ᠣᠷᠣᠢ ᠦᠭᠡᠢ ᠰᠦᠮ᠎ᠡ – ᠬᠣᠷᠢᠨ ᠵᠢᠷᠭᠤᠭ᠎ᠠ ᠂ ᠠᠮᠢ ᠨᠠᠭᠠᠨ᠎ᠠ ᠲᠠᠮᠤ ᠴᠠᠭᠠᠨ᠎ᠠ Оройгүй сүм – Хорин зургаа ᠂ Амь наана там цаана - Oroigui sum 26
ᠬᠣᠷᠢᠨ ᠵᠢᠷᠭᠤᠭ᠎ᠠ ᠂ ᠠᠮᠢ ᠨᠠᠭᠠᠨ᠎ᠠ ᠲᠠᠮᠤ ᠴᠠᠭᠠᠨ᠎ᠠ
ᠪᠢᠯᠢᠭ ᠲᠡᠢ ᠡᠴᠡ ᠪᠡᠬᠡ ᠬᠠᠷ᠎ᠠ
ᠠᠮᠲᠠᠲᠠᠢ ᠠ᠋ᠴᠠ ᠠᠷᠢᠬᠢ ᠬᠠᠷ᠎ᠠ
ᠪᠠᠶᠠᠨᠰᠦᠢ᠍ᠮᠪᠦᠷ ᠠᠭᠤᠯᠠ ᠶ᠋ᠢᠨ ᠪᠠᠷ᠎ᠠ ᠶᠡᠬᠡ ᠯᠡ ᠠᠯᠤᠰ ᠲᠤ᠌ ᠬᠠᠷᠠᠭᠳᠠᠵᠤ ᠪᠠᠢᠯ᠎ᠠ᠃ ᠬᠣᠶᠠᠷ ᠲᠡᠨᠦᠭᠦᠯᠴᠢᠨ ᠲᠡᠷᠲᠡᠭᠡ ᠳ᠋ᠦ᠍ ᠴᠡᠩᠬᠡᠷᠯᠡᠨ ᠪᠦᠷᠦᠯᠵᠡᠬᠦ ᠶᠡᠬᠡ ᠠᠭᠤᠯᠠᠰ ᠢ᠋ᠶ᠋ᠠᠷ ᠴᠢᠭ ᠢ᠋ᠶ᠋ᠡᠨ ᠪᠠᠷᠢᠵᠤ ᠵᠡᠭᠦᠨ ᠬᠣᠢᠰᠢ ᠵᠦᠭᠯᠡᠨ ᠶᠠᠪᠤᠭᠰᠠᠭᠠᠷ ᠯᠠ ᠪᠠᠢᠯ᠎ᠠ᠃ ᠣᠳᠣ ᠪᠠᠷ ᠠᠯᠢᠪᠠ ᠠᠶᠤᠯ ᠦᠭᠡᠢ᠂ ᠠᠮᠢ ᠨᠠᠰᠤᠨ ᠳ᠋ᠤ᠌ ᠬᠠᠷᠰᠢᠯᠠᠭᠰᠠᠨ ᠶᠠᠭᠤᠮ᠎ᠠ ᠦᠭᠡᠢ᠂ ᠪᠦᠷᠢᠨ ᠪᠦᠲᠦᠨ ᠶᠠᠪᠤᠵᠠᠭᠠᠵᠤ ᠪᠠᠢᠪᠠ᠃ ᠰᠠᠨᠵᠢ ᠶ᠋ᠢᠨ ᠪᠡᠶ᠎ᠡ ᠠᠶᠠᠨ ᠵᠠᠮ ᠤ᠋ᠨ ᠭᠠᠷ ᠳᠠᠭᠠᠭᠠᠬᠤ ᠦᠭᠡᠢ ᠨᠡᠯᠢᠶᠡᠳ ᠰᠤᠯᠠᠷᠠᠵᠠᠢ᠃ ᠥᠯᠵᠡᠢᠲᠦ ᠪᠠᠳᠢᠷᠴᠢᠨ ᠪᠣᠯᠬᠣᠷ ᠶᠠᠪᠤᠬᠤ ᠲᠣᠰᠤᠮ ᠢ᠋ᠶ᠋ᠠᠨ ᠪᠡᠶ᠎ᠡ ᠨᠢ ᠬᠥᠩᠭᠡᠷᠡᠵᠦ᠂ ᠰᠡᠳᠬᠢᠯ ᠨᠢ ᠰᠡᠷᠭᠦᠵᠦ ᠪᠠᠶᠠᠷ ᠬᠥᠷ ᠲᠡᠢ ᠪᠣᠯᠤᠨ᠎ᠠ᠃ ᠪᠣᠮᠠᠨ ᠣᠷᠣᠶᠢᠲᠤ ᠶ᠋ᠢᠨ ᠠᠭᠤᠯᠠᠨ ᠳ᠋ᠤ᠌ ᠶᠠᠪᠤᠵᠤ ᠪᠠᠢᠬᠤ ᠳ᠋ᠤ᠌ ᠰᠠᠨᠵᠢ ᠭᠠᠵᠠᠷ ᠤ᠋ᠨ ᠰᠦᠷ ᠲᠦ᠍ ᠳᠠᠷᠤᠭᠳᠠᠵᠤ ᠲᠣᠯᠣᠭᠠᠢ ᠨᠢ ᠡᠷᠭᠢᠨ᠂ ᠪᠥᠭᠡᠯᠵᠢᠰᠦ ᠴᠢᠳᠬᠤᠵᠤ᠂ ᠶᠠᠳᠠᠷᠠᠨ ᠲᠤᠢᠯᠳᠠᠵᠠᠢ᠃ ᠥᠯᠵᠡᠢᠲᠦ ᠪᠣᠯᠬᠣᠷ ᠶᠠᠭᠤ ᠴᠤ᠌ ᠪᠣᠯᠤᠭ᠎ᠠ ᠦᠭᠡᠢ ᠮᠡᠲᠦ ᠠᠯᠬᠤᠯᠠᠵᠤ ᠪᠠᠢᠯ᠎ᠠ᠃
- ᠵᠠ ᠯᠠᠮᠠᠪᠤᠭᠠᠢ ᠮᠢᠨᠢ! ᠭᠦᠷᠢᠮ ᠨᠣᠮ ᠢ᠋ᠶ᠋ᠠᠨ ᠤᠩᠰᠢᠵᠤ ᠰᠤᠷᠤᠭᠰᠠᠨ ᠡᠷᠳᠡᠮ ᠢ᠋ᠶ᠋ᠡᠨ ᠭᠠᠷᠭᠠᠵᠤ ᠦᠵᠡ! ᠪᠤᠰᠤᠳ ᠢ᠋ ᠪᠢᠰᠢ ᠭᠡᠬᠦ ᠳ᠋ᠦ᠍ ᠥᠪᠡᠷ ᠢ᠋ ᠪᠡᠨ ᠠᠪᠤᠷᠠᠬᠤ᠂ ᠡᠷᠳᠡᠮ ᠰᠤᠷᠤᠭ᠎ᠠ ᠪᠢᠵᠡ ᠳᠡ ᠭᠡᠵᠦ ᠥᠯᠵᠡᠢᠲᠦ ᠶᠥᠭᠡᠳᠡᠬᠦ᠂ ᠠᠰᠠᠭᠤᠬᠤ ᠬᠣᠶᠠᠷ ᠤ᠋ᠨ ᠬᠣᠭᠣᠷᠣᠨᠳᠣ ᠬᠡᠯᠡᠯ᠎ᠡ᠃ ᠰᠠᠨᠵᠢ ᠶᠠᠮᠠᠷ ᠴᠤ᠌ ᠨᠣᠮ ᠤᠩᠰᠢᠭᠠᠳ ᠨᠡᠮᠡᠷᠢ ᠦᠭᠡᠢ ᠶ᠋ᠢ ᠥᠪᠡᠷ ᠢ᠋ᠶ᠋ᠡᠨ ᠮᠡᠳᠡᠵᠦ ᠪᠠᠢᠯ᠎ᠠ᠃ ᠥᠯᠵᠡᠢᠲᠦ ᠶ᠋ᠢᠨ ᠦᠭᠡ ᠭᠠᠰᠢᠭᠤᠨ ᠪᠥᠭᠡᠳ ᠦᠨᠡᠨ᠃
- ᠡᠢᠮᠦ ᠶᠠᠭᠤᠮᠠᠨ ᠳ᠋ᠤ᠌ ᠬᠡᠷᠡᠭ ᠪᠣᠯᠳᠠᠭ ᠨᠣᠮ ᠰᠤᠷᠤᠭ᠎ᠠ ᠦᠭᠡᠢ ᠭᠡᠵᠦ ᠦᠨᠡᠨ ᠢ᠋ᠶ᠋ᠡᠨ ᠬᠡᠯᠡᠭᠰᠡᠨ ᠴᠢᠨᠢ ᠥᠯᠵᠡᠢᠲᠦ ᠳ᠋ᠦ᠍ ᠶᠡᠬᠡ ᠲᠠᠭᠠᠯᠠᠭᠳᠠᠵᠠᠢ᠃ ᠵᠠᠯᠢᠬᠠᠢ ᠨᠢᠳᠦ ᠪᠡᠷ ᠢᠨᠢᠶᠡᠪᠬᠢᠯᠡᠭᠰᠡᠨ ᠢ᠋ᠶ᠋ᠡᠨ᠂
- ᠵᠠ ᠲᠡᠢᠮᠦ ᠯᠡ ᠪᠠᠢᠭ᠎ᠠ ᠶᠤᠮ ᠰᠢᠦ ᠳᠡ᠃ ᠠᠮᠢᠳᠤᠷᠠᠯ ᠠᠬᠤᠢ ᠳ᠋ᠤ᠌ ᠬᠡᠷᠡᠭ ᠪᠣᠯᠬᠤ ᠦᠭᠡᠢ ᠡᠷᠳᠡᠮ ᠢ᠋ᠶ᠋ᠡᠷ ᠶᠠᠭᠤ ᠶ᠋ᠢ ᠪᠡᠨ ᠬᠢᠨ᠎ᠡ᠃ ᠪᠢ ᠢᠩᠭᠢᠵᠦ ᠯᠡ ᠪᠣᠳᠣᠳᠠᠭ ᠪᠣᠯᠤᠭᠰᠠᠨ ᠬᠥᠮᠦᠨ ᠪᠠᠭ᠎ᠠ ᠵᠠᠯᠠᠭᠤ ᠳ᠋ᠤ᠌ ᠪᠠᠨ ᠴᠤ᠌ ᠯᠠᠮᠠ ᠪᠠᠭᠰᠢ᠂ ᠪᠤᠷᠬᠠᠨ ᠰᠢᠲᠦᠭᠡᠨ ᠳ᠋ᠦ᠍ ᠰᠦᠰᠦᠭᠯᠡᠵᠦ ᠯᠡ ᠶᠠᠪᠤᠯ᠎ᠠ᠃ ᠪᠤᠷᠬᠠᠨ ᠤ᠋ ᠠᠷᠢᠭᠤᠨ ᠣᠷᠣᠨ ᠭᠡᠭᠳᠡᠭᠰᠡᠨ ᠤᠲᠠᠢ᠂ ᠭᠦᠮᠪᠦᠮ᠂ ᡀᠠᠰᠠ ᠵᠣᠣ ᠪᠠᠷ ᠭᠡᠷᠦᠨ ᠲᠡᠨᠦᠭᠦᠯᠴᠢᠯᠡᠵᠦ ᠥᠩᠭᠡᠷᠡᠭᠡᠭᠰᠡᠨ ᠡᠨᠡ ᠵᠢᠯ ᠦ᠋ᠳ ᠲᠦ᠍ ᠭᠠᠭᠴᠠᠬᠠᠨ ᠯᠠ ᠶᠠᠭᠤᠮ᠎ᠠ ᠤᠬᠠᠭᠠᠷᠠᠭᠰᠠᠨ᠃ ᠲᠡᠷᠡ ᠮᠢᠨᠢ ᠶᠠᠭᠤ ᠪᠣᠢ ᠭᠡᠪᠡᠯ 《ᠪᠤᠷᠬᠠᠨ ᠤ᠋ ᠭᠦᠨ ᠤᠬᠠᠭᠠᠨ ᠠ᠋ᠴᠠ ᠠᠷᠠᠳ ᠤ᠋ᠨ ᠬᠠᠷ᠎ᠠ ᠤᠬᠠᠭᠠᠨ ᠳᠡᠭᠡᠷ᠎ᠡ》ᠶᠦ᠍ᠮ ᠪᠠᠢᠨ᠎ᠠ ᠭᠡᠳᠡᠭ ᠢ᠋ ᠯᠡ ᠮᠡᠳᠡᠭᠰᠡᠨ᠃ ᠬᠡᠴᠢᠨᠡᠨ ᠣᠯᠠᠨ ᠠᠪᠤ ᠶ᠋ᠢᠨ ᠬᠦᠦ ᠰᠦᠮ᠎ᠡ ᠳᠤᠭᠠᠩ ᠳ᠋ᠤ᠌ ᠱᠠᠪᠢᠯᠠᠨ ᠰᠠᠭᠤᠵᠤ᠂ ᠬᠡᠴᠢᠨᠡᠨ ᠣᠯᠠᠨ ᠵᠢᠩ ᠰᠢᠷ᠎ᠠ ᠲᠣᠰᠣ ᠪᠠᠷ ᠵᠤᠯᠠ ᠪᠠᠷᠢᠵᠤ᠂ ᠬᠡᠴᠢᠨᠡᠨ ᠣᠯᠠᠨ ᠣᠯᠪᠣᠭ ᠡᠯᠡᠭᠡᠵᠦ ᠪᠠᠢᠭ᠎ᠠ ᠶ᠋ᠢ ᠬᠠᠷᠠᠬᠤ ᠪᠦᠷᠢ ᠳ᠋ᠦ᠍ ᠯᠡ ᠳᠣᠲᠣᠷ᠎ᠠ ᠠᠶᠠᠭᠦᠢ ᠪᠣᠯᠬᠤ ᠶᠤᠮ᠃ ᠭᠡᠬᠦ ᠳ᠋ᠦ᠍ ᠪᠡᠨ ᠡᠢᠮᠦ ᠶᠠᠭᠤᠮ᠎ᠠ ᠶ᠋ᠢ ᠪᠢ ᠬᠡᠨ ᠳ᠋ᠦ᠍ ᠴᠦ᠍ ᠶᠠᠷᠢᠳᠠᠭ ᠦᠭᠡᠢ᠃ ᠠᠯᠳᠠᠰ ᠨᠢᠭᠦᠯ ᠪᠣᠯᠤᠨ᠎ᠠ ᠭᠡᠯᠴᠡᠭᠡᠳ ᠠᠳᠠ ᠦᠵᠡᠬᠦ ᠨᠢ ᠲᠦᠪᠡᠭᠲᠡᠢ᠃ ᠬᠠᠷᠢᠨ ᠰᠠᠨᠵᠢ ᡀᠠᠷᠠᠮᠪᠠ ᠴᠢᠮ᠎ᠠ ᠳ᠋ᠤ᠌ ᠪᠣᠯ ᠣᠯᠠᠨ ᠬᠣᠨᠣᠭ ᠡᠪᠦᠷ ᠲᠦᠷᠡᠢ ᠳ᠋ᠦ᠍ ᠪᠡᠨ ᠣᠷᠣᠵᠤ ᠢᠵᠢᠯ ᠳᠠᠰᠤᠯ ᠪᠣᠯᠴᠢᠬᠠᠭᠰᠠᠨ ᠳ᠋ᠤ᠌ ᠪᠠᠨ ᠯᠠ ᠢᠯᠠᠨ ᠳᠠᠯᠠᠨ ᠦᠭᠡᠢ ᠶᠠᠷᠢᠵᠤ ᠪᠠᠢᠨ᠎ᠠ᠃ ᠡᠨᠡ ᠶ᠋ᠢ ᠮᠢᠨᠢ ᠴᠢ ᠶᠠᠮᠠᠷ ᠠᠳᠠ ᠱᠤ᠌ ᠦᠵᠡᠬᠦ ᠶᠦ᠍ᠮ ᠤᠤ᠂ ᠪᠤᠰᠤᠳ ᠲᠤ᠌ ᠲᠠᠷᠬᠠᠭᠠᠬᠤ ᠪᠢᠰᠢ ᠭᠡᠵᠦ ᠥᠯᠵᠡᠢᠲᠦ ᠬᠡᠯᠡᠭᠡᠳ ᠬᠠᠪᠴᠢᠭ ᠡᠭᠦᠷᠭᠡ ᠳᠣᠲᠣᠷ᠎ᠠ ᠠ᠋ᠴᠠ ᠪᠠᠨ ᠵᠢᠵᠢᠭᠬᠡᠨ ᠪᠣᠶᠢᠯᠠᠡᠭ ᠭᠠᠷᠭᠠᠵᠤ ᠢᠷᠡᠪᠡ᠃ ᠲᠡᠷᠡ ᠳᠣᠲᠣᠷ᠎ᠠ ᠠ᠋ᠴᠠ ᠪᠠᠨ ᠵᠢᠵᠢᠭᠬᠡᠨ ᠬᠠᠨᠠᠭᠤᠷ ᠣᠯᠵᠤ ᠠᠪᠤᠭᠠᠳ᠂
- ᠠᠯᠢ ᠪᠣᠢ᠂ ᠪᠠᠷᠠᠭᠤᠨ ᠭᠠᠷ ᠤ᠋ᠨ ᠢ᠋ᠶ᠋ᠠᠨ ᠲᠣᠬᠣᠢ ᠶ᠋ᠢ ᠢᠯᠡ ᠭᠠᠷᠭᠠᠭᠠᠳ ᠢᠷ᠎ᠡ ! ᠭᠡᠵᠦ ᠱᠠᠭᠠᠷᠳᠠᠪᠠ᠃ ᠰᠠᠨᠵᠢ ᠲᠣᠬᠣᠢ ᠶ᠋ᠢ ᠪᠡᠨ ᠢᠯᠡ ᠭᠠᠷᠭᠠᠪᠠᠯ ᠥᠯᠵᠡᠢᠲᠦ ᠭᠠᠷ ᠤ᠋ᠨ ᠬᠢᠨᠢ ᠲᠣᠬᠣᠢ ᠶ᠋ᠢᠨ ᠬᠠᠴᠠᠷ ᠲᠤᠰᠢᠶ᠎ᠠ ᠨᠢᠭᠡᠨ ᠰᠤᠳᠠᠰᠤ ᠶ᠋ᠢ ᠴᠠᠰ ᠬᠢᠲᠡᠯ᠎ᠡ ᠬᠠᠨᠠᠪᠠ᠃ ᠴᠢᠰᠤ ᠣᠯᠣᠭᠣᠶᠢᠳᠠᠨ ᠭᠠᠷᠤᠯ᠎ᠠ᠃ ᠥᠯᠵᠡᠢᠲᠦ ᠠᠮᠠᠨ ᠳᠣᠲᠣᠷ᠎ᠠ ᠪᠠᠨ ᠲᠣᠭᠠᠯᠠᠵᠤ ᠪᠠᠢᠭᠰᠠᠨ ᠢ᠋ᠶ᠋ᠠᠨ ᠨᠥᠭᠥᠭᠡᠬᠢ ᠬᠠᠨᠠᠭᠰᠠᠨ ᠭᠠᠵᠠᠷ ᠢ᠋ ᠭᠠᠭᠴᠠᠬᠠᠨ ᠳᠠᠷᠤᠵᠤ ᠴᠢᠰᠤ ᠶ᠋ᠢ ᠲᠣᠭᠲᠠᠭᠠᠪᠠ᠃
