《 ᠵᠠᠭᠤ 》 ᠳᠤ ᠢᠳᠡᠭᠦᠯᠦᠭᠰᠡᠨ ᠬᠥᠮᠦᠨ– ᠷ ᠂ ᠰᠠᠢᠵᠠᠭᠠ " Зуу " до идүүлсэн хүн – Р ᠂ Сайзага
《 ᠵᠠᠭᠤ 》 ᠳᠤ ᠢᠳᠡᠭᠦᠯᠦᠭᠰᠡᠨ ᠬᠥᠮᠦᠨ
《 ᠵᠠᠭᠤ》① ᠳ᠋ᠦ᠍ ᠢᠳᠡᠭᠦᠯᠦᠭᠰᠡᠨ ᠬᠥᠮᠦᠨ
ᠷ᠂ ᠰᠠᠢᠵᠠᠭᠠ
( ᠱᠣᠭ ᠥᠭᠦᠯᠡᠯᠭᠡ)
ᠣᠷᠣᠢ ᠠᠵᠢᠯ ᠲᠠᠷᠬᠠᠬᠤ ᠴᠠᠭ ᠪᠣᠯᠤᠭᠰᠠᠨ ᠪᠠᠢᠪᠠ᠃ ᠪᠠᠷᠰ᠂ ᠠᠯᠪᠠᠨ ᠤ᠋ ᠶᠠᠭᠤᠮ᠎ᠠ ᠬᠡᠦᠮ᠎ᠡ ᠪᠡᠨ ᠱᠦᠭᠦᠢ ᠳ᠋ᠦ᠍ ᠬᠢᠵᠦ ᠴᠣᠣᠵᠢᠯᠠᠭᠠᠳ ᠭᠡᠷ ᠤᠷᠤᠭᠤ ᠪᠠᠨ ᠭᠡᠯᠳᠦᠷᠢᠵᠡᠢ᠃
ᠬᠠᠭᠠᠯᠭᠠᠨ ᠤ᠋ ᠬᠣᠩᠬᠣ《 ᠴᠠᠷᠠᠩ》 ᠭᠡᠬᠦ ᠳᠠᠭᠤ ᠰᠣᠨᠣᠰᠳᠠᠨ᠎ᠠ᠂ ᠬᠠᠭᠠᠯᠭ᠎ᠠ ᠣᠩᠭᠣᠢᠯᠭᠠᠭᠰᠠᠨ ᠡᠷᠪᠡᠬᠡᠢ ᠳᠠᠪᠬᠤᠷᠭ᠎ᠠ ᠲᠠᠢ ᠠᠯᠠᠭ ᠨᠢᠳᠦ ᠪᠡᠨ ᠡᠷᠭᠢᠯᠳᠦᠭᠦᠯᠵᠦ ᠡᠷᠬᠡᠯᠡᠩᠭᠦᠢ ᠪᠡᠷ᠄
– ᠪᠢ ᠪᠠᠩᠰᠢ ᠬᠢᠭᠰᠡᠨ᠃
– ᠵᠠᠭᠤ ᠪᠣᠢ ᠤᠤ?
– ᠪᠠᠢᠯᠭᠦᠢ ᠶᠠᠭᠠᠬᠢᠬᠤᠪ᠃
– ᠮᠢᠨᠦ ᠠᠯᠠᠭ ᠨᠢᠳᠦᠨ ᠬᠡᠦᠬᠡᠨ《 ᠠᠪᠤ》 ᠶ᠋ᠢ ᠪᠡᠨ ᠶᠠᠮᠠᠷ ᠴᠤ᠌ ᠶᠠᠭᠤᠮ᠎ᠠ ᠪᠠᠷ ᠳᠤᠲᠠᠭᠤᠯᠵᠤ ᠭᠤᠴᠠᠭᠠᠳᠠᠭ ᠦᠭᠡᠢ ᠳᠠᠩᠴᠤ ᠰᠠᠢᠬᠠᠨ ᠳᠠ ᠭᠡᠳ ᠲᠡᠷᠡ ᠪᠡᠷ ᠭᠡᠷᠭᠡᠢ ᠶ᠋ᠢᠨ ᠢ᠋ᠶ᠋ᠡᠨ ᠪᠠᠷᠠᠭᠤᠨ ᠬᠠᠴᠠᠷ ᠢ᠋ ᠱᠣᠪᠬᠢᠲᠠᠯᠠ ᠦᠨᠦᠰᠪᠡ᠃
ᠰᠠᠶᠢᠬᠢ ᠡᠷ᠎ᠡ ᠭᠠᠳᠠᠭᠤᠷ ᠬᠤᠪᠴᠠᠰᠤ ᠪᠠᠨ ᠲᠠᠢᠯᠵᠤ ᠡᠯᠭᠦᠭᠡᠳ ᠭᠡᠷ ᠦ᠋ᠨ ᠬᠠᠯᠠᠲ ② ᠢ᠋ᠶ᠋ᠡᠨ ᠡᠮᠦᠰᠴᠦ ᠭᠠᠷ ᠨᠢᠭᠤᠷ ᠢ᠋ᠶ᠋ᠠᠨ ᠮᠡᠯᠴᠡᠢᠲᠡᠯᠡ ᠤᠬᠢᠶᠠᠵᠤ ᠬᠣᠭᠣᠯᠠᠨ ᠤ᠋ ᠰᠢᠷᠡᠭᠡᠨ ᠳ᠋ᠦ᠍ ᠰᠠᠭᠤᠵᠠᠢ᠃
ᠡᠷᠪᠡᠬᠡᠢ ᠶᠠᠭᠠᠬᠢᠬᠤ ᠡᠢᠬᠦ ᠶ᠋ᠢᠨ ᠵᠠᠭᠤᠷ᠎ᠠ ᠦᠭᠡᠢ ᠮᠥᠩᠭᠥᠨ ᠵᠦᠩᠵᠡ᠂ ᠲᠠᠪᠠᠭ ᠲᠠᠢ ᠪᠠᠩᠰᠢ᠂ ᠥᠷᠭᠡᠰᠦᠲᠦ ᠬᠡᠮᠬᠡ᠂ ᠲᠦᠭᠦᠬᠡᠢ ᠰᠣᠩᠭᠢᠨ᠎ᠠ᠂ ᠰᠠᠷᠢᠮᠰᠠᠭ ᠰᠢᠯ ᠲᠡᠢ ᠠᠷᠢᠬᠢ ᠰᠢᠷᠡᠭᠡᠨ ᠳ᠋ᠦ᠍ ᠥᠷᠥᠪᠡ᠃
ᠬᠣᠶᠠᠭᠤᠯᠠ ᠬᠣᠭᠣᠯᠠᠯᠠᠬᠤ ᠮᠥᠴᠡ ᠳ᠋ᠦ᠍ ᠡᠷᠪᠡᠬᠡᠢ ᠭᠡᠨᠡᠳᠲᠡ ᠴᠢᠷᠠᠢ ᠪᠠᠷᠤᠢᠯᠭᠠᠵᠤ ᠭᠡᠳᠡᠰᠦ ᠪᠡᠨ ᠳᠠᠷᠤᠪᠠ᠃
– ᠮᠢᠨᠦ《 ᠬᠦᠦ》 ᠶᠠᠭᠠᠬᠢᠴᠢᠬᠠᠪᠠ ᠭᠡᠳ ᠪᠠᠷᠰ ᠵᠦᠩᠵᠡ ᠲᠡᠢ ᠰᠠᠷᠬᠤᠳ ᠢ᠋ᠶ᠋ᠠᠨ ᠲᠠᠯᠪᠢᠵᠤ ᠲᠡᠪᠡᠷᠢᠨ ᠠᠪᠴᠠᠢ᠃
