ᠤᠯᠠᠭᠠᠨᠪᠠᠭᠠᠲᠤᠷ ᠤᠨ ᠮᠠᠭᠲᠠᠭᠠᠯ Улаанбаатарын магтаал
ᠤᠯᠠᠭᠠᠨᠪᠠᠭᠠᠲᠤᠷ ᠤᠨ ᠮᠠᠭᠲᠠᠭᠠᠯ
ᠮᠥᠩᠭᠥᠨ ᠲᠤᠤᠯᠠ ᠶᠢ ᠡᠮᠵᠢᠭᠰᠡᠨ
ᠭᠠᠩᠭᠠᠩ ᠬᠣᠲᠠ ᠪᠠᠨ ᠮᠠᠭᠲᠠᠶ᠎ᠠ
ᠮᠥᠷᠡᠨ ᠭᠣᠣᠯ ᠤ᠋ᠨ ᠣᠨᠳᠣᠷᠣᠭ᠎ᠠ ᠰᠢᠭ᠋
ᠲᠡᠭᠦᠨ ᠦ᠌ ᠬᠥᠭᠵᠢᠯ ᠢ᠋ ᠪᠠᠬᠠᠳᠤᠶ᠎ᠠ᠃
ᠦᠶ᠎ᠡ ᠶ᠋ᠢᠨ ᠦᠶ᠎ᠡ ᠳ᠋ᠦ᠍ ᠳᠦᠩᠬᠦᠢᠭᠰᠡᠨ
ᠪᠣᠭᠳᠠ ᠠᠭᠤᠯᠠ ᠶ᠋ᠢᠨ ᠠᠷᠤ ᠳ᠋ᠤ᠌
ᠦᠷ᠎ᠡ ᠶ᠋ᠢᠨ ᠦᠷ᠎ᠡ ᠳ᠋ᠦ᠍ ᠰᠦᠨᠳᠡᠷᠯᠡᠬᠦ
ᠤᠯᠠᠭᠠᠨᠪᠠᠭᠠᠲᠤᠷ ᠬᠣᠲᠠ ᠮᠢᠨᠢ
ᠥᠨᠳᠥᠷ ᠪᠠᠷᠢᠯᠭ᠎ᠠ ᠨᠢ ᠵᠢᠭᠳᠡᠷᠡᠭᠰᠡᠨ
ᠥᠷᠭᠡᠨ ᠰᠠᠢᠬᠠᠨ ᠴᠢᠯᠥᠭᠡᠲᠡᠢ
ᠵᠠᠭᠤᠨ ᠲᠦᠮᠡ ᠪᠡᠷ ᠵᠢᠷᠢᠢᠭᠰᠡᠨ
ᠵᠤᠯᠵᠠᠭᠠᠨ ᠨᠣᠭᠣᠭᠠᠨ ᠮᠣᠳᠣ ᠲᠠᠢ
ᠠᠯᠠᠭ ᠴᠡᠴᠡᠭ ᠨᠠᠢᠭᠤᠭᠰᠠᠨ
ᠠᠩᠬᠢᠯᠤᠮ᠎ᠠ ᠰᠠᠢᠬᠠᠨ ᠦᠨᠦᠷ ᠲᠡᠢ
ᠠᠵᠢᠯᠴᠢ ᠲᠦᠮᠡᠨ ᠢ᠋ᠶ᠋ᠡᠨ ᠪᠠᠶᠠᠰᠤᠭᠤᠯᠤᠭᠰᠠᠨ
ᠠᠮᠠᠷᠠᠯᠲᠠ ᠴᠡᠩᠭᠡᠭᠡᠨ ᠦ᠌ ᠭᠠᠵᠠᠷ ᠲᠠᠢ
ᠮᠢᠩᠭᠠᠨ ᠪᠡᠭᠡᠷᠢ ᠶ᠋ᠢ ᠲᠣᠪᠴᠢᠯᠠᠳᠠᠭ
ᠬᠤᠷᠳᠤᠨ ᠬᠥᠯᠭᠡ ᠶ᠋ᠢᠨ ᠵᠣᠭᠰᠣᠭᠠᠯ ᠲᠠᠢ
ᠲᠦᠮᠡᠨ ᠦᠶ᠎ᠡ ᠳ᠋ᠦ᠍ ᠮᠥᠩᠬᠡᠷᠡᠬᠦ
ᠲᠡᠦᠬᠡ ᠱᠠᠰᠲᠢᠷ ᠶᠡᠬᠡ ᠲᠡᠢ
ᠰᠢᠯ ᠲᠣᠯᠢ ᠰᠢᠭ᠋ ᠭᠢᠯᠠᠯᠵᠠᠭᠰᠠᠨ
ᠮᠠᠰᠢᠨ ᠲᠧᠭᠨᠢᠭ ᠵᠥᠷᠢᠯᠳᠦᠭᠰᠡᠨ
ᠰᠢᠷᠬᠡᠭ ᠳᠠᠷᠠᠭᠠᠯᠠᠨ ᠵᠣᠬᠢᠴᠠᠭᠰᠠᠨ
ᠭᠡᠷᠡᠯ ᠦ᠋ᠨ ᠳᠣᠬᠢᠶ᠎ᠠ ᠰᠣᠯᠢᠯᠴᠠᠭᠰᠠᠨ
ᠠᠽᠢᠶ᠎ᠠ ᠲᠢᠪ ᠦ᠋ᠨ ᠴᠡᠭᠡᠵᠢᠨ ᠳ᠋ᠦ᠍
ᠣᠳᠣ ᠪᠣᠯᠵᠤ ᠢᠷᠠᠢᠭᠰᠠᠨ
ᠠᠷᠪᠢᠨ ᠳᠡᠯᠡᠬᠡᠢ ᠶ᠋ᠢᠨ ᠬᠠᠮᠢᠭ᠎ᠠ ᠴᠤ᠌
ᠲᠣᠳᠣ ᠨᠡᠷ᠎ᠡ ᠨᠢ ᠳᠠᠭᠤᠷᠢᠰᠤᠭᠰᠠᠨ