- ᠣᠳᠣ ᠵᠦᠭᠡᠷ ᠪᠣᠯᠤᠨ᠎ᠠ᠃ ᠪᠠᠯᠭᠣᠬᠠᠨ ᠬᠠᠷ᠎ᠠ ᠠᠷᠢᠬᠢ ᠬᠣᠢᠨ᠎ᠠ ᠠ᠋ᠴᠠ ᠨᠢ ᠤᠤᠭᠤᠴᠢᠬᠠᠪᠠᠯ ᠴᠤ᠌ ᠪᠦᠷ ᠰᠠᠢᠨ ᠪᠣᠯᠤᠨ᠎ᠠ᠃ ᠳᠠᠩᠴᠤ ᠪᠢᠳᠡ ᠬᠣᠶᠠᠷ ᠰᠢᠭ᠋ ᠲᠡᠨᠦᠭᠦᠯᠴᠢᠨ ᠳ᠋ᠦ᠍ ᠬᠡᠨ ᠠᠷᠢᠬᠢ ᠰᠥᠩᠨᠡᠬᠦ ᠪᠢᠯᠡ ᠳᠠ ᠭᠡᠵᠦ ᠥᠯᠵᠡᠢᠲᠦ ᠦᠭᠡᠯᠡᠵᠦ ᠪᠢᠯᠡ᠃ ᠴᠢᠰᠤ ᠶ᠋ᠢ ᠲᠡᠢᠨ ᠬᠦ᠌ ᠬᠠᠨᠠᠭᠰᠠᠨ ᠠ᠋ᠴᠠ ᠬᠣᠢᠰᠢ ᠤᠤᠯ ᠤ᠋ᠨ ᠰᠦᠷ ᠲᠦ᠍ ᠳᠠᠷᠤᠭᠳᠠᠨ ᠵᠣᠪᠠᠬᠤ ᠨᠢ ᠪᠠᠭᠠᠰᠴᠤ ᠰᠠᠨᠵᠢ ᠶ᠋ᠢᠨ ᠵᠣᠪᠠᠯᠠᠩ ᠨᠠᠮᠳᠠᠵᠤ ᠪᠢᠯᠡ᠃ ᠠᠮᠢᠳᠤᠷᠠᠯ ᠤ᠋ᠨ ᠨᠠᠷᠢᠨ ᠠᠷᠭ᠎ᠠ ᠤᠬᠠᠭᠠᠨ ᠲᠠᠢ ᠥᠯᠵᠡᠢᠲᠦ ᠪᠠᠳᠢᠷᠴᠢᠨ ᠢ᠋ ᠪᠢᠰᠢᠷᠡᠨ ᠬᠦᠨᠳᠦᠯᠡᠬᠦ ᠰᠡᠳᠬᠢᠯ ᠰᠠᠨᠵᠢ ᠳ᠋ᠤ᠌ ᠠᠶᠠᠨᠳᠠᠭᠠᠨ ᠪᠣᠢ ᠪᠣᠯᠪᠠ᠃
《ᠪᠡᠷᠢᠮᠦᠭ ᠡᠮᠡᠭᠡᠨ ᠲᠡᠢ ᠶᠡᠬᠡ ᠲᠥᠰᠲᠡᠢ ᠬᠥᠮᠦᠨ ᠶᠦ᠍ᠮ ᠳᠡ᠃ ᠪᠠᠳᠢᠷᠴᠢᠯᠠᠨ ᠶᠠᠪᠤᠭᠰᠠᠭᠠᠷ ᠪᠠᠢᠭᠠᠳ ᠯᠠ ᠡᠢᠮᠦ ᠪᠡᠷᠬᠡ ᠬᠥᠮᠦᠨ ᠪᠣᠯᠤᠭ᠎ᠠ ᠪᠢᠵᠡ ᠳᠡ᠃ ᠭᠠᠰᠢᠭᠤᠨ ᠮᠥᠷᠲᠡᠯ᠎ᠡ ᠶᠠᠭ ᠯᠠ ᠦᠨᠡᠨ ᠶᠠᠭᠤᠮ᠎ᠠ ᠶᠠᠷᠢᠭᠠᠳ ᠪᠠᠢᠨ᠎ᠠ》 ᠭᠡᠵᠦ ᠰᠠᠨᠵᠢ ᠲᠡᠭᠦᠨ ᠦ᠌ ᠲᠤᠬᠠᠢ ᠡᠷᠭᠢᠴᠡᠭᠦᠯᠦᠨ ᠪᠣᠳᠣᠵᠤ ᠪᠠᠢᠪᠠ᠃ ᠬᠣᠶᠠᠷ ᠲᠡᠨᠦᠭᠦᠯᠴᠢᠨ ᠨᠢᠭᠡᠨ ᠱᠠᠩᠳᠠᠨ ᠤ᠋ ᠬᠥᠪᠡᠭᠡᠨ ᠳ᠋ᠦ᠍ ᠢᠷᠡᠵᠦ ᠲᠦᠷ ᠲᠤᠬᠠᠯᠠᠨ ᠰᠠᠭᠤᠬᠤ ᠪᠠᠷ ᠡᠭᠦᠷᠭᠡ ᠪᠡᠨ ᠠᠪᠴᠤ᠂ ᠲᠣᠭᠣᠭ᠎ᠠ ᠰᠢᠨᠠᠭ᠎ᠠ ᠪᠠᠨ ᠪᠡᠯᠡᠳᠬᠡᠵᠦ ᠡᠬᠢᠯᠡᠲᠡᠯ᠎ᠡ᠂
- ᠡᠨᠡᠦᠬᠡᠨ ᠵᠡᠭᠦᠨ ᠲᠠᠯ᠎ᠠ ᠳ᠋ᠤ᠌ ᠠᠨᠢᠭ ᠭᠣᠮᠪᠣ ᠭᠡᠳᠡᠭ ᠡᠮᠡᠭᠲᠡᠢᠴᠦᠳ ᠦ᠋ᠨ ᠰᠦᠮ᠎ᠡ ᠪᠠᠢᠳᠠᠭ ᠶᠤᠮ᠃ ᠮᠥᠨ ᠴᠦ᠍ ᠬᠥᠭ ᠦ᠋ᠨ ᠭᠠᠵᠠᠷ ᠳᠠ! ᠭᠡᠵᠦ ᠭᠡᠨᠡᠳᠲᠡ ᠥᠯᠵᠡᠢᠲᠦ ᠶᠠᠷᠢᠪᠠ᠃ ᠲᠡᠷᠡ ᠦᠭᠡ ᠶ᠋ᠢ ᠰᠣᠨᠣᠰᠤᠮᠠᠭᠴᠠ ᠰᠠᠨᠵᠢ ᠴᠣᠴᠢᠬᠤ ᠰᠢᠭ᠋ ᠪᠣᠯᠵᠤ ᠪᠡᠷᠢᠮᠦᠭ ᠡᠮᠡᠭᠡᠨ ᠦ᠌ ᠵᠠᠬᠢᠶᠠᠰᠤ ᠶ᠋ᠢ ᠭᠡᠨᠡᠳᠲᠡ ᠰᠠᠨᠠᠯ᠎ᠠ᠃ ᠲᠡᠭᠡᠮᠡᠭᠴᠡ ᠡᠭᠦᠷᠭᠡ ᠪᠡᠨ ᠳᠠᠬᠢᠨ ᠪᠣᠭᠣᠵᠤ ᠡᠬᠢᠯᠡᠬᠦ ᠳ᠋ᠦ᠍ ᠨᠢ ᠥᠯᠵᠡᠢᠲᠦ ᠭᠠᠢᠬᠠᠵᠤ᠂
- ᠡᠪᠡᠳᠴᠢᠨ ᠲᠤᠰᠪᠠ ᠤᠤ? ᠳᠥᠩᠭᠡᠵᠢ ᠪᠠᠭᠤᠳᠠᠯᠯᠠᠬᠤ ᠪᠠᠷ ᠵᠡᠬᠡᠵᠦ ᠪᠠᠢᠭᠰᠠᠨ ᠢ᠋ᠶ᠋ᠠᠨ ᠪᠣᠯᠢᠭᠠᠳ ᠤᠨᠠᠬᠤ ᠴᠢᠨᠢ! ᠡᠮᠡᠭᠲᠡᠢᠴᠦᠳ ᠦ᠋ᠨ ᠰᠦᠮ᠎ᠡ ᠭᠡᠬᠦ ᠪᠡᠷ ᠠᠶᠤᠪᠠ ᠤᠤ? ᠲᠡᠳᠡᠨ ᠦ᠌ ᠦᠨᠦᠷ ᠴᠦ᠍ ᠬᠦᠷᠬᠦ ᠪᠡᠷ ᠦᠭᠡᠢ ᠬᠣᠯᠠ ᠪᠠᠢᠬᠤ ᠳ᠋ᠤ᠌ ᠶᠠᠭᠤᠨ ᠳ᠋ᠤ᠌ ᠨᠢ ᠯᠠᠮᠠᠪᠤᠭᠠᠢ ᠳ᠋ᠤ᠌ ᠠᠯᠳᠠᠰ ᠨᠢᠭᠦᠯ ᠪᠣᠯᠬᠤ ᠪᠣᠢ ᠳᠠ! ᠭᠡᠵᠦ ᠱᠣᠭᠯᠠᠬᠤ ᠮᠠᠶ᠋ᠢᠭᠲᠠᠢ ᠬᠡᠯᠡᠬᠦ ᠳ᠋ᠦ᠍ ᠰᠠᠨᠵᠢ᠂
- ᠠᠨᠢᠭ ᠭᠣᠮᠪᠣ ᠳ᠋ᠤ᠌ ᠣᠴᠢᠵᠤ ᠮᠥᠷᠭᠥᠯ ᠦᠢᠯᠡᠳᠦᠶ᠎ᠡ! ᠭᠡᠪᠡ᠃ ᠥᠯᠵᠡᠢᠲᠦ ᠲᠠᠴᠢᠭᠢᠨᠠᠲᠠᠯ᠎ᠠ ᠢᠨᠢᠶᠡᠵᠦ᠂
- ᠶᠠᠭᠤ ᠭᠡᠰᠡᠨ ᠦᠭᠡ ᠪᠣᠢ? ᠨᠢᠭᠦᠯ ᠠᠯᠳᠠᠰ ᠭᠡᠵᠦ ᠪᠠᠢᠳᠠᠭ ᠶᠤᠮ ᠪᠣᠯ ᠲᠡᠷᠡ ᠴᠢᠨᠢ ᠪᠣᠯᠤᠨ᠎ᠠ ᠪᠢᠵᠡ ᠳᠡ᠃ ᠲᠡᠭᠡᠭᠡᠳ ᠴᠦ᠍ ᠲᠣᠯᠣᠭᠠᠢ ᠬᠠᠭᠠᠯᠴᠢᠬᠠᠬᠤ ᠭᠡᠳ ᠪᠠᠢᠳᠠᠭ ᠬᠡᠴᠡᠭᠦᠦ ᠭᠠᠵᠠᠷ! ᠭᠡᠪᠡ᠃
- ᠶᠠᠭᠠᠬᠢᠭᠠᠳ ᠲᠣᠯᠣᠭᠠᠢ ᠬᠠᠭᠠᠯᠴᠢᠬᠠᠬᠤ ᠭᠡᠳᠡᠭ ᠶᠦ᠍ᠮ ᠪᠣᠢ?
- ᠶᠠᠭᠠᠬᠢᠬᠤ ᠶᠠᠭᠤ ᠪᠠᠢᠬᠤ ᠪᠣᠢ? ᠲᠠᠩᠳᠠ ᠬᠡᠦᠬᠡᠨ ᠨᠥᠬᠥᠳ ᠱᠠᠪᠢᠯᠠᠨ ᠰᠠᠭᠤᠳᠠᠭ ᠪᠣᠯᠬᠣᠷ ᠡᠷ᠎ᠡ ᠬᠥᠮᠦᠨ ᠬᠠᠷᠠᠭᠳᠠᠪᠠᠯ ᠴᠢᠯᠠᠭᠤ ᠪᠠᠷ ᠨᠡᠭᠦᠯᠭᠡᠭᠡᠳ ᠨᠢᠭᠤᠷ ᠨᠢᠳᠦ ᠦᠭᠡᠢ ᠪᠣᠯᠭᠠᠴᠢᠬᠠᠬᠤ ᠭᠡᠳ ᠪᠠᠢᠳᠠᠭ ᠶᠤᠮ᠃ ᠡᠪᠦᠭᠡᠨ ᠴᠢᠨᠢ ᠵᠠᠯᠠᠭᠤ ᠳ᠋ᠤ᠌ ᠪᠠᠨ ᠰᠠᠪᠠᠭ᠎ᠠ ᠦᠭᠡᠢᠷᠬᠡᠵᠦ ᠡᠭᠦᠪᠡᠷ ᠬᠥᠯᠳᠡᠬᠦ ᠭᠡᠳ ᠦᠵᠡᠭᠰᠡᠨ ᠬᠥᠮᠦᠨ᠃ ᠪᠠᠯᠠᠯᠤᠭᠤᠯᠬᠤ ᠰᠢᠬᠠᠭᠰᠠᠨ ᠶᠤᠮ ᠳ᠋ᠠᠭ᠃ ᠵᠠᠯᠠᠭᠤ ᠳ᠋ᠤ᠌ ᠪᠠᠨ ᠪᠠᠷᠠᠭ᠎ᠠ ᠦᠭᠡᠢ ᠶᠠᠭᠤᠮ᠎ᠠ ᠶ᠋ᠢ ᠣᠳᠣ ᠥᠲᠡᠯᠦᠭᠰᠡᠨ ᠬᠣᠢᠨ᠎ᠠ ᠪᠠᠨ ᠶᠠᠭᠤ ᠬᠢᠬᠦ ᠪᠣᠢ? ᠲᠠᠷᠠᠭ ᠤ᠋ᠨ ᠢ᠋ᠶ᠋ᠠᠨ ᠰᠠᠪᠠᠨ ᠠ᠋ᠴᠠ ᠰᠠᠯᠴᠢᠬᠠᠵᠤ ᠮᠠᠭᠠᠳ ᠦᠭᠡᠢ! ᠭᠡᠵᠦ ᠥᠯᠵᠡᠢᠲᠦ ᠨᠡᠯᠢᠶᠡᠳ ᠵᠠᠯᠬᠠᠭᠰᠠᠨ ᠪᠠᠢᠷᠢᠲᠠᠢ ᠶᠠᠷᠢᠬᠤ ᠶ᠋ᠢ ᠰᠣᠨᠣᠰᠴᠤ ᠰᠠᠨᠵᠢ ᠶ᠋ᠢᠨ ᠢᠨᠢᠶᠡᠳᠦ ᠬᠦᠷᠦᠭᠰᠡᠨ ᠪᠣᠯᠪᠠᠴᠤ ᠲᠡᠷᠡ ᠬᠡᠢᠳ ᠲᠦ᠍ ᠣᠴᠢᠬᠤ ᠪᠠᠷ ᠪᠣᠰᠤᠯ᠎ᠠ᠃
- ᠦᠭᠡᠢ ᠴᠢ ᠬᠠᠮᠢᠭ᠎ᠠ ᠣᠴᠢᠬᠤ ᠨᠢ ᠪᠣᠢ? ᠬᠥᠮᠦᠨ ᠤᠴᠢᠷ ᠢ᠋ ᠨᠢ ᠬᠡᠯᠡᠭᠡᠳ ᠪᠠᠢᠬᠤ ᠳ᠋ᠤ᠌ ᠲᠣᠭᠣᠬᠤ ᠦᠭᠡᠢ ᠶᠠᠪᠤᠵᠤ ᠪᠠᠢᠵᠤ ᠲᠠᠷᠢᠬᠢ ᠪᠠᠨ ᠬᠠᠭ᠎ᠠ ᠴᠣᠬᠢᠭᠤᠯᠴᠢᠬᠠᠪᠠᠯ ᠶᠠᠮᠠᠷ ᠰᠠᠢᠨ ᠪᠣᠢ? ᠭᠡᠵᠦ ᠥᠯᠵᠡᠢᠲᠦ ᠬᠣᠷᠢᠭᠯᠠᠪᠠ᠃ ᠰᠠᠨᠵᠢ ᠰᠢᠯᠤᠭᠤᠳᠠᠭᠰᠠᠨ ᠬᠥᠮᠦᠨ ᠦ᠌ ᠶᠣᠰᠣᠭᠠᠷ ᠲᠣᠯᠣᠭᠠᠢ ᠵᠠᠢᠯᠵᠤ᠂
- ᠦᠭᠡᠢ᠂ ᠦᠭᠡᠢ᠃ ᠠᠨᠢᠭ ᠭᠣᠮᠪᠣ ᠭᠡᠳᠡᠭ ᠲᠦ᠍ ᠪᠢ ᠵᠠᠪᠠᠯ ᠣᠴᠢᠬᠤ ᠤᠴᠢᠷᠲᠠᠢ᠃ ᠡᠷᠭᠦᠯ ᠪᠠᠷᠢᠴᠠ ᠡᠷᠭᠦᠨ᠎ᠡ ᠭᠡᠰᠡᠨ ᠳ᠋ᠦ᠍᠂
- ᠡᠷᠭᠦᠬᠦ ᠶᠠᠭᠤᠮ᠎ᠠ ᠴᠢᠮ᠎ᠠ ᠳ᠋ᠤ᠌ ᠶᠠᠭᠤ ᠪᠠᠢᠪᠠ ᠭᠡᠵᠦ ᠳᠡ? ᠭᠡᠵᠦ ᠥᠯᠵᠡᠢᠲᠦ ᠡᠷᠡᠭᠡᠯᠵᠡᠯᠡ᠃ ᠰᠠᠨᠵᠢ ᠲᠡᠭᠦᠨ ᠢ᠋ ᠢᠳᠬᠠᠵᠤ᠂
- ᠡᠷᠭᠦᠬᠦ ᠶᠠᠭᠤᠮ᠎ᠠ ᠪᠠᠢᠭ᠎ᠠ ᠨᠢ ᠦᠨᠡᠨ᠃ ᠭᠡᠬᠦ ᠳ᠋ᠦ᠍ ᠪᠡᠨ ᠪᠡᠷᠢᠮᠦᠭ ᠡᠮᠡᠭᠡᠨ ᠭᠡᠵᠦ ᠪᠠᠷᠤᠭ ᠯᠠ ᠮᠢᠨᠦ ᠡᠮᠡᠭᠡ ᠡᠵᠢ ᠪᠣᠯᠤᠭᠰᠠᠨ ᠠᠴᠢᠲᠠᠢ ᠬᠥᠮᠦᠨ ᠪᠠᠢᠭᠰᠠᠨ ᠶᠤᠮ᠃ ᠲᠡᠷᠡ ᠡᠨᠡ ᠠᠨᠢᠭ ᠭᠣᠮᠪᠣ ᠭᠡᠳᠡᠭ ᠲᠦ᠍ ᠱᠠᠪᠢᠯᠠᠨ ᠰᠠᠭᠤᠵᠤ ᠵᠠᠯᠠᠭᠤ ᠨᠠᠰᠤ ᠪᠠᠨ ᠥᠩᠭᠡᠷᠡᠭᠡᠭᠰᠡᠨ ᠭᠡᠳᠡᠭ᠃ ᠨᠠᠰᠤᠨ ᠬᠤᠲᠤᠭ ᠪᠣᠯᠬᠤ ᠶ᠋ᠢᠨ ᠢ᠋ᠶ᠋ᠡᠨ ᠡᠮᠦᠨ᠎ᠡ ᠨᠠᠳᠠ ᠳ᠋ᠤ᠌ ᠭᠠᠭᠴᠠᠬᠠᠨ ᠶᠠᠭᠤᠮ᠎ᠠ ᠵᠠᠬᠢᠭᠰᠠᠨ᠃ ᠲᠡᠭᠦᠨ ᠢ᠋ ᠨᠢ ᠪᠢ ᠪᠡᠶᠡᠯᠡᠭᠦᠯᠬᠦ ᠦᠭᠡᠢ ᠪᠣᠯ ᠶᠣᠰᠣᠲᠠᠢ ᠨᠢᠭᠦᠯ ᠭᠡᠳᠡᠭ ᠲᠡᠷᠡ ᠪᠣᠯᠤᠨ᠎ᠠ᠃ ᠶᠠᠪᠤᠶ᠎ᠠ᠃ ᠲᠠ ᠨᠠᠳᠠ ᠳ᠋ᠤ᠌ ᠲᠡᠷᠡ ᠬᠡᠢᠳ ᠢ᠋ ᠵᠢᠭᠠᠭᠠᠳ ᠥᠭᠭᠦᠭᠡᠴᠢ! ᠭᠡᠵᠦ ᠱᠠᠭᠠᠷᠳᠠᠪᠠ᠃