– ᠣᠳᠣ ᠵᠦᠭᠡᠷ ᠪᠣᠯᠴᠢᠬᠠᠯ᠎ᠠ᠃ ᠭᠡᠳᠡᠰᠦᠨ ᠳᠣᠲᠣᠷ᠎ᠠ《 ᠮᠣᠷᠢ》 ᠪᠤᠯᠭᠢᠵᠤ ᠪᠠᠢᠭ᠎ᠠ ᠶᠤᠮ ᠰᠢᠭ᠋ ᠬᠦᠴᠦᠲᠡᠢ ᠶᠠᠭᠤᠮ᠎ᠠ ᠪᠣᠯᠤᠯ᠎ᠠ ᠭᠡᠳ ᠡᠷᠪᠡᠬᠡᠢ ᠢᠨᠢᠶᠡᠮᠰᠦᠭᠯᠡᠨ᠎ᠡ᠃
– ᠬᠦᠴᠦᠲᠡᠢ ᠪᠠᠢᠭ᠎ᠠ ᠪᠣᠯ ᠬᠦᠦ ᠪᠠᠢᠬ᠎ᠠ ᠭᠡᠵᠦ ᠪᠠᠷᠰ ᠪᠠᠶᠠᠷᠯᠠᠨ᠎ᠠ᠃
ᠲᠡᠷᠡ ᠪᠡᠷ ᠵᠦᠩᠵᠡ ᠲᠡᠢ ᠨᠠᠩᠵᠢᠳ ᠢ᠋ᠶ᠋ᠠᠨ ᠭᠠᠭᠴᠠ ᠠᠮᠢᠰᠬᠤᠭ᠎ᠠ ᠪᠠᠷ ᠵᠣᠭᠣᠭᠯᠴᠢᠬᠠᠭᠠᠳ ᠳᠠᠬᠢᠨ ᠮᠡᠯᠲᠡᠯᠵᠡᠲᠡᠯᠡ ᠳᠦᠭᠦᠷᠭᠡᠵᠡᠢ᠃
– ᠨᠠᠢᠵᠠ ᠠ᠋᠂ ᠴᠢ ᠠᠩᠬ᠎ᠠ ᠲᠠᠪᠢᠨ ᠭᠷᠠᠮ ᠲᠠᠭᠠᠷᠠᠨ᠎ᠠ ᠭᠡᠳᠡᠭ ᠪᠠᠢᠵᠤ ᠪᠢᠯᠡ᠃
– ᠣᠳᠣ ᠲᠠᠭᠠᠷᠠᠭ᠎ᠠ ᠦᠭᠡᠢ ᠭᠡᠳ ᠶᠠᠭᠠᠬᠢᠭᠠᠳ ᠪᠠᠢᠨ᠎ᠠ᠃
– ᠵᠦᠩᠵᠡ ᠲᠣᠮᠣᠷᠠᠵᠤ᠂ ᠠᠶᠠᠭᠠᠯᠠᠬᠤ ᠠᠬᠢᠵᠤ᠂ ᠬᠡᠯᠡ ᠦᠭᠡ ᠴᠢᠨᠢ ᠣᠯᠠᠰᠢᠷᠠᠳᠠᠭ ᠪᠣᠯᠤᠯ᠎ᠠ ᠰᠢᠦ ᠳᠡ ᠭᠡᠵᠦ ᠡᠷᠪᠡᠬᠡᠢ ᠭᠣᠮᠣᠳᠠᠩᠭᠤᠢ ᠥᠭᠦᠯᠡᠪᠡ᠃
– ᠪᠢ ᠬᠣᠷᠢᠨ ᠲᠠᠪᠤᠲᠤ ᠪᠢᠰᠢ᠂ ᠭᠤᠴᠢ ᠬᠦᠷᠦᠭᠰᠡᠨ ᠡᠷ᠎ᠡ ᠬᠥᠮᠦᠨ᠂ ᠭᠤᠷᠪᠠᠨ ᠵᠦᠩᠵᠡ ᠤᠤᠭᠤᠭᠠᠳ ᠠᠭᠰᠤᠮ ᠰᠣᠭᠲᠣᠭᠤ ᠲᠠᠯᠪᠢᠵᠤ ᠠᠪᠠᠭᠠᠢ ᠪᠠᠨ ᠵᠣᠪᠠᠭᠠᠬᠤ ᠦᠭᠡᠢ ᠪᠠᠢᠯᠭᠦᠢ ᠳᠡ ᠭᠡᠵᠦ ᠪᠠᠷᠰ ᠬᠡᠯᠡᠭᠡᠳ ᠴᠢᠷᠠᠢ ᠪᠠᠨ ᠪᠠᠷᠤᠢᠯᠭᠠᠵᠤ ᠪᠣᠳᠣᠯᠬᠢᠯᠠᠵᠤ ᠪᠠᠢᠭᠰᠠᠨ ᠢ᠋ᠶ᠋ᠠᠨ ᠵᠦᠩᠵᠡ ᠲᠡᠢ ᠪᠡᠨ ᠠᠪᠴᠤ ᠬᠥᠨᠲᠥᠷᠵᠡᠢ᠃
– ᠮᠢᠨᠦ ᠬᠠᠢᠷᠠᠲᠤ ᠴᠤ᠌ ᠣᠷᠣᠨ ᠭᠡᠷ ᠲᠡᠭᠡᠨ ᠤᠤᠭᠤᠬᠤ ᠠ᠋ᠴᠠ ᠭᠠᠳᠠᠭᠤᠷ ᠶᠠᠪᠤᠨ᠎ᠠ ᠭᠡᠵᠦ ᠪᠠᠢᠬᠤ ᠦᠭᠡᠢ ᠨᠢ ᠰᠠᠢᠬᠠᠨ᠃
– ᠠᠢᠯ ᠬᠡᠰᠦᠵᠦ ᠭᠤᠸᠠᠩᠵᠠ ᠷᠧᠰᠲ᠋ᠣᠷᠠᠨ ᠳ᠋ᠤ᠌ ᠰᠠᠭᠤᠵᠤ ᠠᠷᠢᠬᠢ ᠤᠤᠭᠤᠵᠤ ᠠᠪᠠᠭᠠᠢ ᠬᠡᠦᠬᠡᠳ ᠡᠷᠭᠢᠭᠦᠯᠬᠦ ᠦᠭᠡᠢ ᠪᠡᠨ ᠮᠡᠳᠡᠨ᠎ᠡ ᠭᠡᠳ ᠰᠢᠯ ᠲᠡᠢ ᠠᠷᠢᠬᠢᠨ ᠠ᠋ᠴᠠ ᠬᠤᠨᠳᠠᠭᠠᠯᠠᠬᠤ ᠳ᠋ᠤ᠌ ᠬᠡᠯᠡᠬᠦ ᠦᠭᠡ ᠪᠡᠨ ᠣᠯᠵᠤ ᠶᠠᠳᠠᠭᠰᠠᠨ ᠪᠦᠰᠡᠭᠦᠢ᠄
– ᠬᠦᠦ ᠶᠦᠮ ᠤᠤ! ᠥᠬᠢᠨ ᠭᠠᠷᠬᠤ ᠪᠠᠷ ᠴᠢ ᠪᠢᠳᠡ ᠬᠣᠶᠠᠷ ᠤᠯᠠᠮ ᠰᠠᠢᠬᠠᠨ ᠠᠮᠢᠳᠤᠷᠠᠨ᠎ᠠ᠁ ᠲᠡᠢᠮᠦ ᠠ᠋ ᠭᠡᠳ ᠡᠷᠪᠡᠬᠡᠢ ᠶ᠋ᠢ ᠡᠷᠬᠡᠯᠡᠩᠭᠦᠢ ᠬᠡᠯᠡᠬᠦ ᠳ᠋ᠦ᠍ ᠪᠠᠷᠰ ᠤ᠋ᠨ ᠪᠠᠷᠤᠭᠠᠷ ᠬᠠᠷᠠᠴᠠ ᠵᠥᠭᠡᠯᠡᠷᠡᠵᠦ ᠲᠡᠭᠦᠨ ᠢ᠋ ᠠᠷᠭᠠᠳᠠᠭᠰᠠᠨ ᠠᠶᠠᠯᠭᠤ ᠪᠠᠷ ᠲᠠᠯ᠎ᠠ ᠵᠠᠰᠠᠵᠤ᠄