ᠠᠭᠤᠵᠢᠮ ᠰᠡᠳᠬᠢᠯᠲᠦ ᠲᠦᠮᠡᠨ ᠦ᠌
ᠢᠲᠡᠭᠡᠯ ᠵᠣᠷᠢᠭ ᠢ᠋ ᠪᠠᠳᠠᠷᠠᠭᠠᠭᠰᠠᠨ
ᠤᠯᠠᠭᠠᠨᠪᠠᠭᠠᠲᠤᠷ ᠬᠣᠲᠠ ᠮᠢᠨᠢ
ᠰᠡᠳᠬᠢᠯ ᠵᠢᠷᠦᠬᠡᠨ ᠳ᠋ᠦ᠍ ᠤᠶᠠᠭ᠎ᠠ ᠲᠠᠢ᠃
ᠰᠦᠨ ᠴᠠᠭᠠᠨ ᠰᠡᠳᠬᠢᠯᠲᠦ
ᠵᠥᠪᠯᠡᠯᠲᠦ ᠶᠡᠬᠡ ᠭᠦᠷᠦᠨ ᠲᠡᠢ
ᠠᠬᠠᠨ ᠲᠡᠭᠦᠰ ᠦ᠋ᠨ ᠬᠣᠯᠪᠣᠭ᠎ᠠ ᠲᠠᠢ
ᠰᠦᠮᠪᠦᠷ ᠥᠩᠭᠡᠲᠦ ᠴᠠᠮᠬᠠᠭ
ᠬᠥᠬᠡ ᠲᠩᠷᠢ ᠶ᠋ᠢ ᠮᠥᠷᠦᠯᠡᠭᠡᠰᠦᠲᠡᠢ
ᠤᠬᠠᠭᠠᠨᠲᠤ ᠵᠠᠩᠵᠤᠨ ᠰᠦᠬᠡ ᠶ᠋ᠢᠨ
ᠠᠭᠤᠵᠢᠮ ᠴᠡᠯᠡᠭᠡᠷ ᠲᠠᠯᠠᠪᠠᠢ ᠲᠠᠢ
ᠬᠥᠮᠦᠨ ᠦ᠌ ᠵᠢᠷᠭᠠᠯᠠᠩᠲᠤ ᠢᠷᠡᠭᠡᠳᠦᠢ
ᠬᠡᠦᠬᠡᠳ ᠪᠠᠭᠠᠴᠤᠳ ᠪᠠᠶᠠᠰᠤᠭ᠎ᠠ ᠲᠠᠢ
ᠬᠥᠯᠭᠡ ᠶ᠋ᠢᠨ ᠬᠤᠷᠳᠤ ᠪᠠᠷ ᠳᠡᠭᠦᠯᠢᠭᠰᠡᠨ
ᠬᠦᠰᠡᠯ ᠪᠦᠬᠦᠨ ᠲᠡᠮᠡᠦᠯᠦᠭᠡ ᠲᠡᠢ
ᠡᠢᠮᠦ ᠰᠠᠢᠬᠠᠨ ᠭᠦᠷᠦᠨ ᠦ᠌
ᠶᠡᠬᠡ ᠬᠥᠭᠵᠢᠯ ᠦ᠋ᠨ ᠲᠥᠪ᠃
ᠤᠯᠠᠭᠠᠨᠪᠠᠭᠠᠲᠤᠷ ᠬᠣᠲᠠ ᠪᠠᠨ
ᠮᠠᠭᠲᠠᠭᠠᠳ ᠮᠠᠭᠲᠠᠭᠠᠳ ᠳᠠᠭᠤᠰᠤᠰᠢ ᠦᠭᠡᠢ
ᠤᠯᠤᠰ ᠮᠣᠩᠭᠣᠯ ᠣᠷᠣᠨ ᠢ᠋ᠶ᠋ᠠᠨ
ᠪᠠᠬᠠᠳᠤᠭᠠᠳ ᠪᠠᠬᠠᠳᠤᠭᠠᠳ ᠪᠠᠷᠠᠰᠢ ᠦᠭᠡᠢ᠃
Улаанбаатарын магтаал
Мөнгөн Туулыг эмжсэн
Ганган хотоо магтъя
Мөрөн голын ундраа шиг
Түүний хөгжлийг бахадъя.
Үеийн үед дүнхийсэн
Богд уулын ард
Үрийн үрд сүндэрлэх
Улаанбаатар хот минь
Өндөр барилга нь жигдэрсэн
Өргөн сайхан чөлөөтэй
Зуун түмээр жирийсэн
