ᠠᠯᠳᠠᠷ ᠤᠨ ᠬᠡᠩᠬᠡᠭ – ᠵ ᠂ ᠰᠠᠩᠳᠠᠭᠠ Алдрын хэнхэг – З ᠂ Сандага
ᠠᠯᠳᠠᠷ ᠤᠨ ᠬᠡᠩᠬᠡᠭ
ᠠᠯᠳᠠᠷ ᠤ᠋ᠨ ᠬᠡᠩᠬᠡᠭ①
ᠵ᠂ ᠰᠠᠩᠲᠠᠭᠠ
( ᠱᠣᠭ ᠥᠭᠦᠯᠡᠯᠭᠡ)
ᠠᠵᠢᠯ ᠳ᠋ᠠᠭᠠᠨ ᠣᠴᠢᠬᠤ ᠪᠠᠷ ᠶᠠᠪᠤᠬᠤ ᠳ᠋ᠠᠭᠠᠨ ᠲᠠᠨᠢᠯ ᠲᠠᠢ ᠲᠠᠭᠠᠷᠠᠯᠳᠤᠨ ᠵᠠᠮ ᠨᠡᠢᠯᠡᠨ ᠠᠯᠬᠤᠪᠠ᠃ ᠪᠢᠳᠡᠨ ᠢ᠋ ᠨᠣᠮ ᠤ᠋ᠨ ᠳᠡᠯᠭᠡᠭᠦᠷ ᠦ᠋ᠨ ᠬᠣᠢᠲᠤ ᠥᠨᠴᠥᠭ ᠢ᠋ᠶ᠋ᠡᠷ ᠲᠣᠭᠣᠷᠢᠲᠠᠯᠠ ᠡᠮᠦᠨ᠎ᠡ ᠡᠴᠡ ᠭᠠᠷᠴᠤ ᠢᠷᠡᠭᠰᠡᠨ ᠣᠴᠣᠭᠣᠷ ᠬᠥᠮᠦᠨ ᠮᠢᠨᠦ ᠨᠥᠬᠥᠷ ᠢ᠋ ᠬᠠᠷᠠᠮᠠᠭᠴᠠ ᠡᠶᠡᠯᠳᠡᠭᠬᠡᠨ ᠢᠨᠢᠶᠡᠮᠰᠦᠭᠯᠡᠵᠦ ᠲᠣᠯᠣᠭᠠᠢ ᠪᠠᠨ ᠤᠨᠠᠭᠠᠴᠢᠬᠠᠬᠤ ᠰᠢᠬᠠᠨ ᠲᠣᠩᠭᠣᠰᠬᠢᠪᠡ᠃ ᠲᠠᠨᠢᠯ ᠮᠠᠨᠢ ᠬᠠᠷᠢᠭᠤ ᠮᠡᠨᠳᠦᠯᠡᠭᠡᠳ ᠵᠥᠷᠢᠬᠦ ᠳ᠋ᠡᠭᠡᠨ ᠭᠡᠨᠡᠳᠲᠡ ᠲᠦᠰᠬᠢᠲᠡᠯ᠎ᠡ ᠢᠨᠢᠶᠡᠳᠦ ᠠᠯᠳᠠᠪᠠ᠃
—《 ᠤᠬᠢᠯᠠᠬᠤ ᠶ᠋ᠢ ᠪᠤᠤ ᠠᠰᠠᠭᠤ᠂ ᠢᠨᠢᠶᠡᠬᠦ ᠶ᠋ᠢ ᠠᠰᠠᠭᠤ》 ᠭᠡᠳᠡᠭ ᠪᠢᠵᠡ ᠭᠡᠬᠦ ᠳ᠋ᠦ᠍ ᠲᠡᠷᠡ ᠬᠠᠷᠢᠭᠤ ᠡᠢᠨ ᠥᠭᠦᠯᠡᠷᠦᠨ᠄
— ᠡᠨᠡ ᠴᠦ᠍ ᠨᠠᠳᠠ ᠳ᠋ᠤ᠌ ᠭᠡᠮ ᠬᠢᠭᠡ ᠦᠭᠡᠢ ᠯᠡ ᠳᠡ ᠵᠠᠢᠯᠠᠭᠤᠯ! ᠭᠡᠬᠦ ᠳ᠋ᠡᠭᠡᠨ ᠯᠡ ᠬᠠᠷᠠᠬᠤ ᠪᠦᠷᠢ ᠳ᠋ᠡᠭᠡᠨ ᠥᠪᠡᠷ ᠦ᠋ᠨ ᠡᠷᠬᠡ ᠦᠭᠡᠢ ᠬᠥᠬᠡ ᠢᠨᠢᠶᠡᠳᠦ ᠬᠦᠷᠳᠡᠭ ᠶᠦᠮ᠃ ᠴᠢ ᠨᠠᠮ᠎ᠠ ᠶ᠋ᠢ ᠵᠡᠷᠡᠮᠳᠡᠭ ᠬᠥᠮᠦᠨ ᠢ᠋ ᠳᠣᠭᠣᠭᠢᠯᠠᠯᠠ ᠭᠡᠵᠦ ᠡᠭᠳᠡᠭᠦᠴᠡᠵᠦ ᠪᠠᠢᠨ᠎ᠠ ᠤᠤ? ᠦᠭᠡᠢ ᠬᠦ ᠪᠢ ᠴᠦ᠍ ᠲᠡᠢᠮᠦ ᠡᠷᠡᠭᠡ ᠴᠡᠭᠡᠷ ᠢ᠋ᠶ᠋ᠡᠨ ᠪᠠᠷᠠᠭᠰᠠᠨ ᠴᠠᠪᠳᠠᠭ ᠳᠣᠲᠣᠷ᠎ᠠ ᠲᠠᠢ ᠬᠥᠮᠦᠨ ᠪᠢᠰᠢ ᠰᠢᠦ! ᠪᠢ ᠶᠡᠬᠡᠳᠡ ᠭᠠᠢᠬᠠᠵᠤ᠄
