ᠬᠠᠩᠭᠠᠢ ᠶ᠋ᠢᠨ ᠮᠠᠭᠲᠠᠭᠠᠯKhangain MAGTAALХангайн магтаал ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠩᠭᠠᠢ ᠶ᠋ᠢᠨ ᠮᠠᠭᠲᠠᠭᠠᠯKhangain MAGTAALХангайн магтаал

ᠬᠠᠩᠭᠠᠢ ᠶ᠋ᠢᠨ ᠮᠠᠭᠲᠠᠭᠠᠯKhangain MAGTAALХангайн магтаал

2024-02-24

648

ᠬᠠᠩᠭᠠᠢ ᠶ᠋ᠢᠨ ᠮᠠᠭᠲᠠᠭᠠᠯ


ᠬᠠᠩᠭᠠᠢ ᠬᠠᠭᠠᠨ ᠤ᠋  
ᠬᠦᠷᠢᠨ ᠬᠦᠳᠡᠷ ᠪᠠᠶᠠᠨ ᠵᠠᠭᠠᠯ ᠤᠤᠯ ᠨᠢ  
ᠰᠦᠮᠡᠯᠵᠡᠩᠬᠡᠨ ᠬᠠᠷᠠᠭᠳᠠᠭᠠᠳ  
ᠬᠠᠪᠴᠢᠯ ᠡᠬᠡ ᠪᠦᠷᠢ ᠡᠴᠡ ᠨᠢ  
ᠮᠥᠷᠡᠨ ᠳᠠᠯᠠᠢ ᠭᠣᠣᠯ ᠤ᠋ᠨ ᠤᠰᠤ ᠨᠢ  
ᠴᠡᠯᠡᠯᠵᠡᠩᠬᠡᠨ ᠤᠷᠤᠰᠤᠭᠠᠳ ᠪᠠᠢᠪᠠ ᠭᠡᠯ᠎ᠡ᠃ 
ᠡᠢᠮᠦ ᠦᠯᠵᠡᠢᠲᠡᠢᠬᠡᠨ ᠬᠠᠩᠭᠠᠢ ᠴᠢᠨᠢ  
ᠮᠠᠨ ᠤ᠋ ᠯᠠ ᠢᠳᠡᠷ ᠲᠡᠷᠬᠡᠢ ᠶ᠋ᠢᠨ  
ᠡᠪᠦᠭᠡᠨ ᠪᠤᠭᠤᠷᠤᠯ ᠪᠠᠶᠠᠨ ᠬᠠᠩᠭᠠᠢ ᠯᠠ  
ᠨᠤᠲᠤᠭ ᠮᠢᠨᠢ ᠠ᠋᠃
ᠥᠷᠥᠭᠡᠯᠳᠡᠭᠡᠳ ᠲᠠᠯᠪᠢᠭᠰᠠᠨ ᠮᠣᠷᠢᠨ ᠳ᠋ᠤ᠌ ᠨᠢ 
ᠥᠯᠥᠨ ᠪᠣᠷᠭᠣᠷ᠎ᠠ ᠡᠯᠪᠡᠭᠲᠡᠢᠬᠡᠨ
ᠥᠨᠥᠴᠢᠨ ᠪᠠᠭᠤᠷᠠᠢ ᠠᠮᠢᠲᠠᠨ ᠳ᠋ᠤ᠌ ᠪᠠᠨ
ᠥᠷᠦᠰᠢᠶᠡᠯᠲᠡᠢᠬᠡᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠩᠭᠠᠢ ᠬᠠᠭᠠᠨ ᠤ᠋
ᠭᠤᠨᠳᠠᠭ᠎ᠠ ᠰᠢᠷ᠎ᠠ ᠨᠢᠷᠤᠭᠤᠨ ᠳ᠋ᠤ᠌
ᠪᠠᠷᠢᠨ ᠲᠦᠰᠢᠨ ᠭᠠᠷᠪᠠᠯ ᠳᠠ
ᠭᠤᠷᠪᠠᠨ ᠲᠣᠬᠣᠢ ᠬᠤᠷᠴᠠ ᠲᠣᠣᠷᠠᠢ ᠮᠣᠳᠣ ᠨᠢ
ᠳᠥᠷᠥᠭᠡ ᠵᠢᠷᠤᠨ ᠱᠠᠭᠢᠨ ᠭᠠᠩᠬᠤᠭᠠᠳ
ᠭᠤᠷᠪᠠᠯᠵᠢᠨ ᠵᠣᠣ ᠲᠠᠢ
ᠪᠣᠷᠣ ᠬᠠᠯᠵᠠᠨ ᠲᠠᠤᠯᠠᠢ ᠶ᠋ᠢ ᠴᠢᠨᠢ
ᠭᠤᠨᠠᠨ ᠬᠠᠷ᠎ᠠ ᠪᠦᠷᠭᠦᠳ ᠨᠢ
ᠠᠪᠤᠨ ᠰᠢᠭᠦᠷᠡᠨ ᠪᠠᠢᠪᠠ ᠭᠡᠯ᠎ᠡ᠃
ᠡᠢᠮᠦ ᠦᠯᠵᠡᠢᠲᠡᠢᠬᠡᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠭᠠᠪᠢᠶ᠎ᠠ ᠵᠠᠪᠢᠶ᠎ᠠ ᠭᠠᠰᠠᠷ ᠽᠠᠨᠳᠠᠨ
ᠬᠤᠰᠤ ᠬᠤᠰᠢ ᠬᠠᠢᠯᠠᠰᠤ ᠤᠯᠢᠶᠠᠰᠤ
ᠴᠢᠷᠭᠠᠢ ᠢᠷᠭᠠᠢ ᠰᠢᠷ᠎ᠠ ᠬᠠᠷ᠎ᠠ ᠮᠣᠳᠣ
ᠤᠬᠤᠨ᠎ᠠ ᠢᠰᠢᠭᠡ ᠲᠡᠮᠡᠭᠡᠨ ᠰᠡᠭᠦᠯ ᠪᠦᠭᠦᠳᠡ
ᠵᠢᠭᠳᠡᠷᠡᠨ ᠪᠦᠷᠬᠦᠭᠡᠳ ᠪᠠᠢᠪᠠ ᠭᠡᠯ᠎ᠡ᠃
ᠡᠢᠮᠦ ᠦᠯᠵᠡᠢᠲᠡᠢᠬᠡᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠷᠠᠩᠭᠤᠢ ᠬᠠᠷ᠎ᠠ ᠮᠣᠳᠣᠨ ᠳ᠋ᠤ᠌ ᠪᠠᠨ
ᠪᠠᠷᠢᠨ ᠳᠥᠰᠢᠨ ᠣᠷᠣᠨ ᠣᠴᠢᠪᠠᠯ ᠳᠠ
ᠬᠠᠨᠴᠤᠢ ᠲᠠᠢ ᠭᠠᠷ ᠤ᠋ᠨ ᠴᠢᠨᠡᠭᠡ
ᠬᠠᠷ᠎ᠠ ᠬᠠᠯᠢᠭᠤᠨ ᠬᠡᠷᠡᠮᠦ ᠨᠢ
ᠬᠠᠯᠢᠨ ᠳᠡᠭᠦᠯᠢᠭᠡᠳ
ᠬᠠᠯᠢᠭᠤᠨ ᠴᠠᠭᠠᠨ ᠪᠤᠭᠤ ᠨᠢ ᠬᠠᠷᠠᠢᠯᠳᠠᠭᠠᠳ
ᠮᠢᠨᠵᠢ ᠶ᠋ᠢᠨ ᠣᠯᠠᠨ ᠰᠤᠭᠤ ᠶ᠋ᠢ ᠪᠡᠨ
ᠳᠠᠭᠠᠭᠤᠯᠪᠠ ᠭᠡᠯ᠎ᠡ
ᠡᠢᠮᠦ ᠰᠠᠢᠬᠠᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠩᠭᠠᠢ ᠬᠠᠭᠠᠨ ᠤ᠋ ᠪᠠᠷᠠᠭᠤᠬᠠᠨ ᠲᠠᠯ᠎ᠠ ᠳ᠋ᠤ᠌ ᠨᠢ
ᠪᠠᠷᠢᠨ ᠲᠦᠰᠢᠨ ᠭᠠᠷᠪᠠᠯ ᠳᠠ
ᠪᠠᠷᠰ᠂ ᠢᠷᠪᠢᠰ᠂ ᠪᠠᠭᠠᠪᠠᠭᠠᠢ᠂ ᠰᠢᠯᠦᠭᠦᠰᠦ
ᠪᠠᠷᠬᠢᠷᠠᠯᠳᠤᠨ ᠨᠣᠴᠣᠯᠳᠤᠭᠠᠳ ᠯᠠ ᠪᠠᠢᠪᠠ ᠭᠡᠯ᠎ᠡ᠃
ᠡᠢᠮᠦ ᠰᠠᠢᠬᠠᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠩᠭᠠᠢ ᠬᠠᠭᠠᠨ ᠤ᠋ ᠵᠡᠭᠦᠬᠡᠨ ᠲᠠᠯ᠎ᠠ ᠶ᠋ᠢ ᠨᠢ
ᠪᠠᠷᠢᠨ ᠳᠥᠰᠢᠨ ᠭᠠᠷᠪᠠᠯ ᠳᠠ
ᠵᠦᠷ ᠭᠤᠷ᠎ᠠ ᠵᠥᠷᠢᠯᠳᠦᠭᠡᠳ