- ᠪᠢ ᠥᠬᠢᠨ ᠭᠠᠷᠪᠠᠯ ᠲᠠᠪᠢᠨ ᠭᠷᠠᠮ ᠴᠤ᠌ ᠲᠠᠲᠠᠬᠤ ᠪᠠᠨ ᠪᠣᠯᠢᠨ᠎ᠠ᠂ ᠠ ᠬᠠᠷᠢᠨ ᠬᠦᠦ ᠲᠥᠷᠥᠪᠡᠯ ᠲᠠᠲᠠᠳᠠᠭ ᠲᠠᠪᠢᠨ ᠭᠷᠠᠮ ᠢ᠋ᠶ᠋ᠠᠨ ᠲᠠᠲᠠᠬᠤ ᠠ᠋ᠴᠠ ᠴᠠᠭᠠᠰᠢᠯᠠᠬᠤ ᠦᠭᠡᠢ ᠭᠡᠵᠦ ᠬᠣᠱᠣᠩᠨᠠᠨᠠ᠃ ᠡᠷᠪᠡᠬᠡᠢ ᠰᠣᠭᠲᠣᠭᠰᠠᠨ ᠨᠥᠬᠥᠷ ᠢ᠋ᠶ᠋ᠡᠨ ᠠᠷᠭᠠᠳᠠᠨ ᠪᠠᠢᠵᠤ ᠠᠷᠠᠢ ᠭᠡᠵᠦ ᠤᠨᠲᠠᠭᠤᠯᠤᠭᠰᠠᠨ ᠳ᠋ᠠᠭᠠᠨ ᠰᠠᠨᠠᠭ᠎ᠠ ᠠᠮᠠᠷᠠᠵᠤ ᠰᠠᠪᠠ ᠰᠠᠭᠤᠯᠠᠭ᠎ᠠ ᠪᠠᠨ ᠤᠬᠢᠶᠠᠵᠤ ᠠᠷᠴᠢᠨ᠎ᠠ᠃
ᠵᠣᠭᠣᠭ ᠤ᠋ᠨ ᠭᠠᠵᠠᠷ ᠨᠡᠭᠡᠭᠡᠭᠳᠡᠵᠦ ᠬᠥᠯ ᠬᠥᠳᠡᠯᠭᠡᠭᠡᠨ ᠶᠡᠬᠡ ᠲᠡᠢ ᠪᠠᠢᠯ᠎ᠠ᠃ ᠪᠠᠷᠰ ᠡᠢᠰᠢ ᠲᠡᠢᠰᠢ ᠰᠤᠯᠠ ᠰᠠᠭᠤᠳᠠᠯ ᠠᠵᠢᠭᠯᠠᠨ ᠵᠣᠭᠰᠣᠨ᠎ᠠ᠃ ᠬᠣᠭᠣᠯᠠᠯᠠᠭᠠᠳ ᠪᠣᠰᠴᠤ ᠪᠠᠢᠭ᠎ᠠ ᠬᠠᠷᠠᠬᠦᠦ ᠶ᠋ᠢ ᠬᠠᠷᠠᠮᠠᠭᠴᠠ ᠲᠦᠷᠭᠡᠨ ᠲᠦᠷᠭᠡᠨ ᠠᠯᠬᠤᠵᠤ ᠭᠤᠷᠪᠠᠨ ᠵᠠᠯᠠᠭᠤ ᠶ᠋ᠢᠨ ᠬᠠᠵᠠᠭᠤ ᠳ᠋ᠤ᠌ ᠣᠴᠢᠵᠤ ᠰᠠᠭᠤᠪᠠ᠃ ᠲᠡᠷᠡ ᠭᠤᠷᠪᠠ ᠪᠡᠶ᠎ᠡ ᠪᠡᠶ᠎ᠡ ᠶ᠋ᠢᠨ ᠤᠷᠤᠭᠤ ᠪᠠᠨ ᠲᠣᠮᠣ ᠲᠣᠮᠣ ᠬᠠᠷᠠᠵᠤ᠂ ᠠᠶᠠᠭ᠎ᠠ ᠫᠢᠸᠦ᠌ ᠪᠡᠨ ᠠᠪᠴᠤ ᠤᠤᠭᠤᠵᠤ ᠵᠢᠷᠦᠬᠡᠯᠡᠬᠦ ᠦᠭᠡᠢ ᠪᠠᠢᠭ᠎ᠠ ᠨᠢ ᠪᠠᠷᠰ ᠠ᠋ᠴᠠ ᠵᠣᠪᠠᠵᠤ ᠡᠮᠢᠶᠡᠭᠰᠡᠨ ᠰᠢᠨᠵᠢ ᠲᠡᠮᠳᠡᠭ ᠪᠠᠢᠵᠠᠢ᠃
– ᠲᠠ ᠨᠠᠷ ᠨᠠᠭᠠᠳᠤ ᠠᠶᠠᠭ᠎ᠠ ᠲᠠᠢ ᠫᠢᠸᠦ᠌ ᠪᠠᠨ ᠤᠤᠭᠤᠵᠠᠭ᠎ᠠ! ᠲᠠᠭᠠᠷᠠᠭᠤᠯᠵᠤ ᠤᠤᠭᠤᠪᠠᠯ ᠫᠢᠸᠦ᠌ ᠠᠷᠢᠬᠢ ᠠᠯᠢ ᠠᠯᠢ ᠨᠢ ᠴᠤ᠌ ᠡᠮ ᠪᠣᠯᠤᠨ᠎ᠠ᠃ ᠴᠢᠰᠤ ᠪᠠᠭ᠎ᠠ ᠶᠠᠳᠠᠷᠠᠭᠠᠲᠠᠢ᠂ ᠬᠣᠭᠣᠯᠠ ᠵᠣᠬᠢᠬᠤ ᠪᠠᠨ ᠪᠠᠢᠭᠰᠠᠨ ᠬᠥᠮᠦᠨ ᠳ᠋ᠦ᠍ ᠡᠮᠨᠡᠯᠭᠡ ᠡᠮ ᠦ᠋ᠨ ᠵᠢᠷᠤᠮ ᠢ᠋ᠶ᠋ᠠᠷ ᠵᠢᠮᠢᠰ ᠦ᠋ᠨ ᠳᠠᠷᠠᠰᠤ ᠤᠤᠭᠤᠯᠭᠠᠳᠠᠭ ᠰᠢᠦ ᠳᠡ ᠭᠡᠵᠦ ᠪᠠᠷᠰ ᠢ᠋ ᠰᠤᠷᠭᠠᠮᠵᠢᠯᠠᠬᠤ ᠳ᠋ᠤ᠌ ᠭᠤᠷᠪᠠᠨ ᠵᠠᠯᠠᠭᠤ ᠶ᠋ᠢᠨ ᠵᠣᠪᠬᠢ ᠰᠡᠷᠭᠦᠵᠦ ᠠᠶᠤᠵᠤ ᠡᠮᠢᠶᠡᠭᠰᠡᠨ ᠨᠢ ᠠᠯᠠᠭ᠎ᠠ ᠪᠣᠯᠪᠠ᠃
ᠲᠥᠷᠬᠥᠮ ᠢ᠋ᠶ᠋ᠡᠨ ᠦᠵᠡᠭᠡᠳ ᠪᠠᠷᠠᠭᠠᠨ ᠳᠡᠭᠡᠷ᠎ᠡ ᠭᠠᠷᠤᠨ᠎ᠠ ᠭᠡᠭᠴᠢ ᠪᠣᠯᠤᠭᠰᠠᠨ ᠤᠷᠲᠤ ᠦᠰᠦᠲᠡᠢ ᠬᠢᠩᠭᠤ ᠬᠠᠮᠠᠷ ᠲᠠᠢ ᠬᠠᠷᠠᠬᠦᠦ᠄