- ᠠ ᠪᠡᠷᠢᠮᠦᠭ ᠡᠮᠡᠭᠡᠨ ᠤᠤ? ᠮᠡᠳᠡᠨ᠎ᠡ ᠮᠡᠳᠡᠨ᠎ᠡ᠃ ᠲᠡᠢᠮᠦ ᠬᠥᠮᠦᠨ ᠪᠠᠢᠭᠰᠠᠨ᠃ ᠤᠯᠠᠭᠠᠨ ᠭᠠᠯᠵᠠᠭᠤ ᠠᠪᠠᠭᠠᠢ ᠪᠠᠢᠭᠰᠠᠨ ᠶᠤᠮ ᠳᠠ᠃ ᠬᠡᠯᠡ ᠨᠢ ᠲᠣᠩᠭᠣᠷᠠᠭ ᠰᠢᠭ᠋ ᠯᠡ ᠬᠤᠷᠴᠠ ᠪᠣᠯᠬᠣᠷ ᠲᠡᠭᠦᠨ ᠢ᠋ ᠦᠵᠡᠳᠡᠭ ᠦᠭᠡᠢ ᠪᠠᠢᠯ᠎ᠠ᠃ ᠵᠠ ᠳᠡᠷᠡᠨ ᠦ᠌ ᠵᠠᠬᠢᠶᠠᠰᠤ ᠪᠠᠢᠭ᠎ᠠ ᠶᠤᠮ ᠪᠣᠯ ᠣᠳᠣ ᠣᠴᠢᠬᠤ ᠠ᠋ᠴᠠ ᠪᠢᠰᠢ ᠳᠡ᠃ ᠲᠡᠭᠦᠨ ᠡᠴᠡ ᠠᠬ᠎ᠠ ᠨᠢ ᠡᠨᠡ ᠤᠷᠤᠭᠤ ᠵᠦᠭᠯᠡᠬᠦ ᠡᠴᠡ ᠴᠦ᠍ ᠬᠠᠰᠢᠷᠠᠭᠰᠠᠨ ᠬᠥᠮᠦᠨ ᠭᠡᠵᠦ ᠥᠯᠵᠡᠢᠲᠦ ᠶᠠᠷᠢᠭᠠᠳ ᠮᠥᠨ ᠯᠡ ᠶᠠᠪᠤᠬᠤ ᠪᠠᠷ ᠪᠣᠯᠵᠤ ᠶᠠᠭᠤᠮ᠎ᠠ ᠪᠠᠨ ᠬᠤᠮᠬᠢᠪᠠ᠃
- ᠡᠨᠡᠦᠬᠡᠨ ᠵᠡᠭᠦᠨ ᠬᠥᠪᠡᠭᠡᠨ ᠦ᠌ ᠴᠠᠭᠠᠨ᠎ᠠ ᠠᠭᠤᠯᠠ ᠶ᠋ᠢᠨ ᠡᠩᠭᠡᠷ ᠲᠦ᠍᠂ ᠥᠭᠰᠥᠭᠦᠦ ᠭᠠᠵᠠᠷ ᠪᠠᠢᠳᠠᠭ ᠰᠢᠭ᠋ ᠰᠠᠨᠠᠭᠳᠠᠨ᠎ᠠ᠃ ᠰᠢᠮᠨᠠᠨᠼ ᠤ᠋ᠨ ᠰᠠᠬᠢᠯ ᠬᠦᠷᠲᠡᠭᠰᠡᠨ ᠬᠡᠦᠬᠡᠨ ᠨᠥᠬᠥᠳ ᠢ᠋ᠶ᠋ᠡᠷ ᠳᠦᠭᠦᠷᠡᠩ ᠭᠠᠵᠠᠷ᠃ ᠨᠢᠭᠡ ᠴᠤ᠌ ᠡᠷ᠎ᠡ ᠬᠥᠮᠦᠨ ᠪᠠᠢᠬᠤ ᠦᠭᠡᠢ᠃ ᠡᠷ᠎ᠡ ᠬᠥᠮᠦᠨ ᠢ᠋ ᠬᠡᠢᠳ ᠦ᠋ᠨ ᠢ᠋ᠶ᠋ᠡᠨ ᠭᠣᠷᠢᠯᠣᠮ ᠳ᠋ᠤ᠌ ᠴᠤ᠌ ᠣᠷᠣᠭᠤᠯᠬᠤ ᠳᠤᠷ᠎ᠠ ᠦᠭᠡᠢ᠂ ᠬᠡᠴᠡᠭᠦᠦ ᠠᠮᠢᠲᠠᠳ ᠳᠠ! ᠭᠡᠵᠦ ᠥᠯᠵᠡᠢᠲᠦ ᠦᠭᠡᠯᠡᠭᠰᠡᠭᠡᠷ ᠶᠠᠪᠤᠯ᠎ᠠ᠃
- ᠨᠡᠯᠢᠶᠡᠳ ᠶᠠᠪᠤᠵᠤ ᠨᠢᠭᠡᠨ ᠶᠡᠬᠡ ᠬᠥᠪᠡᠭᠡ ᠶ᠋ᠢ ᠳᠠᠪᠠᠮᠠᠭᠴᠠ ᠠᠭᠤᠯᠠ ᠶ᠋ᠢᠨ ᠡᠩᠭᠡᠷ ᠲᠦ᠍ ᠪᠦᠷᠭᠦᠳ ᠦ᠋ᠨ ᠡᠭᠦᠷ ᠰᠢᠭ ᠶᠠᠭᠤᠮ᠎ᠠ ᠬᠠᠷᠠᠭᠳᠠᠯ᠎ᠠ᠃ ᠥᠯᠵᠡᠢᠲᠦ ᠲᠡᠭᠦᠨ ᠢ᠋ ᠵᠢᠭᠠᠵᠤ᠂
- ᠠᠨᠢᠭ ᠭᠣᠮᠪᠣ ᠭᠡᠳᠡᠭ ᠴᠢᠨᠢ ᠲᠡᠷᠡ ᠪᠠᠢᠨ᠎ᠠ᠃ ᠴᠢᠮᠠᠶ᠋ᠢ ᠴᠤ᠌ ᠶᠠᠭᠠᠬᠢᠬᠤ ᠪᠣᠢ᠂ ᠰᠢᠮᠨᠠᠨᠼ ᠪᠠᠢᠨ᠎ᠠ ᠭᠡᠳ ᠯᠡ ᠣᠷᠣᠭᠤᠯᠵᠤ ᠣᠷᠬᠢᠨ᠎ᠠ᠃ ᠨᠠᠮᠠᠶ᠋ᠢ ᠴᠤ᠌ ᠡᠭᠦᠳᠡᠨ ᠳᠡᠭᠡᠷ᠎ᠡ ᠡᠴᠡ ᠪᠠᠨ ᠯᠠ ᠦᠯᠳᠡᠨ ᠬᠥᠭᠡᠭᠡᠨ᠎ᠡ ᠪᠢᠵᠡ ᠳᠡ᠃ ᠠᠶᠠᠭᠦᠢ ᠪᠣᠯ ᠳᠡᠭᠡᠷ᠎ᠡ ᠦᠶ᠎ᠡ ᠳ᠋ᠦ᠍ ᠬᠥᠭᠯᠡᠵᠦ ᠶᠠᠪᠤᠭᠰᠠᠨ ᠢ᠋ ᠮᠢᠨᠢ ᠮᠡᠳᠡᠳᠡᠭ ᠴᠢᠪᠠᠭᠠᠨᠴᠠ ᠳᠠᠭᠠᠷᠢᠯᠳᠤᠭᠠᠳ ᠲᠠᠨᠢᠵᠤ ᠣᠷᠬᠢᠪᠠᠯ ᠨᠠᠮᠠᠶ᠋ᠢ ᠪᠠᠨ ᠶᠠᠭᠤᠮ᠎ᠠ ᠦᠯᠡᠳᠡᠭᠡᠬᠦ ᠦᠭᠡᠢ ᠳᠡ! ᠭᠡᠵᠦ ᠥᠯᠵᠡᠢᠲᠦ ᠰᠠᠨᠠᠭ᠎ᠠ ᠵᠣᠪᠠᠬᠤ ᠳ᠋ᠤ᠌ ᠨᠢ᠂
- ᠵᠣᠪᠠᠭᠠᠳ ᠶᠠᠭᠤ ᠪᠠᠨ ᠬᠢᠬᠦ ᠪᠣᠢ? ᠪᠢ ᠲᠠᠨ ᠢ᠋ ᠥᠮᠥᠭᠡᠷᠡᠨᠡ᠃ ᠵᠥᠪᠬᠡᠨ ᠡᠷᠭᠦᠯ ᠪᠠᠷᠢᠴᠠ ᠲᠡᠳᠦᠢᠬᠡᠨ ᠢ᠋ ᠥᠭᠭᠦᠭᠡᠳ ᠭᠠᠷᠬᠤ ᠲᠡᠳᠦᠢ ᠳ᠋ᠦ᠍ ᠭᠠᠢᠭᠤᠢ ᠪᠢᠵᠡ ᠳᠡ! ᠭᠡᠵᠦ ᠰᠠᠨᠵᠢ ᠠᠷᠭᠠᠳᠠᠪᠠ᠃
- ᠠ ᠠᠮᠠᠷ ᠦᠭᠡᠢ ᠰᠢᠦ! ᠡᠷᠭᠦᠯ ᠪᠠᠷᠢᠴᠠ ᠥᠭᠭᠦᠭᠡᠳ ᠭᠠᠷᠬᠤ ᠬᠣᠭᠣᠷᠣᠨᠳᠣ ᠶᠠᠭᠤ ᠪᠣᠯᠤᠨ᠎ᠠ ᠭᠡᠵᠦ ᠰᠠᠨᠠᠨ᠎ᠠ᠃ ᠲᠡᠭᠡᠭᠡᠳ ᠴᠦ᠍ ᠴᠢ ᠪᠣᠯ ᠰᠢᠮᠨᠠᠨᠼ ᠭᠡᠳᠡᠭ ᠢ᠋ᠶ᠋ᠡᠨ ᠰᠠᠢᠨ ᠨᠢᠭᠤᠵᠤ ᠪᠠᠢᠬᠤ ᠤᠴᠢᠷᠲᠠᠢ᠃ ᠣᠯᠠᠨ ᠦᠭᠡ ᠶᠠᠷᠢᠪᠠᠯ ᠳᠠᠭᠤ ᠪᠠᠷ ᠢ᠋ᠶ᠋ᠠᠨ ᠲᠠᠨᠢᠭᠳᠠᠴᠢᠬᠠᠨᠠ ᠰᠢᠦ᠃ ᠪᠠᠢᠩᠭᠤ ᠰᠢᠪᠡᠨᠡᠨ ᠶᠠᠷᠢᠵᠤ ᠪᠠᠢ᠃ ᠬᠣᠭᠣᠯᠠᠢ ᠴᠢᠨᠢ ᠪᠡᠷᠰᠡᠭᠦᠲᠦᠵᠦ᠂ ᠲᠠᠭ ᠪᠣᠯᠴᠢᠬᠠᠭᠰᠠᠨ ᠶᠤᠮ ᠭᠡᠳᠡᠭ ᠢ᠋ ᠪᠢᠲᠡᠭᠡᠢ ᠮᠠᠷᠲᠠ! ᠭᠡᠵᠦ ᠥᠯᠵᠡᠢᠲᠦ ᠬᠠᠷᠢᠭᠤ ᠰᠤᠷᠭᠠᠮᠵᠢᠯᠠᠯᠠ᠃ ᠲᠡᠷᠡ ᠬᠣᠶᠠᠷ ᠬᠡᠰᠡᠭ ᠵᠠᠭᠤᠷ᠎ᠠ ᠳᠠᠭᠤ ᠦᠭᠡᠢ ᠶᠠᠪᠤᠵᠠᠭᠠᠯ᠎ᠠ᠃ ᠲᠡᠭᠡᠲᠡᠯ᠎ᠡ ᠨᠢᠭᠡᠨ ᠬᠠᠭᠤᠷᠠᠢ ᠵᠢᠯᠠᠭ᠎ᠠ ᠳᠠᠭᠠᠷᠢᠯᠳᠤᠪᠠ᠃ ᠥᠯᠵᠡᠢᠲᠦ᠂
- ᠵᠠ ᠬᠡᠷᠪᠡ ᠨᠠᠮᠠᠶ᠋ᠢ ᠡᠳᠡ ᠨᠠᠷ ᠠᠳᠠ ᠱᠣ ᠦᠵᠡᠭᠡᠳ ᠬᠥᠭᠡᠭᠡᠨ ᠵᠠᠢᠯᠠᠭᠤᠯᠪᠠᠯ ᠪᠢ ᠴᠢᠮᠠᠶ᠋ᠢ ᠡᠨᠡ ᠵᠢᠯᠭᠠᠨ ᠳ᠋ᠤ᠌ ᠬᠣᠷᠭᠣᠳᠠᠵᠤ ᠰᠠᠭᠤᠭᠠᠳ ᠬᠦᠯᠢᠶᠡᠨ᠎ᠡ᠃ ᠴᠢ ᠬᠡᠷᠡᠭ ᠢ᠋ᠶ᠋ᠡᠨ ᠪᠦᠲᠦᠭᠡᠭᠡᠳ ᠨᠠᠰᠢ ᠪᠠᠨ ᠢᠷᠡᠭᠡᠷᠡᠢ! ᠭᠡᠵᠦ ᠵᠠᠬᠢᠯ᠎ᠠ᠃ ᠰᠠᠨᠵᠢ ᠲᠡᠭᠦᠨ ᠢ᠋ ᠳᠣᠲᠣᠷ᠎ᠠ ᠪᠠᠨ ᠥᠷᠦᠪᠳᠦᠵᠦ᠂ ᠬᠣᠭᠣᠯᠠᠢ ᠨᠢ ᠵᠠᠩᠭᠢᠷᠠᠵᠤ ᠢᠷᠡᠭᠰᠡᠨ ᠢ᠋ᠶ᠋ᠡᠨ
- ᠭᠠᠢᠭᠤᠢ ᠪᠢᠵᠡ ᠳᠡ᠂ ᠠᠬ᠎ᠠ ᠮᠢᠨᠢ! ᠭᠡᠵᠦ ᠠᠷᠠᠢᠬᠢᠨ ᠬᠡᠯᠡᠪᠡ᠃
- ᠡᠷᠭᠦᠯ ᠥᠭᠭᠦᠨ᠎ᠡ! ᠭᠡᠵᠦ ᠯᠡ ᠬᠡᠯᠡᠭᠡᠷᠡᠢ᠃ ᠲᠡᠭᠡᠪᠡᠯ ᠯᠡ ᠭᠠᠢᠭᠤᠢ ᠪᠠᠢᠳᠠᠭ ᠶᠤᠮ᠃ ᠡᠷᠭᠦᠯ ᠪᠠᠷᠢᠴᠠ ᠶ᠋ᠢ ᠠᠪᠤᠮᠠᠭᠴᠠ ᠯᠠ ᠬᠥᠭᠡᠭᠡᠨ᠎ᠡ ᠰᠢᠦ! ᠭᠡᠵᠦ ᠰᠠᠨᠠᠭᠤᠯᠤᠭᠠᠳ ᠥᠯᠵᠡᠢᠲᠦ ᠲᠦᠷᠦᠭᠦᠯᠡᠨ ᠶᠠᠪᠤᠯ᠎ᠠ᠃
᠁ ᠬᠡᠢᠳ ᠲᠦ᠍ ᠣᠢᠷᠠᠳᠤᠨ ᠣᠴᠢᠬᠤ ᠦᠶ᠎ᠡ ᠳ᠋ᠦ᠍ ᠦᠰᠦ ᠪᠡᠨ ᠬᠤᠰᠤᠵᠤ᠂ ᠰᠢᠷ᠎ᠠ ᠬᠤᠪᠴᠠᠰᠤ ᠡᠮᠦᠰᠦᠭᠰᠡᠨ ᠬᠥᠭᠰᠢᠨ᠂ ᠵᠠᠯᠠᠭᠤ ᠶᠠᠩᠵᠤ ᠪᠦᠷᠢ ᠶ᠋ᠢᠨ ᠭᠡᠯᠦᠩᠮᠠ ᠨᠤᠭᠤᠳ ᠲᠡᠷᠡ ᠬᠣᠶᠠᠷ ᠢ᠋ ᠭᠠᠢᠬᠠᠭᠰᠠᠨ ᠨᠢᠳᠦ ᠪᠡᠷ ᠰᠢᠷᠳᠡᠵᠦ᠂ ᠪᠣᠯᠭᠣᠮᠵᠢᠯᠠᠨ ᠬᠦᠷᠢᠶᠡᠯᠡᠬᠦ ᠮᠠᠶᠢᠭᠲᠠᠢ ᠪᠣᠯᠵᠤ ᠡᠬᠢᠯᠡᠪᠡ᠃ ᠰᠢᠷ᠎ᠠ ᠬᠤᠪᠴᠠᠰᠤ ᠡᠮᠦᠰᠴᠦ᠂ ᠦᠰᠦ ᠪᠡᠨ ᠬᠤᠰᠤᠭᠤᠯᠵᠤ᠂ ᠡᠯᠳᠡᠪ ᠡᠭᠡᠮᠦᠭ ᠪᠥᠭᠡᠵᠢ ᠡᠴᠡ ᠪᠡᠨ ᠰᠠᠯᠤᠭᠰᠠᠨ ᠲᠡᠳᠡᠨ ᠢ᠋ ᠬᠠᠷᠠᠬᠤ ᠳ᠋ᠤ᠌ ᠡᠮ᠎ᠡ ᠬᠥᠮᠦᠰ ᠭᠡᠵᠦ ᠢᠯᠭᠠᠬᠤ ᠳ᠋ᠤ᠌ ᠪᠡᠷᠬᠡ ᠪᠠᠢᠯ᠎ᠠ᠃ 《ᠦᠰᠦ ᠪᠠᠨ ᠯᠠ ᠬᠤᠰᠤᠴᠢᠬᠠᠪᠠᠯ ᠡᠷᠡᠭᠲᠡᠢ ᠡᠮᠡᠭᠲᠡᠢ ᠬᠥᠮᠦᠨ ᠴᠢᠨᠢ ᠢᠯᠭᠠᠭᠳᠠᠳᠠᠭ ᠦᠭᠡᠢ ᠶᠦ᠍ᠮ ᠤᠤ ᠳᠠ?!》 ᠭᠡᠵᠦ ᠰᠠᠨᠵᠢ ᠳᠣᠲᠣᠷ᠎ᠠ ᠪᠠᠨ ᠭᠠᠢᠬᠠᠰᠬᠢᠨ ᠪᠣᠳᠣᠯ᠎ᠠ᠃ ᠬᠡᠢᠳ ᠦ᠋ᠨ ᠭᠣᠷᠢᠯᠣᠮ ᠳ᠋ᠤ᠌ ᠣᠷᠣᠵᠤ ᠨᠡᠯᠢᠶᠡᠳ ᠶᠠᠪᠤᠲᠠᠯ᠎ᠠ ᠭᠤᠷᠪᠠ ᠳᠥᠷᠪᠡᠨ ᠭᠡᠯᠦᠩᠮᠠ ᠴᠢᠭᠢᠷᠠᠭ ᠪᠦᠳᠦᠭᠦᠨ ᠪᠡᠶ᠎ᠡ ᠪᠡᠨ ᠭᠠᠢᠬᠠᠭᠤᠯᠬᠤ ᠮᠡᠲᠦ ᠬᠥᠨᠳᠡᠯᠢᠳᠦᠨ ᠵᠣᠭᠰᠣᠵᠤ ᠵᠠᠮ ᠢ᠋ ᠲᠠᠭᠯᠠᠭᠠᠳ᠂
