ᠭᠤᠷᠪᠠᠨ ᠡᠳᠦᠷ – ᠠ‍ ᠂ ᠰᠡᠮᠪᠡᠯᠬᠥ᠋ᠨᠳᠦᠪ Гурван өдөр – А ᠂ Сэмбэлхүндэв ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠡᠳᠦᠷ – ᠠ‍ ᠂ ᠰᠡᠮᠪᠡᠯᠬᠥ᠋ᠨᠳᠦᠪ Гурван өдөр – А ᠂ Сэмбэлхүндэв

ᠭᠤᠷᠪᠠᠨ ᠡᠳᠦᠷ – ᠠ‍ ᠂ ᠰᠡᠮᠪᠡᠯᠬᠥ᠋ᠨᠳᠦᠪ Гурван өдөр – А ᠂ Сэмбэлхүндэв

ᠠᠩᠭᠢᠯᠠᠯ:ᠬᠣᠱᠣᠩ ᠱᠣᠭ
2024-02-22

320

ᠭᠤᠷᠪᠠᠨ ᠡᠳᠦᠷ


                           ᠠ‍᠂ ᠰᠡᠮᠪᠡᠯᠬᠥ᠋ᠨᠳᠦᠪ  
                              ( ᠱᠣᠭ ᠰᠢᠯᠦᠭ ᠭᠤᠷᠪᠠ) 