Зулзаган ногоон модтой
Алаг цэцэг найгасан
Анхилам сайхан үнэртэй
Ажилч түмнээ баясуулсан
Амралт цэнгээний газартай
Мянган бээрийг товчилдог
Хурдан хөлгийн зогсоолтой
Түмэн үед мөнхрөх
Түүх шастир ихтэй
Шил толь шиг гялалзсан
Машин техник зөрөлдсөн
Ширхэг дараалан зохицсон
Гэрлийн дохио солилцсон
Ази тивийн цээжинд
Од болж ярайсан
Арвин дэлхийн хаана ч
Тод нэр нь дуурссан
Уужим сэтгэлт түмний
Итгэл зоригийг бадраасан
Улаанбаатар хот минь
Сэтгэл зүрхэнд уяатай.
Сүүн цагаан сэтгэлт
Зөвлөлт их гүрэнтэй
Ахан дүүсийн холбоотой
Сүмбэр өнгөт цамхаг
Хөх тэнгэрийг мөрлөөстэй
Ухаант жанжин
Сүхийн
Уужим цэлгэр талбайтай
Хүний жаргалант ирээдүй
Хүүхэд багачууд баясаатай
Хөлгийн хурдаар дүүлсэн
Хүсэл бүхэн тэмүүлээтэй
Ийм сайхан гүрний
Их хөгжлийн төв.
Улаанбаатар хотоо
Магтаад магтаад дуусашгүй
Улс монгол орноо
Бахдаад бахдаад баршгүй.