- ᠬᠠᠮᠢᠭ᠎ᠠ ᠣᠴᠢᠬᠤ ᠨᠢ ᠪᠣᠢ? ᠪᠤᠴᠠ! ᠭᠡᠵᠦ ᠲᠥᠪᠡᠳ ᠢ᠋ᠶ᠋ᠡᠷ ᠴᠢᠩᠭ᠎ᠠ ᠴᠢᠩᠭ᠎ᠠ᠂ ᠵᠡᠷᠭᠡ ᠵᠡᠷᠭᠡ ᠱᠠᠭᠠᠷᠳᠠᠯ᠎ᠠ᠃ ᠳᠠᠭᠤ ᠶ᠋ᠢ ᠨᠢ ᠰᠣᠨᠣᠰᠬᠤ ᠳ᠋ᠤ᠌ ᠯᠠ ᠰᠠᠶ᠋ᠢ ᠲᠡᠳᠡᠨ ᠢ᠋ ᠡᠮᠡᠭᠲᠡᠢᠴᠦᠳ ᠭᠡᠵᠦ ᠲᠠᠨᠢᠬᠤ ᠪᠠᠷ ᠪᠠᠢᠯ᠎ᠠ᠃ ᠤᠶᠠᠩᠭᠠᠯᠢᠭ ᠰᠢᠩᠭᠡᠨ ᠳᠠᠭᠤ ᠨᠢ ᠰᠣᠳᠣᠨ ᠠᠵᠠᠢ᠃
- ᠡᠨᠡ ᠰᠢᠮᠨᠠᠨᠼ ᠲᠤ᠌ ᠪᠢ ᠭᠠᠵᠠᠷᠴᠢᠯᠠᠵᠤ ᠶᠠᠪᠤᠨ᠎ᠠ᠃ ᠠᠨᠢᠭ ᠭᠣᠮᠪᠣ ᠳ᠋ᠤ᠌ ᠡᠷᠭᠦᠯ ᠪᠠᠷᠢᠴᠠ ᠡᠷᠭᠦᠬᠦ ᠪᠡᠷ ᠵᠣᠷᠢᠵᠤ ᠢᠷᠡᠯ᠎ᠡ᠃ ᠬᠣᠭᠣᠯᠠᠢ ᠨᠢ ᠪᠡᠷᠰᠡᠭᠦᠲᠦᠵᠦ᠂ ᠳᠠᠭᠤ ᠨᠢ ᠭᠠᠷᠬᠤ ᠦᠭᠡᠢ ᠪᠣᠯᠤᠭᠰᠠᠨ ᠬᠥᠭᠡᠷᠦᠬᠦᠢ ᠵᠣᠪᠠᠯᠠᠩᠲᠠᠨ! ᠡᠭᠦᠨ ᠳ᠋ᠦ᠍ ᠪᠢ ᠭᠠᠵᠠᠷᠴᠢᠯᠠᠵᠤ᠂ ᠪᠠᠰᠠ ᠬᠡᠯᠡᠨ ᠦ᠌ ᠨᠢ ᠣᠷᠣᠨ ᠳ᠋ᠤ᠌ ᠬᠡᠯᠡ ᠪᠣᠯᠵᠤ ᠶᠠᠪᠤᠨ᠎ᠠ᠃ ᠣᠷᠣᠭᠤᠯᠤᠭᠠᠴᠢ ᠳᠠ᠂ ᠪᠢᠳᠡᠨ ᠢ᠋ ᠪᠡᠨ! ᠭᠡᠵᠦ ᠥᠯᠵᠡᠢᠲᠦ ᠲᠠᠢᠯᠪᠤᠷᠢᠯᠠᠨ ᠭᠤᠶᠤᠯ᠎ᠠ᠃
- ᠶᠠᠮᠠᠷ ᠡᠷᠭᠦᠯ ᠪᠠᠷᠢᠴᠠ ᠲᠠᠢ ᠪᠣᠢ? ᠭᠡᠵᠦ ᠪᠠᠢᠴᠠᠭᠠᠪᠠ᠃
- ᠪᠠᠭ᠎ᠠ ᠰᠢᠭ᠋ ᠁ ᠭᠡᠰᠡᠨ ᠢ᠋ᠶ᠋ᠡᠨ ᠥᠯᠵᠡᠢᠲᠦ ᠰᠠᠨᠵᠢ ᠳ᠋ᠤ᠌ ᠬᠠᠨᠳᠤᠨ ᠮᠣᠩᠭᠣᠯ ᠢ᠋ᠶ᠋ᠠᠷ 《ᠶᠠᠭᠤ ᠥᠭᠬᠦ ᠭᠡᠳ ᠪᠠᠢᠭ᠎ᠠ ᠶᠤᠮ ᠪᠣᠢ?》 ᠭᠡᠵᠦ ᠰᠢᠪᠡᠨᠡᠨ ᠠᠰᠠᠭᠤᠬᠤ ᠳ᠋ᠤ᠌ ᠨᠥᠭᠥᠭᠡᠳᠡᠬᠢ ᠨᠢ 《ᠠᠯᠲᠠ!》 ᠭᠡᠵᠦ ᠬᠡᠯᠡᠵᠦ ᠣᠷᠬᠢᠯ᠎ᠠ᠃ 《ᠠᠯᠲᠠ ᠭᠡᠨ᠎ᠡ ᠤᠤ? ᠪᠢ ᠪᠤᠷᠤᠭᠤ ᠲᠣᠭᠣᠯᠤᠭ᠎ᠠ ᠤᠤ? ᠬᠣᠯᠠ ᠵᠠᠮ ᠳ᠋ᠤ᠌ ᠥᠯᠪᠡᠷᠴᠦ ᠦᠬᠦᠬᠦ ᠭᠡᠵᠦ ᠶᠠᠪᠤᠭ᠎ᠠ ᠮᠥᠷᠲᠡᠯ᠎ᠡ ᠡᠨᠡ ᠮᠠᠭᠤᠰᠠᠢᠨ ᠬᠡᠦᠬᠡᠨ ᠨᠥᠬᠥᠳ ᠲᠦ᠍ ᠠᠯᠲᠠ ᠡᠷᠭᠦᠭᠡᠳ ᠪᠠᠢᠬᠤ ᠳ᠋ᠤ᠌ ᠪᠠᠨ ᠶᠠᠭᠠᠬᠢᠳᠠᠭ ᠵᠣᠯᠢᠭ ᠪᠣᠢ?》 ᠭᠡᠵᠦ ᠥᠯᠵᠡᠢᠲᠦ ᠬᠠᠷᠠᠮᠰᠠᠨ ᠪᠣᠳᠣᠯ᠎ᠠ᠃
- ᠶᠠᠭᠤ ᠥᠭᠬᠦ ᠶᠦ᠍ᠮ ᠪᠣᠢ? ᠭᠡᠵᠦ ᠬᠡᠦᠬᠡᠨ ᠨᠥᠬᠥᠳ ᠱᠠᠭᠠᠷᠳᠠᠪᠠ᠃
- ᠠᠯᠲᠠ! ᠭᠡᠳ ᠯᠡ ᠰᠠᠨᠳᠤᠷᠬᠤ ᠳ᠋ᠤ᠌ ᠪᠠᠨ ᠥᠯᠵᠡᠢᠲᠦ ᠬᠡᠯᠡᠵᠦ ᠣᠷᠬᠢᠪᠠ᠃ ᠲᠡᠭᠡᠲᠡᠯ᠎ᠡ ᠰᠢᠮᠨᠠᠨᠼ ᠨᠠᠷ ᠬᠣᠭᠣᠷᠣᠨᠳᠣ ᠪᠠᠨ ᠰᠢᠪᠠᠷ ᠠᠪᠢᠷ ᠶᠠᠷᠢᠯᠴᠠᠵᠤ ᠪᠠᠢᠭᠰᠠᠨ ᠢ᠋ᠶ᠋ᠠᠨ᠂
- ᠬᠣᠶᠠᠭᠤᠯᠠ ᠪᠠᠨ ᠠᠯᠲᠠ ᠡᠷᠭᠦᠬᠦ ᠶᠦ᠍ᠮ ᠤᠤ? ᠭᠡᠪᠡ ᠃
- ᠡᠨᠡ ᠯᠡ ᠠᠯᠲᠠ ᠡᠷᠭᠦᠨ᠎ᠡ᠃ ᠨᠠᠳᠠ ᠶᠠᠭᠤᠮ᠎ᠠ ᠪᠠᠢᠬᠤ ᠦᠭᠡᠢ! ᠭᠡᠵᠦ ᠥᠯᠵᠡᠢᠲᠦ ᠦᠨᠡᠨ ᠢ᠋ᠶ᠋ᠡᠨ ᠬᠡᠯᠡᠯ᠎ᠡ᠃ ᠲᠡᠭᠡᠭᠰᠡᠨ ᠴᠢᠨᠢ ᠬᠣᠶᠠᠷ ᠭᠤᠷᠪᠠᠨ ᠪᠣᠯᠢᠶ᠎ᠠ ᠡᠮᠡᠭᠲᠡᠢ ᠥᠯᠵᠡᠢᠲᠦ ᠶ᠋ᠢ ᠰᠠᠨᠵᠢ ᠠ᠋ᠴᠠ ᠲᠤᠰᠠᠭᠠᠷᠯᠠᠭᠠᠳ ᠵᠠᠮ ᠤ᠋ᠨ ᠬᠠᠵᠠᠭᠤ ᠳ᠋ᠠᠬᠢ ᠴᠢᠯᠠᠭᠤ ᠵᠢᠭᠠᠵᠤ᠂
- ᠡᠨᠳᠡ ᠰᠠᠭᠤᠭᠠᠳ ᠬᠦᠯᠢᠶᠡᠵᠦ ᠪᠠᠢ! ᠭᠡᠪᠡ᠃ ᠰᠠᠨᠵᠢ ᠶ᠋ᠢ ᠪᠣᠯᠬᠣᠷ ᠲᠡᠷᠡ ᠭᠠᠵᠠᠷ ᠨᠢ ᠵᠣᠭᠰᠣᠭᠠᠭᠠᠳ 《ᠰᠢᠷᠡᠭᠡᠲᠦ ᠡᠴᠡ ᠠᠰᠠᠭᠤᠨ᠎ᠠ》 ᠭᠡᠵᠦ ᠬᠡᠯᠡᠭᠡᠳ ᠨᠢᠭᠡ ᠨᠢ ᠶᠠᠪᠤᠭᠠᠳ ᠥᠭᠪᠡ᠃ ᠰᠣᠬᠣᠷ᠂ ᠳᠣᠭᠣᠯᠠᠩ᠂ ᠲᠠᠬᠢᠷ ᠳᠤᠲᠠᠭᠤ ᠶᠠᠩᠵᠤ ᠪᠦᠷᠢ ᠶ᠋ᠢᠨ ᠵᠣᠪᠠᠯᠠᠩ ᠳ᠋ᠤ᠌ ᠢᠳᠡᠭᠳᠡᠭᠰᠡᠨ ᠬᠡᠦᠬᠡᠨ ᠨᠥᠬᠥᠳ ᠰᠦᠮ᠎ᠡ ᠶ᠋ᠢᠨ ᠬᠠᠰᠢᠶᠠᠨ ᠳ᠋ᠤ᠌ ᠡᠨᠳᠡ ᠲᠡᠨᠳᠡ ᠦᠭᠡᠢ ᠭᠤᠨᠢᠭᠯᠠᠨ ᠶᠠᠪᠤᠵᠠᠭᠠᠵᠤ ᠪᠠᠢᠭ᠎ᠠ ᠶ᠋ᠢ ᠰᠠᠨᠵᠢ ᠬᠠᠷᠠᠯ᠎ᠠ᠃ ᠵᠠᠷᠢᠮ ᠨᠢ ᠬᠦᠷᠳᠦ ᠡᠷᠭᠢᠭᠦᠯᠦᠨ ᠨᠠᠢᠭᠤᠨ ᠶᠠᠪᠤᠨ᠎ᠠ᠃ ᠵᠠᠷᠢᠮ ᠨᠢ ᠰᠤᠪᠤᠷᠭ᠎ᠠ ᠨᠠᠯᠠᠨ ᠰᠠᠭᠤᠨ᠎ᠠ᠃ ᠵᠠᠷᠢᠮ ᠨᠢ ᠰᠦᠮ᠎ᠡ ᠶ᠋ᠢᠨ ᠡᠭᠦᠳᠡᠨ ᠳ᠋ᠡᠬᠢ ᠪᠠᠨᠵᠠᠨ ᠲᠠᠪᠴᠠᠩ ᠳᠡᠭᠡᠷ᠎ᠡ ᠲᠣᠭ᠎ᠠ ᠲᠣᠮᠰᠢ ᠦᠭᠡᠢ ᠤᠳᠠᠭ᠎ᠠ ᠰᠤᠨᠵᠤ ᠮᠥᠷᠭᠥᠭᠰᠡᠭᠡᠷ ᠪᠠᠢᠨ᠎ᠠ᠃ 《ᠶᠡᠷᠦ ᠶ᠋ᠢᠨ ᠬᠡᠢᠳ ᠢ᠋ ᠪᠣᠳᠣᠪᠠᠯ᠂ ᠠᠷᠠᠢ ᠴᠡᠪᠡᠷᠬᠡᠨ ᠦᠵᠡᠮᠵᠢᠲᠡᠢ ᠶᠦ᠍ᠮ ᠤᠤ ᠳᠠ! ᠡᠮᠡᠭᠲᠡᠢᠴᠦᠳ ᠪᠣᠯᠬᠣᠷ ᠠᠷᠭ᠎ᠠ ᠦᠭᠡᠢ ᠪᠢᠵᠡ ᠳᠡ!》 ᠭᠡᠵᠦ ᠰᠠᠨᠵᠢ ᠪᠣᠳᠣᠵᠤ ᠵᠣᠭᠰᠣᠯ᠎ᠠ᠃
ᠨᠡᠯᠢᠶᠡᠳ ᠤᠳᠠᠭᠰᠠᠨ ᠤ᠋ ᠳᠠᠷᠠᠭ᠎ᠠ ᠨᠢᠭᠡ ᠭᠡᠯᠦᠩᠮᠠ ᠢᠷᠡᠵᠦ 《ᠰᠢᠷᠡᠭᠡᠲᠦ ᠵᠥᠪᠰᠢᠶᠡᠷᠡᠬᠦ ᠦᠭᠡᠢ ᠪᠠᠢᠨ᠎ᠠ᠃ ᠥᠴᠥᠭᠡᠳᠦᠷ ᠡᠴᠡ ᠡᠬᠢᠯᠡᠭᠡᠳ 49 ᠬᠣᠨᠣᠭ ᠤ᠋ᠨ ᠲᠤᠷᠰᠢ ᠮᠠᠨ ᠤ᠋ ᠭᠣᠷᠢᠯᠣᠮ ᠳ᠋ᠤ᠌ ᠡᠷ᠎ᠡ ᠬᠥᠮᠦᠨ ᠣᠷᠣᠭᠤᠯᠬᠤ ᠶ᠋ᠢ ᠬᠣᠷᠢᠭᠯᠠᠭᠰᠠᠨ!》 ᠭᠡᠵᠦ ᠬᠡᠯᠡᠪᠡ᠃ 《ᠪᠡᠷᠢᠮᠦᠭ ᠡᠮᠡᠭᠡᠨ ᠦ᠌ ᠵᠠᠬᠢᠶᠠᠰᠤ ᠶ᠋ᠢ ᠪᠡᠶᠡᠯᠡᠭᠦᠯᠬᠦ ᠦᠭᠡᠢ ᠶᠠᠪᠤᠬᠤ ᠭᠡᠵᠦ ᠤᠤ ᠳᠠ᠃ ᠶᠠᠭᠠᠬᠢᠵᠤ ᠪᠣᠯᠬᠤ ᠪᠣᠢ? ᠭᠤᠶᠤᠬᠤ ᠬᠡᠷᠡᠭᠲᠡᠢ》 ᠭᠡᠵᠦ ᠰᠠᠨᠵᠢ ᠥᠪᠡᠷᠲᠡᠭᠡᠨ ᠲᠤᠰᠢᠶᠠᠪᠠ᠃
- ᠰᠢᠷᠡᠭᠡᠲᠦ ᠯᠠᠮᠠ ᠳ᠋ᠤ᠌ ᠬᠡᠯᠡᠵᠦ ᠥᠭᠭᠦᠭᠡᠴᠢ! ᠭᠡᠵᠦ ᠬᠡᠯᠡᠬᠦ ᠭᠡᠰᠡᠨ ᠢ᠋ᠶ᠋ᠡᠨ ᠬᠣᠭᠣᠯᠠᠢ ᠨᠢ ᠪᠡᠷᠰᠡᠭᠦᠲᠦᠭᠰᠡᠨ ᠭᠡᠭᠴᠢ ᠪᠡᠨ ᠭᠡᠨᠡᠳᠲᠡ ᠰᠠᠨᠠᠭᠠᠳ ᠰᠠᠨᠵᠢ ᠥᠯᠵᠡᠢᠲᠦ ᠳ᠋ᠦ᠍ ᠣᠴᠢᠵᠤ᠂
- ᠪᠡᠷᠢᠮᠦᠭ ᠡᠮᠡᠭᠡᠨ ᠢ᠋ ᠰᠠᠨᠠᠵᠤ ᠪᠠᠢᠨ᠎ᠠ ᠤᠤ? ᠲᠡᠷᠡ ᠥᠭᠡᠳᠡ ᠪᠣᠯᠤᠭᠰᠠᠨ᠃ ᠲᠡᠭᠦᠨ ᠦ᠌ ᠵᠠᠬᠢᠶᠠᠰᠤ ᠪᠠᠷ ᠪᠢ ᠢᠷᠡᠯ᠎ᠡ᠃ ᠪᠢ ᠰᠢᠷᠡᠭᠡᠲᠦ ᠯᠠᠮᠠ ᠲᠠᠢ ᠠᠭᠤᠯᠵᠠᠮᠠᠷ ᠪᠠᠢᠨ᠎ᠠ᠃ ᠨᠠᠮᠠᠶ᠋ᠢ ᠣᠷᠣᠭᠤᠯᠤᠭᠠᠴᠢ! ᠭᠡᠵᠦ ᠬᠡᠯᠡᠬᠦ ᠶ᠋ᠢ ᠰᠢᠪᠡᠨᠡᠨ ᠭᠤᠶᠤᠬᠤ ᠳ᠋ᠤ᠌ ᠥᠯᠵᠡᠢᠲᠦ ᠥᠨᠳᠥᠷ ᠳᠠᠭᠤᠨ ᠢ᠋ᠶ᠋ᠠᠷ ᠲᠡᠭᠦᠨ ᠢ᠋ ᠳᠠᠮᠵᠢᠭᠤᠯᠪᠠ᠃
- ᠪᠡᠷᠢᠮᠦᠭ ᠭᠡᠨ᠎ᠡ ? ᠭᠡᠵᠦ ᠬᠡᠦᠬᠡᠨ ᠨᠦᠭᠦᠳ ᠯᠠᠪᠯᠠᠪᠠ᠃