          ᠭᠤᠷᠪᠠᠳᠤᠭᠠᠷ ᠰᠠᠷ᠎ᠠ ᠶ᠋ᠢᠨ ᠳᠣᠯᠣᠭᠠᠨ ᠤ᠋ ᠡᠳᠦᠷ 

 ᠳ᠋ᠣᠣ ᠶ᠋ᠢ ᠳᠡᠯᠭᠡᠭᠦᠷ ᠲᠤ ᠣᠷᠣᠬᠤ ᠳ᠋ᠤ᠌ 
 ᠳᠣᠲᠣᠨᠣ ᠲᠠᠨᠢᠯ ᠨᠢ ᠲᠠᠭᠠᠷᠠᠯᠳᠤᠭᠠᠳ 
 — ᠠᠵᠢᠯ ᠳ᠋ᠠᠭᠠᠨ ᠣᠴᠢᠬᠤ ᠨᠢ ᠡᠨᠡ ᠤᠤ? ᠭᠡᠬᠦ ᠳ᠋ᠦ᠍ 
 — ᠠᠩᠵᠠᠭᠠᠢ ᠴᠢᠨᠢ ᠴᠢᠯᠥᠭᠡ ᠲᠡᠢ᠁ 
 ᠪᠠᠶᠠᠷ ᠤ᠋ᠨ ᠦᠶ᠎ᠡ ᠶ᠋ᠢᠨ ᠠᠵᠢᠯ ᠢ᠋ 
 ᠪᠠᠵᠠᠭᠠᠵᠤ ᠥᠭᠬᠦ ᠡᠴᠡ ᠪᠣᠯᠬᠤ ᠦᠭᠡᠢ  
 ᠬᠣᠷᠢᠨ ᠬᠡᠳᠦᠨ ᠬᠡᠦᠬᠡᠨ 
 ᠬᠣᠶᠠᠷ ᠡᠭᠡᠯᠵᠢ ᠪᠡᠷ ᠢᠷᠡᠨ᠎ᠡ ᠭᠡᠵᠦ 
 ᠥᠴᠥᠭᠡᠳᠦᠷ ᠣᠷᠣᠢ 
 ᠥᠨᠥᠬᠢ ᠮᠠᠨᠢ ᠬᠡᠯᠡᠭᠰᠡᠨ 
 ᠮᠢᠬ᠎ᠠ᠂ ᠰᠦ᠂ ᠰᠢᠬᠢᠷ 
 ᠮᠠᠰᠢ ᠶᠡᠬᠡ ᠪᠡᠯᠡᠳᠬᠦ ᠡᠴᠡ 
 ᠪᠣᠯᠬᠤ ᠦᠭᠡᠢ ᠪᠣᠯᠤᠭᠠᠳ ᠶᠠᠪᠤᠴᠢᠬᠠᠯ᠎ᠠ
 ( ᠪᠣᠳᠣᠵᠤ ᠲᠥᠯᠥᠪᠯᠡᠭᠰᠡᠨ ᠢ᠋ᠶ᠋ᠡᠷ ᠪᠣᠯᠪᠠᠯ) 
 ᠠᠷᠢᠬᠢ ᠳᠠᠷᠠᠰᠤ ᠤᠮᠳᠠᠭᠠᠨ 
 ᠠᠪᠳᠠᠷ᠎ᠠ ᠪᠠᠷ ᠠᠪᠬᠤ ᠠ᠋ᠴᠠ 
 ᠪᠤᠵᠠᠭᠠᠢ ᠲᠠᠷᠭᠤᠨ ᠮᠢᠬ᠎ᠠ ᠪᠠᠷ 
 ᠪᠤᠤᠵᠠ ᠴᠢᠮᠬᠢᠬᠦ ᠡᠴᠡ ᠭᠣᠷᠢᠬᠤ ᠦᠭᠡᠢ ᠨᠢ 
 ᠬᠣᠶᠠᠷ ᠵᠠᠭᠤᠭᠠᠳ ᠢ᠋ ᠴᠢᠮᠬᠢᠬᠦ ᠳ᠋ᠦ᠍ 
 ᠬᠣᠨᠣᠭ ᠤ᠋ᠨ ᠠᠵᠢᠯ ᠭᠠᠷᠤᠨ᠎ᠠ ᠳᠠ᠃  
 ᠡᠢᠮᠦ ᠶᠡᠬᠡ ᠠᠵᠢᠯ ᠳ᠋ᠤ᠌ 
 ᠡᠯᠵᠢᠭᠡ ᠰᠢᠭ ᠵᠢᠳᠬᠦᠬᠦ ᠡᠴᠡ ᠭᠡᠬᠦ ᠳ᠋ᠦ᠍ᠨᠢ 
 ᠬᠠᠨᠢ ᠪᠦᠯᠢ ᠳ᠋ᠡᠭᠡᠨ ᠶᠡᠬᠡ 
 ᠬᠠᠯᠠᠮᠵᠢᠲᠠᠢ ᠬᠥᠮᠦᠨ ᠪᠠᠢᠨ᠎ᠠ ᠰᠢᠦ ᠭᠡᠵᠦ 
 ᠳᠣᠲᠣᠨᠣ ᠶ᠋ᠢᠨ ᠲᠠᠨᠢᠯ ᠨᠥᠬᠥᠷ ᠨᠢ 
 ᠳᠣᠲᠣᠷ᠎ᠠ ᠪᠠᠨ ᠳ᠋ᠣᠣ ᠶ᠋ᠢ ᠮᠠᠭᠲᠠᠵᠠᠢ᠃ 

