ᠠᠯᠢᠪᠠᠪᠠ ᠪᠠ ᠲᠥᠴᠢᠨ ᠳᠡᠭᠡᠷᠡᠮᠴᠢᠨАлиБаба ба 40 дээрэмчин
ᠠᠯᠢᠪᠠᠪᠠ ᠪᠠ ᠳᠥᠴᠢᠨ ᠳᠡᠭᠡᠷᠡᠮᠴᠢᠨ
ᠡᠷᠲᠡ ᠤᠷᠢᠳᠤ ᠶ᠋ᠢᠨ ᠴᠠᠭ ᠲᠤ᠌ ᠫᠠᠷᠢᠰ ᠤ᠋ᠨ ᠨᠢᠭᠡᠨ ᠬᠣᠲᠠ ᠳ᠋ᠤ᠌ ᠬᠡᠪᠢᠰ ᠦ᠋ᠨ ᠬᠤᠳᠠᠯᠳᠤᠭᠠᠴᠢᠨ ᠠᠮᠢᠳᠤᠷᠠᠳᠠᠭ ᠪᠠᠢᠪᠠ᠃ ᠲᠡᠷᠡ ᠬᠣᠶᠠᠷ ᠬᠦᠦ ᠲᠡᠢ᠂ ᠨᠢᠭᠡ ᠨᠢ ᠺᠡᠽᠢᠮ᠂ ᠨᠥᠭᠦᠭᠡ ᠨᠢ ᠠᠯᠢᠪᠠᠪᠠ ᠭᠡᠳᠡᠭ᠃ ᠡᠴᠢᠭᠡ ᠨᠢ ᠨᠠᠰᠤ ᠪᠠᠷᠠᠭᠰᠠᠨ ᠤ᠋ ᠳᠠᠷᠠᠭ᠎ᠠ ᠰᠢᠨᠤᠯᠲᠤ ᠺᠡᠽᠢᠮ ᠭᠡᠨᠡᠨ ᠴᠠᠢᠯᠭᠠᠨ ᠠᠯᠢᠪᠠᠪᠠ ᠶ᠋ᠢ ᠬᠠᠭᠤᠷᠴᠤ ᠡᠴᠢᠭᠡ ᠶ᠋ᠢᠨ ᠢ᠋ᠶ᠋ᠡᠨ ᠮᠠᠢᠮᠠᠢ ᠳ᠋ᠤ᠌ ᠡᠵᠡᠨ ᠰᠠᠭᠤᠵᠠᠢ᠃ ᠺᠠᠽᠢᠮ ᠪᠠᠶᠠᠨ ᠡᠮᠡᠭᠲᠡᠢ ᠲᠡᠢ ᠭᠡᠷᠯᠡᠵᠡᠢ᠃ ᠠᠯᠢᠪᠠᠪᠠ ᠡᠬᠡᠨᠡᠷ ᠬᠡᠦᠬᠡᠳ ᠢ᠋ᠶ᠋ᠡᠨ ᠲᠡᠵᠢᠭᠡᠳᠡᠭ᠃ ᠲᠡᠷᠡ ᠮᠣᠳᠣ ᠴᠠᠪᠴᠢᠨ ᠬᠤᠳᠠᠯᠳᠤᠵᠤ᠂ ᠬᠣᠨᠣᠭ ᠤ᠋ᠨ ᠬᠣᠭᠣᠯᠠ ᠪᠠᠨ ᠵᠠᠯᠭᠠᠭᠤᠯᠳᠠᠭ ᠪᠠᠢᠭᠰᠠᠨ ᠶᠤᠮ᠃ ᠨᠢᠭᠡ ᠡᠳᠦᠷ ᠠᠯᠢᠪᠠᠪᠠ ᠣᠢ ᠳ᠋ᠤ᠌ ᠮᠣᠳᠣ ᠪᠡᠯᠡᠳᠬᠡᠵᠦ ᠪᠠᠢᠭᠠᠳ ᠮᠠᠰᠢ ᠣᠯᠠᠨ ᠮᠣᠷᠢ ᠲᠠᠢ ᠬᠥᠮᠦᠨ ᠶᠠᠪᠤᠬᠤ ᠶ᠋ᠢ ᠬᠠᠷᠠᠵᠠᠢ᠃ ᠡᠩ᠂᠂᠂᠂ᠡᠩ᠂᠂᠂᠂ ᠠᠯᠢᠪᠠᠪᠠ ᠠᠶᠤᠭᠰᠠᠨ ᠳ᠋ᠠᠭᠠᠨ ᠮᠣᠳᠣᠨ ᠤ᠋ ᠠᠷᠤ ᠳ᠋ᠤ᠌ ᠨᠢᠭᠤᠭᠳᠠᠪᠠ᠃ ᠮᠣᠷᠢᠨ ᠳ᠋ᠤ᠌ ᠪᠠᠨ ᠰᠢᠭᠤᠳᠠᠢ ᠭᠠᠨᠵᠤᠭᠠᠯᠠᠭᠰᠠᠨ ᠳᠥᠴᠢᠨ ᠮᠣᠷᠢᠲᠠᠨ ᠠᠭᠤᠯᠠ ᠶ᠋ᠢᠨ ᠪᠠᠯ ᠳ᠋ᠠᠬᠢ ᠪᠤᠯᠤ ᠴᠢᠯᠠᠭᠤᠨ ᠤ᠋ ᠳᠡᠷᠭᠡᠳᠡ ᠢᠷᠡᠵᠦ ᠵᠣᠭᠰᠣᠵᠠᠢ᠃ ᠲᠡᠳᠡ ᠪᠥᠰᠡᠨ ᠳ᠋ᠦ᠍ ᠪᠡᠨ ᠢᠯᠳᠦ ᠪᠠᠰᠠ ᠴᠢᠨᠵᠠᠯ ᠬᠢᠭᠰᠡᠨ ᠪᠠᠢᠨ᠎ᠠ᠂ ᠪᠦᠯᠦᠭ ᠳᠡᠭᠡᠷᠡᠮᠴᠢᠨ ᠪᠠᠢᠵᠤ ᠯᠠ ᠲᠠᠭᠠᠷᠠᠬᠤ ᠨᠢ ᠳᠡ ᠂ ᠲᠡᠳᠡ ᠣᠢ ᠳ᠋ᠤ᠌ ᠶᠠᠭᠤ ᠬᠢᠵᠦ ᠪᠠᠢᠭ᠎ᠠ ᠶᠤᠮ ᠪᠣᠯ ᠠ᠋? ᠡᠳᠡᠨ ᠦ᠌ ᠲᠣᠯᠣᠭᠠᠢᠯᠠᠭᠴᠢ ᠪᠣᠯᠤᠯᠲᠠᠢ ᠨᠢᠭᠡ ᠳᠡᠭᠡᠷᠡᠮᠴᠢᠨ ᠪᠤᠯᠤ ᠴᠢᠯᠠᠭᠤᠨ ᠤ᠋ ᠡᠮᠦᠨ᠎ᠡ ᠢᠷᠡᠵᠦ ᠵᠣᠭᠰᠣᠯ᠎ᠠ᠃《ᠰᠸᠮᠰᠢᠮ ᠣᠩᠭᠣᠢ!》 ᠠᠯᠢᠪᠠᠪᠠ ᠨᠢᠳᠦᠨ ᠳ᠋ᠦ᠍ ᠪᠡᠨ ᠴᠦ᠍ ᠢᠲᠡᠭᠡᠵᠦ ᠴᠢᠳᠠᠭᠰᠠᠨ ᠦᠭᠡᠢ᠂ ᠬᠦ ᠬᠡᠭ᠃ ᠲᠡᠷᠡ ᠪᠤᠯᠤ ᠴᠢᠯᠠᠭᠤ ᠬᠠᠷᠠᠩᠭᠤᠢ ᠠᠭᠤᠢ ᠤᠷᠤᠭᠤ ᠣᠷᠣᠳᠠᠭ ᠡᠭᠦᠳᠡ ᠪᠠᠢᠵᠠᠢ᠃ ᠳᠡᠭᠡᠷᠡᠮᠴᠢᠳ ᠠᠭᠤᠢ ᠤᠷᠤᠭᠤ ᠣᠷᠣᠵᠤ ᠬᠠᠭᠠᠯᠭ᠎ᠠ ᠲᠡᠳᠡᠨ ᠦ᠌ ᠠᠷᠤ ᠳ᠋ᠤ᠌ ᠬᠠᠭᠠᠭᠳᠠᠯ᠎ᠠ᠃ ᠠᠯᠢᠪᠠᠪᠠ ᠪᠦᠷ ᠠᠯᠮᠠᠢᠷᠠᠵᠤ ᠠᠶᠤᠭᠰᠠᠨ ᠳ᠋ᠤ᠌ ᠪᠠᠨ ᠬᠥᠳᠡᠯᠵᠦ ᠴᠢᠳᠠᠬᠤ ᠪᠠᠨ ᠪᠠᠢᠭᠰᠠᠨ ᠶᠤᠮ᠃ ᠬᠡᠰᠡᠭ ᠬᠤᠭᠤᠴᠠᠭᠠᠨ ᠤ᠋ ᠳᠠᠷᠠᠭ᠎ᠠ ᠬᠠᠭᠠᠯᠭ᠎ᠠ ᠳᠠᠬᠢᠭᠠᠳ ᠨᠡᠭᠡᠭᠡᠭᠳᠡᠵᠦ ᠳᠡᠭᠡᠷᠡᠮᠴᠢᠳ ᠭᠠᠷ ᠬᠣᠭᠣᠰᠣᠨ ᠭᠠᠷᠴᠤ ᠢᠷᠡᠯ᠎ᠡ᠃ ᠨᠥᠭᠥᠭᠡᠳᠦᠭᠦᠯᠡ ᠴᠢᠨᠢ ᠰᠢᠭᠤᠳᠠᠢ ᠨᠤᠭᠤᠳ ᠢ᠋ᠶ᠋ᠠᠨ ᠠᠭᠤᠢ ᠳᠣᠲᠣᠷ᠎ᠠ ᠣᠷᠭᠢᠴᠢᠬᠠᠯᠠ᠃ ᠳᠡᠭᠡᠷᠡᠮᠴᠢᠳ ᠮᠣᠷᠢᠨ ᠳ᠋ᠤ᠌ ᠪᠠᠨ ᠮᠣᠷᠳᠠᠭᠠᠳ ᠣᠢ ᠡᠴᠡ ᠶᠠᠪᠤᠭᠠᠳ ᠥᠭᠴᠢᠬᠡᠪᠡ᠃ ᠠ? ᠡᠨᠡ ᠲᠡᠳᠡᠨ ᠦ᠌ ᠡᠷᠳᠡᠨᠢᠰ ᠢ᠋ᠶ᠋ᠡᠨ ᠨᠢᠭᠤᠳᠠᠭ ᠭᠠᠵᠠᠷ ᠪᠠᠢᠵᠤ ᠲᠠᠭᠠᠷᠠᠬᠤ ᠨᠢ ᠠ᠋! ᠠᠯᠢᠪᠠᠪᠠ ᠠᠭᠤᠢ ᠤᠷᠤᠭᠤ ᠣᠷᠣᠬᠤ ᠦᠭᠡᠢ ᠪᠠᠢᠵᠤ ᠴᠢᠳᠠᠭᠰᠠᠨ ᠦᠭᠡᠢ᠃ᠲᠡᠷᠡ ᠪᠤᠯᠤ ᠴᠢᠯᠠᠭᠤᠨ ᠤ᠋ ᠡᠮᠦᠨ᠎ᠡ ᠵᠣᠭᠰᠣᠭᠠᠳ ᠬᠠᠰᠬᠢᠷᠴᠠᠢ ᠭᠡᠨ᠎ᠡ᠃《ᠰᠸᠮᠰᠢᠮ ᠣᠩᠭᠣᠢ!》 ᠬᠠᠭᠠᠯᠭ᠎ᠠ ᠡᠮᠦᠨᠡᠬᠢ ᠰᠢᠭ ᠢ᠋ᠶ᠋ᠡᠨ ᠨᠡᠭᠡᠭᠡᠭᠳᠡᠯ᠎ᠡ᠂ ᠠᠯᠢᠪᠠᠪᠠ ᠠᠭᠤᠢ ᠤᠷᠤᠭᠤ ᠣᠷᠣᠪᠠ᠃ ᠬᠦᠵᠢ᠂ ᠬᠦ᠂ ᠠᠭᠤᠢ ᠳᠦᠭᠦᠷᠡᠩ ᠠᠯᠲᠠ᠂ ᠮᠥᠩᠭᠥ᠂ ᠦᠨᠡᠲᠦ ᠡᠳ᠋ᠯᠡᠯ᠂ ᠸᠴᠢᠷ ᠡᠷᠳᠡᠨᠢ᠂ ᠪᠠᠳᠮᠠᠷᠠᠭ ᠭᠡᠳ ᠣᠯᠠᠨ ᠥᠭᠡᠷ᠎ᠡ ᠡᠷᠳᠡᠨᠢᠰ ᠪᠠᠢᠭᠰᠠᠨ ᠶᠤᠮ᠃ ᠠᠯᠢᠪᠠᠪᠠ ᠠᠮᠢᠳᠤᠷᠠᠯ ᠳ᠋ᠤ᠌ ᠪᠠᠨ ᠡᠢᠮᠦ ᠶᠠᠭᠤᠮ᠎ᠠ ᠬᠠᠷᠠᠵᠤ ᠪᠠᠢᠭᠰᠠᠨ ᠦᠭᠡᠢ᠃ ᠬᠡ᠂ ᠠᠯᠢᠪᠠᠪᠠ ᠦᠨᠡᠮᠰᠢᠵᠦ ᠴᠢᠳᠠᠯ ᠦᠭᠡᠢ ᠨᠢᠳᠦ ᠪᠡᠨ ᠨᠤᠬᠤᠯᠠ᠂ ᠭᠡᠪᠡᠴᠦ ᠶᠠᠭᠠᠬᠢᠬᠤ ᠠᠷᠭ᠎ᠠ ᠦᠭᠡᠢ ᠡᠮᠦᠨ᠎ᠡ ᠨᠢ ᠭᠠᠵᠠᠷ ᠲᠤ᠌ ᠬᠡᠪᠲᠡᠵᠦ ᠪᠠᠢᠪᠠ᠃ ᠬᠡᠳᠦᠨ ᠵᠣᠭᠣᠰ ᠠᠪᠤᠨ᠎ᠠ᠂ ᠳᠡᠭᠡᠷᠡᠮᠴᠢᠳ ᠠᠩᠵᠠᠭᠠᠷᠠᠬᠤ ᠴᠤ᠌ ᠦᠭᠡᠢ᠂ ᠠᠯᠢᠪᠠᠪᠠ ᠤᠭᠤᠲᠠ ᠳᠦᠭᠦᠷᠡᠩ ᠵᠣᠭᠣᠰ
ᠠᠪᠤᠭᠠᠳ ᠭᠡᠷ ᠲᠦ᠍ ᠪᠡᠨ ᠬᠠᠷᠢᠭᠰᠠᠨ ᠶᠤᠮ᠃ 《ᠶᠠᠭᠤ ᠠᠪᠴᠢᠷᠠᠭᠰᠠᠨ ᠢ᠋ ᠮᠢᠨᠢ ᠬᠠᠷᠠᠭᠠᠴᠢ!》ᠠᠯᠢᠪᠠᠪᠠ ᠡᠬᠡᠨᠡᠷ ᠦ᠋ᠨ ᠢ᠋ᠶ᠋ᠡᠨ ᠡᠮᠦᠨ᠎ᠡ ᠤᠭᠤᠲᠠ ᠳᠦᠭᠦᠷᠡᠩ ᠠᠯᠲᠠᠨ ᠵᠣᠭᠣᠰ ᠠᠰᠬᠠᠯ᠎ᠠ᠃ ᠡᠢᠮᠦ ᠶᠡᠬᠡ ᠠᠯᠲᠠ ᠬᠠᠷᠠᠭᠠᠳ ᠡᠬᠡᠨᠡᠷ ᠨᠢ ᠤᠤᠯᠭ᠎ᠠ ᠠᠯᠳᠠᠵᠠᠢ᠃《ᠠ!》 ᠴᠢ ᠡᠨᠡ ᠵᠣᠭᠣᠰ ᠢ᠋ ᠬᠤᠯᠠᠭᠠᠢᠯᠠᠭᠠ ᠤᠤ? ᠶᠠᠷᠢᠪᠠᠯ ᠶᠡᠬᠡ ᠤᠷᠲᠤ ᠲᠡᠦᠬᠡ ᠪᠣᠯᠤᠨ᠎ᠠ᠃ ᠭᠡᠬᠦ ᠳ᠋ᠦ᠍ ᠪᠡᠨ ᠪᠢ ᠶᠠᠭᠤ ᠴᠤ᠌ ᠬᠤᠯᠠᠭᠠᠢᠯᠠᠭᠠ ᠦᠭᠡᠢ ᠰᠢᠦ᠂ ᠠᠯᠢ ᠬᠡᠳᠦᠢᠨ ᠬᠤᠯᠠᠭᠠᠢᠯᠠᠴᠢᠬᠠᠭᠰᠠᠨ ᠪᠠᠢᠭᠰᠠᠨ ᠶᠤᠮ᠃ ᠬᠡ ᠬᠡ ᠬᠡ《ᠪᠢ ᠡᠬᠢᠯᠡᠭᠡᠳ ᠡᠳᠡᠨ ᠢ᠋ ᠲᠣᠭᠠᠯᠠᠶᠠ》 《ᠬᠡᠷᠡᠭ ᠦᠭᠡᠢ᠂ ᠪᠢᠳᠡ ᠡᠢᠮᠦ ᠶᠡᠬᠡ ᠵᠣᠭᠣᠰ ᠢ᠋ ᠲᠣᠭᠠᠯᠠᠵᠤ ᠴᠢᠳᠠᠬᠤ᠃ ᠴᠢ ᠠᠬ᠎ᠠ ᠶ᠋ᠢᠨ ᠮᠢᠨᠢ ᠭᠡᠷ ᠲᠦ᠍ ᠣᠴᠢᠭᠠᠳ ᠵᠢᠩ ᠠᠪᠤᠭᠠᠳ ᠢᠷᠡᠬᠦ ᠦᠭᠡᠢ ᠤᠤ?》 