— ᠲᠡᠭᠡᠭᠡᠳ ᠶᠠᠮᠠᠷ ᠤᠴᠢᠷ ᠲᠠᠢ ᠪᠢᠯᠡ ᠭᠡᠵᠦ ᠠᠰᠠᠭᠤᠪᠠ᠃
— ᠤᠴᠢᠷᠰᠠᠬᠤ ᠪᠠᠷ ᠭᠣᠴᠣ ᠭᠣᠢᠳᠠ ᠶᠠᠭᠤᠮ᠎ᠠ ᠦᠭᠡᠢ ᠯᠡ ᠳᠡ᠃《 ᠮᠡᠬᠡᠲᠦ ᠮᠡᠬᠡᠨ ᠳ᠋ᠡᠭᠡᠨ》 ᠭᠡᠳᠡᠭ ᠪᠣᠯᠤᠭᠰᠠᠨ ᠶᠤᠮ ᠭᠡᠳ ᠬᠡᠰᠡᠭ ᠴᠢᠮᠡᠭᠡ ᠦᠭᠡᠢ ᠶᠠᠪᠤᠭᠰᠠᠨ ᠢ᠋ᠶ᠋ᠠᠨ ᠦᠷᠭᠦᠯᠵᠢᠯᠡᠭᠦᠯᠦᠨ ᠥᠭᠦᠯᠡᠭᠰᠡᠨ ᠨᠢ᠄
— ᠪᠢ ᠠᠷᠪᠠᠭᠠᠳ ᠵᠢᠯ ᠦ᠋ᠨ ᠡᠮᠦᠨ᠎ᠡ ᠠᠪᠰᠠᠷᠬᠠᠨ ᠣᠷᠣᠨ ᠲᠣᠭ᠎ᠠ ᠲᠠᠢ᠂ ᠤᠷᠲᠤ ᠨᠡᠷ᠎ᠡ ᠲᠡᠢ ᠠᠯᠪᠠᠨ ᠪᠠᠢᠭᠤᠯᠭ᠎ᠠ ᠳ᠋ᠤ᠌ ᠠᠵᠢᠯᠯᠠᠵᠤ ᠪᠠᠢᠯ᠎ᠠ᠃ ᠪᠠᠰᠠᠩ ᠭᠠᠷᠠᠭ( ᠭᠠᠷᠠᠭ ᠤ᠋ᠨ ᠲᠠᠪᠤᠨ ᠤ᠋) ᠤᠨ ᠣᠷᠣᠢ ᠠᠵᠢᠯ ᠠ᠋ᠴᠠ ᠪᠠᠨ ᠲᠠᠷᠬᠠᠲᠠᠯᠠ《 ᠪᠦᠬᠦ ᠠᠵᠢᠯᠴᠢᠳ ᠠᠵᠢᠯ ᠤ᠋ᠨ ᠬᠤᠪᠴᠠᠰᠤ ᠲᠠᠢ ᠪᠡᠯᠡᠨ ᠴᠤᠭᠯᠠᠷᠠᠰᠤᠭᠠᠢ᠂ ᠨᠢᠭᠡ ᠴᠦ᠍ ᠬᠥᠮᠦᠨ ᠬᠣᠵᠢᠮᠳᠠᠵᠤ ᠦᠯᠦ ᠪᠣᠯᠤᠨ᠎ᠠ》 ᠭᠡᠰᠡᠨ ᠵᠠᠷᠯᠠᠯ ᠡᠯᠭᠦᠭᠡ ᠲᠡᠢ ᠬᠠᠷᠠᠭᠳᠠᠨ᠎ᠠ᠃
ᠮᠠᠷᠭᠠᠰᠢ ᠨᠢ ᠳᠤᠷᠠᠳᠤᠭᠰᠠᠨ ᠴᠠᠭ ᠲᠤ ᠵᠢᠭᠠᠭᠰᠠᠨ ᠭᠠᠵᠠᠷ ᠨᠢ ᠣᠴᠢᠯ᠎ᠠ᠃ ᠳᠠᠷᠤᠭ᠎ᠠ ᠮᠠᠨᠢ ᠺᠣᠨᠲ᠋ᠣᠷ ᠤ᠋ᠨ ᠢ᠋ᠶ᠋ᠠᠨ ᠡᠭᠦᠳᠡᠨ ᠳ᠋ᠦ᠍ ᠤᠭᠤᠴᠠ ᠪᠠᠨ ᠡᠭᠦᠷᠦᠨ ᠵᠣᠭᠰᠣᠵᠠᠢ᠃ ᠪᠢᠳᠡ ᠬᠣᠶᠠᠷ ᠲᠠᠢ ᠰᠠᠶᠢ ᠵᠥᠷᠢᠭᠰᠡᠨ ᠤᠭᠴᠤᠭᠤᠷ ᠰᠠᠩᠭᠢᠲᠤᠤ ᠲᠣᠮᠣ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠵᠦ᠂ ᠯᠤᠬᠠᠭᠠᠷ ᠴᠠᠭᠠᠨ ᠬᠦᠵᠦᠭᠦᠦ ᠪᠡᠨ ᠭᠢᠯᠵᠢᠢᠯᠭᠡᠨ ᠶᠠᠮᠠᠷ ᠨᠢᠭᠡᠨ ᠵᠦᠢᠯ ᠶᠠᠷᠢᠬᠤ ᠠᠵᠢ᠃ ᠲᠡᠷᠡ ᠴᠦ᠍ ᠨᠠᠳᠠ ᠶᠠᠮᠠᠷ ᠫᠠᠳ ᠪᠠᠢᠬᠤᠪ᠂ ᠠᠵᠢᠯ ᠤ᠋ᠨ ᠭᠠᠵᠠᠷ ᠤ᠋ᠨ ᠬᠢᠨ ᠮᠠᠨᠢ《 ᠡᠨᠡ ᠵᠢᠯ ᠦ᠋ᠨ ᠥᠷᠭᠡᠨ ᠰᠦᠪᠪᠦᠲᠨᠢᠺ ᠮᠥᠨ ᠴᠦ᠍ ᠶᠡᠬᠡ ᠰᠤᠨᠵᠤ ᠪᠠᠢᠨ᠎ᠠ ᠳᠠ᠂ ᠦᠷ᠎ᠡ ᠠᠰᠢᠭ ᠨᠢ ᠶᠠᠭᠤ ᠭᠠᠷᠴᠤ ᠪᠠᠢᠳᠠᠭ ᠪᠣᠯ》᠂《 ᠵᠠ ᠪᠤᠤ ᠮᠡᠳᠡ᠂ ᠣᠨᠴᠠᠭᠠᠢ ᠱᠠᠭᠠᠷᠳᠠᠯᠭ᠎ᠠ ᠥᠬᠡᠢ ᠶᠠᠭᠤᠮᠠᠨ ᠳ᠋ᠤ᠌ ᠬᠥᠷᠥᠩᠭᠡ ᠥᠷᠥᠵᠦ ᠴᠠᠭ ᠵᠠᠷᠤᠴᠠᠭᠤᠯᠤᠭᠠᠳ ᠪᠠᠢᠬᠤ ᠰᠢᠭ᠋ ᠰᠠᠨᠠᠭᠳᠠᠨ᠎ᠠ》 ᠭᠡᠬᠦ ᠵᠡᠷᠭᠡ ᠪᠡᠷ ᠰᠢᠪᠡᠷ ᠠᠪᠢᠷ ᠶᠠᠷᠢᠯᠴᠠᠨ᠎ᠠ᠃
ᠰᠡᠩᠭᠢᠲᠤᠤ ᠭᠡᠨᠡᠳᠲᠡ ᠴᠠᠭ ᠤᠷᠤᠭᠤ ᠪᠠᠨ ᠬᠢᠯᠠᠮᠬᠢᠵᠤ ᠳᠠᠷᠤᠭ᠎ᠠ ᠥᠭᠡᠳᠡ ᠬᠠᠷᠠᠨ ᠢᠨᠢᠶᠡᠵᠦ᠄《 ᠭᠦᠱᠢ ᠲᠠ ᠮᠢᠨᠢ ᠴᠠᠭ ᠠᠯᠳᠠᠬᠤ ᠨᠢ ᠪᠠᠢᠨ᠎ᠠ ᠰᠢᠦ! ᠬᠡᠳᠦᠨ ᠮᠢᠨᠦ᠋ᠲ ᠦ᠋ᠨ ᠡᠮᠦᠨ᠎ᠡ ᠴᠦ᠍ ᠠᠲᠤᠭᠠᠢ ᠬᠥᠳᠡᠯᠬᠦ ᠶᠤᠮᠰᠠᠨ!》 ᠭᠡᠳ ᠡᠢᠰᠢ ᠲᠡᠢᠰᠢ ᠬᠦᠯᠬᠦᠪᠡ᠃ ᠲᠡᠭᠦᠨ ᠲᠡᠢ ᠢᠵᠢᠯᠢ ᠲᠤᠰᠢᠶᠠᠯ ᠤ᠋ᠨ ᠬᠥᠮᠦᠰ《 ᠡᠨᠡ ᠶᠠᠭᠤ ᠴᠦ᠍ ᠪᠣᠢ ᠳᠠ᠂ ᠴᠠᠭ ᠪᠣᠯᠤᠭ᠎ᠠ ᠦᠭᠡᠢ ᠯᠡ ᠪᠠᠢᠨ᠎ᠠ》 ᠭᠡᠰᠡᠨ ᠶᠠᠩᠵᠤ ᠲᠠᠢ ᠬᠠᠷᠠᠵᠠᠭᠠᠨ᠎ᠠ᠃《 ᠲᠦᠷᠦᠭᠦᠴᠢ ᠨᠢ ᠬᠥᠳᠡᠯᠵᠦ ᠪᠠᠢᠪᠠᠯ ᠶᠠᠭᠠᠬᠢᠭᠰᠠᠨ ᠶᠤᠮ ᠳᠠᠷᠤᠭ᠎ᠠ ᠠ᠋!》 ᠭᠡᠳ ᠰᠡᠩᠭᠢᠲᠤᠤ ᠭᠤᠯᠪᠢᠯᠵᠠᠵᠤ ᠨᠠᠬᠢᠯᠵᠠᠵᠤ ᠪᠠᠢᠨ᠎ᠠ᠃
