ᠳᠥᠷᠪᠡᠨ ᠮᠥᠷᠲᠦ ᠰᠢᠯᠦᠭ – ᠭᠡ᠊ ᠂ ᠰᠠᠮᠫᠢᠯᠳᠠᠨᠳᠠᠪ Дөрвөн мөрт шүлэг – Г ᠂ Сампилдандав ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠮᠥᠷᠲᠦ ᠰᠢᠯᠦᠭ – ᠭᠡ᠊ ᠂ ᠰᠠᠮᠫᠢᠯᠳᠠᠨᠳᠠᠪ Дөрвөн мөрт шүлэг – Г ᠂ Сампилдандав

ᠳᠥᠷᠪᠡᠨ ᠮᠥᠷᠲᠦ ᠰᠢᠯᠦᠭ – ᠭᠡ᠊ ᠂ ᠰᠠᠮᠫᠢᠯᠳᠠᠨᠳᠠᠪ Дөрвөн мөрт шүлэг – Г ᠂ Сампилдандав

ᠠᠩᠭᠢᠯᠠᠯ:ᠬᠣᠱᠣᠩ ᠱᠣᠭ
2024-02-23

313

ᠳᠥᠷᠪᠡᠨ ᠮᠥᠷᠲᠦ ᠰᠢᠯᠦᠭ


                      ᠬᠡ‍᠂ ᠰᠠᠮᠫᠢᠯᠳᠡᠩᠳᠡᠪ 
                           ( ᠱᠣᠭ ᠰᠢᠯᠦᠭ)  

 ᠰᠠᠷᠬᠤᠳ ᠤ᠋ᠨ ᠰᠢᠷᠡᠭᠡᠨ ᠳ᠋ᠦ᠍ ᠬᠠᠨᠢ ᠪᠣᠯᠤᠭᠠᠴᠢ ᠭᠡᠵᠦ 
 ᠰᠠᠶᠢᠬᠠᠨ ᠨᠢᠭᠡ ᠨᠢ ᠨᠠᠮ᠎ᠠ ᠶ᠋ᠢ ᠤᠷᠢᠪᠠ᠃  
 ᠠᠷᠢᠬᠢᠨ ᠤ᠋ ᠬᠣᠣᠷ ᠤ᠋ᠨ ᠲᠤᠬᠠᠢ ᠰᠣᠨᠢᠨ ᠳ᠋ᠤ᠌ ᠪᠢᠴᠢᠭᠡᠳ 
 ᠠᠪᠤᠭᠰᠠᠨ ᠱᠠᠩᠨᠠᠯ ᠢ᠋ᠶ᠋ᠠᠷ ᠢ᠋ᠶ᠋ᠠᠨ ᠳᠠᠢᠯᠠᠬᠤ ᠭᠡᠪᠡ᠃  
  
         ※※※ 

 ᠵᠢᠷᠪᠢᠰ ᠬᠠᠷᠠᠭᠠᠳ ᠲᠠᠨᠢᠯ ᠮᠢᠨᠢ ᠪᠤᠷᠤᠭᠤᠯᠠᠰᠬᠢᠨ ᠣᠳᠤᠯ᠎ᠠ᠃  
 ᠵᠢᠭᠡᠯᠡᠭᠰᠡᠨ ᠲᠥᠭᠥᠷᠢᠭ ᠢ᠋ᠶ᠋ᠡᠨ ᠨᠠᠳᠠ ᠳ᠋ᠤ᠌ ᠥᠭᠭᠦᠭᠡ ᠦᠭᠡᠢ ᠶᠠᠪᠤᠭ᠎ᠠ ᠨᠢ ᠰᠠᠨᠠᠭᠳᠠᠯ᠎ᠠ᠃  
 ᠥᠪᠡᠷ ᠦ᠋ᠨ ᠬᠢᠨᠢ ᠨᠡᠷ᠎ᠡ ᠨᠢ ᠬᠣᠷᠢᠬᠠᠨ ᠲᠥᠭᠥᠷᠢᠭ ᠦ᠋ᠨ ᠦᠨᠡᠲᠡᠢ ᠶᠦᠮ ᠪᠣᠯ 
 ᠥᠷᠢ ᠪᠡᠨ ᠨᠡᠬᠡᠨ᠎ᠡ ᠭᠡᠵᠦ ᠨᠠᠳᠠ ᠠ᠋ᠴᠠ ᠵᠢᠭᠤᠲᠠᠬᠤ ᠶ᠋ᠢᠨ ᠬᠡᠷᠡᠭ ᠶᠠᠭᠤᠨ?  

         ※※※  

 ᠠᠮᠢᠲᠠᠨ ᠰᠦᠢᠳᠪᠡᠯ ᠬᠢᠯᠢᠨᠴᠡ ᠭᠡᠳ ᠨᠢᠭᠡᠨ ᠰᠦᠰᠦᠭᠲᠡᠨ 
 ᠠᠷᠢᠶᠠᠲᠠᠨ ᠴᠢᠨᠣ᠎ᠠ ᠶ᠋ᠢ ᠬᠠᠪᠬᠠᠨ ᠳ᠋ᠤ᠌ ᠪᠠᠢᠬᠤ ᠳ᠋ᠤᠨᠢ ᠰᠤᠯᠠᠯᠠᠵᠠᠢ᠃ 
 《 ᠥᠷᠥᠰᠢᠶᠡᠯ》 ᠬᠦᠷᠲᠡᠭᠰᠡᠨ ᠥᠯᠥᠨ ᠴᠢᠨᠣ᠎ᠠ ᠲᠡᠷᠡ ᠳᠣᠣᠷ᠎ᠠ ᠪᠠᠨ 
 ᠥᠪᠡᠷ ᠦ᠋ᠨ ᠬᠢᠨᠢ ᠬᠣᠨᠢ ᠤᠷᠤᠭᠤ ᠳᠠᠭᠠᠷᠢᠭᠠᠳ ᠣᠷᠣᠵᠠᠢ᠃  

         ※※※  

 ᠬᠠᠶᠠ ᠲᠡᠷᠡ ᠬᠤᠳᠠᠯᠳᠤᠭᠴᠢ 
 ᠬᠠᠷᠢᠭᠤᠯᠲᠠ ᠶ᠋ᠢ ᠮᠢᠨᠢ ᠳᠤᠲᠠᠭᠤ ᠥᠭᠭᠦᠨ᠎ᠡ᠃  
 ᠪᠤᠰᠤᠳ ᠲᠤ ᠬᠠᠨᠳᠤᠬᠤ ᠢᠲᠡᠭᠡᠯ ᠢ᠋ ᠮᠢᠨᠢ 
 ᠪᠤᠲᠠᠷᠬᠠᠢ ᠮᠥᠩᠭᠥ ᠲᠡᠢ ᠴᠣᠭ ᠬᠢᠮᠤᠰᠤᠯᠠᠨ᠎ᠠ᠃  
 
          ※※※ 
 
 ᠲᠥᠯ ᠪᠦᠷᠢ ᠶ᠋ᠢ ᠮᠠᠯ ᠪᠣᠯᠭ᠎ᠠ ᠭᠡᠵᠦ 
 ᠲᠥᠪ ᠡᠴᠡ ᠢᠷᠡᠭᠰᠡᠨ ᠲᠥᠯᠥᠭᠡᠯᠡᠭᠴᠢ ᠶᠠᠷᠢᠵᠠᠢ᠃  
 ᠬᠤᠷᠠᠯ ᠲᠠᠷᠬᠠᠭᠰᠠᠨ ᠤ᠋ ᠳᠠᠷᠠᠭ᠎ᠠ ᠪᠠᠷ 
 ᠬᠤᠷᠠᠭᠠᠨ ᠤ᠋ ᠠᠷᠠᠰᠤ ᠶ᠋ᠢ ᠰᠤᠷᠬᠠᠯᠠᠵᠠᠢ᠃     
 
         ※※※  
 
 ᠠᠢᠯ ᠳ᠋ᠤ᠌ ᠣᠷᠣᠬᠤ ᠭᠡᠲᠡᠯ᠎ᠡ ᠵᠠᠭᠤᠳᠠᠭ ᠨᠣᠬᠠᠢ ᠨᠢ ᠬᠤᠴᠠᠪᠠ᠃  
 ᠠᠶᠤᠯᠭᠠᠬᠤ ᠰᠠᠨᠠᠭ᠎ᠠ ᠲᠠᠢ ᠵᠠᠩᠳᠤᠷᠲᠠᠯ᠎ᠠ ᠤᠯᠠᠮ ᠠᠷᠬᠢᠷᠠᠨ ᠳᠠᠭᠠᠷᠢᠪᠠ᠃  
 ᠠᠷᠭ᠎ᠠ ᠪᠠᠷᠠᠭᠳᠠᠨ ᠬᠣᠷᠮᠣᠢ ᠪᠦᠲᠦᠨ ᠭᠠᠷᠬᠤ ᠶ᠋ᠢᠨ ᠲᠤᠯᠠ 
 ᠠᠪᠴᠤ ᠶᠠᠪᠤᠭᠰᠠᠨ ᠬᠦᠨᠡᠰᠦ ᠪᠡᠨ ᠬᠠᠶᠠᠵᠤ ᠥᠭᠭᠦᠨ ᠵᠢᠰᠤᠷᠳᠠᠪᠠ᠃  
 ᠬᠠᠶᠠᠵᠤ ᠥᠭᠭᠦᠭᠰᠡᠨ ᠢ᠋ ᠮᠢᠨᠢ ᠭᠠᠵᠠᠷ ᠬᠦᠷᠭᠡᠯ ᠦᠭᠡᠢ ᠡᠮᠬᠦᠴᠢᠭᠡᠳ 
 ᠬᠠᠷ᠎ᠠ ᠨᠣᠬᠠᠢ ᠨᠠᠳᠠ ᠳ᠋ᠤ᠌ ᠰᠡᠭᠦᠯ ᠬᠥᠳᠡᠯᠭᠡᠨ ᠡᠷᠬᠢᠯᠡᠪᠡ᠃  
 ᠬᠡᠯᠡ ᠮᠡᠳᠡᠬᠦ ᠦᠭᠡᠢ ᠨᠣᠬᠠᠢ ᠶ᠋ᠢ ᠥᠪᠡᠷ ᠲᠡᠭᠡᠨ ᠡᠢᠨ ᠬᠦ᠌ ᠳᠠᠰᠬᠠᠬᠠᠳ 
 ᠬᠡᠭᠡᠯᠢ ᠬᠠᠬᠤᠤᠯᠢ ᠨᠣᠬᠠᠢ ᠶ᠋ᠢᠨ ᠬᠣᠭᠣᠯᠠ ᠭᠡᠵᠦ ᠣᠢᠯᠭᠠᠪᠠ᠃ 

  《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠩᠷᠢ ᠡᠵᠢ 
      ᠬᠢᠨᠠᠭ᠍ᠴᠢ : ᠰᠠᠷᠠᠨ᠎ᠠ 
               2024᠂ 1᠂ 26  ᠦ᠌  ᠡᠳᠦᠷ