ᠠᠯᠢᠪᠠᠪᠠ ᠶ᠋ᠢᠨ ᠡᠬᠡᠨᠡᠷ ᠲᠡᠷᠡ ᠳᠣᠣᠷ᠎ᠠ ᠪᠠᠨ ᠬᠠᠳᠠᠮ ᠠᠬ᠎ᠠ ᠶ᠋ᠢᠨ ᠢ᠋ᠶ᠋ᠡᠨ ᠭᠡᠷ ᠤᠷᠤᠭᠤ ᠶᠠᠪᠤᠪᠠ᠃《ᠬᠣᠩᠭᠣᠷ ᠮᠢᠨᠢ᠂ ᠵᠢᠩ ᠢ᠋ᠶ᠋ᠡᠨ ᠥᠨᠥ ᠣᠷᠣᠢ ᠳ᠋ᠤ᠌ ᠪᠠᠨ ᠬᠡᠷᠡᠭᠯᠡᠭᠦᠯᠦᠭᠡᠴᠢ᠂ ᠮᠠᠷᠭᠠᠰᠢ ᠥᠷᠯᠥᠭᠡ ᠠᠪᠤᠭᠠᠳ ᠢᠷᠡᠶ᠎ᠡ!》《ᠶᠠᠭᠤ ᠵᠢᠩᠯᠡᠬᠦ ᠭᠡᠵᠦ ᠪᠠᠢᠭ᠎ᠠ ᠶᠤᠮ?》《ᠶᠠᠭᠤ ᠴᠤ᠌ ᠪᠢᠰᠢ᠂ ᠵᠢᠭᠠᠬᠠᠨ ᠪᠤᠭᠤᠳᠠᠢ》 ᠺᠠᠽᠢᠮ ᠤ᠋ᠨ ᠡᠬᠡᠨᠡᠷ ᠵᠠᠯᠢᠲᠠᠢ ᠡᠮᠡᠭᠲᠡᠢ ᠪᠠᠢᠯ᠎ᠠ᠃ ᠲᠡᠷᠡ ᠠᠯᠢᠪᠠᠪᠠ ᠶ᠋ᠢᠨ ᠬᠢ ᠲᠡᠢᠮᠦ ᠶᠡᠬᠡ ᠪᠤᠭᠤᠳᠠᠢ ᠵᠢᠩᠯᠡᠬᠦ ᠶᠣᠰᠣ ᠦᠭᠡᠢ ᠭᠡᠵᠦ ᠪᠣᠳᠣᠪᠠ᠃ ᠲᠡᠭᠡᠭᠡᠳ ᠵᠢᠩ ᠳᠣᠣᠷ᠎ᠠ ᠯᠠ ᠳᠤᠰᠤᠭᠠᠭᠠᠳ ᠠᠯᠢᠪᠠᠪᠠ ᠶ᠋ᠢᠨ ᠡᠬᠡᠨᠡᠷ ᠲᠦ᠍ ᠥᠭᠴᠡᠢ᠃ ᠠᠯᠢᠪᠠᠪᠠ ᠶ᠋ᠢᠨ ᠡᠬᠡᠨᠡᠷ ᠵᠣᠭᠣᠰ ᠢ᠋ᠶ᠋ᠠᠨ ᠵᠢᠩᠯᠡᠵᠦ ᠦᠵᠡᠭᠡᠳ᠂ ᠬᠡᠮᠵᠢᠶᠡᠨ ᠳ᠋ᠦ᠍ ᠨᠢ ᠰᠡᠳᠬᠢᠯ ᠬᠠᠩᠬᠤᠯᠤᠭᠤᠨ ᠪᠠᠢᠪᠠ᠃ 《ᠮᠠᠨ ᠤ᠋ ᠬᠢ ᠪᠠᠶᠠᠨ ᠪᠣᠯᠤᠯ᠎ᠠ᠃ ᠬᠦᠰᠡᠭᠰᠡᠨ ᠪᠦᠬᠦᠨ ᠢ᠋ᠶ᠋ᠡᠨ ᠬᠤᠳᠠᠯᠳᠤᠵᠤ ᠠᠪᠴᠤ ᠪᠣᠯᠤᠨ᠎ᠠ》《ᠶᠠᠭᠠᠷᠠᠬᠤ ᠬᠡᠷᠡᠭ ᠦᠭᠡᠢ᠂ ᠬᠥᠮᠦᠰ ᠰᠡᠵᠢᠭ ᠠᠪᠴᠢᠬᠠᠨ᠎ᠠ ᠰᠢᠳᠡ᠂ ᠬᠣᠶᠠᠭᠤᠯᠠ ᠪᠠᠨ ᠨᠢᠭᠤᠴᠠ ᠪᠠᠨ ᠬᠡᠨ ᠳ᠋ᠦ᠍ ᠴᠦ᠍ ᠮᠡᠳᠡᠭᠳᠡᠵᠦ ᠪᠣᠯᠬᠤ ᠦᠭᠡᠢ ᠰᠢᠦ》᠃ ᠠᠯᠢᠪᠠᠪᠠ ᠶ᠋ᠢᠨ ᠡᠬᠡᠨᠡᠷ ᠨᠢᠭᠤᠴᠠ ᠪᠠᠨ ᠬᠠᠳᠠᠭᠠᠯᠠᠨ᠎ᠠ ᠭᠡᠵᠦ ᠠᠮᠠᠯᠠᠯ᠎ᠠ᠃ ᠭᠡᠪᠡᠴᠦ ᠬᠣᠶᠠᠳᠠᠬᠢ ᠡᠳᠦᠷ ᠨᠢ ᠺᠠᠽᠢᠮ ᠤ᠋ᠨ ᠡᠬᠡᠨᠡᠷ ᠵᠢᠩ ᠢ ᠬᠠᠷᠠᠭᠠᠳ ᠨᠢᠭᠤᠴᠠ ᠶ᠋ᠢ ᠨᠢ ᠮᠡᠳᠡᠴᠢᠬᠡᠪᠡ᠃ ᠲᠡᠷᠡ ᠳᠣᠣᠷ᠎ᠠ ᠪᠠᠨ ᠺᠠᠽᠢᠮ ᠳ᠋ᠤ᠌ ᠳᠡᠭᠦᠦ ᠶ᠋ᠢᠨ ᠬᠢᠨᠢ ᠡᠳ᠋ ᠬᠥᠷᠥᠩᠭᠡ ᠶ᠋ᠢᠨ ᠲᠠᠯ᠎ᠠ ᠪᠠᠷ ᠲᠤᠭᠤᠯᠠᠭᠠᠯᠠ᠃ 《ᠠᠯᠢᠪᠠᠪᠠ ᠠᠯᠲᠠᠨ ᠵᠣᠭᠣᠰ ᠲᠠᠢ ᠪᠣᠯᠴᠢᠬᠠᠵᠠᠢ᠃ ᠬᠠᠮᠢᠭ᠎ᠠ ᠡᠴᠡ ᠠᠪᠤᠭᠰᠠᠨ ᠶᠤᠮ ᠪᠣᠯ? ᠣᠯᠵᠤ ᠮᠡᠳᠡᠨ᠎ᠡ ᠳᠠ》᠃ᠺᠠᠽᠢᠮ ᠠᠲᠠᠭᠠᠷᠬᠠᠭᠰᠠᠨ ᠳ᠋ᠤ᠌ ᠪᠠᠨ ᠤᠨᠲᠠᠵᠤ ᠴᠢᠳᠠᠭᠰᠠᠨ ᠦᠭᠡᠢ᠂ ᠰᠢᠭᠤᠳ ᠠᠯᠢᠪᠠᠪᠠ ᠶ᠋ᠢᠨ ᠭᠡᠷ ᠲᠦ᠍ ᠣᠴᠢᠪᠠ᠃ 《ᠠᠯᠢ᠂ ᠰᠠᠢᠨ ᠤᠤ? ᠳᠡᠭᠦᠦ ᠮᠢᠨᠢ᠂ ᠴᠢᠮ᠎ᠠ ᠳ᠋ᠤ᠌ ᠬᠡᠷᠡᠭᠲᠡᠢ ᠶᠠᠭᠤᠮ᠎ᠠ ᠪᠠᠢᠨ᠎ᠠ ᠦᠦ? ᠭᠡᠵᠦ ᠠᠰᠠᠭᠤᠬᠤ ᠪᠠᠷ ᠢᠷᠡᠯ᠎ᠡ᠃ ᠲᠡᠭᠡᠨᠡᠭᠡᠯᠵᠡᠬᠦ ᠬᠡᠷᠡᠭ ᠦᠭᠡᠢ ᠰᠢᠦ᠃ ᠶᠠᠭᠤ ᠬᠦᠰᠡᠭᠰᠡᠨ ᠢ᠋ᠶ᠋ᠡᠨ ᠯᠡ ᠭᠣᠶᠣ! ᠠᠬ᠎ᠠ ᠨᠢ ᠦᠷᠭᠦᠯᠵᠢ ᠳᠡᠭᠦᠦ ᠪᠡᠨ ᠬᠠᠷᠠᠵᠤ ᠬᠠᠨᠳᠤᠬᠤ ᠪᠣᠯᠤᠨ᠎ᠠ᠂《ᠦᠭᠡᠢ ᠠᠬ᠎ᠠ ᠮᠢᠨᠢ᠂ ᠨᠠᠳᠠ ᠳ᠋ᠤ᠌ ᠰᠠᠨᠠᠭ᠎ᠠ ᠲᠠᠯᠪᠢᠵᠤ ᠪᠠᠢᠭ᠎ᠠ ᠳ᠋ᠤ᠌ ᠦᠨᠡᠬᠡᠷ ᠶᠡᠬᠡ ᠪᠠᠶᠠᠷᠯᠠᠯ᠎ᠠ! ᠭᠡᠪᠡᠴᠦ ᠨᠠᠳᠠ ᠳ᠋ᠤ᠌ ᠬᠠᠩᠭᠠᠯᠲᠠᠲᠠᠢ ᠬᠥᠷᠥᠩᠭᠡ ᠪᠠᠢᠭ᠎ᠠ ᠯᠠ ᠳᠠ᠂ ᠥᠭᠡᠷ᠎ᠡ ᠶᠠᠭᠤ ᠴᠤ᠌ ᠬᠡᠷᠡᠭ ᠦᠭᠡᠢ》 《ᠬᠥᠷᠥᠩᠭᠡ ᠠ᠋? ᠲᠡᠷᠡ ᠲᠠᠯ᠎ᠠ ᠪᠠᠷ ᠢ᠋ᠶ᠋ᠠᠨ ᠶᠠᠷᠢᠯ ᠳᠠ?》 