ᠳᠠᠷᠤᠭ᠎ᠠ《 ᠨᠠᠷᠢᠨ ᠪᠦᠷᠢᠳᠬᠡᠭᠡᠳ》 ᠲᠦᠳᠡᠭᠰᠡᠨ ᠴᠦ᠍ ᠦᠭᠡᠢ ᠠᠵᠤ ᠠᠬᠤᠢ ᠶ᠋ᠢᠨ ᠬᠠᠰᠢᠶᠠᠨ ᠳ᠋ᠤ᠌ ᠬᠦᠷᠦᠭᠡᠳ ᠢᠷᠡᠯ᠎ᠡ᠃《 ᠬᠢᠬᠦ ᠠᠵᠢᠯ ᠲᠣᠪ ᠲᠣᠳᠤᠷᠠᠬᠠᠢ᠂ ᠬᠠᠰᠢᠶ᠎ᠠ ᠥᠷᠭᠡᠳᠬᠡᠭᠰᠡᠨ ᠲᠡᠢ ᠬᠣᠯᠪᠣᠭᠳᠠᠭᠤᠯᠤᠨ ᠲᠦᠯᠡᠰᠢᠨ ᠦ᠌ ᠮᠣᠳᠣ ᠶ᠋ᠢ ᠰᠠᠬᠢᠭᠤᠯ ᠤ᠋ᠨ ᠭᠡᠷ ᠦ᠋ᠨ ᠰᠠᠯᠬᠢᠨ ᠳᠣᠣᠷ᠎ᠠ ᠬᠤᠷᠢᠶᠠᠨ᠎ᠠ》 ᠭᠡᠵᠦ ᠠᠵᠤ ᠠᠬᠤᠢ ᠶ᠋ᠢᠨ ᠳᠠᠷᠤᠭ᠎ᠠ ᠬᠡᠯᠡᠪᠡ᠃ ᠵᠠ ᠢᠩᠭᠢᠭᠡᠳ ᠯᠡ ᠪᠢᠳᠡ ᠶᠠᠭᠠᠬᠢᠬᠤᠪ ᠠᠵᠢᠯ ᠳ᠋ᠠᠭᠠᠨ ᠣᠷᠣᠯ᠎ᠠ᠃ ᠨᠠᠷᠢᠨ ᠮᠥᠴᠢᠷ ᠢ᠋ ᠨᠢ ᠬᠡᠦᠬᠡᠳ ᠦ᠋ᠳ ᠴᠢᠷᠦᠭᠡᠳ ᠡᠷᠡᠴᠦᠳ ᠪᠦᠳᠦᠭᠦᠨ ᠮᠣᠳᠣ ᠶ᠋ᠢ ᠳᠠᠮᠨᠠᠵᠤ ᠥᠩᠬᠥᠷᠢᠭᠦᠯᠵᠦ《 ᠨᠢᠭᠡ᠂ ᠬᠣᠶᠠᠷ᠂ ᠭᠤᠷᠪᠠ》 ᠭᠡᠵᠦ ᠳᠠᠭᠤ ᠨᠡᠢᠯᠡᠭᠦᠯᠵᠦ ᠡᠷᠪᠡᠢᠬᠦ ᠳᠡᠷᠪᠡᠢᠬᠦ ᠪᠡᠷ ᠢ᠋ᠶ᠋ᠡᠨ ᠬᠥᠳᠡᠯᠵᠡᠭᠡᠪᠡ᠃
ᠰᠡᠩᠭᠢᠲᠤᠤ ᠭᠡᠳᠡᠭ《 ᠪᠣᠢᠯᠠᠭᠰᠠᠨ ᠪᠦᠷᠭᠦᠳ》 ᠰᠢᠭ ᠰᠠᠢᠬᠠᠨ ᠡᠷ᠎ᠡ ᠲᠡᠨᠳᠡ ᠣᠴᠢᠵᠤ ᠬᠡᠦᠬᠡᠨ ᠪᠠᠷᠢᠵᠤ ᠠᠪᠴᠤ ᠴᠢᠷᠠᠯᠠᠭᠤᠯᠤᠨ᠂ ᠡᠨᠳᠡ ᠢᠷᠡᠵᠦ ᠡᠷᠡᠭᠲᠡᠢᠴᠦᠳ ᠦ᠋ᠨ ᠠᠵᠢᠯ ᠳ᠋ᠤ᠌ ᠰᠠᠭᠠᠳ ᠪᠣᠯᠵᠤ ᠡᠯᠳᠡᠪ ᠮᠠᠷᠵᠠᠩ ᠦᠭᠡ ᠶᠠᠷᠢᠵᠤ᠂ ᠰᠤᠷᠤᠭᠰᠠᠨ ᠵᠠᠩᠰᠢᠯ ᠢ᠋ᠶ᠋ᠠᠷ ᠢ᠋ᠶ᠋ᠠᠨ ᠪᠡᠶ᠎ᠡ ᠪᠡᠨ ᠣᠲᠣᠷᠯᠠᠨ( ᠬᠠᠢᠷᠠᠯᠠᠨ) ᠰᠡᠭᠦᠳᠡᠷ ᠪᠠᠷᠠᠳᠠᠵᠤ ᠰᠠᠭᠤᠨ᠎ᠠ᠃