- ᠲᠡᠢᠮᠦ ᠠ᠋᠃ ᠪᠡᠷᠢᠮᠦᠭ᠃ ᠬᠡᠳᠦᠨ ᠵᠢᠯ ᠦ᠋ᠨ ᠡᠮᠦᠨ᠎ᠡ ᠲᠠᠨ ᠤ᠋ ᠬᠡᠢᠳ ᠲᠦ᠍ ᠱᠠᠪᠢᠯᠠᠨ ᠰᠠᠭᠤᠵᠤ ᠪᠠᠢᠭᠰᠠᠨ! ᠡᠨᠡ ᠦᠭᠡ ᠶ᠋ᠢ ᠳᠠᠮᠵᠢᠭᠤᠯᠤᠨ ᠬᠡᠯᠡᠬᠦ ᠪᠡᠷ ᠨᠢᠭᠡ ᠵᠠᠯᠠᠭᠤᠬᠠᠨ ᠰᠢᠮᠨᠠᠨᠼ ᠭᠦᠶᠦᠵᠦ ᠣᠳᠤᠯ᠎ᠠ᠃ ᠲᠤᠩ ᠶᠡᠬᠡ ᠤᠳᠠᠯ ᠦᠭᠡᠢ ᠲᠡᠷᠡ ᠡᠷᠭᠢᠵᠦ ᠢᠷᠡᠭᠡᠳ᠂
- ᠤᠷᠤᠭᠤᠯ! ᠭᠡᠵᠦ ᠪᠠᠢᠨ᠎ᠠ! ᠭᠡᠪᠡ᠃ ᠰᠠᠨᠵᠢ᠂ ᠥᠯᠵᠡᠢᠲᠦ ᠬᠣᠶᠠᠭᠤᠯᠠ ᠤᠬᠤᠰᠬᠢᠭᠰᠡᠨ ᠴᠢᠨᠢ ᠥᠯᠵᠡᠢᠲᠦ ᠶ᠋ᠢ ᠬᠡᠦᠬᠡᠨ ᠨᠥᠬᠥᠳ ᠬᠣᠷᠢᠭᠯᠠᠵᠤ ᠨᠥᠭᠥᠭᠡᠬᠢ ᠴᠢᠯᠠᠭᠤᠨ ᠳᠡᠭᠡᠷ᠎ᠡ ᠨᠢ ᠪᠤᠴᠠᠭᠠᠨ ᠰᠠᠭᠤᠯᠭᠠᠯ᠎ᠠ᠃ ᠰᠠᠨᠵᠢ ᠲᠡᠢᠨ ᠬᠦ᠌ ᠵᠥᠪᠰᠢᠶᠡᠷᠡᠭᠰᠡᠨ ᠶᠣᠰᠣᠭᠠᠷ ᠳᠤᠭᠠᠩ ᠳ᠋ᠤ᠌ ᠣᠷᠣᠵᠤ ᠰᠢᠷᠡᠭᠡᠲᠦ ᠯᠠᠮᠠ ᠶ᠋ᠢᠨ ᠡᠮᠦᠨ᠎ᠡ ᠣᠴᠢᠪᠠ᠃ ᠮᠢᠬᠠᠯᠢᠭ ᠪᠦᠳᠦᠭᠦᠨ ᠪᠡᠶ᠎ᠡ ᠲᠡᠢ ᠪᠠᠳᠠᠷᠢᠭᠤᠨ ᠡᠮᠡᠭᠲᠡᠢ ᠠᠵᠢ᠃ ᠭᠡᠪᠡᠴᠦ ᠰᠢᠷ᠎ᠠ ᠬᠤᠪᠴᠠᠰᠤ ᠬᠤᠰᠤᠮᠠᠯ ᠲᠣᠯᠣᠭᠠᠢ ᠪᠠᠷ ᠢ᠋ᠶ᠋ᠠᠨ ᠡᠷ᠎ᠡ ᠬᠥᠮᠦᠨ ᠡᠴᠡ ᠢᠯᠭᠠᠭᠳᠠᠬᠤ ᠦᠭᠡᠢ ᠪᠠᠢᠯ᠎ᠠ᠃ ᠶᠠᠭ ᠯᠠ ᠯᠠᠮᠠ ᠮᠡᠲᠦ ᠵᠠᠪᠢᠯᠠᠨ ᠰᠠᠭᠤᠵᠠᠢ᠃ ᠡᠮ᠎ᠡ ᠬᠥᠮᠦᠨ ᠭᠡᠵᠦ ᠪᠣᠳᠣᠬᠤ ᠳ᠋ᠤ᠌ ᠢᠨᠢᠶᠡᠳᠦ ᠲᠡᠢ ᠠᠵᠢ᠃
- ᠥᠭᠯᠢᠭᠡ ᠶ᠋ᠢᠨ ᠡᠵᠡᠨ ᠶᠠᠮᠠᠷ ᠬᠡᠷᠡᠭ ᠢ᠋ᠶ᠋ᠡᠷ ᠶᠠᠪᠤᠨ᠎ᠠ? ᠭᠡᠵᠦ ᠣᠭᠲᠣ ᠰᠠᠨᠠᠮᠰᠠᠷ ᠦᠭᠡᠢ ᠠᠰᠠᠭᠤᠯᠲᠠ ᠰᠢᠷᠡᠭᠡᠲᠦ ᠭᠡᠯᠦᠩ ᠯᠠᠮᠠ ᠲᠠᠯᠪᠢᠬᠤ ᠳ᠋ᠤ᠌ ᠨᠢ ᠰᠠᠨᠵᠢ ᠴᠣᠴᠢᠵᠤ ᠲᠡᠪᠡᠳᠡᠵᠦ᠂
- ᠣᠮ ᠮᠠᠨᠢ ᠪᠠᠳ ᠮᠢ ᠬᠣᠮ ! ᠲᠠᠯᠢᠢᠭᠠᠴᠢ ᠪᠡᠷᠢᠮᠦᠭ ᠡᠮᠡᠭᠡᠨ ᠦ᠌ ᠭᠡᠷᠢᠶᠡᠰᠦ ᠶᠣᠰᠣᠭᠠᠷ ᠠᠨᠢᠭ ᠭᠣᠮᠪᠣ ᠬᠡᠢᠳ ᠲᠦ᠍ ᠥᠴᠦᠬᠡᠨ ᠠᠯᠲᠠ ᠡᠷᠭᠦᠬᠦ ᠪᠡᠷ ᠢᠷᠡᠯ᠎ᠡ! ᠭᠡᠵᠦ ᠰᠢᠪᠡᠨᠡᠨ ᠬᠡᠯᠡᠭᠰᠡᠨ ᠴᠢᠨᠢ ᠰᠢᠷᠡᠭᠡᠲᠦ ᠭᠡᠯᠦᠩᠮᠠ᠂
- ᠶᠠᠭᠤ ᠶᠠᠷᠢᠭᠠᠳ ᠪᠠᠢᠨ᠎ᠠ᠃ ᠪᠢ ᠰᠣᠨᠣᠰᠤᠭᠰᠠᠨ ᠦᠭᠡᠢ ᠭᠡᠪᠡ᠃
- ᠡᠨᠡ ᠰᠢᠮᠨᠠᠨᠼ ᠤ᠋ᠨ ᠬᠣᠭᠣᠯᠠᠢ ᠰᠥᠭᠡᠵᠡᠢ᠃ ᠲᠡᠭᠡᠭᠡᠳ ᠰᠢᠪᠡᠭᠡᠨᠡᠵᠦ ᠶᠠᠷᠢᠳᠠᠭ ᠶᠤᠮ ᠪᠠᠢᠨ᠎ᠠ ᠭᠡᠵᠦ ᠭᠡᠪᠬᠦᠢ ᠪᠣᠯᠤᠯᠲᠠᠢ ᠪᠠᠷᠢᠶ᠎ᠠ ᠪᠠᠷᠢᠭᠰᠠᠨ ᠥᠭᠡᠷ᠎ᠡ ᠨᠢᠭᠡ ᠭᠡᠯᠦᠩᠮᠠ ᠲᠠᠢᠯᠪᠤᠷᠢᠯᠠᠭᠠᠳ ᠰᠠᠨᠵᠢ ᠶ᠋ᠢᠨ ᠬᠡᠯᠡᠭᠰᠡᠨ ᠢ᠋ ᠳᠠᠪᠲᠠᠪᠠ᠃
- ᠪᠡᠷᠢᠮᠦᠭ ᠰᠢᠮᠨᠠᠨᠼ ᠢ᠋ ᠮᠡᠳᠡᠨ᠎ᠡ᠃ ᠬᠥᠭᠡᠷᠦᠬᠦᠢ ᠰᠠᠢᠬᠠᠨ ᠰᠡᠳᠬᠢᠯ ᠲᠡᠢ ᠰᠢᠮᠨᠠᠨᠼ ᠪᠠᠢᠭᠰᠠᠨ ᠶᠤᠮ ᠭᠡᠵᠦ ᠰᠢᠷᠡᠭᠡᠲᠦ ᠬᠡᠯᠡᠪᠡ᠃ ᠲᠡᠷᠡᠬᠡᠨ ᠭᠱᠠᠨ ᠳ᠋ᠤ᠌ ᠰᠠᠨᠵᠢ ᠰᠢᠷᠡᠭᠡᠲᠦ ᠶ᠋ᠢᠨ ᠡᠮᠦᠨ᠎ᠡ ᠰᠥᠭᠥᠳᠴᠦ ᠬᠣᠶᠠᠷ ᠭᠠᠷ ᠳᠡᠭᠡᠷ᠎ᠡ ᠪᠡᠨ ᠬᠠᠳᠠᠭ ᠡᠷᠭᠦᠨ ᠪᠠᠷᠢᠪᠠ᠃ ᠬᠠᠳᠠᠭ ᠳᠡᠭᠡᠷ᠎ᠡ ᠽᠦᠨ ᠠᠯᠲᠠᠨ ᠤ᠋ ᠲᠠᠯ᠎ᠠ ᠭᠢᠯᠲᠠᠭᠠᠨᠠᠵᠤ ᠪᠠᠢᠬᠤ ᠶ᠋ᠢ ᠬᠠᠷᠠᠭᠠᠳ ᠰᠢᠷᠡᠭᠡᠲᠦ ᠦᠯᠦ ᠮᠡᠳᠡᠭ ᠪᠥᠬᠥᠢᠵᠦ ᠲᠡᠭᠦᠨ ᠢ᠋ ᠬᠣᠶᠠᠷ ᠭᠠᠷᠳᠠᠨ ᠠᠪᠤᠮᠠᠭᠴᠠ ᠬᠠᠵᠠᠭᠤ ᠲᠠᠯ᠎ᠠ ᠶ᠋ᠢᠨ ᠰᠢᠷᠡᠭᠡᠨ ᠳᠡᠭᠡᠷ᠎ᠡ ᠲᠠᠯᠪᠢᠯ᠎ᠠ᠃ ᠲᠡᠭᠡᠭᠡᠳ ᠰᠠᠨᠵᠢ ᠶ᠋ᠢᠨ ᠳᠤᠬᠤᠨ ᠳ᠋ᠤ᠌ ᠠᠳᠢᠰᠯᠠᠵᠤ᠂ ᠮᠣᠳᠣᠨ ᠤ᠋ ᠦᠷ᠎ᠡ ᠬᠡᠯᠬᠢᠵᠦ ᠬᠢᠭᠰᠡᠨ ᠡᠷᠢᠭᠡ ᠨᠢᠭᠡ ᠶ᠋ᠢ ᠥᠭᠪᠡ᠃ ᠰᠠᠨᠵᠢ ᠠᠳᠢᠰ ᠠᠪᠤᠨ ᠲᠡᠷᠡ ᠡᠷᠢᠭᠡ ᠶ᠋ᠢ ᠡᠪᠦᠷᠲᠦᠯᠡᠭᠡᠳ ᠪᠣᠰᠬᠤ ᠳ᠋ᠤ᠌ ᠰᠢᠷᠡᠭᠡᠲᠦ ᠭᠡᠯᠦᠩᠮᠠ ᠭᠠᠷᠭ᠎ᠠ ᠭᠡᠰᠡᠨ ᠳᠣᠬᠢᠶ᠎ᠠ ᠶ᠋ᠢ ᠭᠡᠪᠬᠦᠢ ᠭᠡᠯᠦᠩᠮᠠ ᠳ᠋ᠤ᠌ ᠦᠭᠭᠦᠯ᠎ᠡ᠃ 《ᠡᠮ᠎ᠡ ᠬᠥᠮᠦᠨ ᠡᠴᠡ ᠠᠩᠬ᠎ᠠ ᠤᠳᠠᠭ᠎ᠠ ᠠᠳᠢᠰ ᠠᠪᠤᠪᠠ᠂ ᠬᠥᠭᠡᠷᠦᠬᠦᠢ᠃ ᠡᠢᠮᠦ ᠶᠠᠭᠤᠮ᠎ᠠ ᠲᠣᠬᠢᠶᠠᠯᠳᠤᠨ᠎ᠠ ᠭᠡᠵᠦ ᡀᠠᠷᠠᠮᠪᠠ ᠪᠣᠯᠲᠠᠯ᠎ᠠ ᠪᠠᠨ ᠪᠣᠳᠣᠵᠤ ᠶᠠᠪᠤᠭᠰᠠᠨ ᠦᠭᠡᠢ ᠳᠡ᠃ ᠬᠡᠢᠮᠣᠷᠢ ᠳ᠋ᠤ᠌ ᠮᠠᠭᠤ ᠪᠣᠯᠤᠨ᠎ᠠ ᠭᠡᠵᠦ ᠯᠠᠮᠠ ᠪᠠᠭᠰᠢ ᠪᠠᠢᠩᠭᠤ ᠠᠢᠯᠠᠳᠴᠤ᠂ ᠡᠮ᠎ᠡ ᠰᠦᠪᠡᠲᠡᠨ ᠡᠴᠡ ᠴᠡᠭᠡᠷᠯᠡᠭᠦᠯᠦᠭᠰᠡᠭᠡᠷ ᠡᠳᠦᠢ ᠶᠢ ᠬᠦᠷᠦᠭᠰᠡᠨ ᠪᠢᠰᠢ ᠪᠢᠯᠢᠤ?》 ᠭᠡᠵᠦ ᠰᠠᠨᠵᠢ ᠪᠣᠳᠣᠯ᠎ᠠ᠃
《ᠡᠨᠡ ᠽᠦᠨ ᠠᠯᠲᠠᠨ ᠤ᠋ ᠲᠠᠯ᠎ᠠ ᠠᠯᠠᠭ᠎ᠠ ᠪᠠᠢᠨ᠎ᠠ᠃ ᠰᠢᠨᠤᠯᠲᠤ ᠡᠨᠡᠬᠦ ᠰᠢᠮᠨᠠᠨᠼ ᠥᠪᠡᠷ ᠢ᠋ᠶ᠋ᠡᠨ ᠠᠪᠤᠭᠰᠠᠨ ᠪᠠᠢᠵᠤ ᠲᠠᠭᠠᠷᠠᠨ᠎ᠠ᠃ ᠪᠠᠰᠠ ᠲᠡᠭᠡᠭᠡᠳ ᠠᠯᠬᠤᠭ᠎ᠠ ᠭᠢᠰᠬᠢᠭᠡ ᠨᠢ ᠨᠢᠭᠡ ᠯᠡ ᠪᠢᠰᠢ! ᠳᠠᠭᠠᠭᠤᠯᠢ ᠶ᠋ᠢ ᠨᠢ ᠰᠢᠯᠭ᠎ᠠ!》 ᠭᠡᠬᠦ ᠦᠭᠡᠰ ᠢ᠋ ᠰᠢᠷᠡᠭᠡᠲᠦ ᠭᠡᠯᠦᠩᠮᠠ ᠭᠡᠪᠬᠦᠢ ᠳ᠋ᠦ᠍ ᠪᠡᠨ ᠬᠡᠯᠡᠬᠦ ᠶ᠋ᠢ ᠰᠠᠨᠵᠢ ᠴᠢᠬᠢᠨ ᠦ᠌ ᠦᠵᠦᠭᠦᠷ ᠢ᠋ᠶ᠋ᠡᠷ ᠪᠦᠳᠡᠭᠢ ᠰᠣᠨᠣᠰᠤᠯ᠎ᠠ᠃
ᠬᠡᠷᠡᠭ ᠪᠢᠰᠢ ᠪᠣᠯᠵᠤ ᠪᠠᠢᠭ᠎ᠠ ᠶ᠋ᠢ ᠰᠠᠨᠵᠢ ᠮᠡᠳᠡᠭᠡᠳ ᠲᠦᠷᠭᠡᠬᠡᠨ ᠰᠢᠭ ᠭᠠᠷᠤᠯ᠎ᠠ᠃ ᠲᠡᠭᠡᠲᠡᠯ᠎ᠡ ᠪᠠᠬᠠᠨ ᠭᠡᠯᠦᠩᠮᠠ ᠴᠤᠭᠯᠠᠷᠠᠵᠤ ᠥᠯᠵᠡᠢᠲᠦ ᠶ᠋ᠢ ᠬᠦᠷᠢᠶᠡᠯᠡᠵᠦ ᠪᠠᠢᠭ᠎ᠠ ᠬᠠᠷᠠᠭᠳᠠᠪᠠ᠃ ᠰᠠᠨᠵᠢ ᠶᠠᠭᠠᠷᠠᠨ ᠠᠯᠬᠤᠯᠠᠵᠤ ᠥᠯᠵᠡᠢᠲᠦ ᠤᠷᠤᠭᠤ ᠬᠦᠷᠴᠦ ᠣᠴᠢᠭᠰᠠᠨ ᠴᠢᠨᠢ ᠨᠢᠭᠡ ᠪᠦᠳᠦᠭᠦᠨ ᠲᠠᠷᠭᠤᠨ ᠭᠡᠯᠦᠩᠮᠠ ᠥᠯᠵᠡᠢᠲᠦ ᠶ᠋ᠢᠨ ᠵᠠᠬᠠᠨ ᠠ᠋ᠴᠠ ᠪᠠᠳᠠᠷᠢᠭᠤᠨ ᠭᠠᠷ ᠢ᠋ᠶ᠋ᠠᠷ ᠢ᠋ᠶ᠋ᠠᠨ ᠠᠳᠬᠤᠵᠤ ᠠᠪᠤᠭᠠᠳ᠂
- ᠡᠨᠡ ᠭᠠᠢᠬᠠᠯ ᠮᠥᠨ ᠪᠠᠢᠨ᠎ᠠ᠃ ᠳᠣᠯᠣᠭᠠᠨ ᠵᠢᠯ ᠦ᠋ᠨ ᠡᠮᠦᠨ᠎ᠡ ᠨᠠᠮᠠᠶ᠋ᠢ ᠰᠢᠮᠨᠠᠨᠼ ᠤ᠋ᠨ ᠰᠠᠬᠢᠯ ᠢ᠋ ᠮᠢᠨᠢ ᠵᠣᠯ ᠲᠠᠢ ᠯᠠ ᠡᠪᠳᠡᠭᠦᠯᠴᠢᠬᠡᠭᠡ ᠦᠭᠡᠢ᠂ ᠲᠦᠮᠡᠨ ᠦ᠌ ᠰᠢᠪᠰᠢᠭ ᠪᠣᠯᠭᠠᠭᠰᠠᠨ ᠭᠠᠢᠬᠠᠯ ᠡᠨᠡ ᠶᠠᠪᠤᠵᠤ ᠪᠠᠢᠨ᠎ᠠ! ᠣᠳᠣ ᠴᠢᠮ᠎ᠠ ᠠ᠋ᠴᠠ ᠥᠰᠢᠶ᠎ᠡ ᠠᠪᠤᠨ᠎ᠠ ᠳᠠ! ᠭᠡᠵᠦ ᠬᠠᠰᠬᠢᠷᠤᠭᠠᠳ ᠥᠯᠵᠡᠢᠲᠦ ᠶ᠋ᠢᠨ ᠳᠠᠯᠤ ᠮᠥᠷᠥ ᠤᠷᠤᠭᠤ ᠴᠣᠬᠢᠭᠠᠳ ᠠᠪᠤᠯ᠎ᠠ᠃