ᠵᠦᠢᠯ ᠵᠦᠢᠯ ᠦ᠋ᠨ ᠠᠮᠢᠲᠠᠨ ᠪᠤᠵᠢᠭᠢᠨᠠᠭᠠᠳ
ᠲᠠᠷᠪᠠᠭ᠎ᠠ ᠵᠣᠷᠮ᠎ᠠ ᠨᠢ ᠲᠠᠴᠢᠭᠢᠨᠠᠭᠠᠳ ᠪᠠᠢᠳᠠᠭ
ᠲᠠᠷᠠᠴᠢ ᠪᠤᠷᠭᠢ ᠨᠣᠴᠣᠯᠳᠤᠭᠠᠳ ᠪᠠᠢᠪᠠ ᠭᠡᠯ᠎ᠡ᠃
ᠡᠢᠮᠦ ᠰᠠᠢᠬᠠᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠩᠭᠠᠢ ᠬᠠᠢᠷᠠᠬᠠᠨ ᠤ᠋
ᠬᠠᠵᠠᠭᠤᠬᠠᠨ ᠲᠠᠯ᠎ᠠ ᠶ᠋ᠢ ᠨᠢ
ᠪᠠᠷᠢᠨ ᠳᠥᠰᠢᠨ ᠭᠠᠷᠪᠠᠯ ᠳᠠ
ᠬᠠᠷ᠎ᠠ ᠬᠠᠯᠵᠠᠨ ᠲᠡᠭᠡ ᠢᠮᠠᠭᠠᠨ
ᠬᠥᠷ ᠡᠴᠡ ᠨᠢ ᠬᠠᠷᠭᠤᠯᠳᠤᠨ ᠵᠥᠷᠢᠯᠳᠦᠭᠡᠳ
ᠬᠠᠯᠵᠠᠨ ᠴᠠᠭᠠᠨ ᠠᠷᠭᠠᠯᠢ ᠤᠭᠠᠯᠵᠠ ᠨᠢ
ᠪᠠᠭᠰᠢᠷᠠᠭᠠᠳ ᠪᠠᠢᠳᠠᠭ ᠭᠡᠯ᠎ᠡ᠃
ᠡᠢᠮᠦ ᠰᠠᠢᠬᠠᠨ ᠬᠠᠩᠭᠠᠢ ᠮᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠩᠭᠠᠢ ᠬᠠᠭᠠᠨ ᠤ᠋ ᠰᠤᠭᠤ ᠰᠤᠳᠠᠭ ᠥᠭᠡᠳᠡ ᠨᠢ
ᠥᠭᠰᠥᠭᠡᠳ ᠬᠠᠷᠠᠪᠠᠯ ᠳᠠ
ᠰᠤᠤ᠂ ᠬᠠᠯᠢᠭᠤ᠂ ᠰᠤᠤᠰᠠᠷ᠂ ᠪᠤᠯᠠᠭ᠎ᠠ
ᠮᠢᠨᠵᠢ ᠶ᠋ᠢᠨ ᠰᠤᠭᠤ᠂
ᠮᠡᠭᠡᠵᠢ ᠪᠣᠳᠣᠩ᠂ ᠮᠡᠬᠡᠷ ᠦ᠋ᠨ ᠪᠣᠷᠣ
ᠡᠯᠪᠡᠭᠲᠡᠢᠬᠡᠨ ᠪᠠᠢᠪᠠ ᠭᠡᠯ᠎ᠡ᠃
ᠡᠢᠮᠦ ᠰᠠᠢᠬᠠᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃
ᠬᠠᠩᠭᠠᠢ ᠬᠠᠭᠠᠨ ᠤ᠋
ᠠᠮᠠ ᠪᠦᠷᠢ ᠶ᠋ᠢ ᠨᠢ ᠬᠠᠷᠠᠪᠠᠯ ᠳᠠ
ᠷᠠᠰᠢᠶᠠᠨ ᠲᠠᠮᠢᠷ ᠨᠢ ᠬᠠᠩᠬᠤᠯᠤᠭᠰᠠᠨ
ᠠᠷᠪᠠᠨ ᠵᠦᠭ ᠦ᠋ᠨ ᠬᠥᠮᠦᠨ ᠠᠮᠢᠲᠠᠨ ᠤ᠋
ᠠᠷᠬᠠᠭ ᠡᠪᠡᠳᠴᠢᠨ ᠢ᠋ ᠡᠳᠡᠭᠡᠭᠡᠭᠰᠡᠨ
ᠠᠷᠪᠢᠨ ᠪᠠᠶᠠᠨ ᠬᠠᠩᠭᠠᠢ ᠴᠢᠨᠢ
ᠮᠠᠨ ᠤ᠋ ᠯᠠ ᠢᠳᠡᠷ ᠲᠡᠷᠬᠡᠢ ᠶ᠋ᠢᠨ
ᠡᠪᠦᠭᠡᠨ ᠪᠤᠭᠤᠷᠤᠯ ᠪᠠᠶᠠᠨ ᠬᠠᠩᠭᠠᠢ ᠯᠠ
ᠨᠤᠲᠤᠭ ᠮᠢᠨᠢ ᠠ᠋᠃

Хангайн магтаал
   

Хангай хааны
Хүрэн хүдэр баян
Загал уул нь
Сүүмэлзэнхэн харагдаад
Хавчил эх бүрээс нь
Мөрөн далай
Голын ус нь
Цэлэлзэнхэн урсаад байв гэлээ.
Ийм өлзийтэйхэн хангай чинь
Манайлаа Идэр
Тэрхийн Өвгөн буурал
Баян хангайлаа
Нутаг минь ээ.
Өрөөлдөөд тавьсан моринд нь
Өлөн боргоор элбэгтэйхэн
Өнчин буурай амьтандаа
Өршөөлтэйхэн хангай чинь
Манайлаа Идэр Тэрхийн
Өвгөн буурал Баян хангай лаа
Нутаг минь ээ.
Хангай хааны
Гундаа шар нуруунд
Барин түшин гарвал даа
Гурван тохой
Хурц тоорой мод нь
Дөрөө зуран
Шаагин ганхаад
Гурвалжин зоотой
Бор халзан туулайгий чинь
Гунан хар бүргэд нь
Аван шүүрэн байв гэлээ.
Иймээ өлзийтэйхэн хангай чинь
Манайлаа Идэр Тэрхийн
Өвгөн буурал Баян хангай лаа.
Нутаг минь ээ.
Гавьяа завьяа
Гасар зандан
Хус хуш Хайлаас улиас
Чаргай яргай
Шар хар мод
Ухна ишиг
Тэмээн сүүл
Бүгд жигдрэн
Бүрхээд байв гэлээ.
Иймээ өлзийтэйхэн хангай чинь
Манайлаа Идэр Тэрхийн
Өвгөн буурал Баян хангай лаа
Нутаг минь ээ.
Харанхуй хар модондоо
Барин түшин орон очвол доо
Ханцуйтай гарын чинээ
Хар халиун хэрэм нь
Халин дүүлээд
Халиун цагаан буга нь харайлдаад
Минжийн олон согоогоо
Дагуулав гэлээ
Иймээ сайхан хангай чинь
Манайлаа Идар Тэрхийн
Өвгөн буурал Баян хангай лаа.
Нутаг минь ээ.
Хангай хааны
Баруухан талд нь
Барин түшин гарвал даа
Бар, ирвэс, баавгай, шилүүс
Бархиралдан ноцолдоод л байв гэлээ.
Иймээ сайхан хангай чинь
Манайлаа Идэр Тэрхийн
Өвгөн буурал Баян хангай лаа
Нутаг минь ээ.
Хангай хааны зүүхэн талы нь
Барин түшин гарвал даа
Зүр гур зөрөлдөөд
Зүйл зүйлийн амьтан бужигнаад
Тарвага зурам нь
Тачигнаад байдаг
Тарч бурхи
Ноцолдоод байв гэлээ.
Иймээ сайхан хангай чинь
Манайлаа Идэр Тэрхийн
Өвгөн буурал баян хангай лаа
Нутаг минь ээ.
Хангай хайрханы хажуухан талы нь
Барин түшин гарвал даа
Хар халзан тэх
Ямаан гөрөөс нь
Харгалдан зөрөлдөөд
Халзан цагаан аргал угалз нь
Багшраад байдаг гэлээ.
Иймээ сайхан хангай минь
Манайлаа Идэр Тэрхийн
Өвгөн буурал Баян хангай лаа
Нутаг минь ээ.
Хангай хааны суга судаг өөд нь
Өгсөөд харвал даа
Суу, халиу. суусар, булга
Минжийн согоо, мэгж бодон
Мэхээрийн бор Элбэгтэйхэн байв гэлээ.
Иймээ сайхан хангай чинь
Манайлаа Идэр Тэрхийн
Өвгөн буурал Баян хангай лаа
Нутаг минь ээ.
Хангай хааны
Ам бүрий нь харвал даа
Рашаан тамир нь ханхалсан
Арван зүгийн хүн амьтны
Архаг өвчнийг эдгээсэн
Арвин баян хангай чинь
Манайлаа Идэр Тэрхийн
Өвгөн буурал Баян хангай лаа
Нутаг минь ээ.