ᠰᠠᠬᠢᠭᠤᠯ ᠡᠪᠦᠭᠡᠨ ᠴᠠᠢ ᠴᠢᠨᠠᠵᠤ᠂ ᠪᠢᠳᠡ ᠲᠦᠷ ᠵᠠᠭᠤᠷ᠎ᠠ ᠠᠮᠤᠰᠬᠢᠨ ᠬᠠᠯᠠᠭᠤᠨ ᠴᠠᠢ ᠣᠭᠣᠴᠢᠯᠠᠵᠤ᠂ ᠬᠦᠢᠲᠡᠨ ᠴᠠᠢ ᠵᠠᠯᠭᠢᠯᠠᠬᠤ ᠨᠢ ᠵᠠᠯᠭᠢᠯᠠᠵᠤ ᠪᠠᠢᠰᠢᠩ ᠤ᠋ᠨ ᠰᠡᠭᠦᠳᠡᠷ ᠲᠡᠭᠡᠨ ᠰᠠᠭᠤᠵᠠᠭᠠᠪᠠ᠃
ᠰᠡᠩᠭᠢᠲᠤᠤ ᠬᠦᠢᠲᠡᠨ ᠴᠠᠢ ᠴᠠᠢᠷᠠᠲᠠᠯᠠ( ᠴᠣᠨᠳᠣᠢᠲᠠᠯᠠ ᠵᠠᠯᠭᠢᠯᠠᠭᠰᠠᠨ ᠦᠭᠡᠢ᠂ ᠱᠠᠵᠠᠪ ᠲᠠᠲᠠᠪᠬᠢᠵᠤ ᠬᠠᠯᠠᠭᠤᠨ ᠴᠠᠢ ᠶ᠋ᠢ ᠣᠭᠣᠴᠢᠯᠠᠭᠰᠠᠨ ᠦᠭᠡᠢ᠂ ᠬᠠᠮᠤᠭ ᠤ᠋ᠨ ᠲᠡᠷᠢᠭᠦᠨ ᠤᠬᠤᠰᠬᠢᠵᠦ ᠠᠶᠠᠭᠠᠨ ᠤ᠋ ᠲᠣᠮᠣ ᠶ᠋ᠢ ᠰᠢᠭᠦᠷᠡᠵᠦ ᠠᠪᠤᠭᠠᠳ ᠪᠠᠷᠠᠭᠤᠨ᠂ ᠰᠣᠯᠣᠭᠠᠢ ᠭᠠᠷ ᠲᠠᠭᠠᠨ ᠬᠠᠯᠠᠭᠤᠨ ᠬᠦᠢᠲᠡᠨ ᠴᠠᠢ ᠲᠠᠢ ᠬᠣᠶᠠᠷ ᠳᠠᠩᠬᠤ ᠪᠠᠷᠢᠵᠤ ᠵᠡᠷᠭᠡ ᠲᠣᠩᠭᠣᠢᠯᠭᠠᠨ ᠵᠦᠭᠡᠭᠡᠰᠢᠭᠦᠯᠣᠭᠡᠳ ᠣᠯᠠᠨ ᠠ᠋ᠴᠠ ᠣᠨᠴᠠᠭᠠᠢᠷᠠᠵᠤ ᠪᠠᠢᠰᠢᠩ ᠤ᠋ᠨ ᠪᠤᠯᠤᠩ ᠳ᠋ᠤ᠌ ᠣᠴᠢᠵᠤ᠂ ᠴᠠᠭᠠᠰᠤ ᠳᠡᠪᠢᠰᠦᠨ ᠲᠤᠬᠠᠯᠠᠨ ᠰᠠᠭᠤᠪᠠ᠃ ᠲᠡᠭᠡᠬᠦ ᠳ᠋ᠡᠭᠡᠨ ᠴᠠᠭ ᠢ᠋ᠶ᠋ᠠᠨ ᠪᠠᠢᠨ ᠪᠠᠢᠨ ᠬᠠᠷᠠᠵᠤ ᠦᠶ᠎ᠡ ᠦᠶ᠎ᠡ ᠴᠢᠮᠡᠭᠡ ᠴᠢᠩᠨᠠᠵᠤ ᠵᠡᠯᠡᠬᠡᠨ( ᠪᠦᠯᠢᠶᠡᠨ) ᠴᠠᠢ ᠪᠠᠨ ᠤᠤᠭᠤᠵᠤ ᠳᠠᠭᠤᠰᠤᠭᠠᠳ ᠰᠡᠮᠡᠷᠬᠡᠨ ᠪᠣᠰᠴᠤ ᠬᠤᠷᠢᠶᠠᠯᠲᠠᠲᠠᠢ ᠲᠦᠯᠡᠭᠡᠨ ᠳᠡᠭᠡᠷ᠎ᠡ ᠭᠠᠷᠤᠭᠠᠳ ᠵᠣᠭᠰᠣᠴᠢᠬᠠᠯ᠎ᠠ᠃ ᠲᠡᠭᠡᠭᠰᠡᠨ ᠢ᠋ᠶ᠋ᠡᠨ ᠭᠡᠨᠡᠳᠲᠡ ᠨᠠᠪᠲᠠᠢᠵᠤ ᠲᠣᠭᠣᠰᠢ ᠪᠠᠭᠤᠨ ᠵᠤᠤᠬᠠᠨ ᠴᠢᠨᠡᠭᠡ ᠪᠦᠳᠦᠭᠦᠨ ᠮᠣᠳᠣᠨ ᠤ᠋ ᠳᠡᠷᠭᠡᠳᠡ ᠢᠷᠡᠪᠡ᠃