– ᠨᠠᠭᠠᠳᠤ ᠠᠶᠠᠭ᠎ᠠ ᠲᠠᠢ ᠫᠢᠸᠦ᠌ ᠪᠡᠨ ᠤᠭᠤᠴᠢᠬᠠ ᠭᠡᠵᠦ ᠠᠶᠠᠭ᠎ᠠ ᠲᠠᠢ ᠫᠢᠸᠦ᠌ ᠤᠷᠤᠭᠤ ᠵᠢᠭᠠᠵᠤ ᠲᠤᠰᠢᠶᠠᠬᠤ ᠳ᠋ᠤ᠌ ᠪᠠᠷᠰ ᠪᠠᠯᠭᠤᠴᠢᠬᠠᠪᠠ᠃ ᠲᠡᠭᠦᠨ ᠦ᠌ ᠳᠣᠲᠣᠷ᠎ᠠ ᠲᠠᠯᠪᠢᠷᠠᠵᠤ ᠬᠥᠯᠥᠰᠥ ᠴᠢᠬᠠᠷᠠᠨ ᠬᠠᠮᠤᠭ ᠪᠡᠶ᠎ᠡ ᠬᠠᠴᠢᠨ ᠰᠠᠢᠬᠠᠨ ᠪᠣᠯᠵᠠᠢ᠃
– ᠠᠷᠢᠬᠢ ᠰᠠᠪᠠᠨ ᠠ᠋ᠴᠠ ᠪᠠᠨ ᠪᠤᠰᠤᠳ ᠢ᠋ ᠲᠡᠢᠯᠳᠡᠭ ᠭᠡᠳᠡᠭ ᠦᠨᠡᠨ ᠶᠦᠮ ᠰᠢᠦ᠂ ᠲᠡᠭᠡᠬᠦ ᠳ᠋ᠡᠭᠡᠨ ᠬᠠᠲᠠᠭᠤ ᠠᠷᠢᠬᠢ ᠢᠯᠠᠩᠭᠤᠶ᠎ᠠ ᠰᠫᠢᠷᠲ ᠵᠢᠭᠠᠬᠠᠨ ᠪᠠᠯᠭᠤᠬᠤ ᠮᠠᠭᠤ ᠦᠭᠡᠢ᠂ ᠲᠡᠭᠡᠬᠦ ᠳ᠋ᠡᠭᠡᠨ ᠬᠡᠲᠦᠷᠡᠭᠦᠯᠪᠡᠯ ᠶᠠᠮᠠᠷ ᠬᠣᠣᠷᠲᠠᠢ ᠶ᠋ᠢ ᠰᠫᠢᠷᠲ ᠢ᠋ᠶ᠋ᠡᠷ ᠵᠢᠰᠢᠶ᠎ᠠ ᠲᠠᠲᠠᠵᠤ ᠪᠢ ᠲᠠ ᠭᠤᠷᠪᠠ ᠳ᠋ᠤ᠌ ᠨᠢᠭᠡ ᠵᠦᠢᠯ ᠶᠠᠷᠢᠶ᠎ᠠ᠁
ᠠᠷᠪᠠ ᠠ᠋ᠴᠠ ᠬᠣᠷᠢᠨ ᠲᠠᠪᠤᠨ ᠭᠷᠠᠮ ᠳ᠋ᠤ᠌ ᠬᠥᠮᠦᠨ ᠰᠣᠭᠲᠣᠬᠤ ᠰᠢᠨᠵᠢ ᠣᠷᠣᠵᠤ ᠪᠠᠢᠭ᠎ᠠ ᠶᠣᠮ᠎ᠠ ᠂ ᠬᠠᠷᠢᠨ ᠬᠣᠷᠢᠨ ᠲᠠᠪᠤ ᠠ᠋ᠴᠠ ᠵᠠᠭᠤᠨ ᠭᠷᠠᠮ ᠳ᠋ᠤ᠌ ᠰᠣᠭᠲᠣᠵᠤ ᠡᠬᠢᠯᠡᠳᠡᠭ ᠂ ᠬᠣᠶᠠᠷ ᠵᠠᠭᠤ ᠠ᠋ᠴᠠ ᠬᠣᠶᠠᠷ ᠵᠠᠭᠤᠨ ᠲᠠᠪᠢᠨ ᠭᠷᠠᠮ ᠳ᠋ᠤ᠌ ᠱᠠᠯ ᠰᠣᠭᠲᠣᠳᠠᠭ ᠂ ᠬᠣᠶᠠᠷ ᠵᠠᠭᠤᠨ ᠲᠠᠪᠢᠨ ᠠ᠋ᠴᠠ ᠳᠡᠭᠡᠭᠰᠢ ᠭᠷᠠᠮ ᠳ᠋ᠤ᠌ ᠦᠬᠦᠵᠦ ᠪᠣᠯᠤᠨ᠎ᠠ ᠭᠡᠵᠦ ᠰᠢᠨᠵᠢᠯᠡᠬᠦ ᠤᠬᠠᠭᠠᠨ ᠨᠤᠲᠠᠯᠠᠭᠰᠠᠨ ᠪᠠᠢᠳᠠᠭ ᠶᠤᠮ ᠃ ᠲᠡᠭᠡᠬᠦ ᠳ᠋ᠡᠭᠡᠨ ᠲᠠᠭᠠᠷᠠᠭᠤᠯᠪᠠᠯ ᠠᠷᠢᠬᠢ ᠭᠡᠳᠡᠭ ᠷᠠᠰᠢᠶᠠᠨ ᠡᠮ ᠶᠦᠮ ᠯᠡ ᠳᠡ ᠭᠡᠵᠦ ᠪᠠᠷᠰ ᠢ᠋ ᠨᠣᠮᠴᠢᠷᠬᠠᠬᠤ ᠳ᠋ᠤ᠌ ᠭᠤᠷᠪᠠᠨ ᠵᠠᠯᠠᠭᠤ ᠪᠡᠶ᠎ᠡ ᠪᠠᠶᠠᠨ ᠥᠭᠡᠳᠡ ᠪᠡᠨ ᠨᠢᠳᠦ ᠢᠷᠮᠡᠴᠡᠭᠡᠵᠦ 《 ᠠᠶᠠᠭ᠎ᠠ ᠫᠢᠸᠣ᠋ ᠠᠮᠠᠷ ᠤᠤᠭᠤᠯᠭᠠᠬᠤ ᠦᠭᠡᠢ ᠴᠡᠴᠡᠷᠬᠡᠭᠡᠳ ( ᠰᠡᠴᠡᠷᠬᠡᠭᠡᠳ ) ᠪᠠᠢᠳᠠᠭ ᠶᠠᠭᠠᠬᠢᠭᠰᠠᠨ ᠬᠠᠴᠢᠨ ᠠᠮᠢᠲᠠᠨ ᠪᠣᠢ 》 ᠭᠡᠵᠦ ᠳᠤᠷ᠎ᠠ ᠥᠭᠡᠢᠴᠡᠨ ᠪᠣᠰᠴᠤ ᠶᠠᠪᠤᠵᠠᠢ᠃
– ᠠᠬ᠎ᠠ ᠠ᠋ ᠂ ᠲᠠ ᠶᠠᠮᠠᠷ ᠬᠣᠭᠣᠯᠠ ᠪᠢᠴᠢᠭᠦᠯᠬᠦ ᠪᠣᠢ ᠭᠡᠵᠦ ᠬᠣᠭᠣᠯᠠ ᠵᠥᠭᠡᠭᠡᠭᠴᠢ ᠪᠦᠰᠡᠭᠦᠢ ᠠᠰᠠᠭᠤᠯ᠎ᠠ᠃