         ᠭᠤᠷᠪᠠᠳᠤᠭᠠᠷ ᠰᠠᠷ᠎ᠠ ᠶ᠋ᠢᠨ ᠨᠠᠢ᠍ᠮᠠᠨ ᠤ᠋ ᠡᠳᠦᠷ 

 — ᠢᠮᠠᠭᠠᠨ ᠤ᠋ ᠥᠷᠥᠭᠡᠯ ᠮᠢᠬ᠎ᠠ ᠴᠢᠨᠢ 
 ᠶᠠᠭᠠᠬᠢᠭᠠᠳ ᠭᠡᠰᠳᠡᠭ ᠦᠭᠡᠢ ᠡᠳ᠋ ᠪᠣᠢ 
 ᠬᠥᠮᠦᠨ《 ᠠᠮᠢᠲᠠᠨ》 ᠢᠷᠡᠪᠡᠯ 
 ᠬᠦᠵᠦᠭᠦᠦ ᠰᠡᠭᠡᠷ ᠡᠴᠡ ᠨᠢ ᠡᠬᠢᠯᠡᠭᠡᠳ 
 ᠬᠠ ᠭᠤᠶ᠎ᠠ ᠶ᠋ᠢ ᠨᠢ ᠴᠤ᠌ ᠬᠠᠮᠢᠶ᠎ᠠ ᠦᠭᠡᠢ 
 ᠬᠠᠪᠢᠷᠭ᠎ᠠ ᠰᠦᠪᠡᠷᠭᠡ ᠶ᠋ᠢ ᠨᠢ ᠬᠦᠷᠲᠡᠯ᠎ᠡ 
 ᠵᠠᠳᠠ ᠴᠠᠪᠴᠢᠭᠠᠳ ᠴᠢᠨᠠᠭᠠᠷᠠᠢ ᠭᠡᠵᠦ 
 ᠵᠠᠬᠢᠶᠠᠰᠤ ᠪᠢᠴᠢᠵᠦ ᠣᠷᠬᠢᠭᠠᠳ 
 ᠥᠷᠯᠥᠭᠡ ᠡᠷᠲᠡ ᠭᠠᠷᠤᠭᠰᠠᠨ ᠳ᠋ᠣᠣ 
 ᠡᠳᠦᠷ ᠳᠤᠮᠳᠠ ᠥᠩᠭᠡᠷᠡᠵᠦ ᠪᠠᠢᠬᠤ ᠳ᠋ᠤ᠌ 
 ᠨᠢᠭᠡᠨ ᠲᠠᠨᠢᠯ ᠤ᠋ᠨ ᠳ᠋ᠠᠭᠠᠨ ᠣᠴᠢᠬᠤ ᠰᠠᠨ 
 ᠨᠡᠷᠡᠯᠡᠬᠦ ᠪᠠᠢᠲᠤᠭᠠᠢ ᠨᠡᠬᠡᠭᠰᠡᠭᠡᠷ 
 ᠠᠶᠠᠭ᠎ᠠ ᠫᠢᠸᠣ ᠤᠤᠭᠤᠵᠤ ᠰᠠᠭᠤᠬᠤ ᠳ᠋ᠠᠭᠠᠨ 
 — ᠠᠪᠠᠭᠠᠢ ᠭᠡᠵᠦ ᠠᠪᠠᠭᠠᠢ ᠁ 
 ᠬᠠᠷᠠᠵᠠᠨ ᠤ᠋ ᠤᠰᠤ ᠰᠢᠭ᠋ 
 ᠲᠤᠩᠭᠠᠯᠠᠭ ᠬᠠᠷ᠎ᠠ ᠨᠢᠳᠦ ᠲᠡᠢ 
 ᠬᠠᠰ ᠡᠷᠳᠡᠨᠢ ᠰᠢᠭ 
 ᠲᠤᠶᠠᠭᠠᠷᠠᠭᠰᠠᠨ ᠴᠠᠭᠠᠨ ᠰᠢᠲᠦ ᠲᠡᠢ ᠭᠡᠵᠦ 
 ᠠᠪᠠᠭᠠᠢ ᠪᠠᠨ ᠮᠠᠭᠲᠠᠵᠤ ᠭᠠᠷᠬᠤ ᠳ᠋ᠤ᠌ 
 ᠠᠢᠯ ᠤ᠋ᠨ ᠡᠵᠡᠭᠲᠡᠢ ᠠᠮᠠ ᠨᠡᠭᠡᠭᠡᠵᠦ 
 — ᠳ᠋ᠣᠣ ᠴᠢᠨᠢ ᠬᠠᠷᠢᠨ ᠡᠬᠡᠨᠡᠷ ᠢ᠋ᠶ᠋ᠡᠨ 
 ᠳᠣᠷᠢᠭᠤᠨ ᠮᠠᠭᠲᠠᠳᠠᠭ ᠪᠣᠯᠵᠠᠢ ᠭᠡᠬᠦ ᠳ᠋ᠦ᠍ 
 — ᠥᠨᠥᠳᠥᠷ ᠯᠡ ᠮᠠᠭᠲᠠᠬᠤ ᠦᠭᠡᠢ ᠪᠣᠯ 
 ᠥᠭᠡᠷ᠎ᠡ ᠬᠡᠵᠢᠶ᠎ᠡ ᠮᠠᠭᠲᠠᠬᠤ ᠪᠢᠯᠡ ᠭᠡᠪᠡ᠃ 