ᠳᠠᠷᠤᠭ᠎ᠠ ᠶ᠋ᠢᠨ ᠮᠠᠰᠢᠨ ᠴᠤ᠌ ᠬᠠᠰᠢᠶᠠᠨ ᠤ᠋ ᠬᠠᠭᠠᠯᠭ᠎ᠠ ᠪᠠᠷ ᠣᠷᠣᠵᠤ ᠢᠷᠡᠪᠡ᠃ ᠮᠠᠨᠢ ᠡᠷ᠎ᠡ ᠬᠣᠭᠣᠯᠠᠢ ᠪᠠᠨ ᠪᠦᠳᠦᠭᠦᠨ ᠵᠠᠰᠠᠵᠤ᠂ ᠳᠠᠷᠤᠭ᠎ᠠ ᠶ᠋ᠢ ᠮᠠᠰᠢᠨ ᠠ᠋ᠴᠠ ᠪᠠᠨ ᠭᠠᠷᠤᠮᠠᠭᠴᠠ᠄
— ᠬᠥᠶᠢ ᠲᠠ ᠮᠢᠨᠢ ᠠ᠋ ᠪᠣᠰᠤᠭᠠᠴᠢ᠂ ᠬᠥᠳᠡᠯᠦᠭᠡᠴᠢ᠂ ᠠᠵᠢᠯ ᠶᠠᠭᠠᠬᠢᠭ᠎ᠠ ᠴᠤ᠌ ᠦᠭᠡᠢ ᠪᠠᠢᠬᠤ ᠳ᠋ᠤ᠌ ᠴᠠᠢ ᠭᠦᠵᠡᠭᠡᠯᠡᠵᠦ᠂ ᠳᠡᠮᠡᠢ ᠶᠠᠷᠢᠭᠠᠳ ᠪᠠᠢᠳᠠᠭ ᠶᠠᠭᠠᠬᠢᠭᠰᠠᠨ ᠰᠠᠨᠠᠭ᠎ᠠ ᠵᠣᠪᠠᠲᠠᠭ ᠦᠭᠡᠢ ᠤᠯᠤᠰ ᠪᠣᠢ? ᠭᠡᠵᠦ ᠣᠷᠢᠯᠠᠳᠠᠭ ᠪᠠᠢᠨ᠎ᠠ᠃ ᠬᠡᠨ ᠴᠦ᠍ ᠲᠡᠭᠦᠨ ᠤ ᠦᠭᠡᠨ ᠳ᠋ᠦ᠍ ᠣᠷᠣᠵᠤ ᠪᠣᠰᠤᠭᠰᠠᠨ ᠦᠭᠡᠢ᠂ ᠳᠠᠷᠤᠭ᠎ᠠ ᠴᠤ᠌ ᠳᠥᠭᠥᠭᠡᠳ ᠢᠷᠡᠯ᠎ᠡ᠃ ᠰᠠᠩᠭᠢᠲᠤᠤ ᠶ᠋ᠢᠨ ᠲᠤᠩᠰᠠᠭ ᠴᠠᠭᠠᠨ ᠴᠢᠷᠠᠢ ᠶᠠᠭᠠᠷᠠᠵᠤ ᠶᠡᠬᠡᠳᠡ ᠬᠢᠯᠢᠩᠨᠡᠨ᠄
— ᠡᠢᠮᠦ ᠶᠠᠩᠵᠤ ᠲᠠᠢ ᠪᠠᠢᠪᠠᠯ ᠠᠵᠢᠯ ᠶᠠᠭᠠᠬᠢᠵᠤ ᠪᠦᠲᠦᠨ᠎ᠡ ᠭᠡᠵᠦ ᠠᠮᠠᠨ ᠳ᠋ᠠᠭᠠᠨ ᠦᠭᠡᠯᠡᠭᠡᠳ ᠭᠠᠷ ᠤ᠋ᠨ ᠢ᠋ᠶ᠋ᠠᠨ ᠠᠯᠠᠭ᠎ᠠ ᠶ᠋ᠢ ᠲᠦᠢ ᠭᠡᠮᠡᠨ ᠨᠤᠯᠮᠤᠵᠤ ᠨᠥᠭᠦᠭᠡ ᠪᠦᠳᠦᠭᠦᠨ ᠮᠣᠳᠣᠨ ᠤ᠋ ᠪᠤᠯᠤᠩ ᠠ᠋ᠴᠠ ᠪᠠᠷᠢᠵᠤ《 ᠢᠱᠢ ᠰᠢᠦ》 ᠭᠡᠳ ᠬᠦᠴᠦᠲᠡᠢ ᠡᠷᠭᠦᠭᠰᠡᠨ ᠢ᠋ᠶ᠋ᠡᠨ《 ᠶᠣ》 ᠭᠡᠵᠦ ᠳᠠᠭᠤ ᠠᠯᠳᠠᠵᠤ ᠰᠥᠬᠥᠷᠡᠵᠦ ᠣᠢᠴᠢᠪᠠ᠃ ᠮᠣᠳᠣ ᠲᠦᠰᠢᠨ ᠠᠷᠠᠢ ᠶᠠᠳᠠᠨ ᠪᠣᠰᠤᠭᠰᠠᠨ ᠢ᠋ᠶ᠋ᠠᠨ ᠳᠠᠭᠤ ᠠᠯᠳᠠᠵᠤ ᠭᠠᠷ ᠢ᠋ᠶ᠋ᠠᠨ ᠡᠪᠦᠳᠦᠭ ᠳᠡᠭᠡᠷ᠎ᠡ ᠪᠡᠨ ᠲᠠᠯᠪᠢᠨ ᠳᠠᠷᠤᠭ᠎ᠠ ᠥᠭᠡᠳᠡ ᠬᠠᠷᠠᠨ ᠢᠷᠪᠠᠢᠬᠤ ᠶ᠋ᠢᠨ ᠶᠡᠬᠡ ᠪᠡᠷ ᠢᠷᠪᠠᠢᠪᠠᠴᠤ ᠢᠨᠢᠶᠡᠵᠦ ᠬᠠᠷᠠᠭᠳᠠᠨ᠎ᠠ᠃《 ᠪᠠᠭᠠᠰᠢᠯᠠᠨ ᠵᠦᠴᠦᠭᠡᠯᠡᠬᠦ ᠳ᠋ᠡᠭᠡᠨ》 ᠭᠠᠷᠭᠤᠳᠠ ᠠᠪᠢᠶᠠᠰ ᠲᠠᠢ《 ᠭᠣᠢᠳᠠ ᠴᠢᠳᠠᠪᠤᠷᠢ》 ᠪᠠᠨ ᠦᠵᠡᠭᠦᠯᠵᠦ ᠪᠠᠢᠨ᠎ᠠ ᠭᠡᠵᠦ ᠪᠣᠳᠣᠭᠠᠳ ᠬᠡᠨ ᠴᠦ᠍ ᠠᠩᠵᠢᠶᠠᠷᠠᠭᠰᠠᠨ ᠦᠭᠡᠢ᠃ ᠪᠢᠳᠡ ᠯᠠ ᠠᠵᠢᠯ ᠳ᠋ᠠᠭᠠᠨ ᠣᠷᠣᠯ᠎ᠠ᠃ ᠳᠠᠷᠤᠭ᠎ᠠ ᠲᠡᠰᠢᠶ᠎ᠡ ᠲᠤᠯᠤᠨ ᠵᠣᠭᠰᠣᠨ᠎ᠠ᠃ ᠰᠡᠩᠭᠢᠲᠤᠤ ᠪᠠᠷᠢᠯᠳᠤᠬᠤ ᠪᠠᠷ ᠪᠠᠢᠭ᠎ᠠ ᠪᠥᠬᠡ ᠰᠢᠭ ᠬᠣᠶᠠᠷ ᠭᠠᠷ ᠢ᠋ᠶ᠋ᠠᠷ ᠢ᠋ᠶ᠋ᠠᠨ ᠡᠪᠦᠳᠦᠭ ᠢ᠋ᠶ᠋ᠡᠨ ᠳᠠᠷᠤᠨ ᠬᠥᠯ ᠢ᠋ᠶ᠋ᠡᠨ ᠴᠢᠷᠦᠨ ᠳᠠᠷᠤᠭ᠎ᠠ ᠤᠷᠤᠭᠤ ᠳᠥᠭᠥᠪᠡ᠃ ᠨᠢᠭᠡ ᠬᠠᠷᠠᠬᠤᠯᠠᠷ ᠨᠢᠭᠤᠷ ᠤ᠋ᠨ ᠬᠥᠯᠥᠰᠥ ᠨᠢ ᠴᠢᠮ ᠴᠢᠮ ᠲᠤᠰᠤᠯᠵᠤ ᠪᠠᠢᠨ᠎ᠠ᠃ ᠣᠢᠷ᠎ᠠ ᠶ᠋ᠢᠨ ᠬᠡᠳᠦᠨ ᠰᠠᠷ᠎ᠠ ᠭᠠᠷᠤᠭ᠎ᠠ ᠦᠭᠡᠢ᠂ ᠬᠥᠯᠥᠰᠥ ᠪᠡᠨ ᠭᠠᠷᠭᠠᠵᠤ ᠪᠣᠢ ᠲᠡᠭᠦᠨ ᠢ᠋ ᠳᠠᠷᠤᠭ᠎ᠠ ᠰᠠᠶᠢ ᠯᠠ ᠠᠵᠢᠭᠯᠠᠵᠤ᠄
— ᠨᠢᠷᠤᠭᠤᠨ ᠳ᠋ᠤ᠌ ᠴᠢᠨᠢ ᠶᠠᠭᠤᠮ᠎ᠠ ᠬᠠᠪᠴᠢᠭᠤᠯᠴᠢᠬᠠᠪᠠ ᠤᠤ? ᠭᠡᠵᠦ ᠠᠰᠠᠭᠤᠯ᠎ᠠ᠃
— ᠠ᠋ ᠶᠣ ᠶᠣ ᠳᠠᠷᠤᠭ᠎ᠠ ᠮᠢᠨᠢ! ᠮᠢᠬ᠎ᠠ ᠲᠠᠰᠤᠷᠠᠭᠰᠠᠨ ᠶᠤᠮ ᠤᠤ? ᠶᠠᠰᠤ ᠬᠤᠭᠤᠷᠠᠭᠰᠠᠨ ᠶᠤᠮ ᠤᠤ? ᠮᠥᠨ ᠴᠦ᠍ ᠶᠡᠬᠡ ᠡᠪᠡᠳᠴᠦ ᠪᠠᠢᠨ᠎ᠠ ᠭᠡᠳ ᠡᠮᠦᠨ᠎ᠡ ᠨᠢ ᠴᠠᠭᠠᠷᠢᠭᠯᠠᠨ ᠣᠢᠴᠢᠪᠠ᠃
— ᠶᠠᠭᠤᠨ ᠴᠦ᠍ ᠪᠣᠯᠭᠣᠮᠵᠢ ᠦᠭᠡᠢ ᠶᠦᠮ ᠳᠡ ᠶᠠᠮᠠᠷ ᠬᠡᠦᠬᠡᠳ ᠪᠢᠰᠢ ᠳᠡ!