– ᠠᠬ᠎ᠠ ᠨᠢ ᠬᠣᠭᠣᠯᠠ ᠢᠳᠡᠴᠢᠬᠡᠭᠰᠡᠨ ᠂ ᠵᠠᠭᠤᠨ ᠭᠷᠠᠮ ᠴᠠᠭᠠᠨ ᠠᠷᠢᠬᠢ ᠬᠣᠶᠠᠷ ᠰᠢᠯ ᠫᠢᠸᠣ᠋ ᠪᠢᠴᠢᠴᠢᠬᠡ ᠭᠡᠳ ᠪᠠᠷᠰ ᠬᠣᠷᠢᠨ ᠲᠠᠪᠤᠲᠤ ᠶ᠋ᠢᠨ ᠳᠡᠪᠢᠰᠬᠡᠷᠲᠦ ᠪᠠᠷᠢᠵᠠᠢ᠃ ᠪᠠᠷᠰ ᠤ᠋ᠨ ᠵᠠᠬᠢᠶᠠᠯᠠᠭᠰᠠᠨ ᠠᠷᠢᠬᠢ ᠫᠢᠸᠦ᠌ ᠴᠤ᠌ ᠢᠷᠡᠵᠡᠢ᠃ ᠲᠡᠭᠦᠨ ᠦ᠌ ᠬᠠᠵᠠᠭᠤ ᠶ᠋ᠢᠨ ᠰᠠᠭᠤᠳᠠᠯ ᠳ᠋ᠤ᠌ ᠬᠣᠭᠣᠯᠠ ᠢᠳᠡᠬᠦ ᠪᠡᠷ ᠬᠣᠶᠠᠷ ᠬᠡᠦᠬᠡᠨ ᠨᠢᠭᠡ ᠡᠷ᠎ᠡ ᠢᠷᠡᠵᠦ ᠰᠠᠭᠤᠵᠠᠢ᠃
ᠵᠠᠭᠤ ᠪᠠᠨ ᠬᠣᠶᠠᠷ ᠰᠢᠯ ᠫᠢᠸᠣ᠋ ᠲᠠᠢ ᠪᠠᠨ ᠪᠠᠯᠭᠤᠴᠢᠬᠠᠭᠰᠠᠨ ᠪᠠᠷᠰ ᠤ᠋ᠨ ᠳᠠᠯᠠᠨ ᠳᠣᠯᠣᠭᠠᠨ ᠦᠭᠡ ᠳᠡᠯᠭᠡᠬᠦ ᠳᠤᠷ᠎ᠠ ᠬᠦᠷᠴᠦ ᠥᠭᠦᠯᠡᠭᠰᠡᠨ ᠨᠢ᠄
– ᠠᠷᠢᠬᠢ 《 ᠨᠣᠬᠠᠢ 》 ᠴᠤ᠌ ᠮᠥᠨ ᠴᠤ᠌ ᠬᠣᠣᠷ ᠲᠡᠢ ᠶᠦᠮ ᠰᠢᠦ! ᠭᠠᠳᠠᠭᠠᠳᠤ ᠶ᠋ᠢᠨ ᠨᠢᠭᠡ ᠬᠡᠪᠯᠡᠯ ᠳ᠋ᠦ᠍ ᠪᠢᠴᠢᠭᠰᠡᠨ ᠢ᠋ ᠪᠢ ᠦᠵᠡᠯ᠎ᠡ᠃
ᠹᠠᠷᠠᠨᠼᠢ ᠶ᠋ᠢᠨ ᠨᠢᠭᠡ ᠡᠷᠳᠡᠮᠲᠡᠨ ᠬᠣᠷᠢᠨ ᠨᠢᠭᠡᠨ ᠵᠢᠯ ᠲᠥᠷᠥᠯᠬᠢ ᠶ᠋ᠢᠨ ᠭᠠᠵᠢᠭ ᠲᠠᠢ ᠬᠣᠶᠠᠷ ᠮᠢᠩᠭ᠎ᠠ ᠳᠠᠯᠠᠨ ᠬᠣᠶᠠᠷ ᠬᠦᠦ ᠳᠥᠷᠪᠡᠨ ᠵᠠᠭᠤᠨ ᠨᠠᠶᠠᠨ ᠬᠣᠶᠠᠷ ᠥᠬᠢᠨ ᠦ᠌ ᠰᠤᠳᠤᠯᠭ᠎ᠠ ᠬᠢᠭᠰᠡᠨ ᠪᠠᠢᠨ᠎ᠠ᠃ ᠲᠡᠭᠡᠬᠦ ᠳ᠋ᠦ᠍ ᠭᠤᠴᠢᠨ ᠵᠢᠷᠭᠤᠭᠠᠨ ᠬᠤᠪᠢ ᠨᠢ ᠡᠴᠢᠭᠡ ᠨᠢ ᠠᠷᠢᠬᠢᠴᠢᠨ᠂ ᠭᠤᠷᠪᠠ ᠠᠷᠪᠠᠨ ᠤ ᠨᠢᠭᠡ ᠬᠤᠪᠢ ᠨᠢ ᠡᠬᠡ ᠨᠢ ᠠᠷᠢᠬᠢᠴᠢᠨ᠂ ᠨᠢᠭᠡ ᠠᠷᠪᠠᠨ ᠤ᠋ ᠲᠠᠪᠤᠨ ᠬᠤᠪᠢ ᠨᠢ ᠡᠴᠢᠭᠡ ᠡᠬᠡ ᠬᠣᠶᠠᠷ ᠨᠢ ᠠᠷᠢᠬᠢᠴᠢᠨ᠂ ᠠᠷᠪᠠᠨ ᠬᠣᠶᠠᠷ ᠠᠷᠪᠠᠨ ᠤ᠋ ᠲᠠᠪᠤᠨ ᠬᠤᠪᠢ ᠨᠢ ᠰᠣᠭᠲᠣᠭᠤ ᠪᠠᠢᠬᠤ ᠳᠤ ᠣᠯᠳᠠᠭᠰᠠᠨ ᠬᠡᠦᠬᠡᠳ ᠪᠠᠢᠭᠰᠠᠨ ᠪᠠᠢᠨ᠎ᠠ ᠃ ᠪᠠᠰᠠ ᠨᠢᠭᠡ ᠵᠦᠢᠯ ᠤᠩᠰᠢᠭᠰᠠᠨ ᠮᠢᠨᠦ ᠰᠠᠨᠠᠭᠠᠨ ᠡᠴᠡ ᠶᠡᠷᠦ ᠳ᠋ᠡᠭᠡᠨ ᠭᠠᠷᠳᠠᠭ ᠦᠭᠡᠢ ᠶᠤᠮ᠃ 1971 ᠣᠨ ᠳ᠋ᠤ᠌ ᠠᠮᠧᠷᠢᠺᠠ ᠳ᠋ᠤ᠌ ᠲᠠᠪᠢᠨ ᠲᠠᠪᠤᠨ ᠮᠢᠩᠭᠠᠨ ᠬᠥᠮᠦᠨ ᠣᠰᠣᠯ ᠢ᠋ᠶ᠋ᠠᠷ ᠨᠠᠰᠤ ᠪᠠᠷᠠᠭᠰᠠᠨ ᠤ᠋ ᠭᠤᠴᠢᠨ ᠮᠢᠩᠭ᠎ᠠ ᠨᠢ ᠠᠷᠢᠬᠢ ᠲᠠᠢ ᠬᠣᠯᠪᠣᠭ᠎ᠠ ᠲᠠᠢ ᠪᠠᠢᠭᠰᠠᠨ ᠪᠠᠢᠳᠠᠭ ᠶᠣᠮ᠃ ᠡᠨᠡ ᠪᠣᠯ ᠠᠷᠢᠬᠢ ᠶᠠᠮᠠᠷ ᠠᠶᠤᠯ ᠲᠠᠢ ᠶ᠋ᠢ ᠨᠤᠲᠠᠯᠠᠨ ᠭᠡᠷᠡᠴᠢᠯᠡᠬᠦ ᠨᠤᠲᠠᠯᠠᠬᠤ ᠪᠠᠷᠢᠮᠲᠠ ᠶᠤᠮ ᠯᠠ ᠳ᠋ᠠ⁈ ᠲᠡᠭᠡᠬᠦ ᠳ᠋ᠡᠭᠡᠨ ᠠᠷᠢᠬᠢ ᠶ᠋ᠢ ᠬᠠᠮᠢᠭ᠎ᠠ ᠬᠡᠨ ᠲᠡᠢ ᠂ ᠬᠡᠵᠢᠶ᠎ᠡ ᠵᠢᠭᠠᠬᠠᠨ ᠵᠢᠭᠠᠬᠠᠨ ᠲᠠᠭᠠᠷᠠᠭᠤᠯᠵᠤ ᠤᠤᠭᠤᠪᠠᠯ ᠡᠮ ᠪᠣᠯᠳᠠᠭ ᠶᠤᠮ ᠭᠡᠵᠦ ᠠᠩᠬᠠᠷᠤᠭᠤᠯᠬᠤ ᠳ᠋ᠠᠭᠠᠨ ᠬᠡᠯᠡ ᠠᠮᠠ ᠨᠢ ᠣᠷᠢᠶᠠᠯᠳᠤᠵᠤ ᠂ ᠰᠢᠯᠦᠰᠦ ᠪᠡᠨ ᠥᠰᠥᠷᠬᠡᠬᠦ ᠳ᠋ᠦ᠍ ᠰᠡᠵᠢᠭᠯᠡᠨ ᠴᠡᠭᠡᠷᠯᠡᠭᠰᠡᠨ ᠂ ᠳᠤᠷ᠎ᠠ ᠦᠭᠡᠢᠴᠡᠭᠰᠡᠨ ᠭᠤᠷᠪᠠ ᠱᠠᠯᠠᠪᠬᠠᠨ ᠪᠣᠰᠴᠤ ᠥᠭᠡᠷ᠎ᠡ ᠰᠠᠭᠤᠳᠠᠯ ᠳ᠋ᠤ᠌ ᠰᠠᠭᠤᠵᠠᠢ᠃
ᠵᠣᠭᠣᠭ ᠤ᠋ᠨ ᠭᠠᠵᠠᠷ ᠴᠠᠬᠢᠯᠭᠠᠨ ᠳ᠋ᠧᠩ ᠢ᠋ᠶ᠋ᠡᠨ ᠠᠰᠠᠭᠠᠭᠰᠠᠨ ᠨᠢ ᠨᠠᠷᠠ ᠵᠢᠷᠭᠠᠭᠰᠠᠨ ᠤ᠋ ᠳᠣᠬᠢᠶ᠎ᠠ ᠪᠠᠢᠯ᠎ᠠ᠃ ᠦᠳᠡ ᠶ᠋ᠢᠨ ᠠᠮᠠᠷᠠᠯᠲᠠ ᠪᠠᠷ ᠬᠣᠭᠣᠯᠠᠯᠠᠭᠰᠠᠨ ᠬᠥᠮᠦᠰ ᠡᠴᠡ ᠦᠳᠡᠰᠢ ᠶ᠋ᠢᠨ ᠪᠦᠷᠦᠩᠬᠡᠢ ᠲᠠᠰᠤᠷᠠᠬᠤ ᠳ᠋ᠤ᠌ ᠭᠠᠭᠴᠠᠬᠠᠨ ᠪᠠᠷᠰ ᠪᠠᠢᠭ᠎ᠠ ᠠᠵᠢ᠃
– ᠮᠢᠨᠦ ᠥᠬᠢᠨ ᠡᠦᠲᠦ ᠭᠠᠭᠴᠠ ᠵᠠᠭᠤ ᠥᠭᠴᠢᠬᠡ ᠭᠡᠵᠦ ᠪᠠᠷᠰ ᠢ᠋ ᠴᠢᠷᠠᠢ ᠠᠯᠲᠠᠨ ᠭᠤᠶᠤᠬᠤ ᠳ᠋ᠤ᠌ ᠦᠢᠯᠡᠴᠢᠯᠡᠭᠴᠢ ᠥᠬᠢᠨ ᠄
– ᠡᠦᠲᠦ ᠲᠠᠨ ᠳ᠋ᠤ᠌ ᠠᠷᠢᠬᠢ ᠂ ᠫᠢᠸᠣ᠋ ᠶᠡᠷᠦ ᠳ᠋ᠡᠭᠡᠨ ᠥᠭᠬᠦ ᠦᠭᠡᠢ ᠰᠢᠦ ᠭᠡᠳ ᠰᠢᠷᠪᠢ ᠲᠠᠲᠠᠯ᠎ᠠ᠃
– ᠭᠠᠭᠴᠠᠬᠠᠨ ᠵᠠᠭᠤ ᠰᠢᠦ ᠳᠡ ᠂ ᠠᠬ᠎ᠠ ᠨᠢ ᠠᠪᠤᠩᠭᠤᠲᠠ ᠪᠣᠰᠤᠭ᠎ᠠ ᠪᠠᠷ ᠢ᠋ᠶ᠋ᠠᠨ ᠪᠠᠯᠭᠤᠴᠢᠬᠠᠭᠠᠳ ᠬᠡᠯᠡ ᠠᠮᠠ ᠦᠭᠡᠢ ᠭᠠᠷᠤᠨ᠎ᠠ ᠭᠡᠳ ᠠᠷᠪᠠᠲᠤ ᠶ᠋ᠢᠨ ᠳᠡᠪᠢᠰᠬᠡᠷᠲᠦ ᠪᠠᠷᠢᠭᠰᠠᠨ ᠪᠠᠷᠰ ᠰᠡᠭᠦᠳᠡᠷ ᠮᠡᠲᠦ ᠳᠠᠭᠠᠨ ᠭᠤᠶᠤᠵᠤ ᠭᠤᠪᠰᠢᠬᠤ ᠳ᠋ᠤ᠌ ᠱᠠᠯᠠᠪᠬᠠᠨ ᠨᠢᠳᠦ ᠳᠠᠯᠳᠢᠷᠠᠭᠤᠯᠵᠤ ᠰᠠᠯᠬᠤ ᠶ᠋ᠢᠨ ᠲᠦᠦᠰ ᠪᠣᠯᠤᠭᠰᠠᠨ ᠦᠢᠯᠡᠴᠢᠯᠡᠭᠴᠢ ᠪᠦᠰᠡᠭᠦᠢ᠄
– ᠲᠠ ᠡᠨᠡ ᠰᠠᠨᠳᠠᠯᠢ ᠳ᠋ᠤ᠌ ᠰᠠᠭᠤᠵᠤ ᠪᠠᠢ ᠭᠡᠵᠦ ᠵᠢᠭᠠᠭᠠᠳ ᠵᠠᠭᠤᠨ ᠭᠷᠠᠮ ᠠᠷᠢᠬᠢ ᠠᠪᠴᠢᠷᠠᠵᠤ ᠥᠭᠬᠦ ᠳ᠋ᠦ᠍ ᠲᠡᠷᠡ ᠪᠡᠷ ᠭᠠᠭᠴᠠᠬᠠᠨ ᠬᠥᠨᠳᠡᠷᠡᠭᠡᠳ ᠭᠠᠷᠴᠤ ᠣᠳᠴᠠᠢ᠃