ᠴᠠᠢᠯᠭᠠᠨ ᠰᠡᠳᠬᠢᠯ ᠲᠡᠢ ᠠᠯᠢᠪᠠᠪᠠ ᠦᠨᠡᠨ ᠢ᠋ ᠤᠳᠠᠭᠠᠨ ᠨᠢᠭᠤᠵᠤ ᠲᠡᠰᠦᠭᠰᠡᠨ ᠦᠭᠡᠢ᠂ ᠲᠡᠭᠡᠭᠡᠳ ᠺᠠᠽᠢᠮ ᠳ᠋ᠤ᠌ ᠳᠡᠭᠡᠷᠡᠮᠴᠢᠳ ᠦ᠋ᠨ ᠲᠠᠯ᠎ᠠ ᠪᠠᠷ ᠪᠣᠯᠤᠨ ᠠᠭᠤᠢ ᠶ᠋ᠢᠨ ᠲᠠᠯ᠎ᠠ ᠪᠠᠷ ᠪᠦᠭᠦᠳᠡ ᠶ᠋ᠢ ᠬᠡᠯᠡᠯ᠎ᠡ᠃ 《ᠵᠠ! ᠲᠤᠩ ᠰᠠᠢᠨ ᠪᠠᠢᠨ᠎ᠠ᠂ ᠪᠢ ᠮᠠᠷᠭᠠᠰᠢ ᠲᠠᠢᠰᠢ ᠪᠠᠨ ᠣᠴᠢᠨ᠎ᠠ᠂ ᠲᠡᠭᠡᠭᠡᠳ ᠴᠦ᠍ ᠴᠢᠨᠦ ᠮᠥᠩᠭᠥ᠂ ᠮᠢᠨᠦ ᠡᠭᠦᠷᠭᠡ᠂ ᠪᠢ ᠬᠠᠷᠠᠵᠤ ᠬᠠᠨᠳᠤᠬᠤ ᠶᠣᠰᠣᠲᠠᠢ᠂ ᠠ ᠠ᠂᠂᠂᠂ ᠠᠭᠤᠢ ᠶ᠋ᠢ ᠨᠡᠭᠡᠭᠡᠬᠦ ᠨᠢᠭᠤᠴᠠ ᠦᠭᠡ ᠶᠠᠭᠤ ᠪᠢᠯᠡ?》《ᠰᠸᠮᠰᠢᠮ ᠣᠩᠭᠣᠢ!》《ᠰᠸᠮᠰᠢᠮ ᠣᠩᠭᠣᠢ! ᠰᠸᠮᠰᠢᠮ ᠣᠩᠭᠣᠢ!》 ᠪᠢ ᠴᠡᠭᠡᠵᠢᠯᠡᠴᠢᠬᠡᠨ᠎ᠡ᠃《ᠰᠸᠮᠰᠢᠮ ᠣᠩᠭᠣᠢ!》 ᠮᠠᠷᠭᠠᠰᠢ ᠥᠷᠯᠥᠭᠡ ᠨᠢ ᠺᠠᠽᠢᠮ᠂ ᠠᠯᠲᠠ ᠵᠥᠭᠡᠭᠡᠬᠦ ᠳᠥᠷᠪᠡᠨ ᠴᠢᠳᠠᠯᠲᠠᠢ ᠯᠠᠭᠤᠰᠠ ᠠᠪᠤᠭᠠᠳ ᠭᠡᠷ ᠡᠴᠡ ᠪᠡᠨ ᠭᠠᠷᠤᠯ᠎ᠠ᠂ ᠪᠢ ᠪᠠᠶᠠᠴᠤᠳ ᠠ᠋ᠴᠠ ᠴᠤ᠌ ᠪᠠᠶᠠᠨ ᠪᠣᠯᠤᠨ᠎ᠠ᠂ ᠬᠠ ᠬᠠ ᠂ᠲᠡᠷᠡ ᠠᠭᠤᠢ ᠳ᠋ᠤ᠌ ᠬᠦᠷᠦᠭᠡᠳ ᠬᠠᠰᠬᠢᠷᠤᠯ᠎ᠠ᠂《ᠰᠸᠮᠰᠢᠮ ᠣᠩᠭᠣᠢ!》 ᠬᠠᠭᠠᠯᠭ᠎ᠠ ᠨᠡᠭᠡᠭᠡᠭᠳᠡᠵᠦ ᠲᠡᠭᠦᠨ ᠦ᠌ ᠠᠷᠤ ᠳ᠋ᠤ᠌ ᠬᠠᠭᠠᠭᠳᠠᠯ᠎ᠠ᠂ ᠭᠠᠢᠬᠠᠮᠰᠢᠭᠲᠠᠢ᠂ ᠢᠲᠡᠭᠡᠮᠡᠷ ᠦᠭᠡᠢ ᠶᠦᠮ᠃ ᠮᠠᠰᠢ ᠶᠡᠬᠡ ᠠᠯᠲᠠ᠂ ᠮᠠᠰᠢ ᠶᠡᠬᠡ ᠡᠷᠳᠡᠨᠢᠰ᠂ ᠡᠨᠳᠡ ᠡᠴᠡ ᠪᠦᠭᠦᠳᠡ ᠶ᠋ᠢ ᠨᠢ ᠠᠪᠴᠤ ᠶᠠᠪᠤᠨ᠎ᠠ ᠳᠠ᠃ ᠺᠠᠽᠢᠮ ᠪᠦᠬᠦ ᠠᠯᠲᠠ ᠡᠷᠳᠡᠨᠢᠰ ᠢ᠋ ᠰᠢᠭᠤᠳᠠᠢ ᠳ᠋ᠤ᠌ ᠬᠢᠯ᠎ᠡ᠃ ᠭᠡᠪᠡᠴᠦ ᠪᠤᠴᠠᠬᠤ ᠭᠡᠵᠦ ᠬᠠᠭᠠᠯᠭᠠᠨ ᠳ᠋ᠤ᠌ ᠬᠦᠷᠦᠭᠡᠳ ᠲᠡᠨᠳᠡ ᠪᠡᠨ ᠶᠠᠭᠤᠮ᠎ᠠ ᠪᠣᠳᠣᠭᠠᠳ ᠵᠣᠭᠰᠣᠴᠢᠬᠠᠯ᠎ᠠ᠂ 《ᠵᠠ ᠪᠠᠢᠵᠠ᠂ ᠶᠠᠮᠠᠷ ᠦᠭᠡ ᠪᠢᠯᠡ? ᠠ ᠠ ᠶᠠᠭᠤ᠂᠂᠂᠂ ᠠᠷᠪᠠᠢ ᠪᠤᠭᠤᠳᠠᠢ ᠣᠩᠭᠣᠢ᠂ ᠡᠭᠦᠳᠡ ᠪᠡᠨ ᠨᠡᠬᠡᠭᠡ ᠪᠤᠳᠠᠭ᠎ᠠ᠂ ᠬᠠᠭᠠᠯᠭ᠎ᠠ ᠨᠡᠭᠡᠭᠡᠭᠳᠡ᠂ ᠬᠠᠭᠠᠯᠭ᠎ᠠ ᠨᠡᠭᠡᠭᠡᠭᠳᠡ᠂ ᠬᠥᠮᠦᠨ ᠪᠠᠢᠨ᠎ᠠ ᠤᠤ? ᠨᠡᠭᠡᠭᠡᠭᠡᠴᠢ!》 