— ᠪᠢ ᠴᠢᠨᠢ ᠶᠣᠰᠣᠲᠠᠢ ᠠᠵᠢᠯ ᠤ᠋ᠨ ᠬᠡᠩᠬᠡᠭ ᠨᠣᠪᠰᠢ ᠯᠠ ᠳᠠ! ᠲᠠᠷᠠᠨ ᠠ᠋ᠴᠠ ᠯᠠ ᠪᠣᠯᠵᠤ ᠪᠠᠢᠭᠠᠳ ᠡᠨᠡ ᠳᠡ! ᠭᠡᠵᠦ ᠶᠣᠣᠯᠠᠨ ᠮᠤᠰᠬᠢᠷᠠᠪᠠ᠃ ᠳᠠᠷᠤᠭ᠎ᠠ ᠬᠡᠰᠩ ᠴᠢᠮᠡᠭᠡ ᠦᠭᠡᠢ ᠪᠠᠢᠭᠰᠠᠨ ᠢ᠋ᠶ᠋ᠠᠨ ᠠᠵᠤ ᠠᠬᠤᠢ ᠶ᠋ᠢᠨ ᠳᠠᠷᠤᠭ᠎ᠠ ᠶ᠋ᠢ ᠳᠠᠭᠤᠳᠠᠵᠤ ᠰᠡᠩᠭᠢᠲᠤᠤ ᠶ᠋ᠢ ᠡᠮᠨᠡᠯᠭᠡ ᠳ᠋ᠦ᠍ ᠦᠵᠡᠭᠦᠯ ᠭᠡᠵᠦ ᠲᠤᠰᠢᠶᠠᠭᠠᠳ ᠶᠠᠪᠤᠭᠠᠳ ᠥᠭᠪᠡ᠃ ᠮᠠᠨ ᠤ᠋ ᠬᠢᠨ ᠦ᠌ ᠨᠢᠭᠡ ᠡᠪᠦᠭᠡᠨ ᠠᠵᠢᠯᠲᠠᠨ ᠰᠡᠩᠭᠢᠲᠤᠤ ᠶ᠋ᠢᠨ ᠳᠡᠷᠭᠡᠳᠡ ᠣᠴᠢᠵᠤ᠄
— ᠶᠠᠮᠠᠷ ᠰᠠᠢᠨ ᠪᠠᠢᠬᠤ ᠪᠣᠢ ᠳᠠ ᠬᠦᠦ ᠮᠢᠨᠢ᠃ ᠡᠭᠦᠷᠢᠳᠡ ᠡᠷᠡᠮᠳᠡᠭ ᠪᠣᠯᠵᠤ ᠮᠡᠳᠡᠨ᠎ᠡ ᠳᠠ᠃《 ᠠᠵᠢᠯ ᠤ᠋ᠨ ᠬᠡᠩᠬᠡᠭ》 ᠪᠣᠯ ᠠᠷᠠᠢ ᠡᠭᠦᠨ ᠳ᠋ᠡᠭᠡᠨ ᠬᠦᠷᠬᠦ ᠦᠭᠡᠢ ᠰᠠᠨ ᠳᠠ!《 ᠠᠯᠳᠠᠷ ᠤ᠋ᠨ ᠬᠡᠩᠬᠡᠭ》 ᠭᠡᠳᠡᠭ ᠡᠪᠡᠳᠴᠢᠨ ᠳᠠᠭᠠᠭᠠᠮᠵᠢᠷᠠᠬᠤ( ᠬᠦᠨᠳᠦᠷᠡᠬᠦ) ᠪᠡᠷ ᠢ᠋ᠶ᠋ᠡᠨ ᠡᠢᠮᠦ ᠪᠣᠯᠳᠠᠭ ᠪᠠᠢᠨ᠎ᠠ ᠳᠠ ᠬᠦᠦ ᠮᠢᠨᠢ ᠭᠡᠯᠡ ᠁ ᠮᠢᠨᠦ ᠢᠨᠢᠶᠡᠭᠰᠡᠨ ᠤᠴᠢᠷ ᠡᠢᠮᠦ ᠶᠦᠮ ᠳᠡ ᠭᠡᠪᠡ᠃
– – – –
① ᠭᠣᠷᠢᠯᠠᠨ ᠰᠢᠨᠤᠬᠤ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠠᠭᠠᠲᠤᠷ
ᠬᠢᠨᠠᠭ᠍ᠴᠢ : ᠰᠠᠷᠠᠨ᠎ᠠ
2024᠂ 2᠂ 2 ᠦᠨ ᠡᠳᠦᠷ