ᠬᠠᠭᠠᠯᠭᠠᠨ ᠤ᠋ ᠬᠣᠩᠬᠣ ᠦᠷᠭᠦᠯᠵᠢᠯᠡᠨ –《 ᠴᠢᠷᠡᠩ ᠂ ᠴᠢᠷᠡᠩ ᠂ ᠴᠢᠷᠡᠩ 》 ᠳᠤᠤᠭᠠᠷᠬᠤ ᠳ᠋ᠤ᠌ ᠡᠷᠪᠡᠬᠡᠢ ᠡᠯᠢᠭᠡᠨ ᠳ᠋ᠡᠭᠡᠨ ᠥᠬᠢᠨ ᠢ᠋ᠶ᠋ᠡᠨ ᠲᠡᠪᠡᠷᠢᠵᠦ ᠭᠣᠮᠣᠳᠠᠯ ᠤ᠋ᠨ ᠨᠢᠯᠪᠤᠰᠤ ᠠᠰᠬᠠᠷᠠᠭᠤᠯᠤᠨ ᠵᠣᠭᠰᠣᠨ᠎ᠠ ᠃ ᠪᠦᠰᠡᠭᠦᠢ ᠶ᠋ᠢᠨ ᠵᠢᠷᠦᠬᠡ ᠴᠠᠭ ᠤ᠋ᠨ ᠰᠧᠺᠦ᠋ᠨ᠋ᠳ᠋ ᠲᠦ᠍ ᠭᠡᠯᠲᠡᠢ ᠴᠣᠬᠢᠯᠠᠵᠤ ᠂ ᠬᠠᠮᠤᠭ ᠪᠡᠶ᠎ᠡ ᠨᠢ ᠬᠦᠢᠲᠡ ᠳᠠᠭᠠᠭᠠᠵᠤ ᠱᠠᠬᠢᠷᠠᠨ ᠶᠠᠩᠭᠢᠨᠠᠬᠤ ᠮᠡᠲᠦ ᠪᠣᠯᠵᠤ 《 ᠪᠠᠷᠰ ᠪᠠᠢᠨ᠎ᠠ 》 ᠭᠡᠵᠦ ᠪᠣᠳᠣᠬᠤ ᠠ᠋ᠴᠠ ᠬᠠᠭᠠᠯᠭᠠᠨ ᠤ᠋ ᠲᠦᠭᠵᠢᠶ᠎ᠡ ᠲᠠᠢᠯᠵᠤ ᠥᠭᠬᠦ ᠡᠴᠡ ᠵᠢᠷᠦᠬᠡᠰᠢᠶᠡᠨ ᠬᠤᠯᠤᠭᠠᠵᠤ ᠬᠣᠯᠬᠢᠨᠠ᠃
ᠬᠣᠩᠬᠣ ᠳᠤᠤᠭᠠᠷᠬᠤ ᠪᠠᠨ ᠪᠣᠯᠢᠭᠰᠠᠨ ᠮᠥᠴᠡ ᠳ᠋ᠦ᠍ ᠬᠠᠭᠠᠯᠭ᠎ᠠ ᠬᠦᠴᠦ ᠲᠡᠢ ᠪᠡᠷ ᠲᠠᠰᠤᠷᠠᠯ ᠦᠭᠡᠢ ᠪᠠᠯᠪᠠᠵᠤ᠄
– ᠬᠦᠢ ᠂ ᠡᠷᠪᠡᠬᠡᠢ ᠠ᠋ ᠂ ᠥᠭᠢᠷ᠎ᠡ ᠭᠢᠴᠢᠢ 〈 ᠮᠠᠭᠤ ᠥᠯᠥᠭᠴᠢᠨ 〉 ᠮᠢᠨᠢ ᠬᠠᠭᠠᠯᠭ᠎ᠠ ᠲᠠᠢᠯᠤᠭᠠᠴᠢ ! ᠴᠢᠮ᠎ᠠ ᠲᠠᠢ ᠨᠢᠭᠡ ᠶ᠋ᠢ ᠪᠡᠨ ᠦᠵᠡᠵᠦ ᠨᠡᠬᠡᠢ ᠳᠡᠪᠡᠯ ᠢ᠋ᠶ᠋ᠡᠨ ᠤᠷᠠᠯᠴᠠᠨᠠ ᠳ᠋ᠠ ᠭᠡᠰᠡᠨ 《ᠭᠠᠯᠵᠠᠭᠤ 》 ᠪᠠᠷᠰ ᠤ᠋ᠨ ᠵᠠᠨᠤᠯᠲᠠ ᠳᠠᠭᠤᠨ ᠳ᠋ᠤ᠌ ᠠᠶᠤᠩᠭᠠᠨ ᠳ᠋ᠤ᠌ ᠨᠢᠷᠭᠡᠭᠦᠯᠦᠭᠰᠡᠨ ᠠᠳᠠᠯᠢ ᠪᠣᠯᠤᠭᠰᠠᠨ ᠡᠷᠪᠡᠬᠡᠢ ᠬᠠᠭᠠᠯᠭᠠᠨ ᠤ᠋ ᠲᠦᠭᠵᠢᠶ᠎ᠡ ᠪᠡᠨ ᠠᠶᠠᠷᠬᠠᠨ ᠮᠤᠯᠲᠤᠯᠤᠯᠠ᠃
ᠦᠭᠢᠨ ᠢ᠋ᠶ᠋ᠡᠨ ᠣᠷᠣᠨ ᠳᠡᠭᠡᠷ᠎ᠡ ᠠᠪᠠᠴᠢᠵᠤ ᠲᠠᠯᠪᠢᠭᠠᠳ ᠡᠷᠭᠢᠵᠦ ᠬᠠᠷᠠᠬᠤ ᠠᠭᠱᠠᠨ ᠳ᠋ᠤ᠌ ᠡᠷᠪᠡᠬᠡᠢ ᠶ᠋ᠢᠨ ᠬᠠᠴᠠᠷ ᠲᠤ᠌ ᠠᠯᠠᠭᠠᠨ ᠤ᠋ ᠳᠠᠭᠤ ᠳᠡᠰ ᠬᠢᠵᠦ᠄
– ᠡᠵᠢ ᠠ᠋ ᠂ ᠨᠠᠮ᠎ᠠ ᠶ᠋ᠢ ᠪᠠᠷᠰ ᠠᠯᠠᠯ᠎ᠠ ᠭᠡᠰᠡᠨ ᠡᠷᠪᠡᠬᠡᠢ ᠶ᠋ᠢᠨ ᠳᠠᠭᠤ ᠠᠮᠤᠭᠤᠯᠠᠩ ᠰᠥᠨᠢ ᠶ᠋ᠢᠨ ᠨᠠᠮ ᠭᠦᠮ ᠢ᠋ ᠴᠣᠴᠢᠭᠠᠨ ᠰᠡᠷᠡᠭᠡᠯ᠎ᠡ᠃
ᠴᠣᠩᠬᠣ ᠪᠠᠷ ᠭᠡᠭᠡ ᠱᠠᠭᠠᠢᠵᠤ ᠲᠣᠳᠣᠷᠠᠨ ᠲᠣᠳᠣᠷᠠᠭᠰᠠᠭᠠᠷ ᠦᠦᠷ ᠮᠠᠩᠬᠠᠢᠨ ᠴᠠᠢᠪᠠ᠃
– ᠡᠷᠪᠡᠬᠡᠢ ᠠ᠋ ᠂ ᠮᠢᠨᠦ ᠬᠠᠢᠷᠠᠲᠤ ᠠᠯᠠᠭ᠎ᠠ ᠨᠢᠳᠦᠨ 《 ᠠᠪᠤ 》 ᠶᠢ ᠪᠡᠨ ᠠᠪᠤᠷᠠᠵᠤ ᠥᠷᠥᠰᠢᠶᠡᠭᠡᠴᠢ ! ᠪᠢ ᠦᠬᠦᠯ᠎ᠡ ᠃ 《 ᠶᠣ ᠶᠣ ᠶᠣ 》 ᠭᠡᠵᠦ ᠶᠣᠣᠯᠠᠭᠰᠠᠨ ᠪᠠᠷᠰ ᠪᠠᠢᠰᠬᠢᠭᠡᠳ ᠭᠥᠭᠦᠯᠡᠨ ᠣᠭᠢᠭᠤᠯᠵᠤ ᠲᠡᠭᠷᠢ ᠭᠠᠵᠠᠷ ᠦᠭᠡᠢ ᠬᠠᠰᠬᠢᠷᠬᠤ ᠳ᠋ᠤ᠌ 《 ᠶᠠᠮᠠᠷ ᠴᠤ᠌ ᠭᠡᠰᠡᠨ ᠮᠢᠨᠦ ᠬᠠᠨᠢ ᠰᠢᠦ ᠳᠡ 》 ᠭᠡᠰᠡᠨ ᠦᠷᠦ ᠡᠪᠡᠳᠬᠦ ᠰᠡᠳᠬᠢᠯ ᠰᠠᠢᠬᠢ ᠬᠡᠦᠬᠡᠨ ᠳ᠋ᠦ᠍ ᠥᠪᠡᠷ ᠦ᠋ᠨ ᠡᠷᠬᠡ ᠦᠭᠡᠢ ᠲᠥᠷᠥᠨ᠎ᠡ᠃