ᠪᠠᠶᠠᠷᠯᠠᠵᠤ ᠶᠠᠪᠤᠭᠠᠳ ᠺᠠᠽᠢᠮ ᠨᠢᠭᠤᠴᠠ ᠦᠭᠡ ᠶ᠋ᠢ ᠮᠠᠷᠲᠠᠵᠤ᠂ ᠠᠭᠤᠢ ᠳᠣᠲᠣᠷ᠎ᠠ ᠲᠦᠭᠵᠢᠭᠳᠡᠴᠢᠬᠡᠯᠡ᠃ ᠬᠡᠰᠡᠭ ᠬᠤᠭᠤᠴᠠᠭᠠᠨ ᠤ᠋ ᠳᠠᠷᠠᠭ᠎ᠠ ᠮᠣᠷᠢᠨ ᠲᠦᠪᠡᠷᠭᠡᠨ ᠰᠣᠨᠣᠰᠤᠭᠳᠠᠯ᠎ᠠ᠃ ᠳᠥᠴᠢᠨ ᠳᠡᠭᠡᠷᠡᠮᠴᠢᠨ ᠠᠭᠤᠢ ᠳ᠋ᠤ᠌ ᠪᠤᠴᠠᠵᠤ ᠢᠷᠡᠯ᠎ᠡ᠃《ᠰᠸᠮᠰᠢᠮ ᠣᠩᠭᠣᠢ!》 ᠬᠠᠭᠠᠯᠭ᠎ᠠ ᠨᠡᠭᠡᠭᠡᠭᠳᠡᠬᠦ ᠳ᠋ᠤ᠌ ᠳᠡᠭᠡᠷᠡᠮᠴᠢᠳ ᠺᠠᠽᠢᠮ ᠢ᠋ ᠬᠠᠭᠠᠯᠭᠠᠨ ᠳᠡᠭᠡᠷ᠎ᠡ ᠰᠥᠬᠥᠷᠡᠨ ᠰᠠᠭᠤᠵᠤ ᠪᠠᠢᠬᠤ ᠶ᠋ᠢ ᠣᠯᠪᠠ᠃ ᠳᠡᠭᠡᠷᠡᠮᠴᠢᠳ ᠤ᠋ᠨ ᠲᠣᠯᠣᠭᠠᠢᠯᠠᠭᠴᠢ ᠨᠢᠭᠡ ᠴᠦ᠍ ᠶᠠᠭᠤᠮ᠎ᠠ ᠠᠰᠠᠭᠤᠯ ᠦᠭᠡᠢ ᠢᠯᠳᠦ ᠪᠡᠨ ᠰᠤᠭᠤᠯᠵᠤ ᠺᠠᠽᠢᠮ ᠢ ᠬᠣᠷᠣᠭᠠᠭᠠᠳ ᠲᠡᠨᠳᠡ ᠣᠷᠬᠢᠭᠠᠳ ᠶᠠᠪᠤᠴᠢᠬᠠᠯ᠎ᠠ᠃ ᠺᠠᠽᠢᠮ ᠤ᠋ᠨ ᠡᠬᠡᠨᠡᠷ ᠠᠯᠢᠪᠠᠪᠠ ᠳᠡᠭᠡᠷ᠎ᠡ ᠣᠴᠢᠵᠤ ᠺᠠᠽᠢᠮ ᠠᠯᠠᠭ᠎ᠠ ᠪᠣᠯᠤᠭᠰᠠᠨ ᠲᠤᠬᠠᠢ ᠳᠣᠭᠣᠯᠭᠠᠪᠠ᠃ 《ᠲᠡᠷᠡ ᠠᠭᠤᠢ ᠤᠷᠤᠭᠤ ᠶᠠᠪᠤᠭᠰᠠᠨ᠃ ᠪᠢ ᠶᠠᠪᠤᠵᠤ ᠲᠡᠭᠦᠨ ᠢ᠋ ᠣᠯᠵᠤ ᠢᠷᠡᠶ᠎ᠡ ᠳᠠ》᠃ ᠠᠯᠢᠪᠠᠪᠠ ᠠᠭᠤᠢ ᠤᠷᠤᠭᠤ ᠣᠴᠢᠭᠠᠳ ᠺᠠᠽᠢᠮ ᠤ᠋ᠨ ᠴᠣᠭᠴᠠᠰ ᠲᠡᠨᠳᠡ ᠪᠠᠢᠬᠤ ᠶ᠋ᠢ ᠣᠯᠵᠤ ᠮᠡᠳᠡᠪᠡ᠃《ᠦ᠋ ᠦᠭᠡᠢ᠂ ᠦ᠋ ᠦᠭᠡᠢ》 ᠠᠬ᠎ᠠ ᠶ᠋ᠢ ᠪᠡᠨ ᠯᠠᠭᠤᠰᠠ ᠳᠡᠭᠡᠷ᠎ᠡ ᠳᠡᠭᠦᠷᠦᠭᠡᠳ ᠭᠡᠷ ᠲᠤ᠌ ᠨᠢ ᠠᠪᠴᠢᠷᠠᠯ᠎ᠠ᠃ ᠺᠠᠽᠢᠮ ᠤ᠋ᠨ ᠰᠢᠪᠡᠭᠴᠢᠨ ᠮᠤᠷᠭᠢᠶᠠᠨᠠ ᠪᠣᠯᠤᠭᠰᠠᠨ ᠶᠠᠪᠤᠳᠠᠯ ᠤ᠋ᠨ ᠲᠠᠯ᠎ᠠ ᠪᠠᠷ ᠪᠦᠭᠦᠳᠡ ᠶ᠋ᠢ ᠳᠣᠭᠣᠯᠵᠠᠢ᠃
《ᠦᠬᠦᠭᠰᠡᠨ ᠰᠢᠯᠲᠠᠭᠠᠨ ᠢ᠋ ᠨᠢ ᠬᠥᠮᠦᠰ ᠡᠴᠡ ᠨᠢᠭᠤᠬᠤ ᠬᠡᠷᠡᠭᠲᠡᠢ᠃ ᠪᠢ ᠶᠠᠪᠤᠵᠤ ᠡᠮᠴᠢ ᠡᠴᠡ ᠡᠮ ᠠᠪᠴᠢᠷᠠᠶ᠎ᠠ ᠳᠠ᠂ ᠲᠡᠭᠡᠪᠡᠯ ᠡᠪᠡᠳᠴᠢᠨᠲᠡᠢ ᠭᠡᠵᠦ ᠢᠲᠡᠭᠡᠭᠦᠯᠵᠦ ᠪᠠᠢᠭᠠᠳ ᠮᠠᠷᠭᠠᠰᠢ ᠥᠷᠯᠥᠭᠡ ᠦᠬᠦᠭᠰᠡᠨ ᠭᠡᠵᠦ ᠵᠠᠷᠯᠠᠵᠤ ᠪᠣᠯᠬᠤ ᠶᠤᠮ᠃》 ᠲᠡᠭᠦᠨ ᠦ᠌ ᠰᠠᠨᠠᠭ᠎ᠠ ᠶ᠋ᠢ ᠪᠦᠭᠦᠳᠡ ᠵᠥᠪᠰᠢᠶᠡᠷᠡᠯ᠎ᠡ᠂ ᠬᠡᠳᠦᠨ ᠡᠳᠦᠷ ᠥᠩᠭᠡᠷᠡᠭᠰᠡᠨ ᠪᠣᠯᠪᠠᠴᠤ ᠺᠠᠽᠢᠮ ᠤ᠋ᠨ ᠡᠬᠡᠨᠡᠷ ᠭᠠᠰᠢᠭᠤᠳᠠᠯ ᠢ᠋ᠶ᠋ᠠᠨ ᠲᠡᠰᠴᠦ ᠴᠢᠳᠠᠯ ᠦᠭᠡᠢ ᠨᠠᠰᠤ ᠨᠢ ᠡᠴᠦᠰᠯᠡᠪᠡ᠃ 《ᠡᠨᠳᠡ ᠦᠢᠯᠡᠴᠢᠯᠡᠬᠦ ᠬᠥᠮᠦᠨ ᠡᠷᠢᠭᠰᠡᠨ ᠦᠭᠡᠢ᠂ ᠂ ᠨᠠᠮ᠎ᠠ ᠶ᠋ᠢ ᠭᠡᠷ ᠲᠤ᠌ ᠴᠢᠨᠢ ᠠᠵᠢᠯᠯᠠᠬᠤ ᠶ᠋ᠢ ᠵᠥᠪᠰᠢᠶᠡᠷᠡᠭᠡᠴᠢ ᠳᠡ᠃》ᠠᠯᠢᠪᠠᠪᠠ ᠲᠡᠭᠦᠨ ᠢ᠋ ᠤᠬᠠᠭᠠᠨᠲᠠᠢ ᠪᠦᠰᠡᠭᠦᠢ ᠬᠣᠵᠢᠮ ᠬᠡᠷᠡᠭ ᠪᠣᠯᠤᠨ᠎ᠠ ᠭᠡᠳᠡᠭ ᠢ᠋ ᠮᠡᠳᠡᠵᠦ ᠪᠠᠢᠭᠰᠠᠨ ᠤᠴᠢᠷ᠂ ᠮᠤᠷᠬᠢᠶᠠᠨᠠ ᠶ᠋ᠢ ᠭᠡᠷ ᠲᠦ᠍ ᠪᠡᠨ ᠠᠪᠴᠢᠷᠠᠪᠠ᠃ ᠮᠠᠷᠭᠠᠰᠢ ᠨᠢ ᠳᠡᠭᠡᠷᠡᠮᠴᠢᠳ ᠠᠭᠤᠢ ᠳ᠋ᠤ᠌ ᠢᠷᠡᠯ᠎ᠡ᠃ 《ᠨᠥᠭᠦᠭᠡ ᠦᠬᠦᠳᠡᠯ ᠬᠠᠮᠢᠭ᠎ᠠ ᠪᠠᠢᠨ᠎ᠠ? ᠪᠢᠳᠡᠨ ᠦ᠌ ᠨᠢᠭᠤᠴᠠ ᠶ᠋ᠢ ᠮᠡᠳᠡᠬᠦ ᠥᠭᠡᠷ᠎ᠡ ᠬᠥᠮᠦᠨ ᠪᠠᠢᠨ᠎ᠠ ᠳᠠ᠃ ᠡᠨᠡ ᠪᠣᠯ ᠪᠢᠳᠡᠨ ᠦ᠌ ᠨᠠᠰᠤ ᠪᠠᠷ ᠢ᠋ᠶ᠋ᠠᠨ ᠴᠤᠭᠯᠠᠭᠤᠯᠤᠭᠰᠠᠨ ᠬᠥᠷᠥᠩᠭᠡ᠂ ᠬᠥᠷᠥᠩᠭᠡ ᠪᠡᠨ ᠠᠯᠳᠠᠬᠤ ᠡᠴᠡ ᠡᠮᠦᠨ᠎ᠡ ᠪᠢᠳᠡ ᠳᠠᠢᠰᠤᠨ ᠮᠢᠨᠢ ᠬᠡᠨ ᠪᠣᠯᠬᠤ ᠶ᠋ᠢ ᠣᠯᠵᠤ ᠮᠡᠳᠡᠬᠦ ᠶᠣᠰᠣᠲᠠᠢ᠃ ᠲᠣᠰᠬᠣᠨ ᠵᠦᠭ ᠶᠠᠪᠤ᠂ ᠰᠠᠶᠢᠬᠠᠨ ᠠᠮᠢ ᠪᠠᠨ ᠠᠯᠳᠠᠭᠰᠠᠨ ᠬᠡᠨ ᠪᠠᠢᠭ᠎ᠠ ᠶ᠋ᠢ ᠣᠯᠵᠤ ᠮᠡᠳᠡ᠃》ᠲᠡᠷᠡ ᠬᠥᠮᠦᠨ ᠢ᠋ ᠣᠯᠬᠤ ᠪᠠᠷ ᠪᠦᠬᠦ ᠳᠡᠭᠡᠷᠡᠮᠴᠢᠳ ᠲᠣᠰᠬᠣᠨ ᠤᠷᠤᠭᠤ ᠶᠠᠪᠤᠪᠠ᠃ ᠨᠢᠭᠡ ᠳᠡᠭᠡᠷᠡᠮᠴᠢᠨ ᠡᠮᠴᠢ ᠶ᠋ᠢᠨ ᠭᠡᠷ ᠲᠦ᠍ ᠢᠷᠡᠯ᠎ᠡ᠂《ᠰᠠᠢᠨ ᠤᠤ? ᠡᠮᠴᠢ ᠠ᠋! ᠣᠢᠷ᠎ᠠ ᠶ᠋ᠢᠨ ᠬᠡᠳᠦᠨ ᠡᠳᠦᠷ ᠠᠮᠢ ᠪᠠᠨ ᠠᠯᠳᠠᠭᠰᠠᠨ ᠬᠥᠮᠦᠨ ᠪᠠᠢᠭ᠎ᠠ ᠡᠰᠡᠬᠦ ᠶ᠋ᠢ ᠮᠡᠳᠡᠬᠦ ᠭᠡᠰᠡᠨ ᠶᠦᠮ ᠯᠡ ᠳᠡ》《ᠲᠡᠢᠮᠦ ᠠ᠋! ᠺᠠᠽᠢᠮ ᠦᠬᠦᠭᠰᠡᠨ᠂ ᠰᠢᠪᠡᠭᠴᠢᠨ ᠨᠢ ᠡᠪᠡᠳᠦᠭᠰᠡᠨ ᠭᠡᠰᠡᠨ ᠪᠣᠯᠬᠣᠷ ᠪᠢ ᠡᠮ ᠥᠭᠭᠦᠭᠰᠡᠨ᠂ ᠭᠡᠬᠦ ᠳ᠋ᠦ᠍ ᠪᠠᠨ ᠯᠠ ᠦᠬᠦᠴᠢᠬᠡᠭᠰᠡᠨ ᠪᠠᠢᠨ᠎ᠠ᠂ ᠶᠡᠬᠡ ᠯᠡ ᠬᠠᠷᠠᠮᠰᠠᠯᠲᠠᠢ ᠪᠠᠢᠨ᠎ᠠ᠃》《ᠵᠣᠯ ᠦᠭᠡᠢ ᠶᠠᠭᠤᠮ᠎ᠠ ᠪᠣᠯᠵᠠᠢ ᠳᠠ ᠂ ᠭᠡᠷ ᠨᠢ ᠬᠠᠮᠢᠭ᠎ᠠ ᠪᠠᠢᠳᠠᠭ ᠶᠤᠮ ᠪᠣᠢ?》《ᠲᠡᠷᠡ ᠪᠠᠢᠰᠢᠩ ᠳ᠋ᠤ᠌ ᠬᠡᠨ ᠴᠦ᠍ ᠠᠮᠢᠳᠤᠷᠠᠳᠠᠭ ᠦᠭᠡᠢ᠂ ᠭᠡᠪᠡᠴᠦ ᠲᠡᠭᠦᠨ ᠦ᠌ ᠳᠡᠭᠦᠦ ᠠᠯᠢᠪᠠᠪᠠ ᠪᠣᠢ᠃ ᠲᠡᠷᠡ ᠭᠤᠳᠤᠮᠵᠢᠨ ᠤ᠋ ᠮᠤᠬᠤᠷ ᠲᠤ᠌ ᠠᠮᠢᠳᠤᠷᠠᠳᠠᠭ ᠶᠤᠮ᠃》 ᠳᠡᠭᠡᠷᠡᠮᠴᠢᠨ ᠴᠣᠭᠴᠠᠰ ᠢ᠋ ᠠᠪᠴᠤ ᠶᠠᠪᠤᠭᠰᠠᠨ ᠬᠥᠮᠦᠨ ᠠᠯᠢᠪᠠᠪᠠ ᠡᠴᠡ ᠵᠠᠢᠯᠠᠬᠤ ᠦᠭᠡᠢ ᠭᠡᠵᠦ ᠪᠣᠳᠣᠭᠰᠠᠨ ᠤᠴᠢᠷ ᠰᠥᠨᠢ ᠭᠡᠷ ᠲᠦ᠋ᠨᠢ ᠣᠴᠢᠯ᠎ᠠ᠃ᠭᠤᠳᠤᠮᠵᠢᠨ ᠳ᠋ᠤ᠌ ᠬᠡᠨ ᠴᠦ᠍ ᠪᠠᠢᠭᠰᠠᠨ ᠦᠭᠡᠢ᠃ ᠲᠡᠷᠡ ᠬᠠᠭᠠᠯᠭᠠᠨ ᠳᠡᠭᠡᠷ᠎ᠡ ᠲᠡᠮᠳᠡᠭ ᠲᠠᠯᠪᠢᠯ᠎ᠠ᠃《ᠮᠠᠷᠭᠠᠰᠢ ᠪᠢ ᠬᠥᠮᠦᠰ ᠲᠡᠢ ᠪᠡᠨ ᠢᠷᠡᠵᠦ ᠡᠨᠡ ᠪᠠᠢᠰᠢᠩ ᠤ᠋ᠨ ᠬᠥᠮᠦᠨ ᠪᠦᠷᠢ ᠶ᠋ᠢ ᠦᠭᠡᠢ ᠬᠢᠨ᠎ᠡ ᠳᠡ᠃》ᠮᠠᠷᠭᠠᠰᠢ ᠥᠷᠯᠥᠭᠡ ᠨᠢ ᠮᠤᠷᠬᠢᠶᠠᠨᠠ ᠬᠠᠭᠠᠯᠭᠠᠨ ᠳᠡᠭᠡᠷᠡᠬᠢ ᠲᠡᠮᠳᠡᠭ ᠢ᠋ ᠬᠠᠷᠠᠪᠠ᠃ ᠤᠬᠠᠭᠠᠯᠢᠭ ᠮᠤᠷᠬᠢᠶᠠᠨᠠ ᠭᠡᠷ ᠦ᠋ᠨ ᠬᠢᠨᠢ ᠠᠶᠤᠯ ᠳ᠋ᠤ᠌ ᠣᠷᠣᠭᠰᠠᠨ ᠢ᠋ ᠣᠢᠯᠠᠭᠠᠵᠠᠢ᠃ ᠲᠡᠷᠡ ᠭᠤᠳᠤᠮᠵᠢᠨ ᠤ᠋ ᠠᠢᠯ ᠪᠦᠷᠢ ᠶ᠋ᠢᠨ ᠬᠠᠭᠠᠯᠭᠠᠨ ᠳ᠋ᠤ᠌ ᠶᠠᠭ ᠲᠡᠢᠮᠦ ᠲᠡᠮᠳᠡᠭ ᠲᠠᠯᠪᠢᠪᠠ᠃ ᠰᠥᠨᠢ ᠳᠤᠮᠳᠠ ᠪᠣᠯᠬᠤ ᠳ᠋ᠤ᠌ ᠳᠡᠭᠡᠷᠡᠮᠴᠢᠳ ᠭᠤᠳᠤᠮᠵᠢᠨ ᠳ᠋ᠤ᠌ ᠢᠷᠡᠭᠰᠡᠨ ᠴᠦ᠍ ᠬᠠᠭᠠᠯᠭ᠎ᠠ ᠪᠦᠷᠢ ᠳ᠋ᠦ᠍ ᠠᠳᠠᠯᠢᠬᠠᠨ ᠲᠡᠮᠳᠡᠭ ᠪᠠᠢᠭᠰᠠᠨ ᠤᠴᠢᠷ ᠪᠠᠯᠠᠮᠠᠭᠳᠠᠵᠤ ᠣᠷᠬᠢᠯ᠎ᠠ᠃ ᠳᠡᠭᠡᠷᠡᠮᠴᠢᠳ ᠤᠷᠮ᠎ᠠ ᠨᠢ ᠬᠤᠭᠤᠷᠠᠵᠤ ᠪᠤᠴᠠᠪᠠ᠃ ᠮᠠᠷᠭᠠᠰᠢ ᠪᠢ ᠥᠪᠡᠷ ᠢ᠋ᠶ᠋ᠡᠨ ᠢᠷᠡᠵᠦ ᠤᠴᠢᠷ ᠢ᠋ ᠨᠢ ᠣᠯᠤᠨ᠎ᠠ᠃ ᠲᠣᠯᠣᠭᠠᠢᠯᠠᠭᠴᠢ ᠨᠢ ᠡᠨᠡ ᠤᠳᠠᠭ᠎ᠠ ᠥᠪᠡᠷ ᠢ᠋ᠶ᠋ᠡᠨ ᠶᠠᠪᠤᠬᠤ ᠪᠠᠷ ᠰᠢᠢᠳᠦᠯ᠎ᠡ᠃ ᠭᠡᠪᠡᠴᠦ ᠪᠤᠰᠤᠳ ᠡᠴᠡ ᠪᠡᠨ ᠤᠬᠠᠭᠠᠯᠢᠭ ᠤ᠋ᠨ ᠬᠤᠪᠢ ᠳ᠋ᠤ᠌ ᠲᠡᠷᠡ ᠬᠠᠭᠠᠯᠭᠠᠨ ᠳᠡᠭᠡᠷ᠎ᠡ ᠲᠡᠮᠳᠡᠭ ᠲᠠᠯᠪᠢᠭᠰᠠᠨ ᠦᠭᠡᠢ᠂ ᠬᠠᠷᠢᠨ ᠶᠠᠭᠠᠬᠢᠭᠰᠠᠨ ᠴᠤ᠌ ᠮᠠᠷᠲᠠᠭᠳᠠᠬᠤ ᠪᠠᠷ ᠦᠭᠡᠢ ᠪᠡᠷ ᠰᠠᠢᠨ ᠬᠠᠷᠠᠵᠤ ᠲᠣᠭᠲᠠᠭᠠᠵᠤ ᠠᠪᠤᠯ᠎ᠠ᠃ ᠲᠡᠷᠡ ᠳᠥᠴᠢᠨ ᠯᠠᠭᠤᠰᠠ ᠳᠥᠴᠢᠨ ᠬᠣᠭᠣᠰᠣᠨ ᠲᠣᠷᠬ᠎ᠠ ᠠᠪᠴᠢᠷᠠᠭᠤᠯᠵᠤ ᠨᠢᠭᠡ ᠲᠣᠷᠬ᠎ᠠ ᠶ᠋ᠢ ᠲᠣᠰᠣ ᠪᠠᠷ ᠳᠦᠭᠦᠷᠭᠡᠯ᠎ᠡ᠃ ᠦᠯᠡᠳᠡᠭᠰᠡᠨ ᠲᠣᠷᠬ᠎ᠠ ᠳ᠋ᠤ᠌ ᠲᠡᠷᠡ ᠪᠤᠰᠤᠳ ᠳᠡᠭᠡᠷᠡᠮᠴᠢᠳ ᠢ ᠨᠢᠭᠤᠵᠠᠢ᠃ ᠲᠣᠯᠣᠭᠠᠢᠯᠠᠭᠴᠢᠳ ᠳᠠᠷᠠᠭ᠎ᠠ ᠨᠢ ᠲᠣᠰᠣᠨ ᠤ᠋ ᠬᠤᠳᠠᠯᠳᠤᠭᠠᠴᠢᠨ ᠤ᠋ ᠳᠦᠷᠢ ᠪᠡᠷ ᠠᠯᠢᠪᠠᠪᠠ ᠶ᠋ᠢᠨ ᠭᠡᠷ ᠲᠤ᠌ ᠣᠴᠢᠭᠰᠠᠨ ᠶᠤᠮ᠃ 《ᠲᠠ ᠬᠡᠨ ᠲᠡᠢ ᠠᠭᠤᠯᠵᠠᠬᠤ ᠶ᠋ᠢ ᠬᠦᠰᠡᠭᠰᠡᠨ ᠶᠦᠮ? ᠪᠢ ᠪᠣᠯ ᠲᠣᠰᠣ ᠬᠤᠳᠠᠯᠳᠤᠭᠠᠯᠠᠬᠤ ᠪᠠᠷ ᠠᠽᠢᠶ᠎ᠠ ᠤᠷᠤᠭᠤ ᠶᠠᠪᠤᠵᠤ ᠪᠠᠢᠭ᠎ᠠ ᠲᠣᠰᠣᠨ ᠤ᠋ ᠬᠤᠳᠠᠯᠳᠤᠭᠠᠴᠢᠨ ᠪᠠᠢᠨ᠎ᠠ᠃ ᠰᠥᠨᠢ ᠣᠷᠣᠢ ᠪᠣᠯᠴᠢᠬᠠᠯ᠎ᠠ᠃ᠪᠢ ᠬᠣᠨᠣᠭ ᠲᠥᠬᠥᠭᠡᠷᠦᠭᠦᠯᠬᠦ ᠭᠠᠵᠠᠷ ᠬᠠᠢᠵᠤ ᠪᠠᠢᠭ᠎ᠠ ᠶᠤᠮ᠃》《ᠶᠡᠬᠡ ᠬᠣᠯᠠ ᠵᠠᠮ ᠳ᠋ᠤ᠌ ᠶᠠᠪᠤᠭ᠎ᠠ ᠶᠤᠮ ᠂ ᠪᠠᠢᠨ᠎ᠠ ᠳᠠ ᠂ ᠵᠠ᠂ ᠳᠣᠲᠣᠭᠰᠢ ᠪᠠᠨ ᠣᠷᠣᠨ ᠠᠶᠠᠨ ᠵᠠᠮ ᠤ᠋ᠨ ᠢ᠋ᠶ᠋ᠠᠨ ᠠᠯᠵᠢᠶᠠᠯ ᠢ᠋ ᠲᠠᠢᠯ ᠯᠠ ᠳᠠ᠃》《ᠪᠢ ᠡᠬᠢᠯᠡᠭᠡᠳ ᠲᠣᠷᠬ᠎ᠠ ᠨᠤᠭᠤᠳ ᠢ᠋ ᠴᠢᠨᠢ ᠦᠵᠡᠶ᠎ᠡ᠃ ᠥ ᠂ᠪᠣᠯᠬᠤ ᠦᠭᠡᠢ ᠶᠠᠭᠤᠮ᠎ᠠ ᠶᠠᠭᠤ ᠪᠠᠢᠬᠤᠪ ᠳᠠ᠂ ᠵᠠᠪᠠᠯ ᠬᠠᠷ᠎ᠠ᠂ ᠴᠢᠮ᠎ᠠ ᠰᠢᠭ ᠰᠠᠢᠬᠠᠨ ᠪᠦᠰᠡᠭᠦᠢ ᠠᠶᠤᠯ ᠦᠭᠡᠢ ᠪᠠᠢᠳᠠᠯ ᠢ᠋ᠶ᠋ᠠᠨ ᠪᠣᠳᠣᠬᠤ ᠶᠣᠰᠣᠲᠠᠢ ᠰᠢᠦ᠃》 ᠮᠣᠷᠭᠢᠶᠠᠨᠠ ᠶᠠᠭ ᠲᠣᠰᠣ ᠲᠠᠢ ᠲᠣᠷᠬ᠎ᠠ ᠶ᠋ᠢ ᠨᠡᠭᠡᠭᠡᠯ᠎ᠡ᠃ ᠰᠡᠳᠬᠢᠯ ᠨᠢ ᠲᠠᠢᠪᠤᠰᠢᠷᠠᠵᠠᠢ᠃ ᠲᠣᠯᠣᠭᠠᠢᠯᠠᠭᠴᠢ ᠶ᠋ᠢᠨ ᠰᠠᠨᠠᠭ᠎ᠠ ᠠᠮᠠᠷᠠᠯ᠎ᠠ᠃ ᠲᠡᠳᠡ ᠪᠦᠭᠦᠳᠡ ᠳᠣᠲᠣᠭᠰᠢ ᠣᠷᠣᠪᠠ᠃ ᠮᠣᠷᠭᠢᠶᠠᠨᠠ ᠶᠡᠬᠡ ᠠᠮᠲᠠᠲᠠᠢ ᠣᠷᠣᠢ ᠶ᠋ᠢᠨ ᠵᠣᠭᠣᠭ ᠪᠡᠯᠡᠳᠦᠯ᠎ᠡ᠃ ᠬᠣᠭᠣᠯᠠ ᠵᠥᠭᠡᠭᠡᠵᠦ ᠪᠠᠢᠭᠠᠳ ᠬᠤᠳᠠᠯᠳᠤᠭᠠᠴᠢᠨ ᠤ᠋ ᠬᠤᠷᠤᠭᠤᠨ ᠳ᠋ᠠᠬᠢ ᠨᠢᠭᠡ ᠪᠥᠭᠡᠵᠢ ᠶ᠋ᠢ ᠬᠠᠷᠠᠵᠠᠢ᠃ ᠠᠯᠢᠪᠠᠪᠠ ᠶ᠋ᠢᠨ ᠡᠷᠳᠡᠨᠢᠰ ᠲᠡᠢ ᠬᠠᠮᠲᠤ ᠠᠪᠴᠢᠷᠠᠭᠰᠠᠨ ᠪᠥᠭᠡᠵᠢ ᠲᠡᠢ ᠠᠳᠠᠯᠢᠬᠠᠨ ᠪᠣᠯᠬᠤ ᠶ᠋ᠢ ᠣᠢᠯᠠᠭᠠᠪᠠ᠃ ᠲᠡᠷᠡ ᠳᠠᠬᠢᠭᠠᠳ ᠯᠠ ᠡᠷᠡᠭᠡᠯᠵᠡᠯᠡ᠃ ᠰᠡᠮᠡᠭᠡᠷᠬᠡᠨ ᠲᠣᠷᠬ᠎ᠠ ᠨᠤᠭᠤᠳ ᠳᠡᠭᠡᠷ᠎ᠡ ᠶᠠᠪᠤᠵᠤ ᠣᠴᠢᠭᠠᠳ ᠲᠣᠭᠰᠢᠵᠠᠢ ᠭᠡᠨ᠎ᠡ᠃《ᠪᠢᠳᠡ ᠭᠠᠷᠬᠤ ᠤᠤ? ᠲᠣᠯᠣᠭᠠᠢᠯᠠᠭᠴᠢ ᠠ᠋ !》ᠮᠣᠷᠭᠢᠶᠠᠨᠠ ᠪᠦᠬᠦ ᠵᠠᠯᠢ ᠶ᠋ᠢ ᠣᠢᠯᠠᠭᠠᠵᠠᠢ᠃ᠲᠡᠷᠡ ᠪᠦᠬᠦ ᠲᠣᠷᠬ᠎ᠠ ᠶ᠋ᠢ ᠰᠢᠯᠭᠠᠵᠤ ᠳᠣᠲᠣᠷ᠎ᠠ ᠨᠢ ᠳᠡᠭᠡᠷᠡᠮᠴᠢᠨ ᠨᠢᠭᠤᠭᠳᠠᠭ᠎ᠠ ᠦᠭᠡᠢ ᠲᠣᠷᠬ᠎ᠠ ᠶ᠋ᠢ ᠣᠯᠪᠠ᠃ ᠲᠣᠰᠣ ᠲᠠᠢ ᠲᠣᠷᠬ᠎ᠠ ᠶ᠋ᠢ ᠠᠪᠴᠤ ᠶᠠᠪᠤᠵᠤ ᠲᠣᠮᠣ ᠲᠣᠭᠣᠭᠠᠨ ᠳ᠋ᠤ᠌ ᠬᠢᠵᠦ ᠬᠠᠯᠠᠭᠠᠯᠠ᠃ᠳᠠᠷᠠᠭ᠎ᠠ ᠨᠢ ᠲᠣᠷᠬ᠎ᠠ ᠪᠣᠯᠭᠠᠨ ᠳ᠋ᠤ᠌ ᠠᠶᠠᠭ᠎ᠠ ᠳᠦᠭᠦᠷᠡᠩ ᠬᠠᠯᠠᠭᠤᠨ ᠲᠣᠰᠣ ᠬᠢᠵᠡᠢ᠃ 《ᠠ ᠠ᠂᠂᠂᠂ ᠠ ᠠ᠂᠂᠂᠂》ᠢᠩᠭᠢᠭᠡᠳ ᠲᠡᠷᠡ ᠳᠡᠭᠡᠷᠡᠮᠴᠢᠳ ᠡᠴᠡ ᠰᠠᠯᠵᠠᠢ᠃ ᠰᠥᠨᠢ ᠲᠣᠯᠣᠭᠠᠢᠯᠠᠭᠴᠢ ᠨᠢ ᠳᠡᠭᠡᠷᠡᠮᠴᠢᠨ ᠨᠥᠬᠥᠳ ᠢ᠋ᠶ᠋ᠡᠨ ᠳᠠᠭᠤᠳᠠᠬᠤ ᠪᠠᠷ ᠭᠠᠷᠴᠤ ᠢᠷᠡᠪᠡ᠃ ᠭᠡᠪᠡᠴᠦ ᠲᠣᠷᠬ᠎ᠠ ᠶ᠋ᠢ ᠨᠡᠭᠡᠭᠡᠵᠦ ᠦᠵᠡᠭᠡᠳ ᠠᠶᠤᠵᠤ ᠭᠠᠢᠬᠠᠬᠤ ᠵᠡᠷᠭᠡᠴᠡᠵᠡᠢ᠃ᠲᠡᠷᠡ ᠥᠪᠡᠷ ᠦ᠋ᠨ ᠢ᠋ᠶ᠋ᠡᠨ ᠵᠠᠩᠬᠠᠨ ᠳ᠋ᠤ᠌ ᠥᠪᠡᠷ ᠢ᠋ᠶ᠋ᠡᠨ ᠣᠷᠣᠵᠠᠢ᠃ ᠠᠶᠤᠭᠰᠠᠨ ᠳ᠋ᠤ᠌ ᠪᠠᠨ ᠲᠡᠨᠳᠡ ᠡᠴᠡ ᠵᠢᠭᠤᠲᠠᠯ᠎ᠠ᠃ ᠮᠠᠷᠭᠠᠰᠢ ᠨᠢ ᠮᠣᠷᠬᠢᠶᠠᠨᠠ ᠪᠣᠯᠤᠭᠰᠠᠨ ᠶᠠᠪᠤᠳᠠᠯ ᠢ ᠠᠯᠢᠪᠠᠪᠠ ᠳ᠋ᠤ᠌ ᠬᠡᠯᠡᠵᠡᠢ᠃《ᠴᠢ ᠮᠢᠨᠦ ᠠᠮᠢ ᠶ᠋ᠢ ᠠᠪᠤᠷᠠᠵᠠᠢ᠂ ᠲᠠᠯᠠᠷᠬᠠᠭᠠᠳ ᠪᠠᠷᠠᠰᠢ ᠦᠭᠡᠢ ᠨᠢ ᠠ᠋ ᠂ᠥᠬᠢᠨ ᠮᠢᠨᠢ! ᠣᠳᠣ ᠡᠴᠡ ᠡᠬᠢᠯᠡᠨ ᠴᠢ ᠵᠦᠭᠡᠷ ᠨᠢᠭᠡ ᠰᠢᠪᠡᠭᠴᠢᠨ ᠪᠢᠰᠢ᠂ ᠪᠦᠷ ᠡᠨᠡ ᠭᠡᠷ ᠪᠦᠯᠢ ᠶ᠋ᠢᠨ ᠨᠢᠭᠡ ᠭᠡᠰᠢᠭᠦᠨ ᠭᠡᠰᠡᠨ ᠦᠭᠡ᠃》《ᠪᠠᠶᠠᠷᠯᠠᠯ᠎ᠠ! ᠡᠵᠡᠨ ᠮᠢᠨᠢ᠃》ᠲᠡᠳᠡ ᠪᠦᠭᠦᠳᠡᠭᠡᠷ ᠢ᠋ᠶ᠋ᠡᠨ ᠨᠢᠭᠡᠨ ᠵᠢᠷᠭᠠᠯᠲᠠᠢ ᠭᠡᠷ ᠪᠦᠯᠢ ᠪᠣᠯᠵᠤ ᠦᠯᠡᠳᠡᠭᠰᠡᠨ ᠶᠦᠮ᠃ ᠡᠷᠳᠡᠨᠢᠰ ᠦ᠋ᠨ ᠠᠭᠤᠢ ᠶ᠋ᠢᠨ ᠨᠢᠭᠤᠴᠠ ᠶ᠋ᠢ ᠮᠡᠳᠡᠳᠡᠭ ᠭᠠᠭᠴᠠ ᠬᠥᠮᠦᠨ ᠠᠯᠢᠪᠠᠪᠠ ᠪᠠᠢᠯ᠎ᠠ᠃
《ᠰᠸᠢᠮᠰᠸᠢᠮ ᠣᠩᠭᠣᠢ!》
ᠦᠰᠦᠭ ᠠᠮᠢᠯᠠᠭᠤᠯᠤᠭᠴᠢ᠄ ᠦᠷᠴᠠᠢᠬᠤ ᠂ ᠠᠰᠬ᠎ᠠ᠂ ᠪᠠᠳᠠᠷᠠᠯᠲᠤ
ᠦᠰᠦᠭ ᠬᠠᠲᠠᠭᠰᠠᠨ᠄ ᠢᠷᠠᠭᠤᠬᠠᠨ
ᠦᠰᠦᠭ ᠬᠢᠨᠠᠭᠴᠢ᠄ ᠢᠷᠡᠭᠡᠳᠦᠢ᠂ ᠰᠠᠷᠠᠨᠴᠢᠮᠡᠭ᠂ ᠭᠠᠷᠮ᠎ᠠ