- ᠬᠧᠺ᠂ ᠬᠧᠺ ᠬᠧᠺ! ᠭᠡᠵᠦ ᠬᠡᠦᠬᠡᠨ ᠨᠥᠬᠥᠳ ᠬᠠᠰᠬᠢᠷᠤᠯᠳᠤᠯ᠎ᠠ᠃ ᠲᠡᠭᠡᠭᠡᠳ ᠥᠯᠵᠡᠢᠲᠦ ᠶ᠋ᠢ ᠪᠦᠰᠡᠯᠡᠨ ᠠᠪᠴᠤ ᠴᠣᠬᠢᠬᠤ ᠨᠢ ᠴᠣᠬᠢᠵᠤ᠂ ᠢᠰᠬᠦᠯᠬᠦ ᠨᠢ ᠢᠰᠬᠦᠯᠵᠦ ᠪᠥᠭᠡᠮ ᠵᠣᠳᠣᠭᠠᠨ ᠡᠭᠦᠰᠦᠯ᠎ᠡ᠃ ᠰᠠᠨᠵᠢ ᠥᠯᠵᠡᠢᠲᠦ ᠶ᠋ᠢ ᠥᠮᠥᠭᠡᠷᠡᠬᠦ ᠰᠠᠨᠠᠭ᠎ᠠ ᠲᠠᠢ ᠬᠠᠰᠬᠢᠷᠬᠤ ᠭᠡᠰᠡᠨ ᠪᠣᠯᠪᠠᠴᠤ ᠳᠠᠭᠤ ᠭᠠᠷᠭᠠᠵᠤ ᠪᠣᠯᠬᠤ ᠦᠭᠡᠢ ᠪᠡᠨ ᠭᠡᠨᠡᠳᠲᠡ ᠰᠠᠨᠠᠵᠤ ᠠᠮᠠ ᠪᠠᠨ ᠪᠠᠷᠢᠭᠠᠳ ᠳᠡᠮᠡᠢ ᠯᠡ ᠭᠦᠶᠦᠨ ᠬᠦᠷᠴᠦ ᠤᠯᠠᠢᠷᠠᠭᠰᠠᠨ ᠭᠡᠯᠦᠩᠮᠠ ᠨᠤᠭᠤᠳ ᠢ᠋ ᠬᠣᠢᠰᠢ ᠨᠢ ᠪᠣᠯᠭᠠᠬᠤ ᠶ᠋ᠢ ᠣᠷᠣᠯᠳᠣᠪᠠ᠃《ᠰᠢᠮᠨᠠᠨᠼ ᠴᠢ ᠶᠠᠭᠤ ᠪᠣᠢ? ᠬᠣᠢᠰᠢ ᠪᠠᠨ ᠪᠣᠯ! ᠪᠢᠳᠡ ᠡᠨᠡ ᠨᠢᠭᠦᠯᠲᠡᠨ ᠢ᠋ ᠭᠡᠰᠬᠡᠨᠡ!》 ᠭᠡᠵᠦ ᠲᠡᠳᠡ ᠤᠯᠠᠢᠷᠠᠨ ᠬᠠᠰᠬᠢᠷᠤᠯᠳᠤᠵᠤ ᠥᠯᠵᠡᠢᠲᠦ ᠶ᠋ᠢ ᠬᠥᠪᠰᠢᠬᠦ ᠪᠡᠨ ᠦᠷᠭᠦᠯᠵᠢᠯᠡᠭᠦᠯᠪᠡ᠃ ᠬᠥᠭᠡᠷᠦᠬᠦᠢ ᠥᠯᠵᠡᠢᠲᠦ ᠣᠯᠠᠨ ᠬᠥᠮᠦᠨ ᠦ᠌ ᠬᠥᠯ᠂ ᠭᠠᠷ ᠤ᠋ᠨ ᠨᠦᠳᠦᠭᠦᠷ ᠪᠣᠯᠵᠤ ᠲᠣᠯᠣᠭᠠᠢ ᠪᠠᠨ ᠪᠠᠷᠢᠨ ᠨᠡᠰᠢ ᠴᠠᠰᠢ ᠪᠥᠭᠲᠥᠩᠨᠡᠵᠦ ᠪᠠᠢᠯ᠎ᠠ᠃ ᠲᠡᠭᠡᠲᠡᠯ᠎ᠡ ᠠᠩᠬ᠎ᠠ ᠲᠡᠭᠦᠨ ᠢ᠋ ᠵᠣᠳᠣᠬᠤ ᠶ᠋ᠢ ᠤᠷᠢᠶᠠᠯᠠᠭᠰᠠᠨ ᠲᠠᠷᠭᠤᠨ ᠡᠬᠡᠨᠡᠷ ᠥᠯᠵᠡᠢᠲᠦ ᠶ᠋ᠢᠨ ᠳᠣᠯᠳᠣᠢ ᠶ᠋ᠢ ᠪᠤᠯᠢᠶᠠᠨ ᠠᠪᠴᠤ ᠲᠣᠯᠣᠭᠠᠢ ᠳᠤᠮᠳᠠᠭᠤᠷ ᠨᠢ ᠶᠠᠩ ᠬᠢᠲᠡᠯ᠎ᠡ ᠴᠣᠬᠢᠪᠠ᠃ ᠥᠯᠵᠡᠢᠲᠦ ᠤᠬᠠᠭᠠᠨ ᠪᠠᠯᠠᠷᠳᠠᠨ ᠭᠠᠵᠠᠷ ᠣᠢᠴᠢᠬᠤ ᠶ᠋ᠢ ᠬᠠᠷᠠᠭᠠᠳ ᠰᠠᠨᠵᠢ ᠲᠡᠰᠴᠦ ᠴᠢᠳᠠᠭᠰᠠᠨ ᠦᠭᠡᠢ᠂ ᠨᠥᠭᠥᠭᠡᠬᠢ ᠵᠣᠳᠣᠭᠠᠴᠢ ᠭᠡᠯᠦᠩᠮᠡ ᠨᠤᠭᠤᠳ ᠤ᠋ᠨ ᠳᠤᠮᠳᠠᠭᠤᠷ ᠬᠠᠮᠤᠭ ᠬᠦᠴᠦ ᠪᠡᠨ ᠭᠠᠷᠭᠠᠨ ᠬᠠᠭ᠎ᠠ ᠵᠦᠰᠦᠵᠦ ᠣᠷᠣᠭᠠᠳ ᠥᠯᠵᠡᠢᠲᠦ ᠶ᠋ᠢ ᠥᠨᠳᠡᠢᠯᠭᠡᠨ ᠡᠪᠦᠳᠦᠭ ᠳᠡᠭᠡᠷ᠎ᠡ ᠪᠡᠨ ᠲᠣᠯᠣᠭᠠᠢ ᠶ᠋ᠢ ᠨᠢ ᠲᠦᠰᠢᠭᠦᠯᠦᠯᠡ᠃ ᠳᠡᠷᠡᠨ ᠦ᠌ ᠨᠢᠳᠦ ᠨᠢ ᠬᠠᠴᠢᠨ ᠡᠪ ᠦᠭᠡᠢ ᠪᠡᠷ ᠡᠷᠭᠢᠯᠳᠦᠨ ᠠᠮᠢ ᠨᠢ ᠭᠠᠷᠤᠯ᠎ᠠ᠃ ᠰᠠᠨᠵᠢ ᠪᠡᠶ᠎ᠡ ᠪᠡᠨ ᠪᠠᠷᠢᠵᠤ ᠴᠢᠳᠠᠭᠰᠠᠨ ᠦᠭᠡᠢ᠄
- ᠠᠯᠠᠴᠢᠬᠠᠯ᠎ᠠ ᠰᠢᠦ ᠳᠡ᠂ ᠱᠤᠯᠤᠮ ᠨᠤᠭᠤᠳ ᠮᠢᠨᠢ! ᠭᠡᠳ ᠪᠠᠢᠳᠠᠭ ᠪᠦᠬᠦ ᠬᠣᠭᠣᠯᠠᠢ ᠪᠠᠷ ᠢ᠋ᠶ᠋ᠠᠨ ᠬᠠᠰᠬᠢᠷᠴᠢᠬᠠᠯᠠ᠃
ᠤᠯᠠᠩᠭᠠᠰᠤᠭᠰᠠᠨ ᠭᠡᠯᠦᠩᠮᠠ ᠨᠤᠭᠤᠳ ᠲᠡᠷᠡ ᠦᠭᠡ ᠶ᠋ᠢ ᠰᠣᠨᠣᠰᠤᠭᠠᠳ ᠠᠯᠮᠠᠢᠷᠠᠬᠤ ᠮᠡᠲᠦ ᠲᠦᠷ ᠴᠢᠮᠡᠭᠡ ᠦᠭᠡᠢ ᠪᠣᠯᠪᠠ᠃ ᠲᠡᠭᠡᠲᠡᠯ᠎ᠡ ᠲᠦᠷᠦᠭᠦᠴᠢ ᠶ᠋ᠢᠨ ᠲᠠᠷᠭᠤᠨ ᠡᠮ᠎ᠡ ᠯᠠᠮᠠ᠂
-《ᠬᠠᠷᠠᠭᠠᠴᠢ! ᠡᠷ᠎ᠡ ᠬᠥᠮᠦᠨ ᠪᠠᠢᠨ᠎ᠠ ᠰᠢᠦ ᠳᠡ! ᠰᠢᠮᠨᠠᠨᠼ ᠤ᠋ᠨ ᠬᠤᠪᠴᠠᠰᠤ ᠤᠭᠯᠠᠭᠰᠠᠨ ᠡᠷ᠎ᠡ ᠬᠥᠮᠦᠨ ᠪᠠᠢᠨ᠎ᠠ!》 ᠭᠡᠵᠦ ᠬᠠᠰᠬᠢᠷᠤᠯ᠎ᠠ᠃ ᠪᠤᠰᠤᠳ ᠨᠢ
- ᠲᠡᠢᠮᠦ ᠪᠠᠢᠨ᠎ᠠ᠃ ᠡᠭᠦᠨ ᠢ᠋ ᠪᠠᠰᠠ ᠠᠯᠠᠵᠠᠭᠠᠶᠠ! ᠭᠡᠵᠦ ᠬᠠᠰᠬᠢᠷᠤᠯᠳᠤᠭᠠᠳ ᠰᠠᠨᠵᠢ ᠤᠷᠤᠭᠤ ᠳᠠᠭᠠᠷᠢᠨ ᠣᠷᠣᠵᠤ ᠢᠷᠡᠪᠡ᠃ ᠰᠠᠨᠵᠢ ᠲᠡᠳᠡᠨ ᠢ᠋ ᠥᠯᠵᠡᠢᠲᠦ ᠶ᠋ᠢᠨ ᠳᠣᠯᠳᠣᠢ᠂ ᠥᠪᠡᠷ ᠦ᠋ᠨ ᠢ᠋ᠶ᠋ᠡᠨ ᠲᠠᠶᠠᠭ ᠬᠣᠶᠠᠷ ᠢ᠋ᠶ᠋ᠠᠷ ᠬᠣᠣᠰᠯᠠᠭᠤᠯᠤᠨ ᠡᠷᠭᠢᠭᠦᠯᠦᠨ ᠬᠥᠭᠡᠭᠡᠬᠦ ᠪᠡᠷ ᠡᠰᠡᠷᠭᠦᠴᠡᠵᠦ ᠭᠠᠷᠤᠯ᠎ᠠ᠃ ᠲᠠᠶᠠᠭ ᠨᠢ ᠬᠤᠭᠤᠷᠠᠪᠠ᠃ ᠳᠠᠷᠠᠭ᠎ᠠ ᠨᠢ ᠳᠣᠯᠳᠣᠢ ᠨᠢ ᠪᠠᠰᠠ ᠬᠤᠭᠤᠷᠤᠯᠠ᠃ ᠲᠡᠭᠡᠮᠡᠭᠴᠡ ᠤᠯᠠᠩᠭᠠᠰᠤᠭᠰᠠᠨ ᠡᠬᠡᠨᠡᠷ ᠦ᠋ᠳ ᠰᠠᠨᠵᠢ ᠤᠷᠤᠭᠤ ᠳᠠᠭᠠᠷᠢᠨ ᠣᠷᠣᠵᠤ ᠢᠷᠡᠯ᠎ᠡ᠃ ᠨᠦᠳᠦᠬᠦ ᠨᠢ ᠨᠦᠳᠦᠵᠦ᠂ ᠵᠤᠯᠭᠠᠭᠠᠬᠤ ᠨᠢ ᠵᠤᠯᠭᠠᠭᠠᠵᠤ᠂ ᠢᠰᠬᠦᠯᠬᠦ ᠨᠢ ᠢᠰᠬᠦᠯᠵᠦ ᠪᠠᠢᠯ᠎ᠠ᠃ ᠰᠠᠨᠵᠢ ᠦᠵᠡᠯᠴᠡᠭᠰᠡᠭᠡᠷ ᠪᠠᠢᠪᠠ᠃ ᠲᠡᠭᠡᠲᠡᠯ᠎ᠡ᠂
- ᠪᠣᠯᠢᠵᠠᠭᠠ ᠲᠠ ᠨᠠᠷ! ᠶᠠᠭᠠᠬᠢᠭᠠᠳ ᠬᠥᠮᠦᠨ ᠵᠣᠳᠣᠭᠠᠳ ᠪᠠᠢᠭ᠎ᠠ ᠶᠤᠮ ᠪᠣᠢ? ᠭᠡᠵᠦ ᠬᠡᠨ ᠨᠢᠭᠡᠨ ᠡᠷᠡᠭᠲᠡᠢ ᠬᠥᠮᠦᠨ ᠪᠦᠳᠦᠭᠦᠨ ᠳᠠᠭᠤ ᠪᠠᠷ ᠵᠠᠩᠳᠤᠷᠬᠤ ᠰᠣᠨᠣᠰᠤᠭᠳᠠᠪᠠ᠃ ᠬᠡᠦᠬᠡᠨ ᠦ᠋ᠳ ᠲᠡᠭᠦᠨ ᠢ᠋ ᠠᠩᠵᠠᠭᠠᠷᠠᠬᠤ ᠦᠭᠡᠢ ᠭᠠᠭᠴᠠᠬᠦ ᠰᠠᠨᠵᠢ ᠶ᠋ᠢ ᠯᠡ ᠨᠦᠳᠦᠬᠦ ᠪᠡᠷ ᠤᠯᠠᠢᠷᠠᠵᠤ ᠪᠠᠢᠯ᠎ᠠ᠃ ᠭᠡᠲᠡᠯ᠎ᠡ ᠫᠤᠤ ᠶ᠋ᠢᠨ ᠳᠠᠭᠤ ᠭᠠᠷᠬᠤ ᠳ᠋ᠤ᠌ ᠨᠢ ᠡᠬᠡᠨᠡᠷ ᠦ᠋ᠳ ᠰᠠᠶ᠋ᠢ ᠴᠣᠴᠢᠵᠤ ᠵᠣᠳᠣᠭᠠᠨ ᠤ᠋ ᠪᠠᠨ ᠰᠢᠨᠤᠯ ᠠ᠋ᠴᠠ ᠲᠦᠷ ᠰᠠᠯᠤᠯ᠎ᠠ᠃ ᠰᠢᠷ ᠲᠡᠢ ᠫᠤᠤ ᠡᠭᠦᠷᠦᠭᠰᠡᠨ ᠬᠡᠳᠦᠨ ᠮᠣᠷᠢ ᠲᠠᠢ ᠬᠥᠮᠦᠨ ᠲᠡᠳᠡᠨ ᠢ᠋ ᠪᠦᠰᠡᠯᠡᠵᠡᠢ᠃ ᠰᠠᠨᠵᠢ ᠥᠨᠳᠡᠢᠨ ᠬᠠᠷᠠᠪᠠᠯ ᠲᠡᠳᠡᠨ ᠦ᠌ ᠳᠣᠲᠣᠷ᠎ᠠ ᠬᠠᠭᠤᠷᠮᠠᠴᠢ ᠪᠠᠷ ᠢᠨᠢᠶᠡᠪᠬᠢᠯᠡᠭᠰᠡᠨ ᠴᠣᠭᠰᠣᠩ ᠵᠣᠭᠰᠣᠵᠤ ᠪᠠᠢᠬᠤ ᠲᠠᠢ ᠬᠠᠷᠠᠴᠠ ᠨᠢ ᠲᠤᠯᠭᠠᠷᠠᠯ᠎ᠠ᠃ ᠴᠣᠴᠢᠬᠤ ᠳ᠋ᠤ᠌ ᠪᠠᠨ ᠳᠡᠯᠳᠡᠰ ᠬᠢᠯ᠎ᠡ᠃
- ᠲᠡᠷᠡ ᠵᠣᠭᠰᠣᠵᠤ ᠪᠠᠢᠭ᠎ᠠ ᠨᠢ ᠮᠥᠨ ᠪᠠᠢᠨ᠎ᠠ! ᠭᠡᠵᠦ ᠴᠣᠭᠰᠣᠩ ᠲᠠᠰᠢᠭᠤᠷ ᠢ᠋ᠶ᠋ᠠᠷ ᠢ᠋ᠶ᠋ᠠᠨ ᠰᠠᠨᠵᠢ ᠤᠷᠤᠭᠤ ᠵᠢᠭᠠᠭᠰᠠᠨ ᠢ᠋ᠶ᠋ᠠᠨ᠂
- ᡀᠠᠷᠠᠮᠪᠠ ᠰᠠᠨᠵᠢᠳᠠᠯᠪᠢᠴᠣᠢᠵᠠᠮᠰᠤ ᠠᠮᠤᠭᠤᠯᠠᠩ ᠮᠣᠷᠢᠯᠠᠵᠤ ᠶᠠᠪᠤᠨ᠎ᠠ ᠤᠤ? ᠭᠡᠵᠦ ᠳᠣᠭᠣᠭᠢᠲᠠᠢ ᠪᠠᠷ ᠮᠡᠨᠳᠦᠯᠡᠪᠡ᠃ ᠲᠡᠭᠡᠭᠰᠡᠨ ᠢ᠋ᠶ᠋ᠡᠨ ᠲᠠᠴᠢᠭᠢᠨᠠᠲᠠᠯ᠎ᠠ ᠢᠨᠢᠶᠡᠯᠳᠦᠵᠦ᠂
- ᠬᠠ ᠬᠠ ᠬᠠ᠃ ᠲᠡᠭᠦᠨ ᠢ᠋ ᠬᠠᠷᠠᠭᠠᠴᠢ ᠳᠠ ᠮᠢᠨᠢ ! ᡀᠠᠷᠠᠮᠪᠠ ᠬᠥᠮᠦᠨ ᠰᠢᠮᠨᠠᠨᠼ ᠬᠤᠪᠴᠠᠰᠤ ᠲᠠᠢ ᠶᠠᠪᠤᠵᠤ ᠪᠠᠢᠬᠤ ᠶ᠋ᠢ ᠬᠠᠷᠠᠨ᠎ᠠ ᠭᠡᠵᠦ ᠰᠠᠨᠠᠭᠰᠠᠨ ᠦᠭᠡᠢ ᠭᠡᠵᠦ ᠴᠣᠭᠰᠣᠩ ᠳᠣᠭᠣᠭᠢᠯᠠᠵᠤ ᠪᠠᠢᠬᠤ ᠶ᠋ᠢ ᠰᠣᠨᠣᠰᠤᠭᠠᠳ ᠰᠠᠨᠵᠢ ᠶ᠋ᠢᠨ ᠠᠭᠤᠷ ᠨᠢ ᠬᠦᠷᠦᠯ᠎ᠡ᠃ ᠲᠡᠭᠡᠲᠡᠯ᠎ᠡ ᠨᠥᠭᠥᠭᠡᠬᠢ ᠫᠤᠤ ᠲᠠᠢ ᠬᠥᠮᠦᠰ ᠤᠬᠤᠰᠬᠢᠨ ᠪᠠᠭᠤᠵᠤ ᠢᠷᠡᠭᠡᠳ ᠰᠠᠨᠵᠢ ᠶ᠋ᠢ ᠪᠠᠷᠢᠨ ᠠᠪᠴᠤ ᠬᠦᠯᠢᠪᠡ᠃ ᠲᠡᠭᠡᠭᠡᠳ ᠬᠥᠲᠥᠯᠭᠡᠭᠡ ᠮᠣᠷᠢᠨ ᠳᠡᠭᠡᠷ᠎ᠡ ᠪᠡᠨ ᠰᠠᠭᠤᠯᠭᠠᠵᠤ ᠮᠣᠷᠢᠨ ᠤ᠋ ᠭᠡᠳᠡᠰᠦᠨ ᠳᠣᠣᠭᠤᠷ ᠰᠠᠨᠵᠢ ᠶ᠋ᠢᠨ ᠬᠣᠶᠠᠷ ᠬᠥᠯ ᠢ᠋ ᠬᠣᠯᠪᠣᠨ ᠬᠦᠯᠢᠯᠡ᠃ ᠪᠠᠷᠢᠭᠳᠠᠵᠤ ᠰᠦᠢᠷᠡᠯ ᠳ᠋ᠦ᠍ ᠣᠷᠣᠭᠰᠠᠨ ᠨᠢ ᠢᠯᠡ ᠪᠣᠯᠤᠯ᠎ᠠ᠃
- ᠲᠠ ᠮᠢᠨᠢ ᠠ᠋᠂ ᠪᠢ ᠡᠨᠡ ᠡᠮᠡᠰ ᠲᠦ᠍ ᠠᠯᠠᠭᠳᠠᠭᠰᠠᠨ ᠨᠥᠬᠥᠷ ᠢ᠋ᠶ᠋ᠡᠨ ᠣᠷᠣᠰᠢᠭᠤᠯᠤᠭᠠᠳ ᠶᠠᠪᠤᠬᠤ ᠶᠤᠮᠰᠠᠨ! ᠭᠡᠵᠦ ᠰᠠᠨᠵᠢ ᠭᠤᠶᠤᠯ᠎ᠠ᠃
- ᠪᠢᠲᠡᠭᠡᠢ ᠴᠠᠯᠴᠢ ! ᠳᠡᠷᠡᠨ ᠦ᠌ ᠦᠬᠦᠳᠡᠯ ᠢ᠋ ᠭᠡᠯᠦᠩᠮᠠ ᠨᠠᠷ ᠰᠢᠪᠠᠭᠤᠨ ᠳ᠋ᠤ᠌ ᠬᠠᠶᠠᠭᠠᠳ ᠥᠭᠴᠢᠬᠡᠨᠡ᠃ ᠬᠠᠷᠢᠨ ᠴᠢᠮᠠᠶ᠋ᠢ ᠪᠣᠯ ᠪᠢᠳᠡ ᡀᠠᠰᠠ ᠵᠣᠣ ᠶ᠋ᠢᠨ ᠳᠡᠰ ᠨᠤᠭᠤᠳ ᠲᠤ᠌ ᠬᠦᠷᠭᠡᠵᠦ ᠥᠭᠭᠦᠨ᠎ᠡ! ᠭᠡᠵᠦ ᠴᠠᠭᠳᠠᠭ᠎ᠠ ᠨᠠᠷ ᠵᠠᠨᠣᠯᠲᠠᠢᠶᠠ ᠬᠡᠯᠡᠭᠡᠳ ᠴᠠᠰᠢ ᠬᠥᠳᠡᠯᠵᠡᠭᠡᠯᠡ᠃ ᠬᠥᠭᠡᠷᠦᠬᠦᠢ ᠥᠯᠵᠡᠢᠲᠦ ᠶ᠋ᠢᠨ ᠪᠡᠶ᠎ᠡ ᠠᠨᠢᠭ ᠭᠣᠮᠪᠣ ᠬᠡᠢᠳ ᠦ᠋ᠨ ᠰᠢᠷ᠎ᠠ ᠰᠢᠷᠤᠢᠨ ᠳᠡᠭᠡᠷ᠎ᠡ ᠪᠠᠷᠠᠭᠠᠨᠲᠤᠭᠰᠠᠭᠠᠷ ᠬᠣᠴᠣᠷᠬᠤ ᠳ᠋ᠤ᠌ ᠰᠠᠨᠵᠢ ᠰᠡᠭᠦᠷᠡᠰᠦ ᠠᠯᠳᠠᠵᠤ᠂
- ᠴᠣᠭᠰᠣᠩ᠂ ᠴᠢ ᠨᠢᠭᠡ ᠵᠢᠡᠭ᠌ᠳᠠᠭᠠᠨ ᠤ᠋ ᠮᠢᠨᠢ ᠬᠥᠮᠦᠨ ᠪᠠᠢᠨ᠎ᠠ᠃ ᠬᠥᠭᠡᠷᠦᠬᠦᠢ ᠲᠡᠷᠡ ᠪᠠᠳᠢᠷᠴᠢᠨ ᠢ᠋ ᠬᠥᠮᠦᠨ ᠶᠣᠰᠣᠭᠠᠷ ᠣᠷᠣᠰᠢᠭᠤᠯᠬᠤ ᠳ᠋ᠤ᠌ ᠲᠤᠰᠠᠯᠠᠭᠠᠴᠢ ! ᠭᠡᠵᠦ ᠭᠤᠶᠤᠭᠰᠠᠨ ᠴᠢᠨᠢ᠂
- ᠨᠢᠭᠡ ᠵᠢᠡᠭ᠌ᠳᠠᠭᠠᠨ ᠳ᠋ᠤ᠌ ᠪᠠᠢᠭᠰᠠᠨ ᠨᠢ ᠦᠨᠡᠨ᠃ ᠭᠡᠪᠡᠴᠦ ᠴᠢᠮ᠎ᠠ ᠠ᠋ᠴᠠ ᠪᠣᠯᠵᠤ ᠪᠢ ᠥᠪᠡᠷ ᠦ᠋ᠨ ᠬᠠᠷ᠎ᠠ ᠲᠣᠯᠣᠭᠠᠢ ᠶ᠋ᠢ ᠠᠯᠳᠠᠬᠤ ᠳ᠋ᠤ᠌ ᠬᠦᠷᠴᠦ ᠪᠠᠢᠨ᠎ᠠ᠃ ᠴᠢᠮᠠᠶ᠋ᠢ ᠯᠠᠨᠴᠢᠰᠠ ᠳ᠋ᠤ᠌ ᠪᠦᠷᠢᠨ ᠲᠤᠰᠢᠶᠠᠵᠤ ᠪᠠᠢᠵᠤ ᠰᠠᠶᠢ ᠶᠠᠰᠤ ᠠᠮᠠᠷᠠᠨ᠎ᠠ᠃ ᠣᠳᠣ ᠴᠢ ᠪᠣᠯ ᠮᠢᠨᠦ ᠨᠥᠬᠥᠷ ᠴᠦ᠍ ᠪᠢᠰᠢ᠂ ᠵᠢᠡᠭ᠌ᠳᠠᠭᠠᠨ ᠤ᠋ ᠬᠢ ᠴᠦ᠍ ᠪᠢᠰᠢ᠃ ᠬᠠᠷᠢᠨ ᠳᠠᠢᠰᠤᠨ! ᠭᠡᠵᠦ ᠴᠣᠭᠰᠣᠩ ᠬᠡᠯᠡᠭᠡᠳ ᠮᠣᠷᠢᠨ ᠳ᠋ᠤ᠌ ᠪᠠᠨ ᠲᠠᠰᠢᠭᠤᠷ ᠦᠭᠭᠦᠯ᠎ᠡ᠃ ᠲᠡᠳᠡ ᠮᠣᠷᠢᠨ ᠤ᠋ ᠬᠠᠷ᠎ᠠ ᠬᠤᠷᠳᠤ ᠪᠠᠷ ᠠᠨᠢᠭ ᠭᠣᠮᠪᠣ ᠬᠡᠢᠳ ᠡᠴᠡ ᠬᠣᠯᠠᠳᠠᠨ ᠣᠳᠤᠯ᠎ᠠ᠃ ᠰᠠᠨᠵᠢ ᠶ᠋ᠢᠨ ᠮᠣᠷᠢᠨ ᠤ᠋ ᠴᠤᠯᠪᠤᠭᠤᠷ ᠢ᠋ ᠴᠠᠭᠳᠠᠭ᠎ᠠ ᠨᠠᠷ ᠪᠠᠷᠢᠵᠠᠢ᠃ ᠬᠣᠷᠸ᠎ᠠ ᠶ᠋ᠢᠨ ᠡᠨᠡᠷᠢᠯ ᠦᠭᠡᠢ ᠭᠠᠰᠢᠭᠤᠨ ᠶᠠᠪᠤᠳᠠᠯ ᠢ᠋ ᠡᠢᠨ ᠬᠦ᠌ ᠰᠠᠨᠵᠢ ᠠᠩᠬ᠎ᠠ ᠤᠳᠠᠭ᠎ᠠ ᠪᠡᠶ᠎ᠡ ᠪᠡᠷ ᠢ᠋ᠶ᠋ᠡᠨ ᠮᠡᠳᠡᠷᠡᠵᠦ ᠮᠠᠰᠢ ᠶᠡᠬᠡ ᠭᠣᠳᠣᠯᠠ᠃ ᠡᠢᠮᠦ ᠶᠠᠭᠤᠮ᠎ᠠ ᠪᠣᠯᠤᠭᠰᠠᠨ ᠤ᠋ ᠳᠠᠷᠠᠭ᠎ᠠ ᠪᠠᠷ ᠠᠮᠢᠳᠤ ᠶᠠᠪᠤᠬᠤ ᠴᠤ᠌ ᠰᠣᠨᠢᠷᠬᠠᠯ ᠦᠭᠡᠢ ᠰᠢᠭ ᠰᠠᠨᠠᠭᠳᠠᠵᠠᠢ᠃ ᠲᠡᠳᠡ ᠵᠣᠭᠰᠣᠭ᠎ᠠ ᠵᠠᠢ ᠦᠭᠡᠢ ᠳᠠᠪᠬᠢᠭᠤᠯᠤᠭᠰᠠᠭᠠᠷ ᠪᠠᠢᠭᠠᠳ ᠰᠥᠨᠢ ᠶ᠋ᠢᠨ ᠬᠠᠷᠠᠩᠭᠤᠢ ᠨᠥᠮᠥᠷᠬᠦ ᠬᠦᠷᠲᠡᠯ᠎ᠡ ᠶᠡᠬᠡ ᠯᠡ ᠬᠣᠯᠠᠳᠠᠯ᠎ᠠ᠃ ᠨᠢᠭᠡᠨ ᠶᠡᠬᠡ ᠬᠠᠪᠴᠢᠯ ᠳ᠋ᠤ᠌ ᠣᠷᠣᠵᠤ ᠣᠴᠢᠯ᠎ᠠ᠃
- ᠵᠠ ᠡᠨᠳᠡ ᠲᠦᠷ ᠬᠣᠨᠣᠭᠯᠠᠵᠤ᠂ ᠨᠢᠳᠦᠨ ᠦ᠌ ᠪᠡᠨ ᠬᠣᠣᠷ ᠢ᠋ ᠭᠠᠷᠭᠠᠭᠠᠳ ᠶᠠᠪᠤᠶ᠎ᠠ! ᠭᠡᠵᠡᠭᠡᠯ᠎ᠡ᠃ ᠰᠠᠨᠵᠢ ᠶ᠋ᠢ ᠮᠣᠷᠢᠨ ᠳᠡᠭᠡᠷ᠎ᠡ ᠨᠢ ᠬᠦᠯᠢᠶᠡ ᠲᠡᠢ ᠴᠢᠭ ᠢ᠋ᠶ᠋ᠡᠷ ᠨᠢ ᠪᠠᠢᠯᠭᠠᠯᠠ᠃ ᠴᠠᠭᠳᠠᠭ᠎ᠠ ᠨᠠᠷ ᠭᠤᠷᠪᠠᠨ ᠴᠢᠯᠠᠭᠤ ᠲᠤᠯᠵᠤ ᠴᠠᠢ ᠴᠢᠨᠠᠵᠠᠭᠠᠵᠤ ᠪᠠᠢᠯ᠎ᠠ᠃ ᠶᠠᠭ ᠴᠠᠢ ᠪᠠᠨ ᠪᠣᠯᠭᠣᠭᠠᠳ ᠠᠶᠠᠭᠠᠯᠠᠨ ᠤᠤᠭᠤᠬᠤ ᠪᠠᠷ ᠲᠡᠳᠡ ᠰᠠᠭᠤᠵᠠᠭᠠᠯ᠎ᠠ᠃ ᠲᠡᠭᠡᠲᠡᠯ᠎ᠡ ᠡᠨᠳᠡ ᠲᠡᠨᠳᠡ ᠡᠴᠡ ᠫᠤᠤ ᠶ᠋ᠢᠨ ᠳᠠᠭᠤᠨ ᠭᠠᠷᠴᠤ ᠪᠠᠬᠠᠨ ᠳᠡᠭᠡᠷᠡᠮᠴᠢᠳ ᠳᠣᠪᠲᠣᠯᠤᠨ ᠣᠷᠣᠵᠤ ᠢᠷᠡᠯ᠎ᠡ᠃
- ᠫᠤᠤ ᠨᠤᠭᠤᠳ ᠢ᠋ ᠨᠢ ᠬᠤᠷᠢᠶᠠᠭᠠᠳ ᠠᠪ! ᠭᠡᠵᠦ ᠬᠡᠨ ᠨᠢᠭᠡᠨ ᠬᠥᠮᠦᠨ ᠳᠡᠭᠡᠷᠡᠮᠴᠢᠳ ᠲᠦ᠍ ᠲᠤᠰᠢᠶᠠᠬᠤ ᠨᠢ ᠰᠣᠨᠣᠰᠤᠭᠳᠠᠪᠠ᠃ ᠰᠠᠨᠵᠢ ᠶ᠋ᠢᠨ ᠴᠢᠬᠢᠨ ᠦ᠌ ᠬᠠᠵᠠᠭᠤ ᠪᠠᠷ ᠰᠤᠮᠤ ᠱᠦᠩᠭᠢᠨᠡᠨ ᠥᠩᠭᠡᠷᠡᠵᠦ ᠪᠠᠢᠯ᠎ᠠ᠃ ᠵᠡᠷᠯᠢᠭ ᠰᠤᠮᠤᠨ ᠳ᠋ᠤ᠌ ᠠᠯᠠᠭᠳᠠᠴᠢᠬᠠᠬᠤ ᠪᠣᠢ ᠭᠡᠵᠦ ᠰᠠᠨᠵᠢ ᠳᠣᠲᠣᠷ᠎ᠠ ᠪᠠᠨ ᠶᠡᠬᠡ ᠯᠡ ᠡᠮᠢᠶᠡᠵᠦ ᠪᠠᠢᠪᠠ᠃ ᠳᠡᠭᠡᠷᠡᠮᠴᠢᠳ ᠴᠠᠭᠳᠠᠭ᠎ᠠ ᠨᠠᠷ ᠥᠪᠡᠷ ᠬᠣᠭᠣᠷᠣᠨᠳᠣ ᠪᠠᠨ ᠫᠣᠳᠠᠯᠴᠠᠵᠣ ᠮᠣᠷᠢᠳ ᠢᠨᠴᠠᠭᠠᠯᠳᠤᠨ᠂ ᠡᠮᠡᠭᠡᠯ ᠦ᠋ᠨ ᠳᠥᠷᠥᠭᠡ ᠬᠠᠷᠰᠢᠯᠳᠤᠵᠤ᠂ ᠬᠥᠮᠦᠰ ᠬᠠᠷᠢᠶᠠᠯ ᠵᠦᠬᠡᠯ ᠣᠷᠬᠢᠵᠤ ᠠᠢᠬᠤᠪᠲᠤᠷ ᠱᠤᠤᠭᠢᠶᠠᠨ ᠳᠡᠭᠳᠡᠯ᠎ᠡ᠃ ᠬᠥᠮᠦᠰ ᠶᠣᠣᠯᠠᠬᠤ ᠰᠣᠨᠣᠰᠤᠭᠳᠠᠯ᠎ᠠ᠃ ᠲᠡᠷᠡ ᠳᠣᠲᠣᠷ᠎ᠠ ᠴᠣᠭᠰᠣᠩ ᠤ᠋ᠨ ᠳᠠᠭᠤ ᠭᠠᠷᠴᠤ ᠪᠠᠢᠯ᠎ᠠ᠃ ᠰᠤᠮᠤᠨ ᠳ᠋ᠤ᠌ ᠣᠨᠣᠭᠳᠠᠴᠢᠬᠠᠬᠤ ᠦᠭᠡᠢ ᠶ᠋ᠢᠨ ᠲᠤᠯᠠᠳᠠ ᠰᠠᠨᠵᠢ ᠮᠣᠷᠢᠨ ᠤ᠋ ᠳᠡᠯ ᠤᠷᠤᠭᠤ ᠪᠥᠬᠥᠢᠵᠦ ᠪᠠᠢᠯ᠎ᠠ᠃ ᠲᠡᠭᠡᠲᠡᠯ᠎ᠡ ᠮᠣᠷᠢ ᠨᠢ ᠰᠤᠮᠤᠨ ᠳ᠋ᠤ᠌ ᠬᠠᠢᠷᠠᠭᠤᠯᠤᠭᠰᠠᠨ ᠪᠣᠯᠤᠯᠲᠠᠢ ᠴᠣᠴᠢᠨ ᠴᠣᠪᠬᠣᠴᠢᠵᠤ ᠵᠡᠭᠡᠰᠣᠷᠡᠨ ᠵᠢᠭᠤᠲᠠᠯ᠎ᠠ᠃
- ᠨᠢᠭᠡ ᠮᠣᠷᠢ ᠲᠠᠢ ᠬᠥᠮᠦᠨ ᠵᠢᠭᠤᠲᠠᠯ᠎ᠠ᠃ ᠬᠥᠭᠡᠭᠡᠳ ᠪᠠᠷᠢᠭᠠᠳ ᠠᠪ! ᠭᠡᠵᠦ ᠳᠡᠭᠡᠷᠡᠮᠴᠢᠳ ᠬᠠᠰᠬᠢᠷᠤᠯᠳᠤᠯ᠎ᠠ᠃ ᠰᠠᠨᠵᠢ ᠶ᠋ᠢᠨ ᠠᠷᠤ ᠠ᠋ᠴᠠ ᠥᠭᠡᠷ᠎ᠡ ᠨᠢᠭᠡ ᠮᠣᠷᠢ ᠲᠠᠢ ᠬᠥᠮᠦᠨ ᠨᠡᠬᠡᠨ ᠬᠥᠭᠡᠭᠡᠵᠦ ᠳᠣᠣᠷ᠎ᠠ ᠨᠢ ᠭᠦᠢᠴᠡᠨ ᠢᠷᠡᠯ᠎ᠡ᠃ ᠠᠶᠤᠯ ᠠ᠋ᠴᠠ ᠴᠣᠴᠢᠨ ᠰᠦᠷᠳᠡᠭᠡᠳ᠂
- ᠠᠮᠢ ᠠᠪᠤᠷᠠᠭᠠᠷᠠᠢ! ᠭᠡᠵᠦ ᠰᠠᠨᠵᠢ ᠠᠶᠤᠭᠰᠠᠨ ᠳ᠋ᠤ᠌ ᠪᠠᠨ ᠮᠣᠩᠭᠣᠯ ᠢ᠋ᠶ᠋ᠠᠷ ᠬᠠᠰᠬᠢᠷᠴᠤ ᠣᠷᠬᠢᠯ᠎ᠠ᠃
- ᠬᠦᠢ ᠡᠨᠡ ᠴᠢᠨᠢ ᠮᠣᠩᠭᠣᠯ ᠬᠥᠮᠦᠨ ᠤᠤ ᠳᠠ? ᠭᠡᠵᠦ ᠬᠠᠷᠠᠩᠭᠤᠢ ᠳᠤᠮᠳᠠ ᠠ᠋ᠴᠠ ᠠᠢᠬᠤᠪᠲᠤᠷ ᠲᠠᠨᠢᠯ ᠳᠠᠭᠤ ᠰᠣᠨᠣᠰᠤᠭᠳᠠᠪᠠ᠃ 《ᠶᠠᠭᠠᠬᠢᠭᠰᠠᠨ ᠲᠠᠨᠢᠯ ᠳᠠᠭᠤ ᠪᠣᠢ? ᠡᠨᠡ ᠴᠢᠨᠢ ᠬᠡᠨ ᠶᠦ᠍ᠮ ᠪᠣᠯ ᠠ᠋》 ᠭᠡᠰᠡᠨ ᠪᠣᠳᠣᠯ ᠰᠠᠨᠵᠢ ᠶ᠋ᠢᠨ ᠰᠠᠨᠠᠭᠠᠨ ᠳ᠋ᠤ᠌ ᠭᠱᠠᠨ ᠵᠠᠭᠤᠷ᠎ᠠ ᠭᠢᠯᠠᠰᠬᠢᠨ ᠣᠷᠣᠵᠤ ᠢᠷᠡᠭᠡᠳ ᠲᠡᠷᠡᠬᠡᠨ ᠮᠥᠴᠢᠳ ᠬᠠᠷᠢᠭᠤ ᠨᠢ ᠣᠯᠳᠠᠵᠤ᠂
