?
ᠠᠴᠢᠲᠤ ᠣᠷᠣᠨ ᠢ᠋ᠶ᠋ᠠᠨ ᠬᠥᠭᠵᠢᠭᠦᠯᠬᠦ ᠳ᠋ᠦ᠍
ᠠᠵᠠ ᠵᠢᠷᠭᠠᠯ ᠢ᠋ᠶ᠋ᠠᠨ ᠳᠡᠭᠵᠢᠭᠦᠯᠬᠦ ᠳ᠋ᠦ᠍
ᠪᠦᠬᠦᠨ ᠢ᠋ᠶ᠋ᠡᠨ ᠪᠢᠳᠡ ᠬᠠᠢᠷᠠᠯᠠᠬᠤ ᠶᠣᠰᠣᠲᠠᠢ
ᠪᠦᠭᠦᠳᠡ ᠪᠡᠨ ᠪᠢᠳᠡ ᠬᠠᠮᠠᠭᠠᠯᠠᠬᠤ ᠤᠴᠢᠷᠲᠠᠢ᠃
ᠪᠦᠲᠦᠯ ᠦᠭᠡᠢ ᠶᠠᠭᠤᠮ᠎ᠠ ᠠ᠋ᠴᠠ ᠪᠣᠯ
ᠬᠠᠭᠠᠴᠠᠢᠯᠠᠬᠤ ᠶᠣᠰᠣᠲᠠᠢ᠃
ᠪᠦᠷᠢᠯᠭᠡᠭᠴᠢ ᠡᠴᠡ ᠪᠣᠯ
ᠬᠠᠷᠠᠮᠯᠠᠬᠤ ᠤᠴᠢᠷᠲᠠᠢ᠃
ᠠᠯᠢᠪᠠ ᠪᠦᠬᠦᠨ ᠳ᠋ᠡᠭᠡᠨ
ᠠᠷᠢᠭ ᠭᠠᠮᠲᠠᠢ
ᠨᠢᠮᠪᠠᠢ ᠬᠠᠨᠳᠤᠵᠤ
ᠴᠢᠮᠪᠠᠢ ᠬᠠᠷᠢᠴᠠᠵᠤ
ᠨᠠᠨᠳᠢᠩᠨᠠᠨ ᠬᠠᠢᠷᠠᠯᠠᠵᠤ
ᠨᠠᠷᠢᠯᠠᠵᠤ ᠰᠢᠷᠠᠯᠠᠵᠤ
ᠡᠵᠡᠨ ᠦ᠌ ᠶᠣᠰᠣᠭᠠᠷ
ᠡᠯᠢᠭᠡ ᠲᠡᠢ ᠪᠠᠢᠬᠤ ᠶ᠋ᠢ
ᠠᠤᠭ᠎ᠠ ᠶᠡᠬᠡ ᠠᠮᠢᠳᠤᠷᠠᠯ
ᠠᠯᠬᠤᠮ ᠲᠤᠲᠤᠮ ᠰᠤᠷᠭᠠᠵᠤ ᠪᠠᠢᠨ᠎ᠠ᠃
ᠠᠮᠢᠳᠤᠷᠠᠯ ᠤ᠋ᠨ ᠡᠨᠡ ᠰᠤᠷᠭᠠᠯ ᠪᠣᠯ
ᠠᠯᠳᠠᠯ ᠦᠭᠡᠢ ᠳᠠᠭᠠᠬᠤ ᠰᠤᠷᠭᠠᠭᠤᠯᠢ ᠮᠥᠨ᠃
ᠳᠤᠰᠤᠯ᠂ ᠳᠤᠰᠤᠯ᠂ ᠳᠤᠰᠤᠯ
ᠲᠣᠰᠴᠤ ᠪᠠᠢᠨ᠎ᠠ᠃
ᠲᠣᠰᠴᠤ ᠪᠠᠢᠨ᠎ᠠ᠃
ᠫᠣᠳ
ᠫᠣᠳ
ᠫᠣᠳ
ᠳᠤᠰᠤᠯ᠂ ᠳᠤᠰᠤᠯ᠂ ᠳᠤᠰᠤᠯ
ᠲᠣᠰᠴᠤ ᠪᠠᠢᠨ᠎ᠠ᠃
ᠲᠣᠰᠴᠤ ᠪᠠᠢᠨ᠎ᠠ᠃
ᠴᠣᠯ
ᠴᠣᠯ
ᠴᠣᠯ
ᠳᠤᠰᠤᠯ ᠢ᠋ ᠬᠤᠷᠢᠶᠠᠵᠤ ᠳᠠᠯᠠᠢ ᠪᠣᠯᠭᠠᠶ᠎ᠠ!
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠩᠷᠢ ᠡᠵᠢ
ᠬᠢᠨᠠᠭ᠍ᠴᠢ : ᠰᠠᠷᠠᠨ᠎ᠠ
2024᠂ 2᠂ 2 ᠦᠨ ᠡᠳᠦᠷ