         ᠭᠤᠷᠪᠠᠳᠤᠭᠠᠷ ᠰᠠᠷ᠎ᠠ ᠶ᠋ᠢᠨ ᠶᠢᠰᠦᠨ ᠦ᠌ ᠡᠳᠦᠷ 

 ᠪᠦᠬᠦ ᠨᠡᠢᠲᠡ ᠶ᠋ᠢᠨ ᠪᠠᠶᠠᠷ ᠢ᠋ᠶ᠋ᠠᠷ ᠴᠤ᠌
 ᠪᠦᠲᠦᠨ ᠠᠮᠠᠷᠠᠵᠤ ᠴᠢᠳᠠᠭᠰᠠᠨ ᠦᠭᠡᠢ 
 ᠠᠪᠠᠭᠠᠢ ᠶ᠋ᠢᠨ ᠠᠵᠢᠯ ᠳ᠋ᠤ᠌ ᠪᠠᠷᠢᠭᠳᠠᠭᠰᠠᠭᠠᠷ 
 ᠠᠯᠪᠠᠨ ᠳᠡᠭᠡᠷ᠎ᠡ ᠴᠤ᠌ ᠣᠴᠢᠭᠰᠠᠨ ᠦᠭᠡᠢ 
 ᠶᠢᠰᠦᠨ ᠦ ᠡᠳᠦᠷ ᠴᠤ᠌ ᠤᠭ ᠨᠢ
 ᠶᠡᠷᠦᠩᠬᠡᠢ ᠳ᠋ᠡᠭᠡᠨ ᠰᠢᠷ᠎ᠠ ᠲᠠᠢᠯᠳᠠᠭ 
 ᠭᠡᠯ᠎ᠡ ᠴᠤ᠌ ᠣᠴᠢᠬᠤ ᠦᠭᠡᠢ ᠪᠣᠯᠬᠣᠷ 
 ᠭᠡᠷ ᠲᠡᠭᠡᠨ ᠬᠡᠪᠲᠡᠭᠡ ᠪᠢᠵᠡ? ᠭᠡᠬᠦ ᠦᠭᠡᠢ 
 ᠥᠨᠥᠬᠢ ᠨᠡᠷᠡᠲᠦ ᠶ᠋ᠢ ᠪᠡᠨ 
 ᠥᠨᠵᠢᠨ ᠤᠤᠭᠤᠵᠠᠢ ᠭᠡᠬᠦ ᠪᠠᠢᠯᠭᠦᠢ᠃ 
 ᠭᠡᠲᠡᠯ᠎ᠡ ᠪᠢ ᠪᠣᠯᠤᠭᠰᠠᠨ ᠬᠣᠢᠨ᠎ᠠ 
 ᠭᠡᠷ ᠦ᠋ᠨ ᠠᠵᠢᠯ ᠳ᠋ᠤ᠌ ᠳᠠᠷᠤᠭᠳᠠᠵᠤ ᠰᠠᠭᠤᠨ᠎ᠠ 
 ᠠᠪᠠᠭᠠᠢ ᠬᠠᠷᠢᠨ ᠣᠷᠣᠨ ᠠ᠋ᠴᠠ ᠪᠠᠨ ᠪᠤᠰᠣᠯ ᠥᠬᠡᠢ 
 ᠠᠮᠤᠷ ᠲᠠᠢᠪᠤᠩ ᠤᠨᠲᠠᠵᠤ ᠪᠠᠢᠭ᠎ᠠ ᠭᠡᠵᠦ 
 ᠠᠢᠯ ᠳ᠋ᠠᠭᠠᠨ ᠳ᠋ᠣᠣ ᠁ ᠶᠠᠷᠢᠵᠤ ᠰᠠᠭᠤᠲᠠᠯ᠎ᠠ 
 ᠠᠵᠢᠯ ᠠ᠋ᠴᠠ ᠪᠠᠨ ᠠᠪᠠᠭᠠᠢ ᠨᠢ ᠢᠷᠡᠭᠡᠳ 
 — ᠭᠡᠷ ᠦ᠋ᠨ ᠲᠦᠯᠬᠢᠭᠦᠷ ᠠᠯᠢ ᠭᠡᠪᠡᠯ  
 《 ᠭᠡᠮ ᠦᠭᠡᠢ》 ᠳ᠋ᠣᠣ ᠤᠬᠤᠰᠬᠢᠯ᠎ᠡ ᠁  


《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠩᠷᠢ ᠡᠵᠢ 
      ᠬᠢᠨᠠᠭ᠍ᠴᠢ : ᠰᠠᠷᠠᠨ᠎ᠠ 
               2024᠂ 2᠂ 5  ᠦ᠌  ᠡᠳᠦᠷ