- ᠪᠥᠬᠡᠮᠠᠩᠯᠠᠢ ᠭᠤᠸᠠᠢ ᠤᠤ? ᠭᠡᠵᠦ ᠰᠠᠨᠵᠢ ᠬᠠᠰᠬᠢᠷᠪᠠ᠃ - ᠬᠦᠢ ᠲᠡᠢᠮᠦ ᠪᠠᠢᠨ᠎ᠠ᠃ ᠴᠢ ᠬᠡᠨ ᠪᠣᠢ? ᠭᠡᠵᠦ ᠬᠠᠷᠢᠭᠤ ᠬᠠᠰᠬᠢᠷᠬᠤ ᠨᠢ ᠪᠥᠬᠡᠮᠠᠩᠯᠠᠢ ᠶ᠋ᠢᠨ ᠳᠠᠭᠤ ᠶᠠᠭ ᠮᠥᠨ ᠪᠠᠢᠯ᠎ᠠ᠃ ᠰᠠᠨᠵᠢ ᠠᠮᠢ ᠨᠠᠭᠠᠨ᠎ᠠ᠂ ᠲᠠᠮᠤ ᠴᠠᠭᠠᠨ᠎ᠠ ᠶᠠᠪᠤᠬᠤ ᠳ᠋ᠤ᠌ ᠪᠥᠬᠡᠮᠠᠩᠯᠠᠢ ᠲᠠᠢ ᠢᠩᠭᠢᠵᠦ ᠠᠭᠤᠯᠵᠠᠭᠰᠠᠨ ᠳ᠋ᠤ᠌ ᠪᠠᠨ ᠠᠰᠤᠷᠤ ᠶᠡᠬᠡ ᠭᠠᠢᠬᠠᠬᠤ᠂ ᠪᠠᠶᠠᠷᠯᠠᠬᠤ ᠬᠣᠣᠰᠯᠠᠪᠠ᠃ ᠲᠡᠷᠡᠬᠡᠨ ᠭᠱᠠᠨ ᠳ᠋ᠤ᠌ ᠰᠠᠨᠵᠢ ᠶ᠋ᠢᠨ ᠮᠣᠷᠢ ᠶ᠋ᠢ ᠬᠡᠨ ᠨᠢᠭᠡ ᠬᠥᠮᠦᠨ ᠴᠤᠯᠪᠤᠭᠤᠷᠳᠠᠨ ᠠᠪᠴᠤ ᠵᠣᠭᠰᠣᠭᠠᠭᠠᠳ ᠴᠢᠩᠭ᠎ᠠ ᠳᠠᠭᠤ ᠪᠠᠷ᠂
- ᠴᠢ ᠬᠡᠨ ᠪᠣᠢ? ᠭᠡᠵᠦ ᠮᠣᠩᠭᠣᠯ ᠢ᠋ᠶ᠋ᠠᠷ ᠠᠰᠠᠭᠤᠯ᠎ᠠ᠃
- ᠪᠢ ᠰᠠᠨᠵᠢ ᠪᠠᠢᠨ᠎ᠠ᠃ ᠪᠡᠷᠡᠪᠠᠡᠭ ᠬᠡᠢᠳ ᠦ᠋ᠨ ᠱᠠᠪᠢ᠃ ᠲᠠ ᠪᠥᠬᠡᠮᠠᠩᠯᠠᠢ ᠭᠤᠸᠠᠢ ᠤᠤ? ᠭᠡᠵᠦ ᠰᠠᠨᠵᠢ ᠠᠰᠠᠭᠤᠯ᠎ᠠ᠃
- ᠠ᠋ ᠰᠠᠨᠵᠢ ᠶᠤᠮ ᠤᠤ? ᠶᠠᠭᠠᠬᠢᠭᠰᠠᠨ ᠬᠠᠴᠢᠨ ᠲᠣᠬᠢᠶᠠᠯᠳᠤᠯ ᠪᠣᠢ? ᠪᠢ ᠪᠥᠬᠡᠮᠠᠩᠯᠠᠢ ᠪᠠᠢᠨ᠎ᠠ ᠭᠡᠳ ᠲᠡᠷᠡ ᠬᠥᠮᠦᠨ ᠰᠠᠨᠵᠢ ᠶᠢ ᠮᠣᠷᠢᠨ ᠳᠡᠭᠡᠷ᠎ᠡ ᠡᠴᠡ ᠨᠢ ᠲᠡᠪᠡᠷᠢᠬᠦ ᠶ᠋ᠢ ᠵᠠᠪᠳᠤᠭᠰᠠᠨ ᠢ᠋ᠶ᠋ᠠᠨ᠂
- ᠦᠭᠡᠢ ᠴᠢ ᠴᠢᠨᠢ ᠬᠦᠯᠢᠭᠲᠡᠢ ᠶᠦ᠍ᠮ ᠤᠤ? ᠭᠡᠪᠡ᠃
- ᠪᠢ ᠮᠣᠷᠢᠨ ᠳᠡᠭᠡᠷ᠎ᠡ ᠪᠡᠨ ᠬᠦᠯᠢᠭᠳᠡᠭᠡᠳ ᠶᠠᠪᠤᠵᠤ ᠪᠠᠢᠨ᠎ᠠ᠃ ᡀᠠᠰᠠ ᠵᠣᠣ ᠠ᠋ᠴᠠ ᠤᠷᠭᠤᠵᠤ ᠶᠠᠪᠤᠭᠠᠳ ᠡᠳᠡᠨ ᠳ᠋ᠦ᠍ ᠪᠠᠷᠢᠭᠳᠠᠯ᠎ᠠ᠃ ᠨᠠᠮᠠᠶ᠋ᠢ ᠪᠤᠴᠠᠭᠠᠵᠤ ᠯᠠᠨᠴᠢᠰᠠ ᠳ᠋ᠤ᠌ ᠲᠤᠰᠢᠶᠠᠬᠤ ᠪᠠᠷ ᠶᠠᠪᠤᠵᠤ ᠪᠠᠢᠨ᠎ᠠ! ᠭᠡᠵᠦ ᠰᠠᠨᠵᠢ ᠤᠴᠢᠷᠯᠠᠪᠠ᠃ ᠲᠡᠷᠡ ᠦᠭᠡᠨ ᠳ᠋ᠦ᠍ ᠲᠡᠳᠡ ᠢᠲᠡᠭᠡᠭᠰᠡᠨ ᠦᠭᠡᠢ ᠪᠣᠯᠤᠯᠲᠠᠢ᠂
- ᠯᠠᠨᠴᠢᠰᠠ ᠭᠡᠨ᠎ᠡ? ᠲᠡᠷᠡ ᠲᠠᠮᠤ ᠶ᠋ᠢᠨ ᠣᠷᠣᠨ ᠳ᠋ᠤ᠌ ᠶᠠᠭᠤ ᠭᠡᠵᠦ ᠴᠢᠮᠠᠶ᠋ᠢ ᠠᠪᠠᠴᠢᠬᠤ ᠨᠢ ᠪᠣᠢ? ᠮᠥᠨ ᠭᠣᠷᠢᠳᠠᠪᠠ ᠠ᠋᠂ ᠡᠨᠡ ᠮᠠᠭᠤ ᠦᠬᠡᠷ ᠲᠠᠩᠭᠤᠳ ᠤᠳ! ᠭᠡᠵᠦ ᠪᠥᠬᠡᠮᠠᠩᠯᠠᠢ ᠰᠢᠲᠦ ᠵᠠᠭᠤᠨ ᠬᠡᠯᠡᠭᠡᠳ ᠰᠠᠨᠵᠢ ᠶ᠋ᠢᠨ ᠬᠦᠯᠢᠭ ᠢ᠋ ᠬᠢᠲᠤᠭ᠎ᠠ ᠪᠠᠷ ᠢ᠋ᠶ᠋ᠠᠨ ᠲᠠᠰᠤ ᠲᠡᠳᠡᠨ ᠬᠠᠶᠠᠯ᠎ᠠ᠃ ᠪᠥᠬᠡᠮᠠᠩᠯᠠᠢ᠂
- ᠪᠢᠳᠡ ᠡᠨᠡ ᠬᠡᠳᠦ ᠶ᠋ᠢᠨ ᠫᠤᠤ ᠳ᠋ᠤ᠌ ᠨᠢ ᠰᠢᠨᠤᠵᠤ ᠪᠠᠢᠯ᠎ᠠ᠃ ᠲᠡᠭᠡᠭᠡᠳ ᠡᠨᠳᠡ ᠤᠲᠤᠵᠤ ᠰᠠᠭᠤᠭᠰᠠᠨ ᠶᠤᠮ᠃ ᠰᠠᠢᠨ ᠫᠤᠤ ᠲᠠᠢ ᠶᠤᠮ ᠪᠢᠯᠡ᠃ ᠠᠬ᠎ᠠ ᠴᠢᠨᠢ ᠲᠥᠪᠡᠳ ᠦ᠋ᠨ ᠴᠡᠷᠢᠭ ᠡᠴᠡ ᠤᠷᠭᠤᠵᠤ ᠠᠭᠤᠯᠠ ᠶ᠋ᠢᠨ ᠳᠡᠭᠡᠷᠡᠮᠴᠢᠨ ᠪᠣᠯᠤᠭᠰᠠᠭᠠᠷ ᠣᠯᠠᠨ ᠵᠢᠯ ᠥᠩᠭᠡᠷᠡᠯ᠎ᠡ᠃ ᠲᠥᠪᠡᠳ ᠡᠬᠡᠨᠡᠷ ᠠᠪᠤᠭᠰᠠᠨ ᠭᠡᠵᠦ ᠶᠠᠷᠢᠬᠤ ᠳ᠋ᠤ᠌ ᠰᠠᠨᠵᠢ ᠭᠠᠢᠬᠠᠵᠤ᠂
- ᠤᠳᠬᠤᠨ ᠡᠭᠡᠴᠢ ᠶᠠᠭᠠᠬᠢᠭᠰᠠᠨ ᠪᠣᠢ? ᠭᠡᠪᠡᠯ ᠪᠥᠬᠡᠮᠠᠩᠯᠠᠢ᠂
- ᠵᠠ ᠲᠡᠷᠡ ᠶᠠᠭᠠᠬᠢᠬᠤ ᠪᠣᠢ᠃ ᠦᠷ᠎ᠡ ᠦᠭᠡᠢ ᠠᠮᠢᠲᠠᠨ᠃ ᠨᠤᠲᠤᠭ ᠪᠤᠴᠠᠭ᠎ᠠ ᠪᠢᠵᠡ᠃ ᠬᠠᠷᠢᠨ ᠴᠢ ᠶᠠᠭᠠᠬᠢᠭᠠᠳ ᠣᠷᠭᠣᠭᠠᠳ ᠪᠠᠷᠢᠭᠳᠠᠭᠠᠳ ᠶᠠᠪᠤᠵᠤ ᠪᠠᠢᠳᠠᠭ ᠪᠢᠯᠡ? ᠭᠡᠬᠦ ᠳ᠋ᠦ᠍ ᠨᠢ ᠰᠠᠨᠵᠢ ᠥᠪᠡᠷ ᠦ᠋ᠨ ᠪᠦᠬᠦᠢ ᠯᠡ ᠤᠴᠢᠷ ᠢ᠋ ᠲᠡᠭᠦᠨ ᠳ᠋ᠦ᠍ ᠶᠠᠷᠢᠪᠠ᠃ ᠲᠡᠷᠡ ᠬᠣᠭᠣᠷᠣᠨᠳᠣ ᠳᠡᠭᠡᠷᠡᠮᠴᠢᠨ ᠨᠥᠬᠥᠳ ᠨᠢ ᠣᠯᠵᠠᠨ ᠤ᠋ ᠫᠤᠤ ᠪᠠᠨ ᠴᠤᠭᠯᠠᠭᠤᠯᠤᠨ ᠢᠷᠡᠪᠡ᠃ ᠪᠠᠬ᠎ᠠ ᠨᠢ ᠬᠠᠨᠤᠭᠰᠠᠨ ᠳᠠᠭᠤ ᠪᠠᠷ ᠬᠡᠨ ᠨᠢᠭᠡ ᠨᠢ ᠪᠡᠶᠡᠰᠪᠡ᠃
- ᠬᠡᠳᠦᠨ ᠰᠠᠢᠨ ᠫᠤᠤ ᠲᠠᠢ ᠪᠣᠯᠤᠯ᠎ᠠ᠃ ᠡᠵᠡᠳ ᠨᠢ ᠴᠥᠮ ᠢ᠋ᠶ᠋ᠡᠷ ᠢ᠋ᠶ᠋ᠡᠨ ᠱᠠᠮᠪᠠᠯ ᠳ᠋ᠤ᠌ ᠶᠠᠪᠤᠴᠢᠬᠠᠯ᠎ᠠ᠃ ᠥᠪᠡᠷᠰᠡᠳ ᠦ᠋ᠨ ᠨᠢ ᠯᠡ ᠬᠣᠬᠢ ᠭᠡᠵᠦ ᠨᠢᠭᠡ ᠳᠡᠭᠡᠷᠡᠮᠴᠢᠨ ᠪᠠᠬᠠᠳᠤᠬᠤ ᠮᠡᠲᠦ ᠶᠠᠷᠢᠯ᠎ᠠ᠃
᠁ ᠪᠥᠬᠡᠮᠠᠩᠯᠠᠢ ᠳᠡᠭᠡᠷᠡᠮᠴᠢᠨ ᠨᠥᠬᠥᠳ ᠦ᠋ᠨ ᠢ᠋ᠶ᠋ᠡᠨ ᠬᠠᠮᠲᠤ ᠰᠠᠨᠵᠢ ᠶ᠋ᠢ ᠨᠤᠲᠤᠭ ᠤᠷᠤᠭᠤ ᠨᠢ ᠨᠡᠯᠢᠶᠡᠳ ᠳᠥᠬᠥᠭᠦᠯᠵᠦ ᠥᠭᠬᠦ᠂ ᠶᠠᠳᠠᠬᠤ ᠳ᠋ᠤ᠌ ᠪᠠᠨ ᠬᠠᠷᠠᠯᠠᠭ ᠲᠠᠭ ᠤ᠋ᠨ ᠨᠢᠷᠤᠭᠤ ᠬᠦᠷᠭᠡᠬᠦ ᠪᠡᠷ ᠠᠮᠠᠯᠠᠪᠠ᠃ ᠡᠢᠨ ᠬᠦ᠌ ᠰᠠᠨᠵᠢ ᠨᠤᠲᠤᠭ ᠤ᠋ᠨ ᠪᠠᠷ᠎ᠠ ᠬᠠᠷᠠᠬᠤ ᠪᠣᠯᠤᠭᠰᠠᠨ ᠳ᠋ᠤ᠌ ᠪᠠᠨ ᠠᠮᠢᠳᠤᠷᠠᠯ ᠤ᠋ᠨ ᠵᠠᠮ ᠳ᠋ᠤ᠌ ᠦᠵᠡᠭᠰᠡᠨ ᠬᠠᠮᠤᠭ ᠤ᠋ᠨ ᠲᠣᠮᠣ ᠵᠣᠯ ᠪᠠᠶᠠᠷ ᠢ ᠡᠳ᠋ᠯᠡᠪᠡ᠃ ᠲᠡᠷᠡ ᠰᠥᠨᠢ ᠳ᠋ᠦ᠍ ᠪᠡᠨ ᠲᠡᠳᠡ ᠵᠠᠮ ᠪᠤᠷᠤᠭᠤᠯᠠᠨ ᠵᠣᠭᠰᠣᠭ᠎ᠠ ᠵᠠᠢ ᠦᠭᠡᠢ ᠶᠠᠪᠤᠵᠠᠭᠠᠵᠤ ᠦᠷ ᠴᠠᠢᠬᠤ ᠬᠦᠷᠲᠡᠯ᠎ᠡ ᠨᠡᠯᠢᠶᠡᠳ ᠬᠣᠯᠠᠳᠴᠠᠢ᠃ ᠮᠥᠷ ᠮᠥᠰᠬᠢᠨ ᠬᠥᠭᠡᠭᠡᠬᠦ ᠳ᠋ᠦ᠍ ᠣᠭᠲᠣᠬᠠᠨ ᠴᠤ᠌ ᠰᠡᠵᠢᠭᠯᠡᠭᠳᠡᠬᠦ ᠦᠭᠡᠢ ᠵᠠᠮ ᠪᠣᠯᠤᠭᠠᠳ ᠠᠷᠭ᠎ᠠ ᠶ᠋ᠢ ᠭᠠᠭᠴᠠᠬᠦ ᠳᠡᠭᠡᠷᠡᠮᠴᠢᠨ ᠦ᠋ᠳ ᠯᠡ ᠮᠡᠳᠡᠳᠡᠭ ᠶᠣᠰᠣᠭᠠᠷ ᠢ᠋ᠶ᠋ᠠᠨ ᠲᠡᠳᠡ ᠰᠥᠨᠢ ᠶ᠋ᠢᠨ ᠬᠠᠷᠠᠩᠭᠤᠢ ᠳ᠋ᠤ᠌ ᠴᠤ᠌ ᠡᠳᠦᠷ ᠶᠦ᠍ᠮ ᠰᠢᠭ ᠪᠠᠷᠢᠮᠵᠢᠶ᠎ᠠ ᠶ᠋ᠢ ᠪᠡᠨ ᠣᠯᠵᠤ ᠶᠠᠪᠤᠯ᠎ᠠ᠃ ᠪᠥᠬᠡᠮᠠᠩᠯᠠᠢ ᠡᠮᠡᠭᠡᠯ ᠦ᠋ᠨ ᠢ᠋ᠶ᠋ᠡᠨ ᠳᠤᠬᠤᠮᠠᠨ ᠳᠣᠣᠷ᠎ᠠ ᠠ᠋ᠴᠠ ᠪᠠᠷᠤᠭ ᠲᠦᠭᠦᠬᠡᠢ ᠰᠢᠬᠠᠮ ᠮᠢᠬ᠎ᠠ ᠭᠠᠷᠭᠠᠵᠤ ᠰᠠᠨᠵᠢ ᠳ᠋ᠤ᠌ ᠮᠣᠷᠢᠨ ᠤ᠋ ᠶᠠᠪᠤᠳᠠᠯ ᠳᠤᠮᠳᠠ ᠥᠭᠭᠦᠯ᠎ᠡ᠃ ᠠᠳᠤᠭᠤᠨ ᠤ᠋ ᠬᠥᠯᠥᠰᠥ ᠬᠠᠩᠬᠤᠯᠤᠨ ᠪᠥᠭᠡᠯᠵᠢᠰᠦ ᠴᠢᠳᠬᠤᠮᠠᠷ ᠪᠣᠯᠪᠠᠴᠤ ᠥᠯᠥᠰᠦᠭᠰᠡᠨ ᠦ᠌ ᠡᠷᠬᠡᠨ ᠳ᠋ᠦ᠍ ᠰᠠᠨᠵᠢ ᠲᠡᠭᠦᠨ ᠢ᠋ ᠮᠣᠷᠢᠨ ᠭᠦᠶᠦᠳᠡᠯ ᠳᠤᠮᠳᠠ ᠬᠡᠳᠦ ᠬᠡᠳᠦ ᠵᠤᠯᠭᠠᠭᠠᠨ ᠵᠠᠵᠢᠯᠠᠯ ᠦᠭᠡᠢ ᠵᠠᠯᠭᠢᠯ᠎ᠠ᠃