ᠲᠡᠷᠡ ᠪᠡᠷ ᠪᠣᠰᠴᠤ ᠬᠥᠷᠥᠭᠡᠭᠴᠢ ᠳᠣᠲᠣᠷ᠎ᠠ ᠠ᠋ᠴᠠ ᠰᠢᠯ ᠲᠡᠢ ᠫᠢᠸᠣ᠋ ᠠᠪᠴᠤ ᠥᠭᠬᠦ ᠳ᠋ᠦ᠍ ᠨᠥᠬᠥᠷ ᠨᠢ ᠰᠢᠯ ᠲᠡᠢ ᠶ᠋ᠢ ᠡᠭᠡᠵᠡᠭᠡᠢ ᠰᠢᠭᠦᠷᠡᠵᠦ ᠪᠠᠢᠭ᠎ᠠ ᠡᠯᠢᠶ᠎ᠡ ᠠᠳᠠᠯᠢ ᠳᠠᠪᠬᠢᠨ ᠰᠢᠭᠦᠷᠡᠵᠦ ᠠᠮᠠᠨ ᠳ᠋ᠠᠭᠠᠨ ᠡᠮᠬᠦᠵᠦ ᠤᠭᠵᠠ ᠲᠠᠢ ᠰᠦ ᠪᠡᠨ ᠬᠥᠬᠥᠵᠦ ᠪᠠᠢᠭ᠎ᠠ ᠬᠡᠦᠬᠡᠳ ᠭᠡᠯᠲᠡᠢ ᠪᠤᠪᠠᠷ ᠪᠤᠪᠠᠷ ᠭᠥᠭᠦᠨᠡ᠃
ᠪᠠᠷᠰ ᠤ᠋ᠨ ᠵᠠᠪᠠᠵᠢ ᠪᠠᠷ ᠴᠠᠭᠠᠨ ᠬᠥᠭᠡᠰᠦ ᠴᠠᠬᠠᠷᠴᠤ ᠪᠠᠶᠠᠨ ᠠ᠋ᠴᠠ ᠨᠢ ᠬᠠᠷ᠎ᠠ ᠬᠥᠯᠥᠰᠥ ᠴᠢᠳᠬᠤᠵᠤ ᠵᠢᠰᠦ ᠴᠢᠷᠠᠢ ᠵᠠᠰᠠᠷᠠᠵᠤ ᠬᠤᠷᠬᠢᠷᠠᠭᠠᠳ ᠥᠭᠴᠡᠢ᠃
– ᠠᠷᠢᠬᠢ ᠪᠠᠨ ᠭᠡᠵᠦ ᠁ ᠠᠮᠠᠨ ᠳᠣᠲᠣᠷ᠎ᠠ ᠪᠠᠨ ᠦᠭᠡᠯᠡᠭᠡᠳ ᠪᠠᠷᠰ ᠤ᠋ᠨ ᠠᠮᠠᠨ ᠳ᠋ᠤ᠌ ᠡᠮᠬᠦᠭᠡ ᠲᠡᠢ ᠪᠠᠢᠭ᠎ᠠ ᠪᠥᠭᠯᠡᠭᠡ ᠲᠡᠢ ᠫᠢᠸᠦ᠌ ᠶ᠋ᠢ ᠡᠷᠪᠡᠬᠡᠢ ᠠᠪᠬᠤ ᠳᠠᠭᠠᠨ ᠫᠢᠳ ᠬᠢᠲᠡᠯ᠎ᠡ ᠢᠨᠢᠶᠡᠳᠦ ᠠᠯᠳᠠᠭᠰᠠᠨ ᠢ᠋ᠶ᠋ᠠᠨ ᠲᠡᠷᠡ ᠳᠣᠣᠷ᠎ᠠ ᠪᠠᠨ ᠴᠢᠷᠠᠢ ᠪᠠᠷᠤᠢᠵᠤ ᠰᠡᠭᠦᠷᠡᠰᠦ ᠠᠯᠲᠠᠨ ᠢᠩᠭᠢᠵᠦ ᠪᠣᠳᠣᠪᠠ᠃
《 ᠮᠢᠨᠦ ᠦᠬᠦᠷ ᠠᠷᠢᠬᠢᠨ ᠠ᠋ᠴᠠ ᠠᠵᠢᠯ ᠠᠮᠢᠳᠤᠷᠠᠯ ᠢ᠋ᠶ᠋ᠠᠨ ᠰᠣᠯᠢᠭᠰᠠᠨ ᠬᠥᠮᠦᠨ ᠃ ᠢᠨᠵᠧᠨᠧᠷ ᠠᠴᠠ ᠮᠧᠬᠠᠨᠢᠭ ᠂ ᠮᠧᠬᠠᠨᠢᠭ ᠠ᠋ᠴᠠ ᠰᠯᠧᠰᠠᠷᠢ ᠂ <ᠲᠡᠮᠦᠷᠴᠢᠨ > ᠂ ᠰᠯᠧᠰᠠᠷᠢ ᠠ᠋ᠴᠠ ᠪᠣᠯᠤᠯ᠎ᠠ᠃ ᠠᠩᠬ᠎ᠠ ᠵᠠᠭᠤᠨ ᠭᠷᠠᠮ ᠢ᠋ ᠤᠤᠭᠤᠳᠠᠭ ᠪᠠᠢᠭᠰᠠᠨ ᠪᠣᠯ ᠡᠦᠲᠦ ᠵᠠᠭᠤᠨ ᠭᠷᠠᠮ ᠮᠢᠨᠦ ᠨᠥᠬᠥᠷ ᠢ ᠢᠳᠡᠴᠢᠬᠡᠯ᠎ᠡ 》 ᠭᠡᠵᠦ ᠡᠷᠪᠡᠬᠡᠢ ᠪᠣᠳᠣᠬᠤ ᠠ᠋ᠴᠠ ᠵᠢᠷᠦᠬᠡ ᠫᠠᠯ ᠬᠢᠵᠦ ᠳᠣᠲᠣᠷ᠎ᠠ ᠬᠠᠷᠠᠩᠭᠤᠢᠯᠠᠵᠠᠢ᠃
– – – –
① ᠠᠷᠢᠬᠢ ᠶᠢ ᠵᠠᠭᠤᠨ ᠭᠷᠠᠮ ᠭᠡᠳᠡᠭ
② ᠭᠡᠷ ᠲᠦ ᠡᠮᠦᠰᠬᠦ ᠬᠤᠪᠴᠠᠰᠤ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠩᠷᠢ ᠡᠵᠢ᠂ ᠴᠤᠯᠮᠤᠨᠲᠤᠶᠠᠭ᠎ᠠ
ᠬᠢᠨᠠᠭ᠍ᠴᠢ : ᠰᠠᠷᠠᠨ᠎ᠠ
2024᠂1᠂24 ᠦ᠌ ᠡᠳᠦᠷ
